ᠠᠮᠠᠰᠠᠷ ᠤᠨ ᠵᠢᠯᠠᠭ᠎ᠠ ᠠᠴᠠ ᠠᠷᠠᠳ ᠤᠨ ᠳᠠᠭᠤᠤ ᠤᠶᠠᠩᠭᠠᠷᠠᠨ᠎ᠠ
ᠨᠡᠶᠢᠲᠡᠯᠡᠭᠰᠡᠨ ᠴᠠᠭ᠄
2019-04-30
● ᠰ᠊᠂ ᠬᠤᠷᠴᠢᠨᠬᠦᠤ     ᠨᠠᠯᠠᠭᠠᠷ ᠨᠠᠮᠤᠷ ᠤᠨ ᠨᠠᠪᠴᠢᠰ ᠪᠦᠵᠢᠭᠯᠡᠨ᠂ ᠨᠠᠰᠤᠨ ᠤ ᠨᠠᠮᠤᠷ ᠤᠨ ᠬᠡᠶᠢᠮᠤᠷᠢ ᠲᠠᠯᠠᠯᠤᠭᠰᠠᠨ᠂ ᠨᠠᠶᠢᠷᠠᠭ ᠤᠨ ᠲᠡᠭᠷᠢ ᠠᠴᠠ ᠤᠶᠤᠨ ᠤ ᠬᠤᠷ᠎ᠠ ᠱᠠᠭᠢᠨ᠂ ᠨᠠᠶᠢᠷᠠᠯ ᠤᠶᠠᠩᠭ᠎ᠠ ᠪᠠᠨ ᠴᠤᠤᠷᠢᠶᠠᠯᠠᠨ ᠬᠠᠩᠬᠢᠨᠠᠭᠤᠯᠤᠭᠰᠠᠨ ᠲᠦᠰᠢᠶᠡᠳᠦ ᠨᠤᠳᠤᠭ ᠤᠨ ᠠᠮᠠᠰᠠᠷ ᠤᠨ ᠵᠢᠯᠠᠭ᠎ᠠ ᠶᠢᠨ ᠡᠬᠢᠨ ᠳᠤ ᠠᠭᠤᠯᠠ ᠲᠦᠰᠢᠵᠦ ᠲᠠᠯ᠎ᠠ ᠬᠠᠷᠠᠭᠰᠠᠨ ᠠᠭᠤᠳᠠᠮ ᠲᠡᠭᠰᠢᠬᠡᠨ ᠪᠠᠶᠢᠷᠢᠰᠢᠯ ᠲᠠᠢ᠂ ᠵᠡᠭᠦᠨᠰᠢ ᠪᠠᠷᠠᠭᠤᠨᠰᠢ ᠪᠠᠨ ᠤᠷᠳᠤᠯᠠᠨ ᠰᠤᠨᠵᠤᠭᠤᠷᠠᠭᠰᠠᠨ᠂ ᠤᠷᠳᠤᠭᠤᠷ ᠬᠤᠶᠢᠭᠤᠷ ᠨᠢ ᠤᠳᠠ ᠤᠯᠢᠶᠠᠰᠤ ᠭᠠᠵᠠᠷ ᠰᠢᠭᠦᠷᠦᠮ᠎ᠡ ᠨᠠᠮᠠᠭ᠎ᠠ ᠬᠠᠶᠠᠯᠠᠭᠰᠠᠨ᠂ ᠤᠷᠳᠤ ᠶᠢᠨ ᠲᠠᠭᠤᠣ ᠪᠠᠨ ᠤᠶᠠᠩᠭᠠᠯᠢᠭ ᠰᠠᠶᠢᠬᠠᠨ ᠠᠶᠠᠯᠠᠭᠤᠯᠤᠭᠰᠠᠨ᠂ ᠤᠨᠳᠤᠷᠤᠯ ᠠᠮᠢᠳᠤᠷᠠᠯ ᠦᠭᠡᠳᠡ ᠡᠰᠡᠷᠡᠭ ᠲᠠᠢ ᠨᠤᠮᠤᠬᠠᠨ ᠠᠷᠠᠳ ᠲᠠᠢ᠂ ᠦᠨᠢᠷ ᠰᠦᠷᠦᠭ ᠨᠢ ᠦᠰᠦᠯᠳᠡ ᠰᠠᠶᠢᠳᠠᠢ ᠪᠠᠶᠢᠳᠠᠭ ᠦᠩᠰᠢᠭ ᠰᠠᠶᠢᠬᠠᠨ ᠡᠨᠡ ᠨᠤᠳᠤᠭ ᠪᠤᠯ ᠲᠠᠷᠤᠢ ᠠᠷᠪᠠ ᠶᠢᠰᠦᠳᠦᠭᠡᠷ ᠵᠠᠭᠤᠨ ᠤ ᠲᠤᠮᠳᠠᠴᠢ ᠡᠬᠢᠨ ᠤ ᠦᠶ᠎ᠡ ᠳᠤ ᠵᠡᠭᠦᠨ ᠤᠷᠤᠨ ᠤ ᠠᠷᠠᠳ ᠤᠨ ᠲᠠᠭᠤᠣ ᠦᠷᠭᠡᠨ ᠢᠶᠠᠷ ᠲᠡᠯᠭᠡᠷᠡᠭᠰᠡᠨ ᠭᠠᠵᠠᠷ ᠤᠨ ᠨᠢᠭᠡ ᠪᠤᠯᠬᠤ ᠲᠦᠰᠢᠶᠡᠳᠦ ᠠᠷᠠᠳ ᠤᠨ ᠲᠠᠭᠤᠣ ︽ᠷᠤᠯᠭᠠᠷᠮ᠎ᠠ︾ ᠶᠢᠨ ᠨᠤᠳᠤᠭ ᠠᠮᠠᠰᠠᠷ ᠤᠨ ᠠᠶᠢᠯ ᠪᠤᠯᠬᠤ ᠶᠤᠮ᠃      ᠮᠠᠨᠵᠤ ᠴᠢᠩ ᠤᠯᠤᠰ ᠤᠨ ᠦᠶ᠎ᠡ ᠪᠠᠷ ᠮᠠᠨ ᠤ ᠦᠪᠦᠷ ᠮᠤᠩᠭᠤᠯ ᠤᠷᠤᠨ ᠳᠤ ᠨᠢᠭᠡᠨ ᠦᠶ᠎ᠡ ᠠᠷᠠᠳ ᠤᠨ ᠲᠠᠭᠤᠣ ᠦᠷᠭᠡᠨ ᠢᠶᠠᠷ ᠲᠡᠯᠭᠡᠷᠡᠭᠰᠡᠨ ᠪᠦᠭᠡᠳ ᠪᠠᠰᠠ ᠵᠡᠭᠦᠨ ᠤᠷᠤᠨ ᠤ ᠠᠷᠠᠳ ᠤᠨ ᠲᠠᠭᠤᠣ᠂ ᠪᠠᠷᠠᠭᠤᠨ ᠤᠷᠤᠨ ᠤ ᠠᠷᠠᠳ ᠤᠨ ᠲᠠᠭᠤᠣ ᠭᠡᠵᠦ ᠬᠤᠪᠢᠶᠠᠭᠳᠠᠭᠰᠠᠨ ᠮᠦᠷᠳᠡᠭᠡᠨ ᠵᠡᠭᠦᠨ ᠤᠷᠤᠨ ᠤ ᠠᠷᠠᠳ ᠤᠨ ᠲᠠᠭᠤᠨ ᠳᠤ ᠬᠤᠷᠴᠢᠨ ᠠᠷᠠᠳ ᠤᠨ ᠲᠠᠭᠤᠣ ᠪᠠᠭᠳᠠᠳᠠᠭ᠃ ᠬᠤᠷᠴᠢᠨ ᠠᠷᠠᠳ ᠤᠨ ᠲᠠᠭᠤᠣ ᠳᠤ ︽ᠷᠤᠯᠭᠠᠷᠮ᠎ᠠ︾ ᠪᠤᠯ ᠲᠦᠯᠦᠭᠡᠯᠡᠭᠴᠢ ᠴᠢᠨᠠᠷ ᠲᠠᠢ ᠠᠷᠠᠳ ᠤᠨ ᠲᠠᠭᠤᠣ ᠭᠡᠵᠦ ᠬᠡᠯᠡᠵᠦ ᠪᠤᠯᠬᠤ ᠶᠤᠮ᠃ ᠲᠡᠷᠡ ᠨᠢ ᠦᠯᠢᠭᠡᠷᠴᠢᠯᠡᠭᠰᠡᠨ ᠠᠷᠠᠳ ᠤᠨ ᠲᠠᠭᠤᠣ ᠪᠤᠯᠬᠤ ᠮᠦᠷᠳᠡᠭᠡᠨ ᠵᠦᠴᠦᠭᠡᠴᠢᠯᠡᠨ ᠲᠤᠭᠯᠠᠵᠤ ᠪᠠᠶᠢᠭᠰᠠᠨ ᠶᠤᠮ᠃ ᠲᠡᠷᠡ ᠨᠢ ᠮᠠᠨᠵᠤ ᠴᠢᠩ ᠤᠨ ᠨᠤᠶᠠᠷᠬᠠᠯ ᠲᠤᠣᠷᠠᠬᠢ ᠮᠤᠩᠭᠤᠯ ᠤᠨ ᠠᠷᠠᠳ ᠲᠦᠮᠡᠨ ᠤ ᠭᠠᠰᠠᠯᠠᠩ ᠵᠤᠪᠠᠯᠠᠩᠳᠤ ᠠᠮᠢᠳᠤᠷᠠᠯ ᠪᠠ ᠡᠮᠡᠭᠳᠡᠶᠢᠴᠦᠳ ᠤᠨ ᠭᠤᠨᠢᠭᠳᠤ ᠤᠴᠠᠷᠠᠯ ᠢ ᠲᠤᠰᠬᠠᠭᠰᠠᠨ ᠪᠠᠶᠢᠨ᠎ᠠ᠃  ︽ᠷᠤᠯᠭᠠᠷᠮ᠎ᠠ︾  ᠳᠠᠭᠤᠤ ᠳᠠᠬᠢ ᠭᠤᠣᠯ ᠪᠠᠭᠠᠳᠤᠷ ᠷᠤᠯᠭᠠᠷᠮ᠎ᠠ ᠪᠤᠯ ᠲᠦᠰᠢᠶᠡᠳᠦ ᠬᠤᠰᠢᠭᠤᠨ ᠤ ᠠᠮᠠᠰᠠᠷ ᠤᠨ ᠠᠶᠢᠯ ᠤᠨ ᠰᠢᠯᠤᠭᠤᠨ ᠰᠢᠳᠤᠷᠭᠤ ᠠᠳᠤᠭᠤᠴᠢᠨ ᠬᠦᠮᠦᠨ ᠤ ᠦᠬᠢᠨ ᠶᠤᠮ ᠃ ᠠᠷᠪᠠᠨ ᠲᠤᠯᠤᠭᠠᠨ ᠨᠠᠰᠤ ᠬᠦᠷᠦᠮᠡᠭᠴᠡ ᠦᠪᠦᠷ ᠵᠢᠯᠠᠭ᠎ᠠ ᠠᠶᠢᠯ ᠤᠨ ᠮᠠᠨᠵᠤ ᠶᠢᠨ ᠪᠠᠶᠠᠨ ᠤ ᠬᠦᠤ ᠠᠯᠳᠠᠨᠰᠦ᠋ᠬᠡ ᠳᠤ ᠤᠷᠤᠭ ᠲᠤᠭᠳᠠᠵᠤ ᠪᠤᠭᠳᠤᠯᠠᠨ ᠦᠭᠬᠦ ᠪᠠᠷ ᠬᠤᠷᠢᠮ ᠨᠠᠶᠢᠷ ᠬᠢᠵᠦ ᠪᠠᠶᠢᠬᠤ ᠦᠶᠡᠰ ᠲᠤ ᠪᠡᠭᠡᠵᠢᠩ ᠤᠨ ᠵᠤᠷᠭᠠᠨ ᠶᠠᠮᠤᠨ ᠠᠴᠠ ᠵᠠᠬᠢᠶ᠎ᠠ ᠵᠠᠷᠯᠢᠭ ᠢᠷᠡᠵᠦ᠂ ᠮᠤᠩᠭᠤᠯ ᠬᠤᠰᠢᠭᠤ ᠨᠤᠳᠤᠭ ᠠᠴᠠ ᠨᠢᠭᠡᠨ ᠮᠤᠩᠭᠤᠯ ᠴᠡᠷᠢᠭ ᠲᠠᠳᠠᠪᠤᠷᠢᠯᠠᠵᠤ ᠲᠠᠢ ᠫᠢᠩ ᠲᠢᠶᠠᠨ ᠭᠦᠸᠧ ᠶᠢᠨ ᠪᠤᠰᠤᠯᠭ᠎ᠠ ᠶᠢ ᠲᠠᠷᠤᠩᠭᠤᠶᠢᠯᠠᠭᠤᠯᠬᠤ ᠪᠠᠷ ᠪᠤᠯᠤᠭᠰᠠᠨ ᠲᠤᠯᠠ ᠠᠯᠳᠠᠨᠰᠦ᠋ᠬᠡ ᠠᠷᠭ᠎ᠠ ᠪᠤᠰᠤ ᠠᠯᠪᠠᠨ ᠴᠡᠷᠢᠭ ᠲᠤ ᠮᠤᠷᠳᠠᠬᠤ ᠪᠠᠷ ᠪᠤᠯᠵᠤ᠂ ᠠᠪᠤ ᠡᠵᠢ ᠳᠤ ᠪᠠᠨ ᠠᠮᠠᠷᠠᠭ ᠪᠦᠰᠡᠭᠦᠢ ᠷᠤᠯᠭᠠᠷᠮ᠎ᠠ ᠪᠠᠨ ᠲᠤᠰᠢᠶᠠᠵᠤ᠂ ᠲᠠᠬᠢᠨ ᠠᠮᠠᠷᠠᠭ ᠪᠦᠰᠡᠭᠦᠢ ᠷᠤᠯᠭᠠᠷᠮ᠎ᠠ ᠳᠤ ᠪᠠᠨ ᠠᠪᠤ ᠡᠵᠢ ᠪᠠᠨ ᠲᠤᠰᠢᠶᠠᠬᠤ ᠳᠤ ᠷᠤᠯᠭᠠᠷᠮ᠎ᠠ ᠨᠢ ᠠᠯᠳᠠᠨᠰᠦᠬᠡ ᠳᠤ ᠪᠠᠨ ︽ᠠᠷᠠᠭᠠᠨ ᠰᠢᠳᠦ ᠪᠠᠨ ᠤᠨᠠᠳᠠᠯ᠎ᠠ ᠪᠠᠨ ᠠᠷᠤ ᠠᠴᠠ ᠴᠢᠨᠢ ᠪᠠᠷᠠᠯᠠᠵᠤ ᠪᠠᠶᠢᠶ᠎ᠠ︕︾ ᠭᠡᠵᠦ ᠠᠮᠠᠯᠳᠤᠭᠰᠠᠨ ᠭᠡᠨ᠎ᠡ᠃ ᠠᠯᠳᠠᠨᠰᠦ᠋ᠬᠡ ᠠᠯᠪᠠᠨ ᠴᠡᠷᠢᠭ ᠲᠤ ᠶᠠᠪᠤᠬᠤ ᠠᠴᠠ ᠪᠠᠨ ᠡᠮᠦᠨ᠎ᠡ ᠴᠢᠩ ᠤᠯᠤᠰ ᠤᠨ ᠴᠡᠷᠢᠭ ᠤᠨ ᠠᠯᠪᠠ ᠬᠡᠴᠡᠭᠦᠤ ᠶᠢ ᠲᠦᠷᠰᠦᠯᠡᠵᠦ ᠲᠠᠭᠤᠯᠠᠭᠰᠠᠨ ᠨᠢ᠄ ᠲᠡᠭᠷᠢ ᠶᠢᠨ ᠲᠤᠣᠷᠠᠬᠢ ᠬᠠᠷ᠎ᠠ ᠬᠡᠷᠢᠶ᠎ᠡ ᠪᠦᠬᠦᠨ ᠠᠳᠠᠯᠢᠬᠠᠨ ᠬᠠᠷ᠎ᠠ ᠦᠰᠦᠳᠡᠢ ᠪᠤᠶᠤ ᠲᠡᠯᠡᠬᠡᠢ ᠲᠠᠬᠢᠨ ᠤ ᠠᠷᠠᠳ ᠪᠦᠬᠦᠨ ᠠᠳᠠᠯᠢᠬᠠᠨ ᠭᠠᠰᠠᠯᠠᠩ ᠵᠤᠪᠠᠯᠠᠩ ᠲᠠᠢ ᠭᠡᠷ ᠲᠡᠭᠡᠨ ᠬᠤᠴᠤᠷᠤᠭᠰᠠᠨ ᠴᠢ ᠮᠢᠨᠢ ᠭᠠᠰᠠᠯᠠᠩ ᠵᠤᠪᠠᠯᠠᠩ ᠢ ᠠᠮᠰᠠᠬᠤ ᠳᠤ ᠬᠦᠶ ᠭᠡᠷ ᠠᠴᠠ ᠭᠠᠷᠤᠭᠰᠠᠨ ᠪᠢ ᠴᠢᠨᠢ ᠪᠠᠰᠠᠴᠤ ᠰᠡᠳᠭᠢᠯ ᠠᠮᠤᠷ ᠦᠭᠡᠢ ᠶᠠᠪᠤᠭᠰᠠᠨ ᠬᠦᠶ︕     ᠮᠠᠨᠵᠤ ᠶᠢᠨ ᠪᠠᠶᠠᠨ ᠤ ᠠᠪᠠᠯᠢ ᠡᠬᠡᠨᠡᠷ ᠨᠢ ᠠᠯᠢ ᠡᠷᠳᠡ ᠨᠠᠰᠤ ᠪᠠᠷᠠᠭᠠᠳ ᠪᠠᠰᠠ ᠨᠢᠭᠡ ᠪᠠᠭ᠎ᠠ ᠡᠭᠡᠨᠡᠷ ᠠᠪᠤᠭᠰᠠᠨ ᠭᠡᠳᠡᠭ᠃ ᠠᠯᠳᠠᠨᠰᠦ᠋ᠬᠡ ᠪᠤᠯ ᠠᠪᠠᠯᠢ ᠡᠬᠡᠨᠡᠷ ᠠᠴᠠ ᠲᠦᠷᠦᠭᠰᠡᠨ ᠬᠦᠤ ᠪᠤᠯᠬᠤ ᠤᠴᠢᠷ ᠠᠴᠠ ᠬᠤᠶᠢᠳᠤ ᠡᠬᠡ ᠶᠢᠨ ᠢᠶᠠᠨ ᠭᠠᠷ ᠲᠡᠭᠡᠷ᠎ᠡ ᠬᠦᠮᠦᠨ ᠤ ᠵᠡᠷᠭᠡ ᠳᠤ ᠬᠦᠷᠴᠦ ᠬᠦᠯᠦᠭ ᠤᠨ ᠵᠢᠯᠤᠭᠤ ᠰᠢᠭᠦᠷᠦᠭᠰᠡᠨ ᠰᠠᠨ᠃ ᠮᠠᠨᠵᠤ ᠶᠢᠨ ᠪᠠᠶᠠᠨ ᠬᠡᠳᠦ᠋ᠢᠪᠡᠷ ᠪᠠᠶᠠᠨ ᠪᠤᠯᠪᠠᠴᠤ ᠭᠡᠷ ᠲᠡᠭᠡᠨ ᠲᠤᠯᠤᠭᠠᠢ ᠮᠡᠳᠡᠬᠦ ᠦᠭᠡᠢ᠂ ᠮᠢᠬᠠᠨ ᠤᠪᠤᠭ᠎ᠠ ᠮᠠᠯᠠᠭᠠᠢ ᠶᠢᠨ ᠲᠠᠯᠪᠢᠭᠤᠷ ᠪᠤᠯᠬᠤᠷ ᠠᠯᠳᠠᠨᠰᠦ᠋ᠬᠡ ᠶᠢ ᠠᠯᠪᠠᠨ ᠴᠡᠷᠢᠭ ᠲᠤ ᠶᠠᠪᠤᠭᠤᠯᠤᠮᠠᠭᠴᠠ ᠬᠤᠶᠢᠳᠤ ᠡᠬᠡ ᠨᠢ ᠶᠠᠩᠵᠤ ᠶᠢᠨ ᠠᠷᠭ᠎ᠠ ᠪᠠᠰᠢᠷ ᠭᠠᠷᠭᠠᠵᠤ ᠪᠠᠶᠢᠭᠠᠳ ᠷᠤᠯᠭᠠᠷᠮ᠎ᠠ ᠶᠢ ᠠᠪᠤ ᠶᠢᠨ ᠨᠤᠳᠤᠭ ᠲᠤᠨᠢ ᠶᠠᠪᠤᠭᠤᠯᠤᠭᠰᠠᠨ ᠪᠠᠶᠢᠨ᠎ᠠ᠃     ᠠᠯᠳᠠᠨᠰᠦ᠋ᠬᠡ ᠠᠯᠪᠠᠨ ᠴᠡᠷᠢᠭ ᠠᠴᠠ ᠪᠠᠨ ᠡᠩᠬᠡ ᠮᠡᠨᠳᠦᠬᠡᠨ ᠢᠶᠠᠷ ᠤᠷᠭᠤᠵᠤ ᠢᠷᠡᠭᠰᠡᠨ ᠪᠦᠭᠡᠳ ᠡᠷᠦᠬᠡ ᠭᠡᠷ ᠲᠡᠭᠡᠨ ᠪᠤᠴᠠᠵᠤ ᠢᠷᠡᠬᠦ ᠳᠤ ᠠᠮᠠᠷᠠᠭ ᠪᠦᠰᠡᠭᠦᠢ ᠨᠢ ᠷᠤᠯᠭᠠᠷᠮ᠎ᠠ ᠨᠢ ᠬᠠᠷᠠᠭᠳᠠᠬᠤ ᠦᠭᠡᠢ ᠲᠤᠯᠠ ᠭᠠᠶᠢᠬᠠᠰᠢ ᠠᠯᠳᠠᠨ ᠲᠤᠳᠤᠭᠰᠢ ᠤᠷᠤᠨ ᠠᠰᠠᠭᠤᠬᠤ ᠳᠤ ᠬᠤᠶᠢᠳᠤ ᠡᠬᠡ ᠨᠢ ᠬᠤᠪᠢᠨ ᠤ ᠲᠤᠷ᠎ᠠ ᠰᠤᠨᠢᠷᠬᠠᠯ ᠤᠨ ᠲᠠᠪᠠ ᠪᠠᠷ ᠶᠠᠪᠤᠬᠤ ᠶᠢᠨ ᠲᠦᠯᠦᠭᠡ ᠭᠡᠷ ᠲᠤᠨᠢ ᠬᠠᠷᠢᠭᠤᠯᠤᠭᠰᠠᠨ ᠳᠤ ᠪᠠᠨ ᠬᠤᠶᠢᠬᠤᠷᠯᠠᠵᠤ᠄ ︽ᠠᠩᠭ᠎ᠠ ᠦᠷ᠎ᠡ ᠠᠯᠳᠠᠨᠰᠦ᠋ᠬᠡ ᠴᠢᠮ᠎ᠠ ᠳᠤ ᠠᠪᠳᠤᠷ ᠦᠭᠡᠢ ᠷᠤᠯᠭᠠᠷᠮ᠎ᠠ ᠠᠴᠠ ᠠᠷᠪᠠᠨ ᠲᠠᠬᠢᠨ ᠰᠠᠶᠢᠨ ᠢ ᠨᠢ ᠠᠪᠴᠤ ᠦᠭᠭᠦᠶ᠎ᠡ︕︾ ᠭᠡᠬᠦ ᠳᠤ ᠠᠯᠳᠠᠨᠰᠦ᠋ᠬᠡ ᠬᠤᠶᠢᠳᠤ ᠡᠬᠡ ᠶᠢᠨ ᠢᠶᠠᠨ ᠬᠤᠣᠷ ᠲᠠᠢ ᠬᠦᠮᠦᠨ ᠪᠤᠯᠬᠤ ᠶᠢ ᠮᠡᠳᠡᠬᠦ ᠤᠴᠢᠷ ᠠᠴᠠ ᠠᠯᠢᠪᠠ ᠤᠴᠢᠷ ᠢ ᠭᠠᠳᠠᠷᠯᠠᠵᠤ ᠮᠡᠳᠡᠮᠡᠭᠴᠡ ᠠᠭᠳᠠ ᠬᠦᠯᠦᠭ ᠮᠤᠷᠢᠨ ᠳᠠᠭᠠᠨ ᠠᠯᠠᠪᠬᠢᠨ ᠮᠤᠷᠳᠠᠵᠤ ᠠᠩᠭ᠎ᠠ ᠪᠠᠭ᠎ᠠ ᠷᠤᠯᠭᠠᠷᠮ᠎ᠠ ᠶᠢᠨ ᠨᠤᠳᠤᠭ ᠬᠠᠮᠢᠭ᠎ᠠ ᠪᠠᠶᠢᠨ᠎ᠠ ᠭᠡᠳ ᠲᠠᠪᠬᠢᠯ᠎ᠠ᠃     ᠡᠳᠦᠷ ᠤᠨ ᠵᠠᠮ ᠢ ᠦᠨᠵᠢᠯ ᠦᠭᠡᠢ ᠲᠤᠭᠤᠯᠤᠭᠰᠠᠭᠠᠷ ᠦᠵᠡᠵᠦ ᠪᠠᠶᠢᠳᠠᠯ᠎ᠠ ᠠᠮᠠᠰᠠᠷ ᠤᠨ ᠠᠶᠢᠯ ᠳᠤ ᠬᠦᠷᠦᠭᠡᠳ ᠢᠷᠡᠯ᠎ᠡ᠃ ᠠᠩᠭ᠎ᠠ ᠪᠠᠭ᠎ᠠ ᠷᠤᠯᠭᠠᠷᠮ᠎ᠠ ᠠᠪᠤᠭᠰᠠᠨ ᠭᠠᠵᠠᠷ ᠠᠴᠠ ᠪᠠᠨ ᠬᠦᠭᠡᠭᠡᠭᠳᠡᠭᠡᠳ ᠠᠪᠤ ᠡᠵᠢ ᠶᠢᠨ ᠢᠶᠠᠨ ᠲᠡᠷᠭᠡᠳᠡ ᠢᠷᠡᠵᠦ ᠠᠮᠤᠷ ᠵᠢᠮᠤᠷ ᠰᠠᠭᠤᠵᠤ ᠠᠪᠤᠭᠰᠠᠨ ᠡᠷ᠎ᠡ ᠠᠯᠳᠠᠨᠰᠦ᠋ᠬᠡ ᠪᠠᠨ ᠠᠷᠤ ᠠᠴᠠ ᠢᠷᠡᠵᠦ ᠠᠪᠠᠴᠢᠬᠤ ᠶᠢ ᠠᠯᠤᠰ ᠤᠨ ᠠᠯᠤᠰ ᠠᠴᠠ ᠪᠠᠷᠠᠯᠠᠨ ᠪᠠᠷᠠᠯᠠᠨ ᠪᠠᠶᠢᠯ᠎ᠠ᠃ ᠬᠦᠰᠡᠵᠦ ᠮᠦᠷᠦᠭᠡᠳᠦᠭᠰᠡᠨ ᠬᠠᠶᠢᠷ᠎ᠠ ᠶᠢᠨ ᠰᠡᠳᠭᠢᠯ ᠳᠤᠨᠢ ᠬᠤᠩᠭᠤᠷ ᠭᠠᠯᠠᠭᠤ ᠴᠦ ᠭᠠᠩᠭᠠᠨᠠᠯᠳᠤᠳᠠᠭ ᠭᠡᠭᠴᠢ ᠪᠠᠷ ᠠᠯᠳᠠᠨᠰᠦ᠋ᠬᠡ᠂ ᠷᠤᠯᠭᠠᠷᠮ᠎ᠠ ᠬᠤᠶᠠᠭᠤᠯᠠ ᠪᠠᠨ ᠬᠡᠨ ᠠᠯᠢᠨ ᠢᠶᠠᠨ ᠲᠠᠨᠢᠮᠠᠭᠴᠠ ᠡᠰᠡᠷᠬᠦ ᠡᠰᠡᠷᠭᠦ ᠪᠠᠨ ᠭᠦᠶᠦᠯᠴᠡᠨ ᠬᠠᠷᠢᠯᠴᠠᠨ ᠲᠡᠪᠡᠷᠢᠯᠴᠡᠨ ᠤᠬᠢᠯᠠᠯᠳᠤᠯ᠎ᠠ᠃ ᠲᠡᠭᠡᠭᠡᠳ ᠬᠤᠶᠠᠭᠤᠯᠠ ᠪᠠᠨ ᠦᠪᠡᠷ ᠦᠪᠡᠷ ᠤᠨ ᠤᠴᠠᠷᠠᠯ ᠲᠤᠬᠢᠶᠠᠯ ᠢᠶᠠᠨ    ᠬᠡᠳᠦᠨ ᠰᠦᠨᠢ ᠬᠡᠳᠦᠨ ᠡᠳᠦᠷ ᠢᠶᠠᠷ ᠶᠠᠷᠢᠯᠴᠠᠭᠰᠠᠨ ᠭᠡᠨ᠎ᠡ᠃     ᠠᠯᠳᠠᠨᠰᠦ᠋ᠬᠡ᠂ ᠷᠤᠯᠭᠠᠷᠮ᠎ᠠ ᠬᠤᠶᠠᠷ ᠭᠠᠷ ᠭᠠᠷ ᠢᠶᠠᠨ ᠬᠤᠯᠪᠤᠨ ︽ᠡᠷ᠎ᠡ ᠡᠮ᠎ᠡ ᠬᠤᠶᠠᠭᠤᠯᠠ ᠪᠠᠨ ᠦᠷᠭᠦᠯᠵᠢᠳᠡ ᠴᠢᠷᠮᠠᠶᠢᠨ ᠠᠵᠢᠯᠯᠠᠶ᠎ᠠ︕ ᠡᠷᠦᠬᠡ ᠭᠡᠷ ᠠᠳᠠᠯ ᠠᠮᠢᠳᠤᠷᠠᠯ ᠢᠶᠠᠨ ᠡᠪᠳᠡᠢ ᠰᠠᠶᠢᠬᠠᠨ ᠲᠤᠬᠢᠷᠠᠭᠤᠯᠤᠶ᠎ᠠ︕︾ ᠭᠡᠵᠦ ᠬᠤᠶᠠᠷ ᠵᠠᠯᠠᠭᠤ ᠵᠤᠯ ᠵᠢᠷᠭᠠᠯ᠂ ᠰᠠᠶᠢᠨ ᠰᠠᠶᠢᠬᠠᠨ ᠬᠦᠰᠡᠯᠡᠩ ᠢᠶᠠᠨ ᠢᠯᠡᠳᠭᠡᠭᠰᠡᠨ ᠦᠯᠢᠭᠡᠷᠳᠦ ᠲᠠᠭᠤᠣ ᠪᠤᠯᠬᠤ ᠶᠤᠮ ᠃    ᠦᠯᠢᠭᠡᠷᠳᠦ ᠲᠠᠭᠤᠣ ᠪᠤᠯ ᠬᠠᠭᠤᠴᠢᠨ ᠠᠷᠠᠳᠴᠢᠯᠠᠭᠰᠠᠨ ᠬᠤᠪᠢᠰᠬᠠᠯ ᠤᠨ ᠦᠶ᠎ᠡ ᠳᠤ ᠦᠷᠭᠡᠨ ᠲᠡᠯᠭᠡᠷᠡᠭᠰᠡᠨ ᠠᠷᠠᠳ ᠤᠨ ᠲᠠᠭᠤᠣ ᠶᠢᠨ ᠨᠢᠭᠡ ᠵᠦᠢᠯ ᠤᠨ ᠬᠡᠯᠪᠡᠷᠢ ᠪᠤᠶᠤ ᠲᠢᠭ ᠮᠠᠶ᠋ᠢᠭ ᠪᠤᠯᠤᠨ᠎ᠠ᠃ ᠲᠡᠭᠦᠨ ᠤ ᠦᠨᠳᠦᠰᠦᠨ ᠤᠨᠴᠠᠯᠢᠭ ᠭᠡᠪᠡᠯ᠄ ᠨᠢᠭᠡ ᠳᠤ᠂ ᠦᠨᠡᠨ ᠬᠦᠮᠦᠨ ᠦᠨᠡᠨ ᠤᠴᠢᠷ ᠪᠤᠶᠤ ᠶᠠᠮᠠᠷ ᠨᠢᠭᠡᠨ ᠲᠡᠦᠬᠡᠳᠦ ᠬᠡᠷᠡᠭ ᠤᠴᠢᠷ ᠠᠴᠠ ᠰᠡᠳᠦᠪ ᠢᠶᠠᠨ ᠰᠤᠩᠭᠤᠭᠰᠠᠨ ᠪᠠᠶᠢᠳᠠᠭ᠃ ᠬᠤᠶᠠᠷ ᠲᠤ᠂ ᠦᠯᠢᠭᠡᠷ ᠢᠶᠠᠷ ᠴᠢᠩᠭ᠎ᠠ᠂ ᠪᠦᠷᠢᠨ ᠪᠦᠳᠦᠨ ᠤᠶᠢᠯᠡ ᠶᠠᠪᠤᠳᠠᠯ ᠲᠠᠢ ᠪᠠᠶᠢᠳᠠᠭ᠃ ᠭᠤᠷᠪᠠ ᠳᠤ᠂ ᠰᠢᠯᠦᠭᠯᠡᠯᠳᠦ ᠬᠡᠯᠪᠡᠷᠢ ᠪᠠᠷ ᠤᠶᠠᠩᠭᠠᠯᠠᠨ ᠲᠠᠭᠤᠯᠠᠬᠤ ᠪᠠ ᠦᠷᠭᠦᠯᠵᠢᠯᠡᠭᠰᠡᠨ ᠦᠭᠡ ᠪᠠᠷ ᠬᠦᠦᠷᠨᠢᠨ ᠦᠭᠦᠯᠡᠬᠦ ᠶᠢ ᠬᠠᠷᠢᠯᠴᠠᠨ ᠤᠶᠠᠯᠳᠤᠭᠤᠯᠤᠭᠰᠠᠨ ᠪᠠᠶᠢᠳᠠᠭ᠃ ᠲᠦᠷᠪᠡ ᠳᠤ᠂ ᠬᠦᠭᠵᠢᠮ ᠬᠠᠪᠰᠤᠷᠭᠠᠨ ᠲᠠᠭᠤᠯᠠᠬᠤ ᠳᠤ ᠮᠠᠰᠢ ᠲᠤᠬᠢᠷᠠᠮᠵᠢᠳᠠᠢ ᠪᠠᠶᠢᠳᠠᠭ᠃ ᠦᠯᠢᠭᠡᠷᠳᠦ ᠲᠠᠭᠤᠣ ᠪᠤᠢ ᠪᠤᠯᠤᠭᠰᠠᠨ ᠨᠢ ᠬᠦᠨ ᠬᠦᠨᠵᠡᠭᠡᠢ ᠨᠡᠶᠢᠭᠡᠮ ᠤᠨ ᠦᠨᠳᠦᠰᠦ ᠰᠢᠯᠳᠠᠭᠠᠨ ᠲᠠᠢ ᠶᠤᠮ᠃ ᠬᠠᠭᠤᠴᠢᠨ ᠠᠷᠠᠳᠴᠢᠯᠠᠭᠰᠠᠨ ᠬᠤᠪᠢᠰᠬᠠᠯ ᠤᠨ ᠴᠠᠭ ᠦᠶ᠎ᠡ ᠪᠤᠯ ᠦᠨᠳᠦᠰᠦᠳᠡᠨ ᠤ ᠵᠦᠷᠢᠴᠡᠯ ᠪᠤᠯᠤᠨ ᠠᠩᠬᠢ ᠶᠢᠨ ᠵᠦᠷᠢᠴᠡᠯ ᠡᠳᠦᠷ ᠢᠷᠡᠬᠦᠶ᠎ᠡ ᠬᠤᠷᠴᠠᠳᠤᠨ ᠰᠢᠷᠦᠭᠦᠰᠴᠦ ᠪᠠᠶᠢᠭᠰᠠᠨ ᠴᠠᠭ ᠦᠶ᠎ᠡ ᠪᠤᠯᠤᠨ᠎ᠠ᠃ ᠲᠤᠬᠠᠢ ᠶᠢᠨ ᠦᠶ᠎ᠡ ᠳᠤ ᠬᠠᠷᠢ ᠶᠢᠨ ᠲᠤᠪᠳᠤᠯᠤᠯ᠂ ᠹᠸᠦᠳᠠᠯ ᠨᠤᠶᠠᠷᠬᠠᠭᠴᠢᠳ ᠤᠨ ᠲᠠᠷᠤᠯᠠᠯ ᠨᠢ ᠦᠨᠳᠦᠰᠦᠳᠡᠨ ᠤ ᠠᠷᠠᠳ ᠲᠦᠮᠡᠨ ᠤ ᠡᠰᠡᠷᠭᠦᠴᠡᠯ ᠢ ᠤᠯᠤᠭᠰᠠᠨ ᠪᠠᠶᠢᠨ᠎ᠠ᠃ ᠡᠨᠡ ᠡᠰᠡᠷᠭᠦᠴᠡᠯ ᠲᠡᠮᠡᠴᠡᠯ ᠨᠢ ᠠᠷᠠᠳ ᠲᠦᠮᠡᠨ ᠤ ᠠᠩᠬᠢ ᠶᠢᠨ ᠦᠵᠡᠯ ᠤᠬᠠᠮᠰᠠᠷ᠂ ᠦᠨᠳᠦᠰᠦᠳᠡᠨ ᠤ ᠪᠤᠳᠤᠯ ᠮᠡᠳᠡᠷᠡᠯ ᠤᠨ ᠲᠡᠭᠡᠭᠰᠢᠯᠡᠯᠳᠡ ᠳᠤ ᠮᠡᠳᠡᠭᠳᠡᠬᠦ᠋ᠢᠴᠡ ᠰᠡᠩᠭᠡᠷᠡᠭᠦᠯᠦᠯ ᠤᠯᠭᠤᠭᠰᠠᠨ ᠪᠠᠶᠢᠨ᠎ᠠ᠃ ᠡᠶᠢᠮᠦ ᠪᠠᠶᠢᠳᠠᠯ ᠲᠤᠣᠷ᠎ᠠ ᠲᠤᠬᠠᠢ ᠶᠢᠨ ᠦᠶ᠎ᠡ ᠶᠢᠨ ᠠᠷᠠᠳ ᠲᠦᠮᠡᠨ ᠨᠡᠶᠢᠭᠡᠮ ᠤᠨ ᠠᠮᠢᠳᠦᠷᠠᠯ ᠳᠤ ᠠᠬᠤᠶᠢᠴᠢ ᠤᠪᠤᠷ ᠢᠶᠠᠷ ᠬᠠᠨᠳᠤᠭᠠᠳ ᠡᠰᠡᠷᠭᠦᠴᠡᠯ ᠲᠠᠯᠪᠢᠭᠰᠠᠨ ᠪᠠᠶᠢᠨ᠎ᠠ᠃ ᠲᠠᠷᠤᠢ ᠠᠯᠳᠠᠨᠰᠦ᠋ᠬᠡ ᠦᠪᠡᠷ ᠤᠨ ᠬᠠᠶᠢᠷᠠᠳᠠᠢ ᠪᠦᠰᠡᠭᠦᠢ ᠷᠤᠯᠭᠠᠷᠮ᠎ᠠ ᠪᠠᠨ ᠡᠷᠢᠵᠦ ᠴᠢᠯᠦᠭᠡᠳᠦ ᠠᠮᠢᠳᠤᠷᠠᠯ ᠢ ᠬᠦᠭᠡᠭᠡᠴᠡᠯᠳᠦᠭᠰᠡᠨ ᠨᠢ ᠡᠭᠦᠨ ᠢ ᠬᠠᠷᠠᠭᠤᠯᠵᠤ ᠪᠠᠶᠢᠨ᠎ᠠ᠃ ᠦᠯᠢᠭᠡᠷᠳᠦ ᠲᠠᠭᠤᠣ ᠶᠢᠨ ᠪᠤᠢ ᠪᠤᠯᠤᠭᠰᠠᠨ ᠨᠢ ᠮᠤᠩᠭᠤᠯ ᠠᠷᠠᠳ ᠤᠨ ᠠᠮᠠᠨ ᠢᠷᠠᠭᠤ ᠨᠠᠶᠢᠷᠠᠭ ᠤᠨ ᠬᠦᠭᠵᠢᠯ ᠤᠨ ᠲᠤᠳᠤᠭᠠᠳᠤ ᠵᠢᠮ᠎ᠡ ᠬᠠᠦᠯᠢ ᠲᠠᠢ ᠬᠤᠯᠪᠤᠭᠳᠠᠵᠤ ᠪᠠᠶᠢᠳᠠᠭ᠃ ᠲᠡᠷᠡ ᠨᠢ ᠬᠦᠰᠡᠭᠦ᠋ᠢᠴᠢ ᠦᠵᠡᠯ ᠤᠨ ᠦᠩᠭᠡ ᠭᠢᠯᠪᠠᠭ᠎ᠠ ᠲᠠᠢ ᠪᠠᠭᠠᠳᠤᠷ ᠤᠨ ᠤᠷᠠᠨ ᠲᠦᠷᠢ ᠪᠠᠷ ᠲᠠᠮᠵᠢᠭᠤᠯᠤᠨ ᠮᠤᠩᠭᠤᠯᠴᠤᠳ ᠤᠨ ᠤᠶᠤᠨ ᠤᠬᠠᠭᠠᠨ᠂ ᠬᠦᠴᠦᠨ ᠴᠢᠳᠠᠯ᠂ ᠬᠦᠰᠡᠯ ᠮᠦᠷᠦᠭᠡᠳᠦᠯ ᠢ ᠲᠤᠰᠬᠠᠨ ᠬᠠᠷᠠᠭᠤᠯᠳᠠᠭ ᠪᠠᠶᠢᠯ᠎ᠠ᠃     ᠠᠮᠠᠰᠠᠷ ᠤᠨ ᠵᠢᠯᠠᠭ᠎ᠠ ᠪᠠᠷ ᠠᠮᠠ ᠪᠠᠨ ᠴᠠᠩᠭᠠᠭᠠᠳᠠᠯ᠎ᠠ ᠶᠠᠪᠤᠭᠠᠳ ᠠᠰᠢᠳᠠᠢ ᠬᠠᠷᠢᠭᠤᠯᠳᠠ ᠤᠯᠤᠭᠰᠠᠨ ᠦᠭᠡᠢ ᠴᠦ ᠠᠬᠢᠮᠠᠭ ᠨᠠᠰᠤᠨ ᠤ ᠬᠡᠳᠦᠨ ᠪᠤᠭᠤᠷᠤᠯᠴᠤᠳ ᠠᠴᠠ ᠲᠤᠭᠤᠯᠤᠭᠰᠠᠨ ᠦᠦᠭᠡ ᠲᠡᠦᠬᠡ᠂ ᠲᠤᠬᠠᠢ ᠶᠢᠨ ᠦᠶ᠎ᠡ ᠶᠢᠨ ᠵᠤᠬᠢᠶᠠᠭᠳᠠᠭᠰᠠᠨ ᠦᠯᠢᠭᠡᠷᠳᠦ ᠲᠠᠭᠤᠣ ᠨᠢ ᠪᠦᠷ ᠯᠠ ᠤᠯᠤᠰ ᠲᠦᠷᠦ ᠶᠢᠨ ᠲᠡᠮᠡᠴᠡᠯ᠂ ᠴᠡᠷᠢᠭ ᠲᠠᠶᠢᠨ ᠤ ᠠᠵᠢᠯᠯᠠᠭ᠎ᠠ ᠂ ᠬᠠᠦᠯᠢ ᠴᠠᠭᠠᠵᠠ᠂ ᠱᠠᠰᠢᠨ ᠰᠤᠷᠳᠠᠬᠤᠨ᠂ ᠢᠨᠠᠭ ᠬᠠᠶᠢᠷ᠎ᠠ ᠶᠢᠨ ᠲᠠᠯ᠎ᠠ ᠪᠠᠷ ᠰᠡᠳᠦᠪᠯᠡᠭᠰᠡᠨ ᠪᠠᠶᠢᠳᠠᠭ᠃ ︽ᠷᠤᠯᠭᠠᠷᠮ᠎ᠠ︾ ᠪᠠᠷ ᠵᠢᠱᠢᠶᠡᠯᠡᠵᠦ ᠦᠭᠦᠯᠡᠬᠦ ᠳᠤ᠂ ᠷᠤᠯᠭᠠᠷᠮ᠎ᠠ ᠶᠢᠨ ᠤᠶᠢᠯᠡ ᠶᠠᠪᠤᠳᠠᠯ ᠪᠦᠷᠢᠨ ᠪᠦᠳᠦᠨ᠂ ᠦᠯᠢᠭᠡᠷᠴᠢ ᠴᠢᠨᠠᠷ ᠴᠢᠩᠭ᠎ᠠ ᠪᠠᠶᠢᠳᠠᠭ᠃ ᠭᠡᠬᠦ ᠳᠤ ᠪᠠᠨ ᠵᠤᠬᠢᠶᠠᠯ ᠤᠨ ᠪᠠᠭᠠᠳᠤᠷ ᠤᠨ ᠤᠷᠠᠨ ᠲᠦᠷᠢ ᠶᠢ ᠠᠮᠵᠢᠯᠳᠠ ᠲᠠᠢ ᠰᠠᠶᠢᠬᠠᠨ ᠠᠮᠢᠯᠠᠭᠤᠯᠤᠨ ᠪᠦᠳᠦᠭᠡᠭᠰᠡᠨ ᠪᠠᠶᠢᠨ᠎ᠠ᠃ ᠠᠳᠤᠭᠤᠴᠢᠨ ᠤ ᠦᠬᠢᠨ ᠷᠤᠯᠭᠠᠷᠮ᠎ᠠ ᠶᠢ ᠠᠵᠢᠯᠴᠢ ᠬᠦᠳᠡᠯᠮᠦᠷᠢᠴᠢ᠂ ᠠᠰᠪᠤᠷ ᠴᠠᠭᠠᠪᠤᠷ᠂ ᠡᠯᠪᠡᠷᠢᠯᠳᠡᠢ᠂ ᠢᠨᠠᠭ ᠲᠤᠷᠠᠯᠠᠯ ᠳᠠᠭᠠᠨ ᠦᠨᠡᠨᠴᠢ ᠪᠠᠶᠢᠳᠠᠭ ᠭᠡᠵᠦ ᠲᠦᠷᠰᠦᠯᠡᠭᠰᠡᠨ ᠪᠠᠶᠢᠬᠤ ᠳᠤ ᠡᠰᠡᠷᠭᠦ ᠲᠠᠯ᠎ᠠ ᠶᠢᠨ ᠭᠤᠣᠯ ᠪᠠᠭᠠᠳᠤᠷ ᠬᠤᠶᠢᠳᠤ ᠡᠬᠡ ᠨᠢ ᠰᠠᠳᠤᠷ ᠰᠠᠮᠠᠭᠤᠨ᠂ ᠬᠤᠶᠢᠬᠤᠷ ᠬᠤᠯᠵᠢᠨ᠂ ᠵᠢᠰᠤᠷ ᠵᠠᠯᠢᠬᠠᠢ᠂ ᠬᠠᠭᠤᠴᠢᠨ ᠨᠡᠶᠢᠭᠡᠮ ᠤᠨ ᠡᠷᠬᠡ ᠰᠦᠷ ᠢᠶᠠᠨ ᠠᠰᠢᠭᠯᠠᠵᠤ ᠪᠤᠰᠤᠳ ᠢ ᠬᠢᠯᠢᠰ ᠭᠦᠵᠢᠷ ᠢᠶᠠᠷ ᠲᠠᠷᠤᠯᠠᠨ ᠲᠤᠷᠤᠮᠵᠢᠯᠠᠳᠠᠭ ᠬᠠᠷ᠎ᠠ ᠬᠤᠣᠷᠳᠠᠢ ᠬᠦᠮᠦᠨ ᠤ ᠲᠦᠷᠢ ᠮᠦᠨ᠃     ᠠᠷᠤ ᠶᠢᠨ ᠠᠭᠤᠯᠠᠨ ᠳᠤ ᠠᠪᠠᠷᠢᠭᠠᠳ ᠠᠶᠢᠯ ᠭᠡᠷ ᠤᠨ ᠲᠤᠳᠤᠷᠠᠬᠢ ᠬᠦᠮᠦᠰ ᠤᠨ ᠬᠠᠷᠢᠴᠠᠭ᠎ᠠ ᠶᠢ ᠹᠸᠦᠳᠠᠯ ᠤᠨ ᠶᠤᠰᠤ ᠲᠢᠭᠯᠢᠮ ᠨᠤᠶᠠᠷᠬᠠᠵᠤ ᠪᠠᠶᠢᠭᠰᠠᠨ ᠬᠠᠭᠤᠴᠢᠨ ᠨᠡᠶᠢᠭᠡᠮ ᠤᠨ ᠶᠠᠯ᠎ᠠ ᠬᠡᠮ ᠢ ᠰᠢᠭᠦᠨ ᠲᠤᠩᠭᠠᠵᠤ᠂ ᠦᠯᠢᠭᠡᠷ ᠤᠨ ᠤᠶᠢᠯᠡ ᠶᠠᠪᠤᠳᠠᠯ ᠢ ᠬᠠᠷᠠᠰᠤ ᠴᠤᠯᠭᠤᠢ ᠪᠠᠷ ᠬᠦᠦᠷᠨᠢᠨ ᠲᠤᠭᠠᠴᠠᠭᠰᠠᠨ ᠦᠭᠡᠢ᠂ ᠬᠠᠷᠢᠨ ᠦᠷᠨᠢᠯᠳᠡ ᠬᠦᠭᠵᠢᠯᠳᠡ ᠶᠢᠨ ᠲᠠᠭᠠᠦ ᠬᠦᠮᠦᠰ ᠤᠨ ᠲᠤᠳᠤᠭᠠᠳᠤ ᠰᠡᠳᠭᠢᠯ ᠤᠨ ᠶᠢᠷᠳᠢᠨᠴᠤ ᠶᠢ ᠤᠷᠠᠨ ᠲᠤᠳᠤ᠂ ᠤᠷᠤᠰᠤᠮ᠎ᠠ ᠢᠯᠭᠤᠮ ᠬᠡᠯᠡ ᠬᠡᠯᠡᠯᠭᠡ ᠪᠠᠷ ᠤᠶᠠᠩᠭᠠᠯᠠᠵᠤ ᠢᠷᠡᠭᠰᠡᠨ ᠠᠷᠠᠳ ᠤᠨ ᠲᠠᠭᠤᠣ ᠮᠠᠨᠢ ᠠᠮᠠᠰᠠᠷ ᠤᠨ ᠵᠢᠯᠠᠭ᠎ᠠ ᠪᠠᠷ ᠤᠶᠠᠩᠭᠠᠷᠠᠨ ᠤᠶᠠᠩᠭᠠᠷᠠᠭᠰᠠᠭᠠᠷ ᠪᠢᠯᠡ︕  
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号