ᠰᠤᠯᠤᠩᠭ᠎ᠠ ᠠᠴᠠ ᠲᠡᠭᠦᠭᠰᠡᠨ ᠨᠠᠶᠢᠷᠠᠭ ᠰᠠᠶᠢᠨ ᠨᠣᠮ ᠳᠤ ᠰᠤᠩᠭᠤᠳᠠᠭ ᠰᠢᠯᠦᠭ ᠤᠷᠤᠰᠢᠳᠠᠭ ᠤᠨ ᠣᠴᠢᠷ ᠰᠢᠯᠦᠭ ᠪᠢᠴᠢᠬᠦ ᠪᠠᠷ ᠪᠤᠷᠤᠭᠠᠨ ᠤ ᠳᠤᠮᠳᠠ ᠦᠳᠡᠰᠢ ᠶᠢᠨ ᠪᠦᠷᠦᠢ ᠠᠴᠠ ᠰᠤᠯᠤᠩᠭ᠎ᠠ ᠡᠷᠢᠯᠬᠢᠯᠡᠨᠡᠮ ᠳᠤᠯᠤᠭᠠᠨ ᠦᠩᠭᠡ ᠪᠠᠷ ᠨᠠᠶᠢᠷᠠᠭ ᠢᠶᠠᠨ ᠴᠢᠮᠡᠬᠦ ᠪᠠᠷ ᠨᠣᠮ ᠤᠨ ᠲᠣᠭᠤᠰᠣ ᠬᠦᠳᠡᠯᠭᠡᠨ᠎ᠡ ᠭᠡᠵᠦ ᠶᠠᠪᠦᠨᠠᠮ
ᠨᠡᠶᠢᠲᠡᠯᠡᠭᠰᠡᠨ ᠴᠠᠭ᠄
2019-04-30
● ᠵᠠᠷᠤᠳ ᠪᠤᠷᠵᠢᠭᠢᠳ · ᠪᠠᠶᠠᠷᠲᠤ ᠶᠢᠨ ᠪᠢᠯᠢᠭ  ᠤᠯᠠᠭᠠᠨ ᠵᠢᠷᠦᠬᠡᠨ ᠠᠴᠠ ᠪᠠᠨ ᠤᠭᠤᠷᠠᠭ ᠬᠦᠬᠦᠭᠦᠯᠵᠦ ᠤᠯᠠᠪᠤᠷ ᠨᠠᠰᠤᠨ ᠳᠤ ᠨᠢ ᠰᠦ ᠨᠢ ᠣᠷᠭᠢᠨᠠᠯᠡᠮᠰᠢᠷ᠎ᠠ ᠨᠠᠪᠴᠢᠰ ᠠᠶᠠᠷᠯᠠᠨ ᠪᠦᠵᠢᠭᠯᠡᠪᠡᠰᠦ ᠨᠤᠭᠤᠭᠠᠨ ᠨᠠᠷᠠᠰᠤᠨ ᠤ ᠰᠢᠯᠮᠦᠤᠰᠦ ᠨᠢ ᠮᠦᠩᠬᠡ ᠴᠡᠩᠬᠡᠷ ᠤᠭᠲᠠᠷᠭᠤᠢ ᠡᠭᠦᠯᠡ ᠶᠢ ᠦᠯᠦᠭᠡᠶᠢᠳᠡᠵᠦ ᠬᠥᠬᠡ ᠡᠪᠡᠰᠦᠨ ᠠᠴᠠ ᠰᠦ ᠪᠠᠷ ᠮᠢᠯᠢᠶᠠᠵᠤ ᠬᠦᠷᠡᠩ ᠤᠷᠴᠢᠯᠠᠩ ᠤᠨ ᠲᠦᠮᠡᠨ ᠢ ᠠᠷᠭᠠᠳᠠᠨᠠᠮ ᠤᠯᠠᠭᠠᠨ ᠨᠠᠷᠠᠨ ᠳᠤ ᠪᠠᠨ ᠰᠠᠴᠤᠯᠢ ᠡᠷᠭᠦᠭᠰᠡᠨ ᠴᠦ ᠤᠯᠠᠪᠤᠷ ᠳᠣᠯᠣᠩ ᠳᠤ ᠰᠠᠭᠠᠯᠢ ᠳᠤ ᠪᠠᠨ ᠶᠠᠭᠠᠷᠠᠨᠠᠮ ᠰᠢᠷ᠎ᠠ ᠲᠤᠰᠤᠨ ᠤ ᠲᠤᠰᠤᠯᠢᠭ ᠲᠤ ᠱᠠᠩᠳᠠᠭᠤᠷᠠᠪᠡᠴᠤ ᠨᠤᠭᠤᠭᠠᠨ ᠡᠪᠡᠰᠦᠨ ᠤ ᠰᠢᠭᠦᠳᠡᠷᠢ ᠪᠠᠷ ᠴᠠᠶᠢᠯᠠᠨᠠᠮ ᠴᠡᠩᠬᠡᠷ ᠠᠯᠴᠢᠭᠤᠷ ᠲᠤ ᠪᠠᠨ ᠳᠠᠭᠤᠨ ᠢᠶᠠᠨ ᠰᠢᠩᠭᠡᠭᠡᠵᠤ ᠬᠥᠬᠡ ᠤᠲᠤᠭ᠎ᠠ ᠪᠠᠷ ᠠᠭᠠᠷ ᠲᠤ ᠨᠣᠳ᠋ᠯᠠᠵᠣ ᠬᠦᠷᠡᠩ ᠶᠢᠷᠲᠢᠨᠴᠦ ᠶᠢᠨ ᠬᠠᠲᠠᠭᠤ ᠶᠢ ᠤᠶᠠᠷᠠᠭᠤᠯᠤᠨᠠᠮ ᠤᠯᠠᠭᠠᠨ ᠱᠢᠷᠦᠨ ᠰᠦᠢᠭᠡ ᠨᠢ ᠪᠤᠶᠠᠨ ᠬᠤᠷᠦ᠋ᠢᠯᠠᠵᠤ ᠤᠯᠠᠪᠤᠷ ᠤᠷᠤᠭᠤᠯ ᠳᠤ ᠨᠢ ᠪᠦᠰᠡᠭᠦᠢ ᠦᠢᠯᠡᠰ ᠦᠩᠭᠡᠵᠢᠵᠦ ᠰᠢᠷ᠎ᠠ ᠲᠤᠷᠭᠠᠨ ᠪᠦᠰᠡᠯᠡᠭᠦᠷ ᠲᠤ ᠨᠢ ᠪᠦᠮᠪᠦᠷᠴᠡᠭ ᠵᠢᠵᠢᠭᠬᠡᠷᠡᠵᠦ ᠨᠤᠭᠤᠭᠠᠨ ᠮᠠᠨᠤᠨ ᠪᠦᠭᠡᠵᠢᠨ ᠳᠤ ᠨᠢ ᠬᠠᠶᠢᠷ᠎ᠠ ᠢᠯᠴᠢᠭᠢᠨᠡᠨᠡᠮ ᠴᠡᠩᠬᠡᠷ ᠰᠠᠮᠪᠠᠢ ᠬᠠᠳᠠᠭ ᠲᠤ ᠨᠢ ᠰᠠᠯᠬᠢ ᠬᠤᠷᠭᠤᠳᠠᠵᠤ ᠬᠥᠬᠡ ᠳᠡᠪᠡᠯ ᠤᠨ ᠡᠩᠭᠡᠷ ᠲᠤ ᠨᠢ ᠨᠠᠷᠠᠨ ᠡᠭᠡᠭᠡᠵᠦ ᠬᠦᠷᠡᠩ ᠲᠦᠨᠲᠦᠭᠡᠷ ᠬᠠᠴᠠᠷ ᠲᠤ ᠨᠢ ᠡᠪᠦᠯ ᠪᠣᠭᠤᠨᠢᠰᠤᠨᠠᠮ ᠤᠯᠠᠭᠠᠨ ᠦᠩᠭᠡᠨ ᠳᠤ ᠤᠷᠮ᠎ᠠ ᠵᠣᠷᠢᠭ ᠢᠶᠠᠨ ᠬᠦᠪᠴᠢᠯᠡᠵᠦ ᠤᠯᠠᠪᠤᠷ ᠦᠩᠭᠡᠨ ᠳᠤ ᠪᠠᠶᠠᠷ ᠪᠠᠶᠠᠰᠤᠯ ᠢᠶᠠᠨ ᠰᠢᠩᠭᠡᠭᠡᠵᠦ ᠰᠢᠷ᠎ᠠ ᠦᠩᠭᠡᠨ ᠳᠤ ᠰᠦᠰᠦᠭ ᠪᠢᠰᠢᠷᠡᠯ ᠢᠶᠠᠨ ᠳᠠᠭᠠᠳᠬᠠᠵᠤ ᠨᠤᠭᠤᠭᠠᠨ ᠦᠩᠭᠡᠨ ᠳᠤ ᠣᠣᠭᠠᠯ ᠰᠢᠨᠵᠢ ᠪᠠᠨ ᠬᠠᠳᠠᠭᠠᠯᠠᠨᠠᠮ ᠴᠡᠩᠬᠡᠷ ᠦᠩᠭᠡᠨ ᠳᠤ ᠢᠷᠦᠭᠡᠯ ᠮᠠᠭᠲᠠᠭᠠᠯ ᠢᠶᠠᠨ ᠪᠠᠭᠯᠠᠵᠤ ᠬᠥᠬᠡ ᠦᠩᠭᠡᠨ ᠳᠤ ᠳᠡᠭᠡᠳᠦᠰ ᠤᠨ ᠬᠦᠴᠦ ᠢᠪᠢᠯᠦᠭᠳᠡᠵᠦ ᠬᠦᠷᠡᠩ ᠦᠩᠭᠡᠨ ᠳᠤ ᠤᠢ ᠤᠬᠠᠭᠠᠨ ᠨᠡᠮᠡᠭᠳᠡᠨᠡᠮ ᠰᠤᠯᠤᠩᠭ᠎ᠠ ᠠᠴᠠ ᠪᠢ᠂ ᠨᠠᠶᠢᠷᠠᠭ ᠲᠡᠭᠦᠵᠦ ᠰᠤᠯᠤᠩᠭ᠎ᠠ ᠰᠢᠬ ᠡᠬᠡᠴᠦᠦᠯ ᠳᠤ ᠪᠠᠨ ᠵᠣᠷᠢᠭᠤᠯᠤᠭᠰᠠᠨ ᠶᠤᠮ ᠰᠤᠯᠤᠩᠭ᠎ᠠ ᠶᠢᠨ ᠳᠤᠯᠤᠭᠠᠨ ᠦᠩᠭᠡ ᠪᠠᠷ ᠪᠢ ᠰᠤᠯᠤᠩᠭ᠎ᠠ ᠰᠢᠬ ᠡᠬᠡᠴᠦᠦᠯ ᠢᠶᠠᠨ ᠯᠠ ᠪᠢᠴᠢᠭᠰᠡᠨ ᠶᠤᠮ ᠰᠤᠯᠤᠩᠭ᠎ᠠ ᠶᠢᠨ ᠭᠤᠶᠤᠬᠠᠨ ᠨᠢ ᠬᠤᠷᠤᠮᠬᠠᠨ ᠴᠦ ᠰᠤᠯᠤᠩᠭ᠎ᠠ ᠦᠵᠡᠭᠰᠡᠨ ᠬᠦᠮᠦᠨ ᠨᠢᠯᠬᠠᠷᠠᠳᠠᠭ ᠨᠢ ᠦᠨᠡᠨ ︽ᠬᠠᠲᠤᠨ ᠲᠥᠷᠥ ᠶᠢᠨ ᠨᠢᠭᠤᠴᠠ︾ ᠶᠢᠨ ᠨᠢᠭᠤᠴᠠᠬᠠᠢ ᠨᠢ ᠰᠤᠯᠤᠩᠭᠠᠷᠠᠨᠠᠮ ︽ᠮᠠᠨᠳᠤᠬᠠᠢ ᠰᠡᠴᠡᠨ︾ ᠤ ᠰᠡᠴᠡᠨ ᠮᠡᠷᠭᠡᠨ ᠨᠢ ᠪᠠᠰᠠ ᠰᠤᠯᠤᠩᠭᠠᠷᠠᠨᠠᠮ ᠲᠡᠶᠢᠮᠤ ᠶᠢᠨ ᠲᠤᠯᠠᠳᠠ᠂ ᠳᠡᠯᠡᠬᠡᠢ ᠳᠤ ᠪᠠᠨ ᠯᠠ ᠡᠷᠭᠢᠭᠦᠯᠳᠡᠭ ᠬᠤᠷᠯᠣ ᠰᠢᠬ ᠵᠤᠭᠰᠤᠰᠢ ᠦᠭᠡᠢ ᠲᠡᠥᠬᠡ ᠶᠢᠨ ᠬᠦᠷᠲᠦᠨ ᠠᠴᠠ᠂ ᠬᠦᠮᠦᠨ ᠤ ᠬᠢ ᠪᠢᠰᠢ᠂ ᠦᠪᠡᠷ ᠤᠨ ᠬᠢ ᠠᠮᠢᠳᠤᠷᠠᠯ ᠤᠨ ᠠᠮᠢᠳᠤ ᠪᠣᠷᠬᠠᠨ ᠠᠴᠠ ᠨᠠᠶᠢᠷᠠᠭ ᠢᠶᠠᠨ ᠴᠢᠮᠡᠬᠦ ᠰᠤᠯᠤᠩᠭ᠎ᠠ ᠡᠷᠢᠯᠬᠢᠯᠡᠨᠡᠮ ᠁ ᠡᠵᠢ ᠬᠦᠮᠦᠨ — ᠨᠠᠷᠠᠨ ᠰᠠᠷᠠᠨ ᠰᠢᠬ ᠤᠷᠴᠢᠬᠤ ᠦᠭᠡᠢ ᠰᠤᠯᠤᠩᠭ᠎ᠠ ᠡᠪᠦᠯ ᠵᠤᠨ ᠭᠡᠵᠦ ᠤᠯᠠᠷᠢᠬᠤ ᠦᠭᠡᠢ ᠰᠤᠯᠤᠩᠭ᠎ᠠ ᠡᠵᠢ ᠬᠦᠮᠦᠨ — ᠤᠤᠭᠠᠯ ᠰᠤᠶᠤᠯ ᠢᠶᠠᠨ ᠪᠠᠳᠠᠷᠠᠭᠠᠭᠴᠢ ᠰᠤᠯᠤᠩᠭ᠎ᠠ ᠤᠩᠰᠢᠵᠤ ᠨᠡᠪᠲᠡᠷᠡᠳᠡᠭ ᠦᠭᠡᠢ ᠡᠷᠳᠡᠨᠢᠲᠦ ᠰᠤᠯᠤᠩᠭ᠎ᠠ ᠡᠵᠢ ᠬᠦᠮᠦᠨ — ᠡᠭᠡᠰᠢᠭ ᠳᠤᠯᠤᠭ᠎ᠠ ᠰᠢᠬ ᠢᠷᠠᠭᠤᠬᠠᠨ ᠰᠤᠯᠤᠩᠭ᠎ᠠ ᠬᠤᠶᠠᠷ ᠴᠠᠪᠬᠠᠳᠠᠰᠤ ᠶᠢ ᠠᠮᠢᠯᠠᠭᠤᠯᠳᠠᠭ ᠰᠤᠯᠤᠩᠭ᠎ᠠ ᠡᠵᠢ ᠬᠦᠮᠦᠨ — ᠢᠷᠠᠭᠤ ᠨᠠᠶᠢᠷᠠᠭ ᠤᠷᠭᠤᠳᠠᠭ ᠰᠤᠯᠤᠩᠭ᠎ᠠ ᠠᠯᠠᠭ ᠦᠷ᠎ᠡ ᠪᠠᠨ ᠰᠤᠯᠤᠩᠭᠠᠷᠠᠭᠤᠯᠳᠠᠭ ᠰᠤᠯᠤᠩᠭ᠎ᠠ ᠁ ᠵᠤᠬᠢᠶᠠᠬᠴᠢ ᠶᠢᠨ ᠬᠠᠶ᠋ᠢᠬ᠄ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ ᠮᠤᠩᠭᠤᠯ ᠬᠡᠯᠡ ᠣᠳᠬ᠎ᠠ ᠵᠣᠬᠢᠶᠠᠯ ᠤᠨ ᠰᠠᠯᠪᠤᠷᠢ ᠶᠢᠨ 2016 ᠣᠨ ᠤ ᠺᠢᠷᠢᠯ ᠦᠰᠦᠭ ‍ᠤᠨ‌ᠠᠩᠭᠢ
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号