ᠪᠢ ᠨᠤᠲᠤᠭ ᠤᠨ ᠢᠶᠠᠨ ᠬᠠᠪᠤᠷ ᠲᠤ ᠲᠤᠩ ᠬᠠᠶᠢᠷᠠᠲᠠᠢ
ᠨᠡᠶᠢᠲᠡᠯᠡᠭᠰᠡᠨ ᠴᠠᠭ᠄
2019-05-31
    ᠠᠭᠤᠷ ᠠᠮᠢᠰᠬᠤᠯ ᠤᠷᠢᠨ ᠳᠤᠯᠠᠭᠠᠨ ᠪᠤᠯᠵᠤ᠂ ᠭᠠᠵᠠᠷ ᠳᠡᠯᠡᠬᠡᠢ ᠬᠡᠰᠦᠨ ᠮᠦᠰᠦ ᠴᠠᠰᠤ ᠬᠠᠶᠢᠯᠵᠤ ᠡᠬᠢᠯᠡᠯ᠎ᠡ᠃ ᠴᠡᠩᠬᠡᠷ᠂ ᠶᠠᠭᠠᠨ᠂ ᠬᠦᠷᠡᠩ ᠁ ᠤᠯᠠᠨ ᠦᠩᠬᠡ ᠶᠢᠨ ᠴᠡᠴᠡᠭ ᠦᠩᠬᠡ ᠪᠤᠯᠢᠶᠠᠯᠳᠤᠨ ᠳᠡᠯᠬᠡᠷᠡᠨ᠎ᠡ᠃ ᠬᠦᠭᠡᠷᠦᠬᠦᠨ ᠪᠤᠯᠵᠤᠮᠤᠷ ᠵᠢᠷᠵᠢᠬᠢᠨᠡᠨ ᠱᠤᠯᠤᠭᠠᠨᠠᠵᠤ᠂ ᠬᠠᠷᠢᠶᠠᠴᠠᠢ ᠰᠢᠪᠠᠭᠤ ᠡᠮᠦᠨᠡᠲᠦ ᠤᠷᠤᠨ ᠠᠴᠠ ᠪᠤᠴᠠᠨ ᠢᠷᠡᠵᠦ ︽ᠬᠠᠪᠤᠷ ᠢᠷᠡᠯ᠎ᠡ︾ ᠬᠡᠵᠦ ᠮᠡᠳᠡᠬᠡᠯᠡᠨ᠎ᠡ᠃     ᠵᠤᠨ ᠤ ᠤᠯᠠᠷᠢᠯ ᠳ᠋ᠧ ᠠᠭᠠᠲᠠᠷ ᠪᠤᠷᠤᠭᠠᠨ ᠴᠢᠳᠬᠤᠯᠠᠭᠠᠳ ᠳᠤᠯᠤᠭᠠᠨ ᠦᠩᠬᠡ ᠶᠢᠨ ᠰᠤᠯᠤᠩᠭ᠎ᠠ ᠲᠠᠲᠠᠵᠤ᠂ ᠴᠡᠴᠡᠭ ᠬᠤᠸᠠᠷ ᠳᠡᠯᠬᠡᠷᠡᠨ᠂ ᠮᠤᠳᠤ ᠤᠷᠭᠤᠮᠠᠯ ᠬᠦᠭᠡᠷᠡᠨ ᠴᠡᠯᠭᠡᠷᠡᠭᠡᠳ ᠶᠠᠭ ᠯᠠ ᠡᠨᠡ ᠳᠡᠯᠡᠬᠡᠢ ᠶᠢ ᠨᠤᠭᠤᠭᠠᠨ ᠬᠠᠰ ᠢᠶᠠᠷ ᠴᠤᠭᠴᠠᠯᠠᠭᠰᠠᠨ ᠮᠡᠲᠦ ᠪᠤᠯᠭᠠᠨ᠎ᠠ᠃ ᠠᠷᠢᠶᠠᠲᠠᠨ ᠠᠮᠢᠲᠠᠨ ᠲᠤᠭᠯᠠᠨ ᠨᠠᠭᠠᠳᠴᠤ᠂ ᠪᠤᠯᠵᠤᠮᠤᠷ ᠰᠢᠪᠠᠭᠤ ᠵᠢᠷᠬᠢᠨ ᠳᠤᠩᠭᠤᠳᠤᠨ᠎ᠠ᠃ ᠡᠨᠡ ᠰᠠᠶᠢᠬᠠᠨ ᠦᠵᠡᠮᠵᠢ ᠶᠢ ᠦᠵᠡᠬᠡᠳ ᠪᠢ ︽ᠡᠶᠢᠮᠦ ᠰᠠᠶᠢᠬᠠᠨ ᠳᠡᠯᠡᠬᠡᠢ ᠶᠢ ᠬᠠᠶᠢᠷᠠᠯᠠᠵᠤ ᠬᠠᠮᠠᠭᠠᠯᠠᠬᠤ ᠦᠬᠡᠢ᠂ ᠡᠳ᠋ ᠡᠷᠳᠡᠨᠢᠰ ᠢ ᠨᠢ ᠪᠦᠷᠢᠯᠬᠡᠨ ᠰᠦᠢᠳᠬᠡᠬᠡᠳ ᠪᠠᠶᠢᠪᠠᠯ ᠳᠡᠯᠡᠬᠡᠢ ᠶᠢᠨ ᠪᠦᠮᠪᠦᠷᠴᠡᠭ ᠮᠠᠭᠤᠬᠠᠢ ᠪᠤᠯᠤᠨ᠎ᠠ ᠳ᠋ᠠ︾ ᠬᠡᠰᠡᠨ ᠲᠦᠷᠦᠭᠳᠡᠯ ᠤᠷᠤᠪᠠ᠃     ᠠᠯᠲᠠᠨ ᠰᠢᠷᠭᠠᠯ ᠨᠠᠮᠤᠷ ᠤᠨ ᠤᠯᠠᠷᠢᠯ ᠳᠤ ᠵᠦᠢᠯ ᠪᠦᠷᠢ ᠶᠢᠨ ᠠᠮᠲᠠᠲᠤ ᠵᠢᠮᠢᠰ ᠪᠤᠯᠪᠠᠰᠤᠷᠠᠨ᠂ ᠮᠤᠳᠤᠨ ᠤ ᠨᠠᠪᠴᠢ ᠨᠠᠮᠤᠷ ᠤᠨ ᠬᠤᠩᠭᠤᠷ ᠰᠠᠯᠬᠢᠨ ᠳᠤ ᠪᠦᠵᠢᠭᠯᠡᠨ ᠬᠡᠶᠢᠰᠦᠨ᠎ᠡ᠃ ᠠᠵᠢᠯᠰᠠᠭ ᠮᠠᠯᠴᠢᠳ ᠬᠠᠳᠤᠯᠠᠩ ᠳᠤ ᠪᠠᠨ ᠶᠠᠭᠠᠷᠠᠨ᠎ᠠ᠃ ᠲᠠᠷᠢᠶᠠᠴᠢᠳ ᠲᠠᠷᠢᠶ᠎ᠠ ᠲᠦᠮᠦᠰᠦ ᠪᠠᠨ ᠳᠡᠬᠦᠵᠦ ᠡᠯᠪᠡᠭ ᠬᠤᠷᠢᠶᠠᠯᠲᠠ ᠪᠠᠨ ᠬᠤᠷᠢᠶᠠᠨ᠎ᠠ᠃ ᠡᠨᠡ ᠦᠶᠡᠰ ᠨᠡᠬᠦᠳᠡᠯ ᠤᠨ ᠰᠢᠪᠠᠭᠤᠳ ᠡᠮᠦᠨᠡᠲᠦ ᠳᠤᠯᠠᠭᠠᠨ ᠤᠷᠤᠨ ᠳᠤ ᠨᠢᠰᠤᠨ ᠶᠠᠪᠤᠨ᠎ᠠ᠃     ᠲᠡᠰᠬᠢᠮ᠎ᠡ ᠬᠦᠢᠲᠡᠨ ᠡᠪᠦᠯ ᠤᠨ ᠤᠯᠠᠷᠢᠯ ᠪᠤᠯᠬᠤ ᠳᠤ᠂ ᠴᠠᠰᠤᠨ ᠯᠠᠪᠰᠠ ᠠᠭᠠᠷ ᠲᠤ ᠪᠦᠵᠢᠭᠯᠡᠨ ᠡᠬᠡ ᠨᠤᠲᠤᠭ ᠢ ᠮᠢᠨᠢ ᠴᠠᠭᠠᠨ ᠬᠦᠨᠵᠢᠯᠡ ᠪᠠᠷ ᠬᠤᠴᠢᠵᠤ᠂ ᠰᠦᠨ ᠴᠠᠭᠠᠨ ᠬᠤᠷᠸ᠎ᠠ ᠪᠤᠯᠭᠠᠳᠠᠭ᠃ ᠭᠤᠤᠯ ᠭᠤᠷᠤᠬ᠎ᠠ ᠲᠡᠰ ᠨᠢᠰ ᠬᠦᠯᠳᠡᠵᠦ᠂ ᠬᠡᠥᠬᠡᠳ ᠪᠠᠭᠠᠴᠤᠳ ᠮᠦᠰᠦᠨ ᠳᠡᠭᠡᠷ᠎ᠡ ᠭᠤᠯᠭᠤᠵᠤ᠂ ᠵᠠᠷᠢᠮ ᠨᠢ ᠴᠠᠰᠤᠨ ᠬᠦᠮᠦᠨ ᠪᠠᠷᠢᠵᠤ ᠂ ᠴᠠᠰᠤᠨ ᠪᠠᠶᠢᠯᠳᠤᠭᠠᠨ ᠬᠢᠵᠦ ᠨᠠᠭᠠᠳᠤᠨ᠎ᠠ᠃ ᠪᠠᠰᠠ ᠵᠠᠷᠢᠮ ᠨᠢ ᠭᠡᠷ ᠠᠴᠠ ᠪᠠᠨ ᠴᠢᠷᠭ᠎ᠠ ᠪᠠ ᠲᠡᠰᠢᠬᠦᠷ ᠱᠠᠬᠠᠢ ᠠᠪᠴᠢᠷᠠᠭᠠᠳ ᠭᠤᠯᠭᠤᠨ ᠨᠠᠭᠠᠳᠳᠠᠭ ᠶᠤᠮ᠃    ᠠ︕ ᠨᠤᠲᠤᠭ ᠤᠨ ᠮᠢᠨᠢ ᠳᠦᠷᠪᠡᠨ ᠤᠯᠠᠷᠢᠯ ᠤᠨ ᠦᠩᠬᠡ ᠦᠵᠡᠮᠵᠢ ᠶᠠᠭᠠᠬᠢᠭᠰᠠᠨ ᠰᠠᠶᠢᠬᠠᠨ ᠪᠤᠢ︕    ᠤᠳᠤ ᠶᠠᠭ ᠰᠠᠶᠢᠬᠠᠨ ᠬᠠᠪᠤᠷ ᠤᠨ ᠤᠯᠠᠷᠢᠯ᠃ ᠪᠢ ᠬᠠᠪᠤᠷ ᠤᠨ ᠤᠯᠠᠷᠢᠯ ᠳᠤ ᠨᠡᠩ ᠢᠯᠡᠬᠦᠦ ᠳᠤᠷᠠᠲᠠᠢ᠃    ᠬᠠᠪᠤᠷ ᠪᠤᠯᠤᠯ᠎ᠠ᠂ ᠰᠡᠩᠰᠡᠨ ᠪᠤᠷᠤᠭᠠᠨ ᠰᠢᠪᠠᠷ ᠰᠢᠪᠠᠷ ᠤᠷᠤᠵᠤ ᠡᠬᠢᠯᠡᠯ᠎ᠡ᠃ ᠬᠤᠷ᠎ᠠ ᠶᠢᠨ ᠰᠢᠮ᠎ᠡ ᠪᠠᠷ ᠡᠪᠡᠰᠦ ᠨᠤᠭᠤᠭ᠎ᠠ ᠰᠤᠶᠤᠭᠠᠯᠠᠨ᠂ ᠤᠢ ᠮᠤᠳᠤᠳ ᠨᠠᠬᠢᠶᠠᠯᠠᠵᠤ᠂ ᠶᠠᠩᠵᠤ ᠪᠦᠷᠢ ᠶᠢᠨ ᠵᠢᠮᠢᠰ ᠤᠨ ᠮᠤᠳᠤ ᠴᠡᠴᠡᠭᠯᠡᠨ ᠬᠤᠸᠠᠷᠯᠠᠨ᠎ᠠ᠃ ᠨᠤᠲᠤᠭ ᠮᠢᠨᠢ ᠶᠤᠰᠤᠲᠠᠢ ᠯᠠ ᠴᠡᠴᠡᠷᠯᠢᠭ ᠰᠢᠭ ᠰᠠᠶᠢᠬᠠᠨ᠃ᠬᠠᠪᠤᠷ ᠪᠤᠯᠤᠯ᠎ᠠ᠂ ᠲᠠᠷᠢᠶᠠᠴᠢᠨ ᠠᠪᠤ ᠡᠵᠢ ᠴᠤ ᠦᠷ᠎ᠡ ᠪᠤᠷᠳᠤᠭᠤᠷ ᠬᠤᠳᠠᠯᠳᠤᠨ ᠠᠪᠴᠤ᠂ ᠲᠠᠷᠢᠶ᠎ᠠ ᠲᠦᠮᠦᠰᠦ ᠪᠠᠨ ᠲᠠᠷᠢᠬᠤ ᠪᠠᠷ ᠪᠡᠯᠡᠳᠬᠡᠨ ᠮᠤᠩᠭᠠᠨᠢᠨ᠎ᠠ᠃     ᠬᠠᠪᠤᠷ ᠪᠤᠯᠤᠯ᠎ᠠ᠂ ᠲᠠᠪᠤᠨ ᠬᠤᠰᠢᠭᠤ ᠮᠠᠯ ᠰᠦᠷᠦᠭ ᠤᠨ ᠨᠢᠯᠬ᠎ᠠ ᠲᠦᠯ ᠤᠨ ᠳᠠᠭᠤᠨ ᠴᠤᠤᠷᠢᠶᠠᠳᠤᠨ᠎ᠠ᠃ ᠬᠤᠷᠠᠭ᠎ᠠ ᠢᠰᠢᠬᠡ ᠮᠠᠶᠢᠯᠠᠯᠳᠤᠵᠤ᠂ ᠲᠤᠭᠤᠯ ᠪᠢᠷᠠᠭᠤ ᠮᠦᠭᠡᠷᠡᠯᠳᠦᠨ᠂ ᠤᠨᠠᠭ᠎ᠠ ᠳᠠᠭ᠎ᠠ ᠢᠨᠴᠠᠭᠠᠨᠠᠨ᠎ᠠ᠃ ᠡᠨᠡ ᠰᠠᠶᠢᠬᠠᠨ ᠳᠤ ᠭᠠᠯᠠᠭᠤ ᠰᠢᠪᠠᠭᠤᠳ ᠭᠠᠩᠭᠠᠷ ᠭᠤᠩᠭᠠᠷ ᠳᠤᠤᠭᠠᠷᠴᠤ᠂ ᠬᠦᠬᠦᠬᠡ ᠰᠢᠪᠠᠭᠤ ᠡᠬᠡᠰᠢᠭᠯᠡᠨ ᠳᠤᠩᠭᠤᠳᠴᠦ ᠂ ᠪᠤᠯᠵᠤᠮᠤᠷ ᠳᠡᠭᠲᠡᠭᠡᠬᠡᠢ ᠵᠢᠷᠵᠢᠬᠢᠨᠡᠨ ᠵᠢᠷᠬᠢᠬᠡᠳ ᠪᠠᠶᠢᠭᠠᠯᠢ ᠶᠢᠨ ᠭᠤᠶᠤ ᠰᠠᠶᠢᠬᠠᠨ ᠨᠠᠶᠢᠷᠠᠯ ᠬᠦᠭᠵᠢᠮ ᠢ ᠡᠬᠦᠰᠬᠡᠨ᠎ᠡ     ᠬᠠᠪᠤᠷ ᠪᠤᠯᠤᠯ᠎ᠠ᠂ ᠬᠡᠥᠬᠡᠳ ᠪᠢᠳᠡ ᠬᠦᠪᠦᠩ ᠬᠤᠪᠴᠠᠰᠤ ᠪᠠᠨ ᠲᠠᠶᠢᠯᠤᠨ᠂ ᠬᠦᠩᠬᠡᠨ ᠱᠦᠩᠬᠡᠨ ᠪᠤᠯᠵᠤ᠂ ᠪᠠᠶᠠᠷ ᠬᠦᠷ ᠲᠠᠢ ᠦᠰᠦᠷᠴᠦ ᠲᠤᠭᠯᠠᠨ᠎ᠠ᠃ ᠡᠨᠡ ᠦᠶ᠎ᠡ ᠳᠤ ᠰᠤᠷᠭᠠᠭᠤᠯᠢ ᠶᠢᠨ ᠮᠢᠨᠢ ᠦᠨᠴᠦᠭ ᠪᠤᠯᠤᠩ ᠪᠦᠷᠢ ᠳᠤ ᠮᠠᠨ ᠤ ᠢᠨᠢᠶᠡᠲᠦ ᠬᠠᠩᠬᠢᠨᠠᠵᠤ᠂ ᠨᠤᠮ ᠤᠩᠰᠢᠬᠤ ᠳᠠᠭᠤᠨ ᠴᠠᠩᠬᠢᠨᠠᠨ᠎ᠠ᠃ᠨᠤᠲᠤᠭ ᠤᠨ ᠮᠢᠨᠢ ᠬᠠᠪᠤᠷ ᠶᠠᠭᠠᠬᠢᠭᠰᠠᠨ ᠰᠠᠶᠢᠬᠠᠨ᠂ ᠶᠠᠭᠠᠬᠢᠭᠰᠠᠨ ᠪᠠᠶᠠᠰᠤᠯ ᠲᠠᠢ ᠪᠤᠢ︕ ᠪᠢ ᠨᠤᠲᠤᠭ ᠤᠨ ᠢᠶᠠᠨ ᠬᠠᠪᠤᠷ ᠢ ᠪᠠᠭ᠋ᠠᠳᠤᠵᠤ ᠶᠠᠪᠤᠨ᠎ᠠ᠂ ᠳᠠᠭᠤᠯᠠᠵᠤ ᠶᠠᠪᠤᠨ᠎ᠠ᠃    ᠨᠤᠲᠤᠭ ᠤᠨ ᠮᠢᠨᠢ ᠬᠠᠪᠤᠷ ᠶᠠᠭᠠᠬᠢᠭᠰᠠᠨ ᠬᠦᠭᠵᠢᠶᠡᠨ ᠲᠠᠢ᠂ ᠶᠠᠭᠠᠬᠢᠭᠰᠠᠨ ᠬᠦᠭᠵᠢᠯᠲᠡ ᠲᠠᠢ ᠪᠤᠢ︕ ᠪᠢ ᠡᠶᠢᠮᠦ ᠰᠠᠶᠢᠬᠠᠨ ᠨᠤᠲᠤᠭ ᠤᠨ ᠢᠶᠠᠨ ᠬᠠᠪᠤᠷ ᠢ ᠰᠢᠯᠦᠭᠯᠡᠵᠦ ᠶᠠᠪᠤᠨ᠎ᠠ᠂ ᠤᠶᠠᠩᠭᠠᠯᠠᠵᠤ ᠶᠠᠪᠤᠨ᠎ᠠ᠃ᠬᠠᠪᠤᠷ ᠬᠠᠪᠤᠷ ᠰᠠᠶᠢᠬᠠᠨᠬᠠᠯᠠᠭᠤᠨ ᠳᠤᠯᠠᠭᠠᠨ ᠢ ᠠᠪᠴᠢᠷᠠᠨ᠎ᠠ᠂ᠬᠠᠪᠤᠷ ᠬᠠᠪᠤᠷ ᠭᠤᠶᠤᠬᠠᠨᠬᠠᠮᠤᠭ ᠪᠤᠳᠠᠰ ᠢ ᠨᠤᠭᠤᠭᠠᠷᠠᠭᠤᠯᠤᠨ᠎ᠠ᠃ᠬᠠᠪᠤᠷ ᠬᠠᠪᠤᠷ ᠤᠷᠢᠬᠠᠨᠬᠠᠮᠤᠭ ᠠᠮᠢᠲᠠᠨ ᠢ ᠲᠦᠯᠵᠢᠬᠦᠯᠦᠨ᠎ᠡ᠂ᠬᠠᠪᠤᠷ ᠬᠠᠪᠤᠷ ᠬᠦᠰᠡᠯᠡᠩᠬᠠᠪᠤᠷ ᠰᠢᠬ ᠪᠢᠳᠡ ᠴᠡᠴᠡᠭᠯᠡᠨ᠎ᠡ᠃ᠨᠤᠲᠤᠭ ᠤᠨ ᠮᠢᠨᠢ ᠬᠠᠪᠤᠷ ᠦᠨᠡᠬᠡᠷ ᠭᠤᠶᠤ︕ᠵᠤᠬᠢᠶᠠᠬᠴᠢ᠄ ᠪᠤᠤ ᠰᠢᠶᠤᠤ ᠰᠢᠶᠠ ︵ᠠᠷᠪᠡᠨᠭᠡᠷ ᠭᠤᠤᠯ ᠰᠤᠷᠭᠠᠭᠤᠯᠢ ᠶᠢᠨ ᠲᠠᠪᠤ ᠶᠢᠨ ᠬᠤᠶᠠᠷ ︶ᠵᠢᠯᠤᠭᠤᠳᠤᠭᠰᠠᠨ ᠪᠠᠭᠰᠢ᠄ ᠭᠧᠨ ᠰᠢᠶᠦ᠋ᠩ
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号