ᠠᠵᠢᠯᠴᠢ ᠪᠣᠷᠣᠭᠵᠢᠭᠤᠨ ᠡᠵᠢ
ᠨᠡᠶᠢᠲᠡᠯᠡᠭᠰᠡᠨ ᠴᠠᠭ᠄
2021/4/12
    ᠮᠢᠨᠦ ᠡᠵᠢ ᠪᠣᠮᠪᠣᠭᠤᠷ ᠴᠢᠷᠠᠢ ᠲᠠᠢ᠂ ᠮᠦᠢᠯ ᠬᠠᠷ᠎ᠠ ᠨᠢᠳᠦ ᠲᠠᠢ᠂ ᠵᠣᠷᠠᠶᠢᠭᠰᠠᠨ ᠣᠷᠲᠣ ᠬᠦᠮᠦᠰᠭᠡ ᠲᠠᠢ᠂ ᠭᠦᠯᠦ ᠬᠠᠷ᠎ᠠ ᠭᠡᠵᠢᠬᠡ ᠲᠠᠢ᠂ ᠳᠠᠷᠤᠥ ᠨᠣᠮᠣᠬᠠᠨ ᠵᠠᠩ ᠲᠠᠢ ᠵᠢᠷ ᠤᠨ ᠨᠢᠭᠡᠨ ᠲᠠᠷᠢᠶᠠᠴᠢᠨ ᠪᠦᠰᠡᠭᠦᠢ ᠶᠤᠮ᠃     ᠮᠢᠨᠦ ᠡᠵᠢ ᠡᠳᠦᠷ ᠲᠤᠳᠤᠮ ᠤᠨ ᠠᠵᠢᠯ ᠳᠤ ᠪᠠᠨ ᠲᠣᠩ ᠶᠠᠭᠠᠷᠠᠤ ᠪᠠᠶᠢᠳᠠᠭ᠃ ᠦᠷ ᠤᠨ ᠭᠡᠭᠡ ᠲᠠᠢ ᠤᠷᠤᠯᠳᠤᠨ ᠪᠣᠰᠴᠤ ᠡᠳᠦᠷ ᠤᠨ ᠠᠵᠢᠯ ᠢᠶᠠᠨ ᠡᠬᠢᠯᠡᠭᠦᠯᠳᠡᠭ᠃ ᠭᠡᠷ ᠤᠨ ᠭᠠᠳᠠᠨ᠎ᠠ ᠳᠤᠲᠤᠨᠠᠬᠢ ᠠᠵᠢᠯ ᠢ ᠬᠦᠨᠳᠦ ᠬᠦᠩᠬᠡᠨ ᠭᠡᠵᠦ ᠢᠯᠭᠠᠯ ᠦᠭᠡᠢ ᠡᠳᠦᠷᠵᠢᠨ ᠪᠤᠷᠪᠢ ᠨᠣᠭᠤᠷᠠᠯ ᠦᠭᠡᠢ ᠠᠵᠢᠯᠯᠠᠳᠠᠭ᠃ ᠠᠪᠤ ᠲᠠᠷᠢᠶᠠᠨ ᠠᠵᠢᠯ ᠳᠤ ᠭᠠᠷᠪᠠᠯ ᠡᠵᠢ ᠶᠢᠨ ᠮᠢᠨᠢ ᠠᠵᠢᠯ ᠶᠠᠪᠤᠳᠠᠯ ᠨᠡᠩ ᠶᠠᠭᠠᠷᠠᠥ ᠪᠣᠯᠳᠠᠭ᠃ ᠡᠮᠦᠨ᠎ᠡ ᠳᠤ ᠪᠠᠨ ᠡᠵᠢ ᠮᠢᠨᠢ ᠠᠪᠤ ᠶᠢ ᠳᠠᠭᠠᠭᠠᠳ ᠲᠠᠷᠢᠶᠠᠨ ᠳᠤ ᠭᠠᠷᠴᠤ ᠠᠵᠢᠯ ᠬᠢᠵᠦ ᠪᠠᠶᠢᠭᠰᠠᠨ᠂ ᠭᠡᠪᠡᠴᠤ ᠨᠢᠳᠦᠨᠣᠨ ᠵᠢᠯ ᠠᠴᠠ ᠡᠬᠢᠯᠡᠭᠡᠳ ᠡᠵᠢ ᠲᠠᠷᠢᠶᠠᠨ ᠳᠤ ᠭᠠᠷᠴᠤ ᠳᠡᠶᠢᠯᠬᠦ ᠦᠭᠡᠢ ᠪᠣᠯᠣᠭᠰᠠᠨ ᠶᠣᠮ᠃ ᠣᠴᠢᠷ ᠨᠢ ᠡᠮᠡᠭᠡ ᠡᠵᠢ ᠡᠪᠡᠳᠴᠢᠯᠡᠭᠡᠳ ᠬᠦᠳᠡᠯᠵᠦ ᠳᠡᠶᠢᠯᠬᠦ ᠦᠭᠡᠢ ᠪᠤᠯᠵᠤ ᠡᠵᠢ ᠮᠢᠨᠢ ᠠᠰᠠᠷᠠᠵᠣ ᠬᠠᠷᠠᠭᠠᠯᠵᠠᠬᠤ ᠬᠡᠷᠡᠭᠲᠡᠢ ᠪᠣᠯᠵᠠᠢ᠃     ᠮᠢᠨᠦ ᠡᠵᠢ ᠡᠮᠡᠭᠡ ᠶᠢ ᠦᠪᠡᠷ ᠤᠨ ᠲᠦᠷᠦᠭᠰᠡᠨ ᠡᠵᠢ ᠪᠠᠨ ᠰᠢᠭ ᠬᠦᠨᠳᠦᠳᠭᠡᠳᠡᠭ᠃ ᠡᠮᠡᠭᠡ ᠡᠵᠢ ᠡᠪᠡᠳᠴᠢᠯᠡᠭᠰᠡᠨ ᠠᠴᠠ ᠡᠵᠢ ᠮᠢᠨᠢ ᠭᠠᠳᠠᠭᠰᠢ ᠭᠠᠷᠬᠤ ᠪᠠᠨ ᠪᠣᠯᠢᠵᠣ᠂ ᠡᠳᠦᠷᠵᠢᠨ ᠡᠮᠡᠭᠡ ᠶᠢ ᠦᠵᠡᠵᠦ ᠬᠠᠷᠠᠭᠠᠯᠵᠠᠬᠤ ᠪᠠᠷ ᠪᠠᠷᠠᠬᠤ ᠦᠭᠡᠢ ᠭᠡᠷ ᠤᠨ ᠠᠵᠢᠯ ᠳᠤ ᠪᠠᠨ ᠶᠠᠭᠠᠷᠠᠨ᠎ᠠ᠃ ᠦᠷᠯᠦᠭᠡ ᠡᠷᠲᠡ ᠪᠤᠰᠣᠭᠠᠳ ᠠᠪᠤ ᠶᠢ ᠬᠠᠪᠰᠤᠷᠣᠨ ᠠᠵᠢᠯ ᠢᠶᠠᠨ ᠬᠢᠵᠦ ᠳᠠᠭᠤᠰᠬᠠᠪᠠᠯ᠂ ᠡᠮᠡᠭᠡ ᠶᠢ ᠪᠤᠰᠬᠠᠨ ᠬᠤᠪᠴᠠᠰᠤ ᠬᠤᠨᠠᠷ ᠢ ᠨᠢ ᠡᠮᠦᠰᠭᠡᠨ᠂ ᠨᠢᠭᠤᠷ ᠭᠠᠷ ᠢ ᠨᠢ ᠤᠬᠢᠶᠠᠨ ᠴᠡᠪᠡᠷᠯᠡᠵᠦ᠂ ᠬᠤᠭᠤᠯᠠ ᠪᠣᠳᠠᠭ᠎ᠠ ᠶᠢ ᠨᠢ ᠦᠢᠷᠠᠳᠤᠭᠤᠯᠳᠠᠭ᠃ ᠴᠢᠯᠦᠭᠡ ᠭᠠᠷᠪᠠᠯ ᠡᠮᠡᠭᠡ ᠶᠢ ᠲᠦᠰᠢᠨ ᠠᠯᠬᠤᠭᠤᠯᠵᠤ ᠪᠡᠶ᠎ᠡ ᠶᠢ ᠨᠢ ᠪᠣᠯᠪᠠᠰᠤᠷᠠᠭᠤᠯᠳᠠᠭ ᠪᠢᠯᠡ᠃ ᠦᠷ᠎ᠡ ᠨᠢ ᠪᠣᠯᠣᠭᠰᠠᠨ ᠪᠢ ᠡᠵᠢ ᠶᠢᠨ ᠢᠶᠠᠨ ᠶᠠᠳᠠᠷᠠᠭ᠎ᠠ ᠵᠦᠳᠡᠷᠡᠯᠳᠡᠢ ᠶᠢ ᠨᠢ ᠦᠵᠡᠪᠡᠯ ᠶᠡᠭᠡ ᠯᠠ ᠦᠷᠦ ᠡᠪᠡᠳᠳᠡᠭ᠂ ᠭᠡᠪᠡᠴᠦ ᠵᠠᠷᠢᠮ ᠳᠤ ᠪᠠᠨ ᠵᠦᠭ ᠦᠭᠡᠶᠢᠳᠡᠵᠦ ᠡᠵᠢ ᠪᠠᠨ ᠵᠤᠪᠠᠭᠠᠳᠠᠭ᠃     ᠨᠢᠭᠡᠨ ᠭᠠᠷᠠᠭ ᠤᠨ ᠡᠳᠦᠷ ᠪᠢᠯᠡ᠃ ᠡ᠊ᠨᠡ ᠡᠳᠦᠷ ᠡᠵᠢ ᠶᠢᠨ ᠠᠵᠢᠯ ᠪᠠᠰᠠ ᠲᠣᠩ ᠶᠠᠭᠠᠷᠠᠥ ᠤᠴᠢᠷ ᠠᠴᠠ ᠮᠢᠨᠦ ᠳᠠᠰᠬᠠᠯ ᠬᠢᠭᠰᠡᠨ ᠡᠰᠡᠬᠦ ᠶᠢ ᠠᠩᠬᠠᠷᠤᠭᠰᠠᠨ ᠦᠭᠡᠢ ᠶᠣᠮ᠃ ᠡ᠊ᠨᠡ ᠴᠢᠯᠦᠭᠡ ᠶᠢ ᠳᠠᠯᠢᠮᠳᠠᠭᠤᠯᠤᠨ ᠪᠢ ᠨᠠᠭᠠᠳᠤᠮ ᠳᠤ ᠪᠠᠨ ᠪᠣᠯᠣᠭᠠᠳ ᠳᠠᠰᠬᠠᠯ ᠢᠶᠠᠨ ᠬᠢᠭᠰᠡᠨ ᠦᠭᠡᠢ᠂ ᠤᠷᠤᠢ ᠶᠢᠨ ᠬᠤᠭᠤᠯᠠᠨ ᠤ ᠳᠠᠷᠠᠭ᠎ᠠ ᠰᠠᠶ᠋ᠢ ᠳᠠᠰᠬᠠᠯ ᠬᠢᠭᠡᠳᠦᠢ ᠪᠠᠨ ᠰᠠᠨᠠᠵᠣ ᠣᠯᠣᠭᠠᠳ ᠨᠡᠯᠢᠶᠡᠳ ᠤᠷᠤᠢ ᠪᠤᠯᠤᠭᠠᠳ ᠬᠢᠵᠦ ᠳᠠᠭᠤᠰᠬᠠᠭᠰᠠᠨ ᠶᠣᠮ᠃ ᠡᠭᠦᠨ ᠢ ᠦᠵᠡᠭᠡᠳ ᠡᠵᠢ ᠮᠢᠨᠢ ᠲᠣᠩ ᠠᠭᠤᠷᠯᠠᠭᠰᠠᠨ ᠭᠡᠳᠡᠭ ᠢ ᠪᠢ ᠴᠢᠷᠠᠢ ᠶᠢᠨ ᠢᠯᠡᠷᠡᠯ ᠠᠴᠠ ᠨᠢ ᠣᠶᠢᠯᠠᠭᠠᠯ᠎ᠠ᠃ ᠭᠡᠪᠡᠴᠦ ᠡᠵᠢ ᠮᠢᠨᠢ ᠨᠠᠮ᠎ᠠ ᠶᠢ ᠵᠠᠩᠨᠠᠵᠤ ᠰᠢᠭᠦᠮᠵᠢᠯᠡᠭᠰᠡᠨ ᠦᠭᠡᠢ᠂ ᠡᠶᠡᠯᠳᠡᠭ ᠵᠦᠭᠡᠯᠡᠨ ᠬᠠᠷᠠᠴᠠ ᠪᠠᠷ ᠲᠤᠯᠤᠭᠠᠢ ᠶᠢ ᠢᠯᠪᠢᠵᠦ ᠄ ︽ᠦᠬᠢᠨ ᠮᠢᠨᠢ᠂ ︿ᠪᠠᠷᠰ ᠴᠠᠭ ᠲᠤ ᠪᠠᠨ ᠪᠣᠰᠬᠤ ᠦᠭᠡᠢ ᠪᠣᠯ ᠡᠳᠦᠷ ᠤᠨ ᠶᠠᠪᠤᠳᠠᠯ ᠬᠤᠴᠤᠷᠤᠨ᠎ᠠ᠂ ᠪᠠᠭ᠎ᠠ ᠨᠠᠰᠤᠨ ᠳᠤ ᠪᠠᠨ ᠰᠤᠷᠬᠤ ᠦᠭᠡᠢ ᠪᠣᠯ ᠨᠠᠰᠤᠨ ᠤ ᠶᠠᠪᠤᠳᠠᠯ ᠬᠤᠴᠤᠷᠤᠨ᠎ᠠ﹀ ᠭᠡᠳᠡᠭ ᠦᠭᠡ ᠶᠢ ᠪᠠᠭᠰᠢ ᠴᠢᠨᠢ ᠵᠢᠭᠠᠵᠤ ᠦᠭᠭᠦᠭᠰᠡᠨ ᠪᠢᠰᠢ ᠦᠦ︖ ᠴᠢ ᠶᠠᠭᠠᠬᠢᠭᠠᠳ ᠮᠠᠷᠲᠠᠴᠢᠬᠠᠭᠰᠠᠨ ᠪᠣᠢ︖ ᠴᠢ ᠡ᠊ᠨᠡ ᠦᠭᠡ ᠶᠢ ᠬᠡᠵᠢᠶᠡᠲᠡ ᠴᠡᠭᠡᠵᠢᠯᠡᠵᠤ᠂ ᠡᠷᠬᠡᠪᠰᠢ ᠡᠳᠦᠷ ᠤᠨ ᠳᠠᠰᠬᠠᠯ ᠢᠶᠠᠨ ᠡᠳᠦᠷ ᠲᠤ ᠪᠠᠨ ᠳᠠᠭᠤᠰᠬᠠᠬᠤ ᠬᠡᠷᠡᠭᠲᠡᠢ ᠰᠢᠥ︕︾ ᠭᠡᠵᠦ ᠵᠠᠬᠢᠪᠠ᠃ ᠡᠵᠢ ᠮᠢᠨᠢ ᠡᠳᠦᠷ ᠤᠨ ᠠᠵᠢᠯ ᠳᠤ ᠪᠠᠨ ᠬᠡᠳᠦᠢ ᠶᠠᠭᠠᠷᠠᠥ ᠪᠠᠶᠢᠪᠠᠴᠤ ᠦᠬᠢᠨ ᠨᠠᠳᠠ ᠳᠤ ᠪᠠᠨ ᠡᠷᠳᠡᠮ ᠮᠡᠳᠡᠯᠭᠡ ᠰᠤᠷᠬᠤ ᠶᠢᠨ ᠴᠢᠬᠤᠯᠠ ᠴᠢᠨᠠᠷ ᠢ ᠣᠬᠠᠭᠤᠯᠵᠣ ᠶᠠᠪᠤᠭᠰᠠᠨ᠂ ᠬᠠᠶᠢᠷᠠᠲᠤ ᠦᠷ᠎ᠡ ᠨᠠᠮ᠎ᠠ ᠶᠢ ᠪᠠᠨ ᠬᠠᠯᠠᠭᠤᠨ ᠬᠦᠯᠡᠮᠵᠢ ᠶᠢᠨ ᠴᠡᠴᠡᠭ ᠰᠢᠭ ᠪᠦᠪᠠᠶᠢᠯᠡᠭᠰᠡᠨ ᠦᠭᠡᠢ᠂ ᠬᠠᠳᠠᠨ ᠬᠢᠷ᠎ᠠ ᠶᠢᠨ ᠦᠯᠴᠢᠷ ᠨᠠᠷᠠᠰᠤ ᠰᠢᠭ᠋ ᠬᠠᠲᠠᠭᠤ ᠴᠢᠩᠭ᠎ᠠ ᠰᠤᠷᠭᠠᠵᠤ ᠶᠠᠪᠤᠭᠰᠠᠨ ᠪᠢᠯᠡ᠃     ᠮᠢᠨᠦ ᠡᠵᠢ ᠠᠮᠢᠳᠤᠷᠠᠯ ᠤᠨ ᠠᠯᠢᠪᠠ ᠵᠦᠢᠯᠡᠰ ᠢ ᠠᠮᠠ ᠪᠠᠷ ᠢᠶᠠᠨ ᠵᠠᠬᠢᠵᠤ ᠵᠢᠭᠠᠭᠰᠠᠨ ᠪᠢᠰᠢ᠂ ᠠᠵᠢᠯᠴᠢ ᠪᠤᠷᠤᠭᠵᠢᠭᠤᠨ ᠭᠠᠷ ᠢᠶᠠᠷ ᠢᠶᠠᠨ᠂ ᠠᠷᠢᠭᠤᠨ ᠴᠠᠶᠢᠯᠭᠠᠨ ᠰᠡᠳᠬᠢᠯ ᠢᠶᠠᠷ ᠢᠶᠠᠨ᠂ ᠠᠭᠤᠥ ᠶᠡᠭᠡ ᠬᠠᠶᠢᠷ᠎ᠠ ᠪᠠᠷ ᠢᠶᠠᠨ ᠰᠤᠷᠭᠠᠵᠤ ᠣᠯᠠᠮᠵᠢᠯᠠᠭᠰᠠᠨ ᠶᠤᠮ᠃     ᠮᠢᠨᠦ ᠡᠵᠢ ᠦᠲᠡᠯᠦᠭᠡ ᠨᠠᠰᠤᠲᠠᠶᠢᠴᠤᠳ ᠢᠶᠠᠨ ᠠᠰᠠᠷᠠᠨ ᠬᠦᠨᠳᠦᠯᠡᠵᠦ᠂ ᠦᠷ᠎ᠡ ᠬᠡᠥᠬᠡᠳ ᠢᠶᠠᠨ ᠡᠩᠬᠦᠷᠡᠶᠢᠯᠡᠨ ᠬᠠᠶᠢᠷᠠᠯᠠᠵᠤ ᠶᠠᠪᠤᠳᠠᠭ ᠠᠮᠢᠳᠤᠷᠠᠯ ᠤᠨ ᠮᠢᠨᠢ ᠭᠡᠷᠡᠯᠲᠦ ᠨᠠᠷᠠᠨ ᠪᠢᠯᠡ᠃    ᠮᠢᠨᠦ ᠡᠵᠢ ᠬᠠᠶᠢᠷ᠎ᠠ ᠰᠡᠳᠬᠢᠯᠬᠡ ᠪᠠᠨ ᠠᠳᠠᠯ ᠠᠮᠢᠳᠤᠷᠠᠯ ᠳᠤ ᠪᠠᠨ ᠬᠠᠷᠠᠮ ᠦᠭᠡᠢ ᠶᠡᠭᠦᠯᠡᠭᠰᠡᠨ᠂ ᠦᠭᠬᠢᠶᠡᠮᠦᠷᠴᠢ ᠵᠠᠩ ᠢᠶᠠᠷ ᠢᠶᠠᠨ ᠪᠤᠰᠤᠳ ᠢ ᠭᠡᠷᠡᠯᠳᠦᠭᠦᠯᠦᠭᠰᠡᠨ ᠰᠡᠳᠬᠢᠯ ᠤᠨ ᠮᠢᠨᠢ ᠠᠷᠢᠭᠤᠨ ᠵᠣᠯᠠ ᠪᠢᠯᠡ᠃     ᠪᠢ ᠡᠵᠢ ᠳᠤ ᠪᠠᠨ ᠬᠠᠶᠢᠷᠠᠲᠠᠢ᠂ ᠪᠢ ᠡᠵᠢ ᠳᠤ ᠪᠠᠨ ᠲᠤᠩ ᠬᠠᠶᠢᠷᠠᠲᠠᠢ᠃     ᠵᠤᠬᠢᠶᠠᠭᠴᠢ ᠶᠢᠨ ᠬᠠᠶ᠋ᠢᠭ᠄ ᠰᠤᠶᠤᠭ᠎ᠠ ︵ᠡᠮᠦᠨᠡᠲᠦ ᠬᠤᠰᠢᠭᠤᠨ ᠤ ᠡᠷᠬᠢᠲᠦ ᠰᠤᠷᠭᠠᠭᠤᠯᠢ ᠶᠢᠨ ᠳᠦᠷᠪᠡ ᠶᠢᠨ ᠭᠤᠷᠪᠠ ︶     ᠵᠢᠯᠤᠭᠤᠳᠤᠭᠰᠠᠨ ᠪᠠᠭᠰᠢ᠄ ᠵᠡᠩ ᠱᠤᠸᠠᠩ ᠵᠢᠶᠧ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号