ᠵᠤᠰᠠᠯᠠᠩ ᠤᠨ ᠵᠤᠨ
ᠨᠡᠶᠢᠲᠡᠯᠡᠭᠰᠡᠨ ᠴᠠᠭ᠄
2019-04-30
● ᠴᠠᠭᠠᠨᠯᠤᠤᠰ     ᠱᠠᠩᠳᠦ ᠶᠢᠨ ᠪᠠᠭᠤᠷᠢ ᠶᠢ ᠦᠵᠡᠵᠦ ᠪᠠᠷᠠᠬᠤ ᠳᠤ ᠨᠤᠳᠤᠭ ᠤᠨ ᠲᠡᠭᠦᠤᠳᠠᠢ ᠮᠠᠨᠤᠰ ᠲᠤ ᠡᠵᠡᠨ ᠲᠤᠯᠤᠭᠠᠢ ᠮᠡᠳᠡᠬᠦᠯᠦᠯ ᠦᠭᠡᠢ ᠪᠠᠷ ᠰᠠᠳᠤᠨ ᠤ ᠪᠠᠨ ᠵᠤᠰᠠᠯᠠᠩ ᠳᠤ ᠤᠴᠢᠬᠤ ᠪᠠᠷ ᠲᠡᠮᠡᠤᠯᠪᠡ᠃ ᠰᠢᠨᠡᠬᠡᠨ ᠲᠡᠷᠭᠡ ᠶᠢ ᠮᠢᠨᠢ ᠮᠠᠯ ᠤᠨ ᠴᠤᠪᠤᠭ᠎ᠠ ᠪᠠᠷ ᠡᠯᠳᠡᠬᠦᠯᠵᠦ ᠶᠠᠪᠤᠬᠤ ᠳᠤ ᠭᠡᠷᠭᠡᠢ ᠶᠢᠨ ᠵᠢᠷᠦᠬᠡ ᠰᠢᠮᠰᠢᠷᠡᠬᠦ ᠲᠡᠳᠦᠢ ᠦᠭᠡᠢ ᠮᠢᠨᠤᠬᠢ ᠵᠢᠷᠦᠬᠡ ᠴᠤ ᠰᠢᠮᠰᠢᠷᠠᠵᠦ ᠤᠴᠢᠬᠰᠠᠨ ᠢ ᠶᠠᠭᠤ ᠶᠢ ᠨᠢ ᠨᠢᠭᠤᠬᠤ ᠪᠤᠢ⁈     — ᠤᠶᠢᠷᠠᠳᠴᠤ ᠪᠠᠶᠢᠨᠠᠤ︖ ᠭᠡᠵᠦ ᠦᠭᠡᠨ ᠵᠢᠯᠤᠭᠤ ᠰᠡᠬᠦᠪᠡᠯ     — ᠮᠦᠳᠳᠦᠬᠡᠨ ᠬᠦᠷᠴᠢᠭᠡᠨ᠎ᠡ ᠭᠡᠵᠦ ᠲᠡᠭᠦᠤᠲᠠᠢ ᠭᠡᠨᠡᠭ ᠴᠤ ᠦᠭᠡᠢ ᠬᠠᠷᠢᠭᠤᠯᠤᠨ᠎ᠠ᠃     — ᠪᠠᠰᠠ ᠬᠡᠳᠦᠢ ᠬᠤᠯᠠ ᠪᠠᠶᠢᠨ᠎ᠠ ᠪᠤᠢ︖ ᠭᠡᠵᠦ ᠭᠡᠷᠭᠡᠢ ᠮᠢᠨᠢ ᠠᠰᠠᠭᠤᠨ᠎ᠠ᠃ ᠪᠤᠷᠵᠢᠨ ᠴᠢᠯᠠᠭᠤ ᠠᠰᠬᠠᠬᠰᠠᠨ ᠵᠠᠮ ᠢᠶᠠᠷ ᠫᠦᠷᠴᠢᠨᠠᠬᠦᠯᠵᠦ ᠶᠠᠪᠤᠬᠤ ᠳᠤ ᠲᠡᠪᠴᠢᠶᠡᠷᠢ ᠠᠯᠳᠠᠬᠰᠠᠨ ᠪᠠᠶᠢᠳᠠᠯ ᠲᠠᠢ᠃    — ᠮᠦᠨ ᠡᠨᠡᠤᠬᠡᠨ ᠳᠤ ᠪᠠᠭᠤᠨ᠎ᠠ ᠭᠡᠳ ᠲᠡᠭᠦᠤᠳᠠᠢ ᠢᠨᠢᠶᠡᠮᠰᠦᠭᠯᠡᠨ᠎ᠡ᠃ ᠵᠤᠰᠠᠯᠠᠩ ᠠᠴᠠ ᠨᠢ ᠤᠳᠠᠰᠤ ᠢᠷᠡᠵᠦ ᠡᠰᠡᠷᠭᠦ ᠠᠴᠠ ᠲᠤᠰᠬᠤ ᠪᠠᠷ ᠢᠷᠡᠬᠦ ᠭᠡᠰᠡᠨ ᠢ ᠪᠠᠶᠢᠯᠭᠠᠵᠦ᠂ ᠪᠠᠭ᠋ᠠᠨ ᠶᠠᠪᠤᠳᠠᠯ᠎ᠠ ᠵᠠᠮ ᠢᠶᠠᠨ ᠠᠯᠳᠠᠯ᠎ᠠ᠃ ᠵᠦᠳᠡᠵᠦ ᠨᠢᠭᠡ ᠠᠶᠢᠯ ᠤᠨ ᠪᠠᠷ᠎ᠠ ᠬᠠᠷᠠᠵᠦ ᠤᠶᠢᠷᠠᠳᠤᠭᠠᠳ ᠤᠴᠢᠬᠰᠠᠨ ᠳᠤ ᠪᠠᠷᠠᠭᠤᠨ ᠬᠤᠶᠢᠳᠤ ᠵᠦᠭ ᠢ ᠵᠢᠭᠠᠭᠠᠳ ᠲᠡᠷᠡᠤᠬᠡᠨ ᠳᠤ ᠯᠡ ᠭᠡᠵᠦ ᠬᠡᠯᠡᠵᠦ ᠦᠭᠪᠡ᠃ ᠬᠤᠯᠠᠨ ᠰᠢᠷᠭ᠎ᠠ ᠲᠠᠭ᠎ᠠ ᠶᠢᠨ ᠶᠡᠭᠡ ᠡᠯᠡᠰᠦᠨ ᠤ ᠬᠦᠪᠡᠭᠡᠨ ᠳᠤ ᠬᠦᠷᠦᠭᠰᠡᠨ ᠤᠴᠢᠷ ᠭᠠᠷ ᠤᠳᠠᠰᠤ ᠨᠢ ᠴᠤ ᠨᠡᠪᠳᠡᠷᠡᠬᠦ ᠪᠠᠨ ᠪᠤᠯᠢᠵᠠᠢ᠃ ᠠᠬᠢᠭᠠᠳ ᠯᠡ ᠮᠠᠯ ᠤᠨ ᠴᠤᠪᠤᠭ᠎ᠠ ᠪᠠᠨ ᠭᠡᠷᠴᠢᠵᠦ ᠶᠠᠪᠤᠳᠠᠯ᠎ᠠ ᠡᠰᠡᠷᠬᠦ ᠠᠴᠠ ᠬᠡᠭᠡᠷ᠎ᠡ ᠶᠢᠨ ᠬᠦᠶᠦᠳᠡᠯᠳᠦ ᠪᠦᠳᠦᠬᠦᠨ ᠮᠠᠰᠢᠨ ᠲᠤᠰᠴᠤ ᠢᠷᠡᠪᠡ᠃ ᠪᠢᠳᠡ ᠦᠪᠡᠷ ᠤᠨ ᠮᠠᠰᠢᠨ ᠢᠶᠠᠨ ᠭᠡᠭᠡᠷ᠎ᠡ ᠤᠷᠬᠢᠵᠦ᠂ ᠪᠤᠬᠴᠤ ᠪᠤᠭᠤᠳᠠᠯ᠂ ᠨᠤᠭᠤᠭ᠎ᠠ ᠵᠢᠮᠢᠰ ᠢᠶᠠᠨ ᠠᠪᠤᠭᠠᠳ ᠪᠦᠳᠦᠬᠦᠨ ᠲᠡᠷᠭᠡᠨ ᠳᠤ ᠭᠠᠷᠴᠠᠭᠠᠪᠠ᠃ ᠮᠠᠩᠬᠠᠨ ᠬᠦᠳᠦᠯ ᠲᠠᠪᠠᠵᠦ᠂ ᠵᠠᠭ ᠪᠤᠳᠠ ᠶᠢᠨ ᠲᠤᠮᠳᠠᠭᠤᠷ ᠰᠦᠯᠵᠢᠭᠰᠡᠭᠡᠷ ᠪᠠᠷᠤᠭ ᠠᠷᠪᠠᠭᠠᠳ ᠮᠢᠨᠦ᠋ᠲ ᠲᠤᠪᠳᠤᠯᠤᠭᠠᠳ ᠵᠤᠰᠠᠯᠠᠩ ᠳᠤ ᠭᠡᠨᠡᠳᠳᠡ ᠬᠦᠷᠦᠭᠡᠳ ᠤᠴᠢᠪᠠ᠃ ᠲᠤᠬᠢᠯᠢᠭ ᠰᠠᠶᠢᠬᠠᠨ ᠪᠠᠷᠢᠬᠰᠠᠨ ᠬᠤᠶᠠᠷ ᠮᠤᠩᠭᠤᠯ ᠭᠡᠷ ᠪᠠᠶᠢᠬᠤ ᠪᠠ ᠴᠠᠭᠠᠨ᠎ᠠ ᠨᠢ ᠠᠷᠭᠠᠯ ᠲᠦᠯᠡᠭᠡ ᠪᠠᠨ ᠬᠤᠴᠢᠬᠰᠠᠨ ᠪᠢᠳᠡᠬᠦᠤ ᠰᠠᠷᠠᠪᠴᠢ ᠨᠢᠭᠡ ᠶᠢ ᠪᠠᠷᠢᠵᠠᠢ᠃     ᠬᠡᠳᠦ ᠬᠡᠳᠦᠨ ᠬᠦᠮᠦᠨ ᠤᠬᠳᠤᠨ ᠮᠡᠨᠳᠦᠴᠢᠯᠡᠭᠰᠡᠨ ᠤ ᠲᠤᠳᠤᠷ᠎ᠠ ᠭᠡᠷ ᠤᠨ ᠡᠵᠡᠭᠲᠠᠢ ᠯᠡ ᠤᠨᠴᠠ ᠢᠯᠭᠠᠷᠠᠵᠦ᠂ ᠠᠶᠠᠭ᠎ᠠ ᠴᠠᠢ ᠤᠶᠢᠷᠠᠳᠤᠭᠤᠯᠤᠨ ᠶᠠᠷᠢᠶ᠎ᠠ ᠬᠦᠭᠡᠷᠦᠭᠡ ᠪᠤᠯᠵᠦ ᠮᠠᠨᠤᠰ ᠢ ᠲᠦᠳᠡᠭᠡᠨ ᠲᠠᠰᠬᠠᠵᠦ ᠠᠮᠵᠢᠪᠠ᠃ ᠮᠢᠬ᠎ᠠ ᠬᠦᠰᠭᠦᠯᠡᠵᠦ ᠬᠠᠯᠠᠭᠤᠨ ᠴᠠᠢ ᠬᠦᠯᠦᠷᠡᠳᠡᠯ᠎ᠡ ᠤᠤᠭᠤᠬᠤ ᠳᠤ ᠪᠡᠶ᠎ᠡ ᠶᠢᠨ ᠴᠢᠯᠡᠭᠡ ᠲᠠᠶᠢᠯᠤᠬᠳᠠᠵᠦ᠂ ᠡᠬᠡᠵᠡᠭᠡᠢ ᠬᠤᠷᠤᠳ ᠤᠨ ᠠᠮᠳᠠ ᠪᠠᠷ ︽ᠭᠡᠳᠡᠰᠦ ᠭᠠᠷᠴᠦ︾ ᠠᠮᠵᠢᠯ᠎ᠠ᠃ ᠤᠳᠤ ᠮᠦᠳᠳᠦᠬᠡᠨ ᠪᠤᠴᠠᠬᠤ ᠪᠠᠶᠢᠯᠬᠦᠢ ᠭᠡᠰᠡᠨ ᠴᠢᠨᠢ ᠲᠡᠬᠦᠤᠲᠠᠢ ᠢᠨᠢᠶᠡᠪᠬᠢᠯᠡᠭᠡᠳ᠄ ︽ᠰᠦᠨᠢ ᠶᠢᠨ ᠵᠠᠮ ᠳᠤ ᠲᠡᠷᠭᠡᠨ ᠲᠡᠩᠭᠡᠯᠢᠭ ᠴᠢᠨᠢ ᠬᠤᠭᠤᠷᠠᠪᠠᠯ ᠨᠠᠳᠠ ᠲᠡᠯᠵᠢ ᠦᠭᠡᠢ ᠰᠢᠤ︾ ᠭᠡᠳ ᠬᠦᠬᠦᠷᠡᠨ᠎ᠡ᠃ ᠲᠡᠷᠡ ᠶᠡᠷᠦᠨᠢ ᠢᠷᠡᠬᠦ ᠶᠢᠨ ᠦᠶ᠎ᠡ ᠳᠡᠭᠡᠨ ᠲᠠᠷᠤᠢ ᠬᠤᠨᠤᠬᠯᠠᠬᠤ ᠪᠠᠷ ᠲᠤᠬᠳᠠᠴᠢᠬᠠᠬᠰᠠᠨ ᠠᠵᠢ᠃ ᠦᠬᠢᠨ ᠬᠠᠷᠢᠨ ᠤᠨᠴᠠᠭᠠᠢ ᠯᠡ ᠬᠦᠭᠡᠷᠦᠨ ᠪᠠᠶᠠᠰᠤᠬᠰᠠᠨ ᠪᠠᠶᠢᠳᠠᠯ ᠲᠠᠢ᠃ ᠬᠤᠨᠤᠬᠯᠠᠨ᠎ᠠ ᠭᠡᠳᠡᠭ ᠢ ᠰᠤᠨᠤᠰᠤᠮᠠᠬᠴᠠ ᠬᠤᠳᠠᠴᠢ ᠪᠠᠭᠠᠯ ᠢ ᠨᠢ ᠲᠠᠭᠠᠭᠤᠯᠴᠢᠬᠠᠬᠰᠠᠨ᠂ ᠲᠤᠭᠤᠯ ᠲᠠᠭ᠎ᠠ ᠲᠡᠪᠴᠢᠶᠡᠷᠡᠬᠦᠯᠦᠭᠡᠳ ᠡᠬᠢᠯᠡᠭᠰᠡᠨ ᠪᠠᠶᠢᠯ᠎ᠠ᠃ ᠮᠠᠯᠴᠢᠨ ᠠᠶᠢᠯ ᠤᠨ ᠦᠨᠳᠦᠷ ᠲᠤᠮᠳᠠᠳᠤ ᠶᠢᠨ ᠭᠤᠷᠪᠠᠳᠤᠭᠠᠷ ᠤᠨ ᠳᠤ ᠰᠤᠷᠴᠦ ᠪᠠᠶᠢᠭ᠎ᠠ ᠨᠠᠷᠢᠬᠠᠨ ᠦᠨᠳᠦᠷ ᠵᠠᠯᠠᠭᠤ ᠡᠨᠡᠷᠢᠯ ᠬᠦᠤ ᠦᠬᠢᠨ ᠳᠤ ᠬᠠᠨᠢ ᠪᠤᠯᠵᠦ ᠲᠤᠬᠯᠠᠨ᠎ᠠ᠃ ᠦᠶ᠎ᠡ ᠶᠢᠨ ᠨᠠᠰᠦᠨ ᠤ ᠬᠦᠮᠦᠰ ᠠᠵᠢ᠂ ᠦᠭᠡ ᠭᠡᠯᠡ ᠪᠠᠨ ᠤᠯᠤᠯᠴᠠᠬᠤ ᠨᠢ ᠴᠤ ᠲᠦᠷᠭᠡᠨ᠃ ᠪᠢ ᠭᠤᠤᠯᠴᠠᠭᠤ ᠡᠨᠡᠷᠢᠯ ᠤᠨ ᠡᠮᠡᠭᠡ ᠡᠵᠢ ᠲᠠᠢ ᠨᠢ ᠵᠤᠭᠤᠭ ᠬᠡᠯᠡᠵᠦ ᠰᠠᠭᠤᠯ᠎ᠠ᠃ ᠪᠠᠭ᠎ᠠ ᠶᠢᠨ ᠦᠶ᠎ᠡ ᠳᠤ ᠮᠠᠯ ᠬᠤᠨᠢ ᠲᠠᠢ ᠠᠪᠤᠯᠴᠠᠵᠦ ᠦᠰᠦᠭᠰᠡᠨ ᠮᠢᠨᠢ ᠲᠤᠰᠠ ᠭᠠᠷᠴᠦ᠂ ᠮᠠᠯᠵᠢᠬᠤ ᠠᠮᠢᠳᠤᠷᠠᠯ ᠤᠨ ᠲᠤᠬᠠᠢ ᠶᠠᠷᠢᠶ᠎ᠠ ᠪᠤᠯᠬᠤ ᠳᠤ ᠠᠷᠠᠢ ᠲᠦᠭᠳᠡᠷᠡᠯ ᠦᠭᠡᠢ ᠪᠠᠶᠢᠵᠦ ᠪᠤᠯᠬᠤ ᠠᠵᠢ᠃ ᠬᠠᠷᠠᠩᠭᠤᠢ ᠪᠤᠯᠤᠭᠠᠳ ᠮᠢᠬ᠎ᠠ ᠬᠠᠯᠠᠭᠠᠵᠦ᠂ ᠪᠤᠤᠵᠠ ᠵᠢᠩᠨᠡᠭᠡᠳ᠂ ᠠᠷᠢᠬᠢ ᠬᠡᠮᠨᠡᠵᠦ᠂ ᠠᠰᠢᠲᠠᠢ ᠰᠠᠶᠢᠬᠠᠨ ᠭᠡᠷ ᠤᠨ ᠨᠠᠶᠢᠷ ᠪᠤᠯᠪᠠ᠃ ᠭᠡᠷ ᠤᠨ ᠡᠵᠡᠨ ᠰᠤᠳᠤᠰᠡᠴᠡᠨ ᠭᠤᠸᠠᠢ ᠲᠠᠭᠤᠤ ᠱᠤᠤ ᠦᠭᠡᠢ ᠪᠠᠷ ᠭᠡᠶᠢᠴᠢᠳ ᠲᠡᠭᠡᠨ ᠮᠢᠬ᠎ᠠ ᠤᠬᠳᠤᠯᠵᠦ ᠦᠭᠭᠦᠭᠡᠳ ᠯᠡ ᠪᠠᠶᠢᠪᠠ᠃ ᠠᠷᠢᠬᠢ ᠶᠢ ᠪᠤᠯ ᠬᠠᠷᠢᠨ ᠲᠡᠮᠡᠢ ᠱᠠᠯᠠᠬᠤ ᠴᠤ ᠦᠭᠡᠢ᠂ ︽ᠲᠠᠭ᠎ᠠ ᠪᠠᠷ ᠢᠶᠠᠨ ᠤᠤᠭᠤ︾ ᠭᠡᠳᠡᠭ ᠪᠠᠶᠢᠨ᠎ᠠ᠃ ᠡᠨᠡᠷᠢᠯ ᠬᠦᠤ ᠶᠢᠨ ᠨᠠᠭᠠᠴᠤ ᠨᠢ ᠴᠤᠬᠤᠮ ᠴᠤ ᠨᠠᠶᠢᠷ ᠲᠤ ᠪᠠᠷᠢᠯᠳᠤᠳᠠᠭ ᠬᠦᠮᠦᠨ ᠤ ᠬᠤᠪᠢ ᠪᠠᠷ ᠡᠷ᠎ᠡ ᠪᠡᠶ᠎ᠡ ᠶᠢ ᠭᠠᠶᠢᠬᠠᠭᠤᠯᠵᠦ ᠲᠦᠷᠦᠭᠰᠡᠨ ᠬᠦᠳᠡᠷᠯᠢᠭ ᠪᠢᠷ᠎ᠠ ᠲᠠᠢ ᠬᠦᠮᠦᠨ ᠪᠠᠶᠢᠨ᠎ᠠ᠃ ᠬᠤᠨᠢᠴᠢᠨ ᠵᠠᠯᠠᠭᠤ ᠭᠡᠭᠳᠡᠳᠡᠭ ᠮᠠᠯᠴᠢᠨ ᠨᠢ ᠦᠭᠡ ᠲᠠᠭᠤ ᠴᠦᠭᠡᠨᠲᠠᠢ ᠪᠤᠯᠪᠠᠴᠤ  ᠪᠠᠶᠢᠨ ᠪᠠᠶᠢᠨ ᠬᠤᠨᠳᠠᠭ᠎ᠠ ᠪᠠᠨ ᠠᠪᠴᠢᠷᠠᠨ ᠨᠠᠮ᠎ᠠ ᠲᠠᠢ ᠮᠦᠷᠬᠦᠬᠦᠯᠵᠦ ᠬᠠᠮᠳᠤ ᠬᠦᠨᠳᠡᠷᠦᠭᠡᠳ ᠰᠠᠭᠤᠬᠤ ᠮᠦᠨ ᠠᠰᠢᠲᠠᠢ᠃ ᠤᠷᠵᠢᠳᠤᠷ ᠤᠨ ᠭᠡᠭᠡᠭᠡᠳ ᠪᠠᠶᠢᠬᠰᠠᠨ ᠲᠦᠷᠪᠡᠨ ᠬᠤᠨᠢ ᠪᠠᠨ ᠦᠨᠦᠳᠦᠷ ᠮᠠᠩᠬᠠᠨ ᠬᠤᠳᠤᠭᠤᠷ ᠠᠴᠠ ᠤᠯᠵᠦ ᠠᠪᠤᠬᠰᠠᠨ ᠪᠤᠯᠬᠤᠷ ᠢᠶᠠᠨ ᠮᠦᠨᠴᠦ ᠪᠦᠬᠦᠳᠡᠭᠡᠷ ᠪᠠᠶᠠᠷ ᠲᠠᠢ ᠪᠠᠶᠢᠨ᠎ᠠ᠃ ᠴᠢᠨᠠᠬᠰᠠᠨ ᠭᠡᠳᠡᠰᠦ ᠲᠤᠳᠤᠷ ᠨᠢ ᠠᠮᠳᠠ ᠰᠠᠶᠢᠲᠠᠢ᠃ ᠪᠢ ᠦᠬᠢᠨ ᠲᠡᠭᠡᠨ ᠤᠬᠳᠤᠯᠵᠦ ᠦᠭᠪᠡᠯ ᠮᠠᠨᠠᠢ ᠬᠦᠮᠦᠨ ᠴᠢᠨᠢ ᠢᠳᠡᠭᠡᠳ ᠯᠡ ᠪᠠᠶᠢᠵᠠᠢ᠃     ᠪᠢᠳᠡ ᠵᠡᠬᠦᠨ ᠤᠷᠤᠨ ᠤ ᠬᠢ ᠭᠡᠳᠡᠭ ᠪᠤᠯᠪᠠᠴᠤ ᠮᠦᠨ ᠦᠷᠯᠦᠭᠡ ᠪᠦᠷᠢ ᠬᠦᠭᠡ ᠴᠠᠢ ᠴᠢᠨᠠᠵᠦ ᠤᠤᠭᠤᠳᠠᠭ ᠢᠶᠠᠨ ᠬᠡᠯᠡᠭᠡᠳ ᠴᠠᠢ ᠴᠢᠨᠠᠬᠤ ᠶᠢᠨ ᠲᠤᠷᠰᠢᠯᠭ᠎ᠠ ᠰᠤᠯᠢᠯᠴᠠᠵᠦ᠂ ᠨᠠᠮᠤᠷ ᠡᠪᠦᠯ ᠯᠡ ᠭᠤᠤᠯᠴᠠᠭᠤ ᠬᠤᠨᠢᠨ ᠮᠢᠬ᠎ᠠ ᠢᠳᠡᠳᠡᠭ᠂ ᠭᠡᠬᠦ ᠲᠡᠭᠡᠨ ᠬᠠᠭᠤᠷᠴᠦ ᠢᠳᠡᠬᠦ ᠨᠢ ᠠᠷᠪᠢᠨ ᠭᠡᠳᠡᠭ ᠢᠶᠠᠨ ᠶᠠᠷᠢᠯ᠎ᠠ᠃ ᠭᠡᠷᠭᠡᠢ ᠮᠢᠨᠢ ᠬᠠᠭᠤᠷᠠᠢ ᠠᠮᠤ ᠳᠤ ᠲᠤᠷᠠᠲᠠᠢ᠂ ᠡᠭᠡᠳᠡᠭᠰᠡᠨ ᠰᠦ ᠬᠤᠳᠬᠤᠵᠦ ᠰᠢᠬᠢᠷ ᠬᠢᠯᠬᠦᠢ ᠢᠳᠡᠳᠡᠭ ᠢᠶᠠᠨ ᠬᠡᠯᠡᠨ᠎ᠡ᠃ ᠨᠠᠰᠤᠲᠠᠢ ᠡᠮᠡᠭᠡ ᠨᠠᠶᠢᠷ ᠨᠠᠭᠠᠳᠤᠮ ᠳᠤ ᠤᠴᠢᠬᠰᠠᠨ ᠢᠶᠠᠨ ᠬᠦᠭᠡᠷᠴᠦ ᠰᠠᠭᠤᠬᠤ ᠪᠠ ᠰᠤᠳᠤᠰᠡᠴᠡᠨ ᠭᠤᠸᠠᠢ ᠮᠤᠷᠢ ᠤᠶᠠᠬᠰᠠᠨ ᠢᠶᠠᠨ ᠰᠤᠨᠢᠷᠬᠠᠭᠤᠯᠵᠦ᠂ ᠪᠠᠭ ᠰᠤᠮᠤᠨ ᠤ ᠨᠠᠭᠠᠳᠤᠮ ᠳᠠᠭᠠᠨ ᠬᠡᠳᠦ ᠤᠳᠠᠭ᠎ᠠ ᠱᠠᠩᠨᠠᠭᠤᠯᠤᠬᠰᠠᠨ ᠢᠶᠠᠨ ᠪᠠᠭ᠋ᠠᠷᠬᠠᠨ ᠬᠤᠪᠢᠶᠠᠯᠴᠠᠯ᠎ᠠ᠃ ᠭᠡᠷ ᠤᠨ ᠡᠵᠡᠭᠲᠠᠢ ᠶᠢᠨ ᠶᠠᠷᠢᠶ᠎ᠠ ᠬᠦᠭᠡᠷᠦᠭᠡ ᠡᠯᠪᠡᠭ ᠱᠤᠭ ᠲᠠᠢ᠂ ᠦᠬᠢᠨ ᠢ ᠮᠢᠨᠢ ᠡᠩᠬᠦᠷᠡᠶᠢᠯᠠᠵᠦ᠂ ᠬᠢᠴᠢᠶᠡᠯ ᠰᠤᠷᠤᠯᠭ᠎ᠠ ᠠᠴᠠ ᠨᠢ ᠡᠬᠢᠯᠡᠭᠡᠳ ᠠᠰᠠᠭᠤᠵᠦ ᠪᠠᠶᠢᠬᠰᠠᠨ ᠢᠶᠠᠨ ᠬᠤᠷᠠᠭ᠎ᠠ ᠲᠤᠭᠤᠯ ᠳᠤ ᠲᠤᠷᠠᠲᠠᠢ ᠶᠤᠮ ᠪᠤᠯ ᠠᠮᠠᠷᠠᠯᠲᠠ ᠪᠠᠨ ᠪᠠᠷᠠᠲᠠᠯ᠎ᠠ ᠪᠦᠬᠦ ᠵᠤᠨ ᠮᠦᠨ ᠮᠠᠨᠠᠶᠢᠬᠢ ᠳᠤ ᠵᠤᠰᠠᠴᠢᠬ᠎ᠠ᠂ ᠠᠨᠢᠶ᠎ᠠ ᠨᠢ ᠦᠤᠷ ᠴᠦᠤᠷ ᠢᠶᠠᠷ ᠦᠨᠢᠶ᠎ᠡ ᠪᠠᠨ ᠰᠠᠭᠠᠬᠤ᠂ ᠮᠢᠨᠤ ᠦᠬᠢᠨ ᠲᠡᠭᠡᠭᠡᠳ ᠯᠡ ᠵᠡᠯ᠎ᠡ ᠲᠠᠳᠠᠬᠤ ᠮᠠᠨᠢ ᠭᠡᠵᠦ ᠱᠤᠬᠯᠠᠵᠦ ᠪᠠᠶᠢᠯ᠎ᠠ᠃ ᠭᠡᠷ ᠤᠨ ᠡᠵᠡᠭᠲᠠᠢ ᠨᠠᠰᠤ ᠪᠠᠷ ᠨᠠᠮ᠎ᠠ ᠠᠴᠠ ᠪᠠᠭ᠋ᠠᠨ ᠲᠡᠭᠦᠤᠮᠡᠳ᠂ ᠮᠠᠰᠢ ᠴᠢᠷᠠᠶᠢᠯᠢᠭ᠂ ᠠᠵᠢᠯ ᠬᠢᠳᠡᠯ ᠱᠠᠯᠠᠮᠠᠭᠠᠢ ᠨᠢ ᠠᠷᠭ᠎ᠠ ᠦᠭᠡᠢ ᠪᠠᠶᠢᠵᠦ᠂ ᠵᠠᠯᠠᠭᠤ ᠳᠠᠭᠠᠨ ᠴᠤᠬᠤᠮ ᠴᠤ ᠭᠤᠩᠬᠠᠬᠰᠠᠨ ᠰᠠᠶᠢᠬᠠᠨ ᠪᠡᠶ᠎ᠡ ᠪᠠᠶᠢᠳᠠᠯ ᠲᠠᠢ ᠶᠠᠪᠤᠬᠰᠠᠨ ᠨᠢ ᠮᠡᠳᠡᠭᠳᠡᠵᠦ᠂ ᠶᠠᠷᠢᠶᠠᠨ ᠤ ᠬᠦᠭ ᠰᠦᠭ ᠢ ᠲᠠᠭᠠᠷᠠᠭᠤᠯᠵᠦ᠂ ᠴᠢᠩᠭ᠎ᠠ ᠴᠢᠩᠭ᠎ᠠ ᠬᠦᠬᠦᠷᠡᠨ ᠢᠨᠢᠶᠡᠵᠦ᠂ ᠴᠤᠬᠤᠮ ᠴᠤ ᠬᠦᠮᠦᠨ ᠤ ᠰᠡᠳᠭᠢᠯ ᠢ ᠦᠭᠡᠳᠡ ᠪᠠᠨ ᠲᠠᠳᠠᠳᠠᠭ ᠰᠡᠷᠬᠦᠯᠡᠩ ᠠᠪᠬᠠᠯᠵᠢᠲᠠᠢ ᠪᠤᠯᠬᠤ ᠨᠢ ᠦᠵᠡᠭᠳᠡᠨ᠎ᠡ᠃ ᠬᠤᠭᠤᠯᠠᠨ ᠤ ᠲᠠᠷᠠᠭ᠎ᠠ ᠭᠠᠳᠠᠭᠤᠷ ᠪᠠᠭ᠋ᠠᠨ ᠠᠯᠬᠤᠵᠦ ᠰᠡᠯᠡᠬᠦᠴᠡᠯ᠎ᠡ᠃ ᠰᠦᠨᠢ ᠶᠢᠨ ᠠᠭᠠᠷ ᠲᠤ ᠲᠦᠮᠡᠨ ᠤᠳᠤᠳ ᠲᠦᠭᠡᠭᠡᠵᠦ᠂ ᠬᠠᠰ ᠤᠨ ᠫᠢᠯᠡ ᠰᠢᠬ ᠲᠡᠷᠭᠡᠯ ᠰᠠᠷᠠᠨ ᠲᠤᠯᠠᠶᠢᠵᠦ᠂ ᠡᠪᠡᠰᠦᠨ ᠤ ᠰᠤᠳᠤᠨ ᠦᠨᠦᠷ ᠲᠤ ᠰᠡᠳᠭᠢᠯ ᠵᠢᠷᠦᠭᠡ ᠤᠩᠭᠤᠶᠢᠵᠦ᠂ ᠴᠤᠬᠤᠮ ᠴᠤ ᠲᠠᠭᠠᠲᠠᠢ᠂ ᠶᠡᠷᠦᠨᠢ ᠰᠦᠨᠢᠵᠢᠨ ᠰᠠᠭᠤᠮᠠᠷ ᠴᠤ ᠰᠠᠨᠠᠬᠳᠠᠯ᠎ᠠ᠃ ᠪᠠᠭ᠋ᠠᠨ ᠰᠡᠷᠢᠬᠦᠨ ᠮᠡᠳᠦ ᠪᠤᠯᠬᠤᠯᠠᠷ ᠲᠠᠮᠢᠷ ᠤᠨ ᠬᠤᠪᠴᠠᠰᠤ ᠪᠠᠨ ᠨᠦᠮᠦᠭᠡᠳᠡᠵᠦ᠂ ᠡᠨᠡᠷᠢᠯ ᠬᠦᠤ ᠨᠠᠭᠠᠴᠤ ᠲᠠᠢ ᠪᠠᠨ ᠪᠦᠬᠡ ᠶᠢᠨ ᠠᠪᠳᠠᠯ ᠢᠶᠠᠷ ᠨᠤᠴᠤᠯᠳᠤᠭᠠᠳ ᠯᠡ ᠪᠠᠶᠢᠬᠤ ᠶᠢ ᠪᠠᠭ᠋ᠠᠷᠬᠠᠨ ᠬᠠᠷᠠᠵᠦ ᠰᠠᠭᠤᠪᠠ᠃ ᠬᠡᠷᠪᠡ ᠲᠠᠪᠤ ᠭᠤᠷᠪᠠᠨ ᠵᠢᠯ ᠤᠨ ᠡᠮᠦᠨ᠎ᠡ ᠪᠠᠶᠢᠬᠰᠠᠨ ᠰᠠᠨ ᠪᠤᠯ ᠪᠢ ᠴᠤ ᠪᠤᠰᠴᠦ ᠤᠴᠢᠭᠠᠳ ᠬᠦᠳᠡᠷᠯᠢᠭ ᠪᠦᠭᠡ ᠲᠠᠢ ᠰᠤᠷᠢᠵᠦ ᠦᠵᠡᠬᠦ ᠪᠠᠶᠢᠬᠰᠠᠨ ᠪᠢᠵᠠ ᠭᠡᠵᠦ ᠪᠤᠳᠤᠬᠤ ᠳᠤ ᠤᠷᠮ᠎ᠠ ᠬᠦᠭᠵᠢᠪᠡ᠃ ᠡᠨᠡᠷᠢᠯ ᠬᠦᠤ ᠶᠢᠨ ᠪᠡᠶ᠎ᠡ ᠦᠰᠴᠦ ᠪᠢᠷᠠᠯᠠᠬᠤ ᠴᠢᠩᠭᠠᠷᠠᠬᠤ ᠨᠠᠰᠤᠨ ᠳᠠᠭᠠᠨ ᠪᠠᠶᠢᠭ᠎ᠠ ᠲᠤᠯᠠ ᠨᠠᠭᠠᠴᠦ ᠶᠢᠨ ᠢᠶᠠᠨ ᠡᠷ᠎ᠡ ᠬᠦᠴᠦ ᠴᠢᠳᠠᠯ ᠲᠤᠷᠪᠢ ᠶᠢ ᠲᠦᠢᠯ ᠢᠶᠠᠷ ᠪᠠᠭ᠋ᠠᠷᠬᠠᠵᠦ᠂ ᠪᠦᠭᠡ ᠶᠢᠨ ᠮᠡᠷᠭᠡᠵᠢᠯ ᠮᠡᠭᠡᠨ ᠳᠤ ᠨᠢ ᠲᠤᠷᠠᠯᠠᠵᠦ᠂ ᠪᠢᠷ᠎ᠠ ᠬᠦᠴᠦ ᠪᠠᠷ ᠲᠠᠪᠠᠵᠦ ᠭᠠᠷᠬᠤ ᠪᠠᠷ ᠰᠦᠷ ᠭᠤᠷᠢᠯᠠᠵᠦ ᠪᠠᠶᠢᠭ᠎ᠠ ᠨᠢ ᠨᠠᠳᠠ ᠳᠤ ᠨᠢᠭᠡ ᠶᠠᠭᠤᠮ᠎ᠠ ᠪᠤᠳᠤᠭᠳᠠᠭᠤᠯᠤᠨ᠎ᠠ᠃ ᠬᠠᠮᠢᠭ᠎ᠠ ᠨᠢᠭᠡ ᠭᠠᠵᠠᠷ ᠡᠶᠢᠮᠤ ᠨᠢᠭᠡ ᠦᠵᠡᠭᠳᠡᠯ ᠦᠵᠡᠭᠰᠡᠨ ᠮᠡᠳᠦ᠂ ᠪᠡᠶ᠎ᠡ ᠬᠦᠢᠴᠡᠭᠡ ᠦᠭᠡᠢ ᠢᠷᠪᠢᠰ᠂ ᠲᠤᠮᠤ ᠢᠷᠪᠢᠰ ᠲᠠᠢ ᠪᠠᠨ ᠨᠤᠴᠤᠯᠳᠤᠵᠦ᠂ ᠵᠠᠪᠠᠯ ᠬᠦᠴᠦ ᠬᠤᠷᠳᠤᠴᠠ ᠪᠠᠷ ᠨᠦᠬᠦᠭᠡ ᠪᠠᠨ ᠲᠠᠪᠠᠵᠦ ᠭᠠᠷᠬᠤ ᠪᠠᠷ ᠤᠷᠤᠯᠳᠤᠵᠦ ᠪᠠᠶᠢᠭ᠎ᠠ ᠡᠶᠢᠮᠦᠬᠡᠨ ᠨᠢᠬᠡ ᠵᠢᠷᠤᠭ ᠲᠡᠯᠭᠡᠴᠡ ᠬᠠᠷᠠᠬᠰᠠᠨ ᠰᠢᠬ᠂ ᠬᠠᠯᠬ᠎ᠠ ᠶᠢᠨ ᠨᠢᠭᠡ ᠵᠤᠬᠢᠶᠠᠯ ᠳᠤ ᠤᠩᠰᠢᠬᠰᠠᠨ ᠴᠤ ᠰᠢᠬ ᠰᠠᠨᠠᠬᠳᠠᠭᠠᠳ ᠪᠤᠯᠳᠠᠭ ᠦᠭᠡᠢ᠂ ᠮᠦᠨ ᠡᠨᠡᠬᠦᠨ ᠢᠶᠠᠨ ᠲᠤᠬᠢᠲᠠᠢ ᠨᠢᠭᠡ ᠦᠭᠡ ᠪᠠᠷ ᠲᠦᠷᠰᠦᠯᠡᠵᠦ᠂ ᠲᠤᠮᠢᠶᠠᠯᠠᠵᠦ ᠴᠢᠳᠠᠬᠤ ᠦᠭᠡᠢ ᠪᠡᠷᠭᠡᠳᠡᠵᠦ ᠰᠠᠭᠤᠯ᠎ᠠ᠃ ᠵᠤᠨ ᠤ ᠰᠡᠷᠢᠬᠦᠬᠡᠨ ᠰᠦᠨᠢ ᠴᠡᠪᠡᠷᠭᠡᠨ ᠮᠤᠩᠭᠤᠯ ᠠᠶᠢᠯ ᠳᠤ ᠠᠪᠤᠬᠰᠠᠨ ᠬᠤᠨᠤᠭ ᠲᠤᠩ ᠰᠠᠶᠢᠨ ᠬᠠᠨᠤᠬᠰᠠᠨ ᠨᠦᠢᠷ ᠪᠤᠯᠤᠯ᠎ᠠ᠃ ᠦᠷᠯᠦᠭᠡ ᠡᠷᠳᠡᠯᠡᠨ ᠰᠡᠷᠢᠬᠦ ᠳᠤ ᠭᠡᠷ ᠤᠨ ᠡᠵᠡᠨ ᠠᠴᠠ ᠡᠬᠢᠯᠡᠭᠡᠳ ᠪᠦᠬᠦᠳᠡ ᠪᠦᠷ ᠪᠤᠰᠴᠢᠬᠠᠬᠰᠠᠨ ᠬᠤᠪᠢ ᠲᠤᠰ ᠤᠨ ᠠᠵᠢᠯ ᠲᠦᠷᠦᠯ ᠳᠡᠭᠡᠨ ᠶᠠᠭᠠᠷᠠᠯᠳᠤᠵᠦ ᠪᠠᠶᠢᠯ᠎ᠠ᠃ ᠪᠢ ᠰᠠᠨᠳᠤᠷᠤᠨ ᠭᠡᠷᠭᠡᠢ ᠦᠬᠢᠨ ᠢᠶᠠᠨ ᠰᠡᠷᠢᠭᠡᠵᠦ᠂ ᠰᠦ ᠰᠠᠭᠠᠯᠢ ᠠᠪᠴᠤ ᠪᠠᠶᠢᠭ᠎ᠠ ᠶᠢ ᠨᠢ ᠰᠤᠨᠢᠷᠬᠠᠭᠤᠯᠬᠤ ᠪᠠᠷ ᠭᠠᠷᠤᠯ᠎ᠠ᠃ ᠬᠤᠶᠢᠳᠤ ᠵᠡᠯᠡᠨ ᠲᠡᠭᠡᠷ᠎ᠡ ᠨᠢ ᠤᠴᠢᠬᠤ ᠳᠤ ᠬᠠᠭᠠᠰ ᠲᠤᠮᠳᠠᠭᠤᠷ ᠬᠤᠶᠠᠷ ᠰᠠᠭᠤᠯᠭ᠎ᠠ ᠰᠦ ᠰᠠᠭᠠᠴᠢᠬᠠᠬᠰᠠᠨ ᠪᠠᠶᠢᠨ᠎ᠠ᠃ ᠨᠡᠶᠢᠳᠡ ᠶᠢᠰᠦᠨ ᠦᠨᠢᠶ᠎ᠠ ᠰᠠᠭᠠᠵᠦ ᠪᠠᠶᠢᠬᠤ ᠭᠡᠰᠡᠨ ᠪᠠ ᠦᠨᠢᠶ᠎ᠡ ᠲᠤᠭᠤᠯ ᠮᠦᠭᠡᠷᠡᠯᠳᠦᠭᠡᠳ᠂ ᠰᠠᠭᠤᠯᠭᠠᠨ ᠳᠤ ᠰᠦ ᠭᠤᠷᠴᠢᠬᠢᠨᠠᠨ ᠲᠤᠰᠴᠤ᠂ ᠮᠠᠨᠳᠤᠬᠤ ᠨᠠᠷᠠᠨ ᠤ ᠭᠡᠷᠡᠯ ᠰᠢᠷᠭᠠᠯᠳᠤᠬᠰᠠᠨ ᠮᠠᠩᠬᠠᠨ ᠵᠣ᠋ ᠶᠢᠨ ᠵᠤᠨ ᠤ ᠦᠷᠯᠦᠭᠡ ᠬᠦᠭᠵᠢᠮ ᠴᠤ ᠬᠡᠮᠡᠷ ᠰᠠᠶᠢᠬᠠᠨ ᠡᠬᠢᠯᠡᠵᠦ ᠪᠠᠶᠢᠯ᠎ᠠ᠃ ᠦᠬᠢᠨ ᠮᠢᠨᠢ ᠭᠡᠷ ᠤᠨ ᠡᠵᠡᠭᠲᠠᠢ ᠠᠷᠢᠭᠤᠨᠭᠤᠸ᠎ᠠ ᠠᠨᠢᠶ᠎ᠠ ᠳᠠᠭᠠᠨ ᠬᠠᠪᠰᠤᠷᠤᠨ ᠲᠤᠭᠤᠯ ᠲᠠᠲᠠᠵᠦ ᠦᠭᠭᠦᠨ᠎ᠡ᠃ ᠲᠡᠳᠡ ᠭᠡᠷᠭᠡᠢ ᠶᠢ ᠮᠢᠨᠢ ᠬᠦᠭᠡᠷᠭᠡᠵᠦ ᠦᠨᠢᠶ᠎ᠡ ᠰᠠᠭᠠᠯᠭᠠᠬᠤ ᠪᠤᠯᠤᠯ᠎ᠠ᠃ ᠬᠡᠳᠦ ᠰᠢᠪᠳᠤᠷᠠᠭᠠᠳ ᠰᠠᠶ᠋ᠢ ᠡᠶ᠎ᠡ ᠲᠡᠮ ᠢ ᠨᠢ ᠤᠯᠤᠬᠰᠠᠨ ᠢᠶᠠᠨ ᠴᠤᠬᠤᠮ ︽ᠮᠠᠯᠴᠢᠨ ᠠᠶᠢᠯ ᠤᠨ ᠪᠦᠰᠡᠬᠦᠢ︾ ᠪᠤᠯᠴᠢᠬᠠᠵᠦ ᠭᠡᠷᠭᠡᠢ ᠮᠢᠨᠢ ᠤᠯᠵᠠᠭᠤᠷᠬᠠᠯ᠎ᠠ᠃ ᠶᠠᠰᠤ ᠬᠦᠰᠦᠨ ᠳᠤ ᠰᠢᠩᠭᠡᠭᠰᠡᠨ ᠮᠤᠩᠭᠤᠯ ᠰᠤᠶᠤᠯ ᠠᠮᠢᠳᠤᠷᠠᠯ ᠳᠠᠭᠠᠨ ᠰᠢᠮᠡᠳᠬᠦ ᠬᠢᠷᠢᠨ᠎ᠡ ᠪᠢᠳᠡ ᠪᠦᠬᠦᠨ ᠤ ᠰᠡᠳᠭᠢᠯ ᠳᠤ ᠪᠠᠶᠠᠰᠤᠯ ᠵᠢᠷᠭᠠᠯ ᠬᠠᠯᠬᠢᠯᠠᠨ ᠪᠠᠶᠢᠨ᠎ᠠ᠃     ᠡᠨᠡᠷᠢᠯ ᠲᠠᠷᠤᠭᠤᠯ ᠬᠤᠳᠳᠤᠭ ᠠᠴᠠ ᠤᠰᠤ ᠠᠪᠴᠦ ᠪᠠᠶᠢᠨ᠎ᠠ᠃ ᠬᠤᠨᠢᠴᠢᠨ ᠭᠤᠸᠠᠢ ᠬᠤᠨᠢ ᠪᠠᠨ ᠵᠠᠯᠠᠵᠦ ᠪᠠᠷᠠᠭᠠᠳ᠂ ᠤᠷᠭᠤᠬᠤ ᠨᠠᠷᠠᠨ ᠵᠦᠭ ᠠᠴᠠ ᠭᠡᠷᠡᠯ ᠨᠦᠮᠦᠭᠡᠳᠡᠨ ᠨᠠᠰᠢ ᠨᠢ ᠮᠤᠷᠢ ᠪᠠᠨ ᠬᠠᠳᠠᠷᠢᠭᠤᠯᠤᠬᠰᠠᠭᠠᠷ ᠢᠷᠡᠵᠦ ᠤᠶᠠᠭᠠᠨ ᠲᠡᠭᠡᠷ᠎ᠡ ᠪᠠᠨ ᠪᠠᠭᠤᠵᠦ ᠪᠠᠶᠢᠨ᠎ᠠ᠃ ᠬᠦᠭᠰᠢᠨ ᠡᠵᠢ ᠬᠦᠬᠡ ᠴᠠᠢ ᠪᠠᠨ ᠴᠢᠨᠠᠭᠠᠳ᠂ ᠰᠠᠩᠬᠤᠯᠤᠮ᠎ᠠ ᠰᠠᠶᠢᠬᠠᠨ ᠦᠨᠦᠷ ᠢ ᠨᠢ ᠰᠠᠴᠤᠵᠦ᠂ ᠪᠢᠳᠡ ᠪᠦᠬᠦᠨ ᠢ ᠲᠠᠯᠠᠯᠤᠯ᠎ᠠ᠃ ᠡᠷᠳᠡ ᠶᠢᠨ ᠴᠠᠢ ᠪᠠᠨ ᠤᠤᠭᠤᠯ᠎ᠠ᠃ ᠬᠤᠨᠢᠴᠢᠨ ᠭᠤᠸᠠᠢ ᠴᠠᠢ ᠠᠶᠠᠭᠠᠯᠠᠬᠤ ᠶᠢᠨ ᠲᠠᠯᠢᠮ ᠳᠠᠭᠠᠨ᠂ ᠵᠡᠬᠦᠨ᠂ ᠡᠮᠦᠨ᠎ᠡ ᠬᠤᠷᠤᠭ᠎ᠠ ᠶᠢᠨ ᠬᠢᠨ ᠠᠶᠢᠯ ᠤᠳ ᠬᠤᠶᠠᠷ ᠰᠦᠷᠦᠭ ᠢᠶᠠᠨ ᠨᠡᠶᠢᠯᠡᠬᠦᠯᠵᠦ ᠪᠦᠭᠡᠮ ᠨᠠᠷᠬᠢᠶᠠᠨ ᠪᠤᠯᠤᠬᠰᠠᠨ ᠲᠤᠬᠠᠢ ᠶᠠᠷᠢᠶ᠎ᠠ ᠲᠡᠯᠭᠡᠯ᠎ᠡ᠃ ᠡᠨᠡᠷᠢᠯ ᠬᠦᠤ ᠴᠠᠢ ᠪᠠᠨ ᠤᠤᠭᠤᠵᠦ ᠪᠠᠷᠠᠮᠠᠬᠴᠠ ᠨᠠᠭᠠᠴᠦ ᠠᠪᠤ ᠪᠠᠨ ᠠᠮᠤᠷ ᠰᠠᠭᠤᠯᠭᠠᠯ ᠦᠭᠡᠢ ᠨᠤᠤᠷᠠᠵᠦ ᠪᠠᠰᠠᠯᠠ ᠮᠦᠷᠦ ᠲᠠᠯᠤ ᠠᠴᠠ ᠤᠬᠵᠠᠷᠠᠨ ᠪᠦᠬᠡ ᠮᠦᠷᠦᠢ ᠪᠠᠨ ᠬᠢᠯᠴᠠᠨ᠎ᠠ᠃ ᠰᠤᠳᠤᠰᠠᠴᠡᠨ ᠭᠤᠸᠠᠢ ᠬᠦᠤ ᠪᠠᠨ ᠦᠬᠦᠷᠳᠡᠩᠬᠦᠢ ᠬᠠᠷᠠᠭᠠᠳ᠄ ︽ᠡᠨᠡ ᠠᠮᠢᠲᠠᠨ ᠪᠦᠷ ᠭᠡᠷ ᠤᠨ ᠪᠠᠷ᠎ᠠ ᠬᠠᠷᠠᠳᠠᠭ ᠦᠭᠡᠢ ᠰᠢᠤ᠂ ᠨᠠᠭᠠᠴᠤ ᠨᠢ ᠪᠠᠶᠢᠬᠤ ᠠᠴᠠ ᠪᠤᠯᠤᠭᠠᠳ ᠯᠡ ᠮᠠᠨᠠᠢ ᠭᠡᠷ ᠤᠨ ᠪᠠᠷ᠎ᠠ ᠬᠠᠷᠠᠵᠦ ᠲᠡᠰᠴᠦ ᠪᠠᠶᠢᠨ᠎ᠠ᠂ ᠦᠭᠡᠢ ᠰᠠᠨ ᠪᠤᠯ ᠡᠳᠦᠷ ᠤᠨ ᠪᠠᠷ᠎ᠠ ᠪᠠᠷ ᠡ᠊ᠨᠳᠡ ᠰᠠᠭᠤᠵᠦ ᠲᠤᠬᠳᠠᠳᠠᠭ ᠦᠭᠡᠢ ᠬᠡᠨᠡᠭᠡ ᠲᠠᠢ ᠶᠤᠮ︾ ᠭᠡᠨ᠎ᠡ᠃ ᠡᠵᠢ ᠨᠢ ᠵᠠᠯᠭᠠᠵᠦ ᠠᠪᠤᠭᠠᠳ᠄ ︽ᠪᠦᠬᠦᠯᠢ ᠠᠷᠪᠠᠨ ᠵᠢᠯ ᠨᠠᠭᠠᠴᠦ ᠡᠮᠡᠭᠡ ᠪᠠᠨ ᠲᠠᠭᠠᠵᠦ ᠦᠰᠦᠭᠰᠡᠨ ᠬᠦᠣ ᠰᠢᠤ᠂ ᠡᠨᠡ ᠬᠤᠶᠠᠷ ᠵᠢᠯ ᠦᠪᠡᠷ ᠤᠨ ᠭᠡᠷ ᠤᠷᠤᠨ ᠢᠶᠠᠷ ᠢᠶᠠᠨ ᠢᠯᠡᠷᠡᠭᠰᠡᠨ ᠴᠢᠨᠢ ᠬᠦᠷᠰᠢ ᠰᠠᠬᠠᠭᠠᠯᠲᠠ ᠶᠢᠨ ᠬᠢᠨ ᠠᠴᠠ ᠲᠡᠷᠢᠬᠦᠯᠡᠭᠡᠳ ᠲᠠᠨᠠᠶᠢᠬᠢ ᠬᠠᠮᠢᠭ᠎ᠠ ᠠᠴᠠ ᠨᠢᠭᠡ ᠬᠦᠤ ᠦᠷᠡᠴᠢᠯᠡᠭᠡᠳ ᠠᠪᠤᠬᠰᠠᠨ ᠪᠤᠢ︖ ᠭᠡᠳ ᠯᠡ ᠠᠰᠠᠭᠤᠬᠤ ᠶᠤᠮ ᠪᠢᠯᠡ︾ ᠭᠡᠳ ᠬᠦᠬᠦᠷᠡᠪᠡ᠃ ︽ᠮᠢᠨᠤ ᠬᠦᠤ ᠠᠪᠤ ᠡᠵᠢ ᠶᠢᠨ ᠢᠶᠠᠨ ᠭᠡᠷ ᠢ ᠲᠠᠨᠠᠶᠢᠬᠢ ᠭᠡᠳᠡᠭ ᠶᠤᠮ᠂ ᠨᠠᠭᠠᠴᠦ ᠶᠢᠨ ᠢᠶᠠᠨ ᠭᠡᠷ ᠢ ᠮᠠᠨᠠᠶᠢᠭᠢ ᠬᠡᠳᠡᠭ ᠶᠤᠮ︾ ᠭᠡᠳ ᠰᠤᠳᠤᠰᠡᠴᠡᠨ ᠭᠤᠸᠠᠢ ᠢᠨᠢᠶᠡᠨ᠎ᠡ᠃ ᠡᠨᠡᠷᠢᠯ ᠬᠦᠤ ᠨᠠᠭᠠᠴᠦ ᠲᠠᠢ ᠪᠠᠨ ᠵᠢᠭᠤᠷᠠᠯᠳᠤᠭᠠᠳ ᠪᠠᠶᠢᠳᠠᠭ ᠤᠨ ᠰᠢᠯᠳᠠᠭᠠᠨ ᠠᠴᠠ ᠪᠠᠰᠠ ᠨᠢᠭᠡ ᠨᠡᠮᠡᠭᠳᠡᠭᠰᠡᠨ ᠳᠤ ᠤᠨᠢᠰᠤᠭ᠎ᠠ ᠬᠠᠷᠢᠨ ᠲᠠᠶᠢᠯᠤᠬᠳᠠᠮᠠᠷᠬᠠᠨ ᠪᠤᠯᠤᠯ᠎ᠠ ᠰᠢᠤ᠃ ᠪᠢ ᠴᠤ ᠭᠡᠰᠡᠨ ᠨᠠᠭᠠᠴᠤ ᠡᠭᠡᠯᠢᠲᠡᠢ ᠦᠰᠦᠭᠰᠡᠨ ᠬᠦᠮᠦᠨ ᠶᠤᠮ ᠳ᠋ᠠ ᠭᠡᠵᠦ ᠰᠠᠨᠠᠬᠤ ᠳᠤ ᠡᠨᠡᠷᠢᠯ ᠬᠦᠤ ᠶᠢᠨ ᠬᠦᠭᠡᠷᠦᠬᠦᠨ ᠠᠭᠠᠰᠢ ᠨᠠᠳᠠ ᠳᠤ ᠨᠡᠩ ᠢᠯᠡᠬᠦᠤ ᠲᠠᠭᠠᠯᠠᠬᠳᠠᠯ᠎ᠠ᠃ ᠪᠢᠳᠡ ᠬᠤᠶᠠᠷ ᠲᠡᠭᠡᠵᠦ ᠭᠠᠷ ᠤᠳᠠᠰᠤ ᠪᠠᠨ ᠰᠢᠷᠪᠢᠯᠴᠡᠬᠡᠳ ᠰᠠᠶᠢᠬᠠᠨ ᠠᠨᠳᠠ ᠪᠤᠯᠤᠯᠴᠠᠬᠰᠠᠨ ᠶᠤᠮ᠃ ᠪᠢᠳᠡ ᠦᠳᠡ ᠶᠢᠨ ᠡᠮᠦᠨ᠎ᠡ ᠪᠦᠬᠦᠢ ᠠᠵᠢᠯ ᠢᠶᠠᠨ ᠠᠬᠤᠶᠢᠯᠠᠴᠢᠬᠠᠭᠠᠳ ᠨᠠᠶᠢᠷ ᠲᠤ ᠶᠠᠪᠤᠬᠤ ᠪᠤᠯᠤᠨ᠎ᠠ ᠳ᠋ᠠ ᠭᠡᠵᠦ ᠰᠤᠳᠤᠰᠡᠴᠡᠨ ᠭᠤᠸᠠᠢ ᠤᠯᠵᠠᠭᠤᠷᠬᠠᠨ᠎ᠠ᠃ ᠪᠠᠶᠠᠰᠤᠯᠲᠤ ᠵᠤᠨ ᠢᠶᠠᠷ ᠡᠳᠡᠨᠡᠶᠢᠬᠢᠨ ᠰᠤᠮᠤ ᠪᠠᠭ ᠤᠨ ᠨᠠᠶᠢᠷ ᠲᠠᠰᠤᠷᠠᠰᠢ ᠦᠭᠡᠢ ᠪᠤᠯᠤᠭᠠᠳ᠂ ᠰᠦ ᠰᠠᠭᠠᠯᠢ ᠶᠢᠨ ᠬᠤᠪᠴᠠᠰᠦ ᠪᠠᠨ ᠬᠠᠯᠠᠭᠠᠳ ᠪᠠᠶᠠᠷ ᠲᠤᠷᠠᠰᠬᠠᠯ ᠤᠨ ᠭᠤᠶᠤᠬᠠᠨ ᠲᠡᠷᠯᠢᠭ ᠢᠶᠠᠨ ᠰᠤᠯᠢᠵᠠᠭᠠᠵᠦ᠂ ᠮᠤᠩᠭᠤᠯ ᠢᠶᠠᠷ ᠢᠶᠠᠨ ᠭᠤᠶᠤᠵᠦ ᠪᠠᠶᠢᠬᠤ ᠶᠢ ᠪᠠᠭ᠋ᠠᠳᠤᠨ ᠬᠠᠷᠠᠯ᠎ᠠ᠃ ︽ᠪᠢᠳᠡ ᠲᠠᠨᠤᠰ ᠤᠨ ᠠᠳᠠᠯᠢ ᠪᠠᠷ ᠭᠤᠶᠤᠬᠠᠨ ᠮᠤᠩᠭᠤᠯ ᠲᠡᠷᠯᠢᠭ ᠬᠢᠯᠭᠡᠵᠦ ᠠᠪᠤᠨ᠎ᠠ ᠳ᠋ᠠ︾ ᠭᠡᠵᠦ ᠭᠡᠷᠭᠡᠢ ᠮᠢᠨᠢ ᠬᠡᠶᠢᠷᠭᠡᠨ ᠤᠴᠢᠷᠯᠠᠨ᠎ᠠ᠃ ᠬᠦᠭᠡ ᠴᠠᠢ ᠳᠠᠭᠠᠨ ᠮᠢᠬ᠎ᠠ ᠬᠦᠰᠬᠦᠯᠡᠵᠦ᠂ ᠬᠦᠯᠦᠷᠡᠲᠡᠯ᠎ᠡ ᠤᠭᠤᠴᠢᠬᠤ ᠶᠢᠨ ᠰᠠᠶᠢᠨ ᠢᠶᠠᠷ ᠦᠴᠦᠭᠡᠳᠦᠷ ᠤᠨ ᠠᠷᠢᠬᠢ ᠪᠦᠷ ᠲᠠᠶᠢᠯᠤᠬᠳᠠᠯ᠎ᠠ᠃ ᠪᠢ ᠡᠨᠡᠷᠢᠯ ᠤᠨ ᠮᠤᠲ᠋ᠤᠷ ᠲᠤ ᠰᠤᠨᠳᠠᠯᠠᠵᠦ ᠬᠤᠶᠠᠭᠤᠯᠠ ᠲᠡᠷᠭᠡ ᠦᠭᠡᠳᠡ ᠪᠠᠨ ᠲᠠᠪᠬᠢᠭᠤᠯᠵᠦ ᠬᠦᠷᠦᠭᠡᠳ ᠦᠪᠡᠷ ᠤᠨ ᠬᠡᠪᠯᠡᠬᠦᠯᠦᠭᠰᠡᠨ ᠨᠠᠶᠢᠷᠠᠭᠤᠯᠤᠯ ᠤᠨ ᠲᠡᠭᠦᠪᠦᠷᠢ ︽ᠬᠤᠷᠴᠢᠨ ᠲᠤᠷᠠᠳᠬᠠᠯ︾ ᠢᠶᠠᠨ ᠨᠢᠭᠡ ᠨᠤᠮ ᠠᠪᠤᠭᠠᠳ ᠪᠤᠴᠠᠨ ᠲᠠᠪᠬᠢᠭᠤᠯᠵᠦ ᠢᠷᠡᠯ᠎ᠡ᠃ ᠪᠦᠬᠦᠳᠡ ᠪᠦᠬᠦᠳᠡ ᠶᠢᠨ ᠨᠢᠭᠤᠷ ᠲᠡᠭᠡᠷ᠎ᠡ ᠬᠠᠶᠢᠷᠠᠳᠤ ᠨᠤᠮ ᠢ ᠪᠠᠨ ᠡᠨᠡᠷᠢᠯ ᠬᠦᠤ ᠳᠡᠭᠡᠨ ᠪᠠᠷᠢᠭᠤᠯᠤᠯ᠎ᠠ᠃ ᠨᠤᠮ ᠤᠨ ᠴᠠᠭᠠᠨ ᠪᠤᠶᠠᠨ ᠤᠷᠤᠰᠢᠳᠤᠭᠠᠢ ᠭᠡᠵᠦ ᠲᠤᠭᠤᠢ ᠪᠠᠶᠢᠬᠰᠠᠨ ᠲᠡᠭᠦᠤᠲᠠᠢ ᠮᠢᠨᠢ ᠲᠠᠭᠤ ᠪᠠᠨ ᠦᠨᠳᠦᠷᠵᠢᠬᠦᠯᠵᠦ ᠢᠷᠦᠬᠡᠨ᠎ᠡ᠃ ᠡᠨᠡᠷᠢᠯ ᠬᠦᠤ ᠶᠡᠬᠡᠯ᠎ᠠ ᠪᠠᠶᠠᠷᠲᠠᠢ ᠪᠠᠶᠢᠳᠠᠯ ᠢᠶᠠᠷ ᠨᠤᠮ ᠢ ᠲᠤᠰᠴᠤ᠂ ᠨᠤᠮ ᠤᠨ ᠡᠵᠡᠨ ᠵᠤᠬᠢᠶᠠᠬᠴᠢ ᠲᠠᠢ ᠨᠢ ᠬᠠᠮᠳᠤ ᠶᠢᠨ ᠰᠡᠭᠦᠳᠡᠷ ᠠᠪᠤᠭᠤᠯᠤᠯ᠎ᠠ᠃   — ᠵᠠ ᠲᠠᠨᠠᠷ ᠦᠳᠡ ᠪᠤᠯᠲᠠᠯ᠎ᠠ ᠱᠠᠩᠳᠦ ᠬᠦᠷᠬᠦ ᠳᠡᠭᠡᠨ ᠪᠠᠷᠠᠯ᠎ᠠ᠂ ᠬᠠᠷᠢᠨ ᠵᠤᠰᠠᠯᠠᠩ ᠵᠤ ᠪᠠᠷ ᠮᠢᠨᠢ ᠢᠷᠡᠭᠰᠡᠨ ᠵᠠᠪᠰᠢᠶᠠᠨ ᠳᠠᠭᠠᠨ ᠵᠡᠬᠦᠨ ᠨᠠᠭᠤᠷ ᠢᠶᠠᠷ ᠤᠴᠢᠵᠦ ᠲᠠᠷᠢᠬᠢ ᠰᠡᠷᠭᠦᠭᠡᠷᠡᠢ ᠭᠡᠵᠦ ᠭᠡᠷ ᠤᠨ ᠡᠵᠡᠨ ᠱᠠᠯᠠᠯ᠎ᠠ᠃ ᠴᠠᠭ ᠮᠦᠨ ᠠᠮᠵᠢᠬᠤ ᠲᠤᠯᠠ ᠪᠢᠳᠡ ᠵᠡᠬᠦᠨ ᠨᠠᠭᠤᠷ ᠲᠤ ᠨᠢ ᠶᠠᠪᠠᠭᠠᠨ ᠬᠦᠷᠴᠦ᠂ ᠬᠤᠯᠤᠰᠤ ᠵᠡᠭᠡᠰᠳ ᠤ ᠬᠢᠨᠢ ᠲᠤᠮᠳᠠᠭᠤᠷ ᠰᠦᠯᠵᠢᠬᠦ ᠬᠡᠭᠡᠷ᠎ᠡ ᠶᠢᠨ ᠭᠠᠯᠠᠭᠤᠳ ᠢ ᠨᠢ ᠰᠤᠨᠢᠷᠬᠠᠵᠦ᠂ ᠵᠢᠷᠤᠭ ᠰᠡᠭᠦᠳᠡᠷ ᠪᠠᠭᠤᠯᠭᠠᠭᠠᠳ᠂ ᠵᠦᠯᠭᠡᠨ ᠲᠡᠭᠡᠷ᠎ᠡ ᠨᠢ ᠰᠠᠭᠤᠵᠠᠭᠠᠯ᠎ᠠ᠃ ᠬᠠᠵᠠᠭᠤ ᠳᠤ ᠬᠤᠨᠢᠴᠢᠨ ᠵᠠᠯᠠᠭᠤ ᠶᠢᠨ ᠬᠦᠷᠡᠩ ᠬᠡᠭᠡᠷ ᠡᠪᠡᠰᠦ ᠵᠤᠯᠭᠠᠭᠠᠨ ᠲᠤᠷᠬᠢᠵᠦ᠂ ᠬᠡᠳᠦ ᠬᠡᠳᠦᠨ ᠵᠠᠯᠠᠭᠤᠰ ᠵᠤᠭᠤᠭ ᠨᠠᠷᠬᠢᠨ ᠬᠦᠭᠡᠷᠴᠦ᠂ ᠪᠢ ᠤᠳᠠ ᠲᠦᠰᠢᠨ ᠵᠤᠬᠰᠤᠵᠦ ᠪᠠᠶᠢᠭᠠᠳ ᠭᠡᠷᠭᠡᠢ ᠦᠬᠢᠨ ᠲᠠᠢ ᠪᠠᠨ ᠰᠡᠭᠦᠳᠡᠷᠯᠡᠭᠰᠡᠨ ᠮᠢᠨᠢ ᠶᠤᠰᠤᠲᠠᠢ ᠭᠤᠶᠤᠬᠠᠨ ᠭᠡᠭᠡᠷ᠎ᠡ ᠶᠢᠨ ᠠᠮᠢᠳᠤᠷᠠᠯ ᠤᠨ ᠵᠢᠷᠤᠭ ᠪᠤᠯᠴᠢᠬᠠᠵᠦ᠂ ᠲᠡᠭᠦᠨ ᠢᠶᠠᠷ ᠢᠶᠠᠨ ᠸᠢᠴᠠᠲ ᠤᠨ ᠲᠤᠯᠤᠭᠠᠢ ᠵᠢᠷᠤᠭ ᠪᠤᠯᠭᠠᠵᠦ ᠬᠦᠭᠡᠷᠦᠭᠰᠡᠨ ᠪᠢᠯᠡ᠃ ᠬᠤᠯᠠᠨ ᠰᠢᠷᠭ᠎ᠠ ᠲᠠᠭ᠎ᠠ ᠶᠢᠨ ᠡᠯᠡᠰᠦ ᠶᠢᠨ ᠪᠠᠷᠠᠭᠤᠨ ᠡᠮᠦᠨ᠎ᠡ ᠬᠤᠷᠮᠤᠢ ᠳᠤ ᠪᠢᠳᠡ ᠢᠩᠬᠢᠵᠦ ᠪᠠᠭ᠋ᠠᠳᠤᠯᠳᠤ ᠮᠦᠴᠡ ᠶᠢ ᠦᠩᠭᠡᠷᠡᠭᠡᠯ᠎ᠡ᠃ ︽ᠵᠠᠮ ᠢᠶᠠᠨ ᠬᠦᠭᠡᠭᠡᠬᠦ ᠤᠤ︖︾ ︽ᠤᠳᠤ ᠪᠢᠳᠡ ᠶᠠᠪᠤᠬᠤ ᠤᠤ︖︾ ᠭᠡᠵᠦ ᠬᠡᠳᠦ ᠲᠠᠬᠢᠨ ᠱᠠᠯᠠᠵᠦ ᠪᠠᠶᠢᠭᠠᠳ ᠰᠠᠶ᠋ᠢ ᠡᠬᠡ ᠦᠬᠢᠨ ᠬᠤᠶᠠᠭᠤᠯᠠ ᠶᠢ ᠪᠤᠴᠠᠬᠤ ᠵᠠᠮ ᠳᠤ ᠨᠢ ᠤᠷᠤᠭᠤᠯᠤᠯ᠎ᠠ᠃ ᠲᠡᠷᠭᠡ ᠮᠤᠳᠤ ᠪᠠᠨ ᠴᠤ ᠮᠠᠷᠲᠠᠴᠢᠬᠠᠬᠰᠠᠨ ᠡᠨᠡ ᠬᠤᠶᠠᠷ ᠢ ᠡ᠊ᠨᠳᠡ ᠲᠠᠬᠢᠭᠠᠳ ᠭᠤᠷᠪᠠ ᠲᠠᠪᠤ ᠬᠤᠨᠤᠶ᠎ᠠ ᠭᠡᠬᠦ ᠳᠤ ᠴᠤ ᠦᠭᠡᠢ ᠭᠡᠬᠦ ᠦᠭᠡᠢ ᠪᠠᠷ ᠪᠤᠯᠤᠬᠰᠠᠨ ᠢ ᠪᠢ ᠭᠠᠶᠢᠬᠠᠯ᠎ᠠ᠃ ᠪᠢᠳᠡ ᠶᠠᠭᠤᠮ᠎ᠠ ᠬᠡᠤᠮ᠎ᠡ ᠪᠠᠨ ᠡᠮᠬᠢᠯᠡᠵᠦ ᠪᠠᠶᠢᠭ᠎ᠠ ᠬᠤᠭᠤᠷᠤᠨᠳᠤ ᠦᠬᠢᠨ ᠮᠢᠨᠢ ᠨᠢᠭᠡᠯᠡ ᠲᠦᠩᠰᠦᠭᠡᠷ᠃ ᠬᠤᠳᠠᠴᠢ ᠪᠠᠭᠠᠯ ᠢ ᠢᠯᠪᠢᠭᠡᠳ ᠯᠡ ᠮᠤᠩᠭᠤᠯ ᠭᠡᠷ ᠤᠨ ᠬᠠᠵᠠᠭᠤᠬᠠᠨ ᠬᠠᠳᠠᠭᠠᠰᠤᠲᠠᠢ ᠶᠤᠮ ᠰᠢᠬ ᠪᠤᠬᠵᠦ᠋ᠢᠨ᠎ᠠ᠃ ᠡᠨᠡ ᠰᠠᠶᠢᠬᠠᠨ ᠮᠤᠩᠭᠤᠯ ᠠᠮᠢᠳᠤᠷᠠᠯ ᠠᠴᠠ ᠵᠠᠭᠤᠷᠬᠠᠨ ᠰᠠᠯᠭᠠᠬᠤ ᠪᠤᠯᠬᠤᠯᠠᠷ ᠪᠢ ᠬᠡᠴᠡᠬᠦᠳᠡᠵᠦ ᠪᠡᠷᠢ ᠮᠢᠨᠢ ᠨᠡᠩ ᠬᠡᠴᠡᠬᠦᠳᠡᠨ᠎ᠡ᠃ ︽ᠲᠦᠷᠦᠬᠦ ᠳᠡᠭᠡᠨ ᠴᠢ ᠮᠢᠨᠢ ᠶᠠᠭᠤᠨ ᠳᠤ ᠲᠦᠪ ᠮᠤᠩᠭᠤᠯ ᠢᠶᠠᠨ ᠡᠷᠢᠵᠦ ᠲᠦᠷᠦᠭᠡ ᠦᠭᠡᠢ ᠶᠤᠮ︖︾ ᠭᠡᠰᠡᠨ ᠬᠠᠭᠠᠰ ᠲᠤᠳᠠᠭᠤ ᠮᠦᠷ ᠪᠤᠳᠤᠬᠳᠠᠬᠤ ᠳᠤ ᠮᠢᠨᠤ ᠵᠤᠪᠬᠢ ᠮᠦᠨ ᠴᠢᠬᠢᠭᠯᠡᠯ᠎ᠡ᠃ ᠦᠪᠡᠷ ᠤᠨ ᠭᠡᠰᠡᠨ ᠨᠤᠳᠤᠭ ᠲᠠᠢ᠂ ᠦᠯᠮᠡᠢ ᠲᠤᠤᠷ᠎ᠠ ᠪᠠᠨ ᠬᠢᠰᠬᠢᠭᠰᠡᠨ ᠬᠦᠷᠦᠰᠦ ᠲᠠᠢ ᠡᠵᠡᠨ ᠬᠦᠮᠦᠨ ᠤ ᠠᠮᠢᠳᠤᠷᠠᠯ ᠠᠴᠠ ᠲᠠᠩᠴᠢ ᠬᠤᠯᠠᠳᠠᠬᠰᠠᠨ ᠢᠶᠠᠨ ᠦᠨᠦᠳᠦᠷ ᠠᠬᠢᠨ ᠰᠡᠷᠡᠯ᠎ᠡ  ᠃ ︽ᠲᠠᠨᠠᠷ ᠲᠠᠷᠠᠭ᠎ᠠ ᠵᠤᠨ ᠢᠷᠡᠬᠦ ᠪᠢᠵᠠ︖︾ ᠬᠡᠵᠦ ᠠᠷᠢᠭᠤᠨᠭᠤᠸ᠎ᠠ ᠠᠨᠢᠶ᠎ᠠ ᠨᠢ ᠦᠬᠢᠨ ᠤ ᠮᠢᠨᠢ ᠲᠤᠯᠤᠭᠠᠢ ᠶᠢ ᠢᠯᠪᠢᠭᠰᠡᠭᠡᠷ ᠦᠬᠦᠭᠡᠷᠳᠦᠨ ᠬᠡᠯᠡᠨ᠎ᠡ᠃ ᠦᠬᠢᠨ ᠮᠢᠨᠢ ᠮᠠᠨᠤᠰ ᠢ ᠪᠠᠨ ᠬᠠᠷᠠᠨ᠎ᠠ᠃ ᠪᠢᠳᠡ ᠲᠠᠭᠤ ᠨᠢᠭᠡᠲᠠᠢ ︽ᠢᠷᠡᠨ᠎ᠡ︾ ᠭᠡᠵᠦ ᠬᠠᠷᠢᠭᠤᠯᠪᠠ᠃ ᠬᠡᠷᠪᠡ ᠲᠠᠨᠠᠷ ᠭᠤᠯᠤᠳᠠᠭ ᠦᠭᠡᠢ ᠶᠤᠮ ᠪᠤᠯ ᠵᠤᠨ ᠪᠦᠷᠢ ᠢᠷᠡᠨ᠎ᠡ ᠭᠡᠵᠦ ᠡᠷᠢᠶᠡᠯᠡᠯ ᠦᠭᠡᠢ ᠪᠠᠷ ᠬᠠᠷᠢᠭᠤᠯᠬᠤ ᠶᠤᠮᠰᠠᠨ᠃  ᠲᠠᠯ᠎ᠠ ᠪᠠᠨ ᠬᠠᠷᠠᠵᠦ ᠮᠠᠯ ᠢᠶᠠᠨ ᠬᠠᠷᠢᠭᠤᠯᠤᠬᠰᠠᠨ᠂ ᠲᠠᠮᠠᠭ᠎ᠠ ᠪᠠᠨ ᠲᠠᠷᠤᠵᠦ ᠢᠮ ᠬᠠᠶᠢᠴᠢᠯᠠᠬᠰᠠᠨ᠂ ᠪᠡᠯᠴᠢᠭᠡᠷ ᠢᠶᠠᠨ ᠰᠠᠬᠢᠵᠦ ᠨᠤᠳᠤᠭ ᠢᠶᠠᠨ ᠡᠵᠡᠩᠨᠡᠭᠰᠡᠨ᠂ ᠪᠦᠬᠦᠢ ᠵᠢᠷᠭᠠᠯ ᠢᠶᠠᠨ ᠪᠠᠶᠢᠭᠠᠯᠢ ᠵᠤᠨ ᠲᠠᠢ ᠪᠠᠨ ᠬᠤᠯᠪᠤᠬᠰᠠᠨ ᠮᠠᠯᠴᠢᠨ ᠠᠶᠢᠯ ᠤᠨ ᠪᠠᠶᠠᠰᠤᠯ ᠵᠢᠷᠭᠠᠯ ᠭᠡᠳᠡᠭ ᠡᠶᠢᠮᠤ ᠪᠠᠶᠢᠪᠠᠤ ᠳ᠋ᠠ︖ ᠨᠡᠬᠦᠳᠡᠯ ᠮᠠᠯᠵᠢᠯ ᠤᠳᠤᠮ ᠲᠠᠢ ᠵᠡᠬᠦᠨ ᠪᠠᠷᠠᠭᠤᠨ ᠮᠤᠩᠭᠤᠯ ᠤᠨ ᠬᠢᠨ ᠨᠢᠭᠡᠯᠭᠡᠨ ᠬᠤᠨᠤᠭ ᠤᠨ ᠵᠠᠢ ᠳᠤ ᠰᠠᠯᠵᠦ ᠲᠦᠪᠳᠡᠬᠦ ᠦᠭᠡᠢ ᠬᠠᠨᠢᠰᠤᠨ ᠲᠠᠰᠤᠨ᠎ᠠ ᠭᠡᠳᠡᠭ ᠦᠯᠢᠭᠡᠷ ᠪᠢᠰᠢ ᠦᠨᠡᠨ ᠶᠤᠮ ᠰᠢᠤ᠃ ᠪᠢᠳᠡ ᠬᠡᠵᠢᠶ᠎ᠡ ᠡᠭᠦᠷᠢᠳᠡ ᠵᠢᠩᠬᠢᠨᠢ ᠮᠤᠩᠭᠤᠯ ᠠᠭᠠᠯᠢ ᠠᠮᠢᠳᠤᠷᠠᠯ ᠢᠶᠠᠨ ᠵᠢᠷᠤᠭᠡ ᠰᠡᠳᠭᠢᠯ ᠳᠡᠭᠡᠨ ᠬᠠᠳᠠᠭᠠᠯᠠᠨ ᠨᠠᠨᠳᠢᠩᠨᠠᠵᠦ ᠠᠮᠢᠳᠤᠷᠠᠨ᠎ᠠ ᠳ᠋ᠠ︕  
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号