ᠬᠠᠩᠰᠢ ᠶᠢᠨ ᠡᠳᠦᠷ ᠤᠨ ᠳᠤᠷᠠᠳᠬᠠᠯ
ᠨᠡᠶᠢᠲᠡᠯᠡᠭᠰᠡᠨ ᠴᠠᠭ᠄
2021/4/12
   ● ᠤ · ᠣᠳᠽᠡᠷ       — ᠮᠡ᠊ ᠪᠠᠭᠰᠢ ᠪᠠᠨ ᠳᠤᠷᠠᠳᠬᠠᠬᠤ ᠨᠢ ᠣᠯᠠᠨ ᠣᠯᠠᠨ ᠰᠤᠷᠤᠭᠴᠢᠳ ᠨᠢᠣᠷᠤᠨ ᠤ ᠳᠣᠳᠤᠷ᠎ᠠ ᠪᠠᠨ ᠭᠢᠯᠠᠯᠵᠠᠨᠤᠯᠠᠮ ᠴᠢᠨᠠᠭᠰᠢᠲᠠ ᠴᠢᠷᠮᠠᠶᠢᠵᠤ ᠠᠵᠢᠯᠯᠠᠨᠣᠷᠤᠨ ᠨᠤᠲᠤᠭ ᠤᠨ ᠪᠦᠲᠦᠭᠡᠨ ᠪᠠᠶᠢᠭᠤᠯᠤᠯᠳᠠ ᠳᠤᠠᠰᠠᠵᠤ ᠪᠠᠶᠢᠭᠰᠠᠨ ᠨᠢᠭᠡᠨ ︽ᠯᠠ︾ᠠᠶᠠᠷ ᠠᠶᠠᠷᠬᠠᠨ ᠪᠦᠷᠬᠦᠬᠦ‍ ᠰᠢᠭᠠᠷᠠᠳ ᠤᠨ ᠰᠤᠷᠭᠠᠭᠤᠯᠢ ᠶᠢᠨ ᠨᠢᠭᠡᠨ ᠵᠠᠬᠢᠷᠤᠯᠠᠬᠢᠭᠠᠳ ᠰᠡᠷᠡᠬᠦ ᠦᠭᠡᠢ ᠨᠦᠢᠷᠰᠤᠨ ᠶᠠᠪᠤᠯ᠎ᠠ᠃ᠡᠨᠡ ︽ᠯᠠ︾ ᠶᠢᠨ ᠲᠣᠬᠠᠢᠡᠬᠢᠯᠡᠭᠦᠯᠵᠦ ᠪᠢᠴᠢᠬᠦ ᠮᠢᠨᠦ ᠰᠠᠨᠠᠭ᠎ᠠᠡᠷᠳᠡᠮ ᠮᠡᠳᠡᠯᠭᠡ ᠵᠢᠭᠠᠭᠰᠠᠨ ᠮᠡ᠊ ᠪᠠᠭᠰᠢ ᠪᠠᠨᠡᠭᠦᠷᠢᠳᠡ ᠳᠤᠷᠠᠰᠤᠨ ᠮᠦᠩᠬᠡᠷᠡᠭᠦᠯᠬᠦ ᠵᠣᠷᠢᠯᠭ᠎ᠠᠴᠢᠯᠠᠭᠤᠲᠦ ᠰᠢᠨ᠎ᠡ ᠠᠶᠢᠯ ᠨᠤᠲᠤᠭ ᠲᠤ ᠪᠠᠨᠪᠠᠭ᠎ᠠ ᠨᠠᠰᠤ ᠪᠠᠨ ᠦᠩᠭᠡᠷᠡᠭᠦᠯᠦᠭᠰᠡᠨᠪᠠᠭᠰᠢ ᠬᠦᠮᠦᠨ ᠤ ᠠᠯᠳᠠᠷ ᠨᠡᠷ᠎ᠡ ᠶᠢᠴᠢᠯᠠᠭᠤᠲᠦ ᠣᠷᠤᠨ ᠳᠤ ᠪᠠᠨ ᠪᠢᠴᠢᠭᠯᠡᠭᠦᠯᠦᠭᠰᠡᠨ ᠶᠤᠮ᠃ᠲᠦᠩᠯᠢᠶᠣᠤ ᠶᠢᠨ ᠪᠠᠭᠰᠢ ᠶᠢᠨ ᠰᠤᠷᠭᠠᠭᠤᠯᠢ ᠶᠢᠨᠲᠠᠪᠢᠭᠠᠳ ᠣᠨ ᠤ ᠣᠶᠤᠲᠠᠨ ᠶᠤᠮ ᠡᠲᠡᠭᠦᠰᠦᠮᠡᠭᠴᠡ ᠨᠤᠲᠤᠭ ᠲᠤ ᠪᠠᠨ ᠣᠴᠢᠵᠤ ᠠᠵᠢᠯᠯᠠᠭᠰᠠᠨᠲᠡᠭᠦᠨ ᠤ ᠵᠣᠷᠢᠯᠭ᠎ᠠ ᠬᠠᠷᠠᠯᠲᠠ ᠨᠢ ᠲᠣᠳᠤᠷᠬᠠᠢᠭᠠᠨᠵᠤᠭ᠎ᠠ ᠴᠢᠯᠠᠭᠤᠲᠦ ᠨᠤᠲᠤᠭ ᠢᠶᠠᠷᠭᠢᠯᠠᠯᠵᠠᠭᠤᠯᠵᠤ ᠶᠠᠪᠤᠭᠰᠠᠨ ᠲᠡᠦᠬᠡ ᠲᠠᠢᠬᠠᠷᠢᠵᠤ ᠰᠢᠨ᠎ᠡ ᠠᠶᠢᠯ ᠳᠤ ᠪᠠᠨ ᠢᠷᠡᠭᠡᠳᠬᠠᠲᠠᠭᠤᠵᠢᠯᠲᠠᠢ ᠠᠵᠢᠯᠯᠠᠭᠰᠠᠨ ᠨᠢ ᠪᠢᠰᠢᠷᠡᠭᠦᠰᠢᠲᠠᠢ᠃ᠨᠠᠮᠳᠠᠷ ᠲᠡᠦᠬᠡ ᠴᠠᠳᠢᠭ ᠠᠴᠠ ᠨᠢᠨᠡᠭᠡᠭᠡᠵᠦ ᠰᠡᠭᠦᠵᠦ ᠦᠵᠡᠬᠦ ᠳᠤᠨᠠᠨᠳᠢᠨ ᠡᠷᠬᠢᠮ ᠰᠤᠷᠲᠠᠯ ᠨᠢᠨᠡᠶᠢᠲᠡ ᠣᠯᠠᠨ ᠳᠤ ᠪᠠᠨ ᠪᠢᠰᠢᠷᠡᠭᠳᠡᠨ᠎ᠡ᠃︽ᠰᠤᠷᠭᠠᠭᠤᠯᠢ ᠶᠢᠨ ᠵᠠᠬᠢᠷᠤᠯ ᠪᠠᠭᠰᠢ ᠴᠢᠨᠢᠬᠢᠴᠢᠶᠡᠯ ᠢ ᠰᠠᠶᠢᠬᠠᠨ ᠵᠢᠭᠠᠨ᠎ᠠ ᠬᠦᠢ︾ ᠭᠡᠵᠦ︽ᠰᠣᠶᠣᠯ ᠤᠨ ᠬᠤᠪᠢᠰᠬᠠᠯ ︾ ᠤᠨ ᠦᠶ᠎ᠡ ᠳᠤᠰᠤᠷᠤᠭᠴᠢᠳ ᠲᠤ ᠪᠠᠨ ᠬᠦᠨᠳᠦᠳᠭᠡᠭᠳᠡᠵᠦ ᠪᠠᠶᠢᠯ᠎ᠠᠣᠷᠤᠵᠤ ᠵᠢᠭᠠᠭᠰᠠᠨ ᠬᠢᠴᠢᠶᠡᠯ ᠪᠣᠯᠭᠠᠨ ᠳᠤ ᠪᠠᠨᠣᠨᠴᠠ ᠬᠢᠷᠢ ᠪᠦᠲᠦᠮᠵᠢ ᠶᠢ ᠠᠪᠳᠠᠭ ᠪᠠᠶᠢᠯ᠎ᠠᠣᠷᠤᠨ ᠠᠶᠢᠮᠠᠭ ᠲᠤ ᠪᠠᠨ ᠲᠡᠷᠢᠭᠦᠯᠡᠭᠡᠳᠣᠳᠤᠨ ᠮᠧᠲᠠᠯ ᠢ ᠡᠩᠭᠡᠷ ᠲᠤ ᠪᠠᠨ ᠵᠡᠭᠦᠯ᠎ᠡ᠃ᠰᠢᠨ᠎ᠡ ᠠᠶᠢᠯ ᠰᠤᠷᠭᠠᠭᠤᠯᠢ ᠳᠤ ᠵᠠᠬᠢᠷᠤᠯ ᠰᠠᠭᠤᠭᠠᠳᠰᠢᠯᠢᠳᠡᠭ ᠠᠮᠵᠢᠯᠲᠠ ᠶᠢ ᠣᠯᠤᠭᠰᠠᠨ ᠪᠠᠶᠢᠯ᠎ᠠᠰᠢᠨ᠎ᠡ ᠮᠠᠶ᠋ᠢᠭ ᠤᠨ ᠵᠢᠭᠠᠨ ᠰᠤᠷᠭᠠᠯᠲᠠ ᠪᠠᠷᠰᠢᠯᠢᠳᠡᠭ ᠬᠢᠷᠢ ᠪᠦᠲᠦᠮᠵᠢ ᠶᠢ ᠭᠠᠷᠭᠠᠭᠰᠠᠨ ᠪᠠᠶᠢᠯ᠎ᠠ᠃ᠠᠩᠬ᠎ᠠ ᠳᠤᠮᠳᠠᠲᠦ ᠳᠤ ᠳᠡᠪᠰᠢᠭᠦᠯᠦᠭᠰᠡᠨ ᠲᠤᠭ᠎ᠠ ᠪᠠᠷᠴᠢᠯᠠᠭᠤᠲᠦ ᠪᠠᠯᠭᠠᠰᠤᠨ ᠳᠤ ᠪᠠᠨ ᠲᠡᠷᠢᠭᠦᠯᠡᠭᠰᠡᠨᠠᠩᠭᠢ ᠶᠢᠨ ᠠᠵᠢᠯ ᠳᠤ ᠭᠠᠷᠮᠠᠭᠠᠢᠢᠯᠠᠵᠤᠠᠷᠠᠳ ᠤᠨ ᠬᠡᠦᠬᠡᠳ ᠲᠤ ᠬᠠᠷᠢᠭᠤᠴᠠᠵᠤ ᠶᠠᠪᠤᠯ᠎ᠠ᠃ᠡᠬᠡ ᠣᠷᠤᠨ ᠤ ᠭᠠᠵᠠᠷ ᠪᠣᠯᠭᠠᠨ ᠳᠤᠰᠣᠶᠣᠯ ᠤᠨ ᠴᠡᠴᠡᠭ ᠳᠡᠯᠭᠡᠷᠡᠬᠦ ᠳᠤᠡᠭᠡᠯ ᠵᠢᠷ ᠤᠨ ᠪᠠᠭᠰᠢ ᠶᠢᠨ ᠡᠩᠨᠡᠭᠡᠰᠣᠳᠣᠨ ᠪᠠᠭᠰᠢ ᠪᠠᠨ ᠠᠯᠳᠠᠵᠤ ᠶᠠᠪᠤᠭᠤᠯᠤᠯ᠎ᠠ︕ᠡᠭᠡᠷᠡᠮ᠎ᠡ ᠲᠠᠯ᠎ᠠ ᠶᠢᠨ ᠬᠤᠸᠠᠷ ᠴᠡᠴᠡᠭᠵᠢᠪᠠᠷ ᠤᠨ ᠠᠶᠠᠰ ᠢᠶᠠᠷ ᠨᠠᠶᠢᠭᠤᠬᠤ ᠳᠤᠡᠨᠡ ᠬᠠᠪᠤᠷ ᠤᠨ ᠠᠩᠬᠠᠨ ᠤ ᠬᠤᠷ᠎ᠠ ᠴᠤᠬᠦᠮᠦᠰ ᠤᠨ ᠰᠠᠨᠠᠭ᠎ᠠ ᠪᠠᠷ ᠪᠣᠷᠤᠭᠠᠯᠠᠭᠰᠠᠨ ᠪᠠᠶᠢᠯ᠎ᠠ᠃ᠠᠮᠢᠳᠤᠷᠠᠯ ᠪᠣᠯᠤᠨ ᠦᠬᠦᠯ ᠭᠡᠳᠡᠭ ᠢᠠᠯᠢ ᠴᠤ ᠬᠦᠮᠦᠨ ᠲᠤᠭᠤᠯᠵᠤ ᠭᠠᠷᠳᠠᠭ ᠶᠤᠮ ᠡ᠂ᠠᠭᠤᠤ ᠶᠡᠭᠡ ᠪᠣᠯᠤᠨ ᠡᠩ ᠤᠨ ᠭᠡᠳᠡᠭ ᠢ ᠨᠢᠠᠷᠠᠳ ᠲᠦᠮᠡᠨ ᠦᠨᠡᠯᠡᠵᠦ ᠲᠣᠭᠠᠴᠢᠳᠠᠭ ᠶᠤᠮ ᠡ︕ᠳᠠᠭᠤᠤ ᠳᠤ ᠤᠶᠠᠷᠠᠳᠠᠭ ᠬᠤᠷᠸ᠎ᠠ ᠳᠤ ᠪᠠᠨᠳᠠᠭᠤᠯᠠᠭᠳᠠᠵᠤ ᠶᠠᠪᠤᠬᠤ ᠨᠢ ᠲᠠ ᠶᠤᠮ ᠡ︕ᠳᠤᠷᠠᠳᠬᠠᠯ ᠲᠠᠢ ᠶᠠᠪᠤᠭᠰᠠᠨ ᠵᠠᠮ ᠮᠦᠷ ᠴᠢᠨᠢᠲᠣᠯᠢ ᠪᠣᠯᠵᠤ ᠶᠠᠪᠤᠬᠤ ᠨᠢ ᠲᠠ ᠶᠤᠮ ᠡ︕     ᠵᠤᠬᠢᠶᠠᠬᠴᠢ ᠶᠢᠨ ᠬᠠᠶ᠋ᠢᠭ᠄ ᠳᠥᠡᠭᠯᠢᠶᠣᠣ ᠮᠣᠩᠭᠤᠯ ᠥᠨᠳᠥᠰᠥᠳᠡᠨ ᠤ ᠲᠤᠮᠳᠠᠳᠥ ᠰᠤᠷᠭᠠᠭᠤᠯᠢ ᠶᠢᠨ ᠮᠣᠩᠭᠤᠯ ᠬᠡᠯᠡᠨ ᠤ ᠵᠢᠭᠠᠨ ᠰᠤᠷᠭᠠᠬᠤ ᠲᠤᠭᠤᠶᠢᠯᠠᠩ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号