ᠮᠠᠩᠬᠠᠨ ᠤᠳᠠᠨ ᠤ ᠦᠴᠢᠯ
ᠨᠡᠶᠢᠲᠡᠯᠡᠭᠰᠡᠨ ᠴᠠᠭ᠄
2021/1/8
            ● ᠲ᠊ · ᠭᠡᠭᠡᠪᠴᠢ       ᠪᠢ ᠠᠭᠠᠬᠢᠮ᠎ᠠ ᠨᠠᠷᠠᠨ ᠤ ᠳᠤᠤᠷ᠎ᠠ᠂ ᠠᠯᠤᠰ ᠤᠨ ᠬᠢᠵᠠᠭᠠᠷ ᠲᠤ ᠬᠠᠷᠠᠭᠳᠠᠬᠤ ᠮᠦᠡᠭᠭᠡ ᠴᠠᠰᠤᠳᠦ ᠠᠭᠤᠯᠠ ᠶᠢ ᠰᠢᠷᠳᠡᠭᠡᠳ᠂ ᠠᠯᠳᠠᠨ ᠬᠦᠷᠦᠰᠦᠨ ᠤ ᠳᠤᠤᠷ ᠎ᠠ ᠮᠢᠩᠭᠠᠨ ᠵᠢᠯ ᠳᠠᠷᠤᠭᠳᠠᠭᠰᠠᠨ ᠨᠢᠭᠤᠴᠠ ᠳᠤᠪᠴᠢᠶᠠᠨ ᠢ ᠰᠦᠰᠦᠭᠯᠡᠨ᠎ᠠ᠃       ᠳᠡᠷᠡ ᠬᠦ ᠭᠠᠯᠪᠠ ᠶᠢᠨ ᠬᠤᠨᠭ᠍ᠬᠢᠯ ᠠᠴᠠ ᠬᠦᠮᠦᠨ ᠭᠡᠭᠴᠢ ᠠᠮᠢᠳᠠᠨ ᠪᠤᠰᠤᠭ᠎ᠠ ᠪᠠᠷ ᠠᠯᠬᠤᠨ ᠲᠡᠭᠷᠢ ᠠᠴᠠ ᠵᠠᠶᠠᠭᠠᠭᠰᠠᠨ ᠰᠤᠳᠤᠨ ᠤᠶᠤᠨ ᠰᠤᠷᠭᠤᠭ ᠤᠬᠠᠭᠠᠨ ᠢᠶᠠᠷ ᠢᠶᠠᠨ ᠡᠵᠡᠨ ᠨᠢ ᠪᠤᠯᠵᠦ ᠡᠵᠡᠷᠭᠡᠵᠤ ᠶᠠᠪᠤᠭᠰᠠᠨ᠂ ᠠᠮᠢᠳᠦᠷᠠᠯ ᠳᠤ ᠳᠡᠮᠡᠦᠯᠡᠭᠴᠢ ᠠᠮᠢᠵᠢᠷᠠᠯ ᠤᠳ ᠢ ᠭᠠᠶᠢᠬᠠᠨ ᠪᠢᠰᠢᠷᠡᠵᠦ ᠪᠠᠶᠢᠭᠠᠯᠢ ᠶᠢ ᠢᠯᠠᠬᠤ ᠬᠦᠴᠦᠨ ᠳᠡᠭᠦᠯᠳᠡᠷ ᠲᠤ ᠨᠢ ᠰᠡᠳᠭᠢᠯ ᠲᠤᠬᠳᠤᠯᠤᠨ᠎ᠠ᠃       ᠰᠠᠶᠢᠨ ᠮᠠᠭᠤ ᠬᠤᠶᠠᠷ ᠰᠠᠯᠤᠩᠬᠢᠷᠠᠨ᠂ ᠦᠨᠡᠨ ᠪᠠ ᠬᠤᠳᠠᠯ ᠵᠦᠷᠢᠴᠡᠯᠳᠤᠨ ᠦᠷᠦᠭᠡᠰᠦᠯ ᠦᠵᠡᠯ ᠠᠴᠠ ᠬᠤᠶᠠᠷᠳᠠᠮᠠᠯ ᠤᠬᠠᠭᠳᠠᠬᠤᠨ ᠡᠭᠦᠰᠴᠦ᠂ ᠳᠤᠮᠢᠶ ᠎ᠠ ᠪᠤᠯᠵᠦ ᠪᠠᠳᠤᠯᠠᠭᠰᠠᠨ ᠢ ᠦᠵᠡᠬᠦᠶ᠎ᠡ᠂ ᠵᠢᠮ᠎ᠡ ᠶᠤᠰᠤ ᠭᠡᠭᠴᠢ ᠡᠶᠢᠮᠦ ᠠᠵᠦᠭᠤ︕       ᠴᠡᠴᠡᠭ ᠵᠤᠯᠭᠠᠷᠠᠨ ᠲᠡᠯᠭᠡᠷᠡᠵᠤ᠂ ᠨᠠᠷᠠᠨ ᠤᠷᠭᠤᠨ ᠳᠠᠰᠢᠵᠦ᠂ ᠶᠢᠷᠳᠢᠨᠴᠦ ᠳᠤ ᠲᠦᠷᠦᠭᠡᠳ᠂ ᠬᠦᠷᠦᠰᠦᠨ ᠳᠤ ᠰᠢᠩᠭᠡᠷᠡᠬᠦ᠂ ᠦᠰᠢᠯ ᠳᠤ ᠬᠤᠷᠤᠰᠤᠨ᠂ ᠦᠴᠢᠯ ᠳᠤ ᠭᠤᠮᠤᠳᠠᠨ᠂ ᠬᠤᠷᠤ ᠎ᠠ ᠶᠢᠨ ᠡᠷᠭᠢᠯᠳᠡ ᠬᠤᠨᠤᠭ ᠡᠳᠦᠷ ᠤᠨ ᠵᠤᠷᠰᠢᠯ ᠢ ᠭᠠᠶᠢᠬᠠᠰᠢᠷᠠᠨ ᠶᠠᠪᠤᠭᠰᠠᠭᠠᠷ ᠡ︕       ᠶᠡᠭᠡ ᠮᠤᠳᠤᠨ ᠤ ᠰᠡᠭᠦᠳᠡᠷ ᠲᠤ ᠰᠠᠭᠤᠨ ᠶᠡᠭᠡ ᠬᠦᠮᠦᠨ ᠤ ᠰᠦᠷ ᠲᠤ ᠡᠷᠳᠡ ᠶᠠᠭᠤ ᠶᠢ ᠴᠦ ᠰᠠᠨᠠᠭᠠᠨ ᠳᠤ ᠪᠠᠨ ᠠᠪᠬᠤ ᠦᠭᠡᠢ᠂ ᠪᠤᠶᠠᠨ ᠨᠢᠭᠦᠯ ᠨᠢ ᠢᠯᠡᠳᠳᠡ ᠬᠠᠷᠠᠭᠳᠠᠬᠤ᠂ ᠵᠠᠶᠠᠭ᠎ᠠ ᠲᠠᠢ ᠨᠢᠭᠡ ᠨᠢ ᠳᠠᠪᠢᠯᠠᠩ ᠢᠶᠠᠨ ᠰᠢᠳᠦᠨ ᠵᠤᠷᠢᠯᠭ᠎ᠠ ᠲᠠᠢ ᠨᠢᠭᠡ ᠨᠢ ᠬᠠᠷᠠᠯᠳᠠ ᠪᠠᠨ ᠵᠤᠷᠢᠨ᠂ ᠡᠮᠦᠨ᠎ᠠ ᠲᠦᠷᠦᠭᠰᠡᠨ ᠨᠢ ᠤᠮᠠᠷᠠᠰᠢ ᠮᠤᠷᠳᠠᠨ ᠦᠷᠤᠨ᠎ᠠ ᠵᠠᠶᠠᠭᠠᠬᠰᠠᠨ ᠨᠢ ᠲᠤᠷᠤᠨ᠎ᠠ ᠶᠢ ᠳᠠᠬᠢᠬᠤ ᠡᠶᠢᠮᠦ ᠨᠢᠭᠡᠨ ᠵᠢᠮ᠎ᠠ ᠪᠢᠯᠢᠤ︕       ᠮᠠᠩᠬᠠᠨ ᠳᠤ ᠤᠷᠭᠤᠭᠰᠠᠨ ᠨᠢᠭᠡᠨ ᠤᠳᠠ ᠭᠠᠭᠴᠠᠭᠠᠷ ᠢᠶᠠᠨ ᠢᠡᠭᠭᠢᠵᠦ ᠶᠠᠷᠢᠭᠰᠠᠭᠠᠷ᠂ ᠳᠦᠷᠪᠡᠨ ᠤᠯᠠᠷᠢᠯ ᠢ ᠲᠤᠭᠠᠯᠠᠨ ᠲᠦᠴᠢᠨᠡᠨ ᠡᠳᠦᠷ ᠬᠤᠨᠤᠭ ᠢ ᠦᠡᠭᠭᠡᠷᠡᠭᠡᠨ᠎ᠡ᠃       ᠪᠤᠳᠤᠪᠠᠯ ᠪᠠᠰᠠ ᠲᠠᠭᠠᠷᠠᠬᠤ ᠰᠢᠭ᠋᠂ ᠪᠤᠳᠤᠯᠭᠠᠰᠢᠷᠡᠪᠡᠯ ᠪᠠᠰᠠ ᠪᠤᠷᠤᠭᠤ ᠰᠢᠭ᠋᠂ ᠠᠯᠠᠷ ᠪᠠᠯᠠᠷ ᠤᠨ ᠳᠤᠮᠳᠠ᠂ ᠨᠤᠳᠤᠭ ᠨᠢᠷᠤᠭᠤᠳ ᠤᠨ ᠶᠠᠷᠢᠶᠠᠨ ᠳᠤ ᠡᠯᠦᠢ ᠬᠤᠯᠦᠢ ᠲᠤᠳᠤᠷᠠᠨ᠎ᠠ᠃       ᠳᠡᠷᠡ᠂ ᠢᠷᠡᠭᠡᠳᠦᠢ ᠶᠢᠨ ᠲᠦᠮᠡᠨ ᠳᠤ ᠪᠠᠨ᠂ ᠨᠢᠬᠡ ᠳᠤᠯᠤᠭᠠᠢ ᠲᠠᠢ᠂ ᠮᠢᠩᠭᠠᠨ ᠰᠡᠭᠦᠯᠳᠡᠢ ᠮᠤᠭᠠᠢ ᠬᠢᠭᠡᠳ ᠮᠢᠩᠭᠠᠨ ᠳᠤᠯᠤᠭᠠᠢ ᠲᠠᠢ ᠨᠢᠭᠡᠨ ᠰᠡᠭᠦᠯᠳᠠᠢ ᠮᠤᠭᠠᠢ ᠶᠢᠨ ᠦᠯᠢᠭᠡᠷ ᠢ ᠲᠤᠮᠤᠬᠴᠢᠯᠠᠨ᠎ᠠ᠃       ᠮᠠᠩᠬ᠎ᠠ ᠰᠠᠯᠬᠢᠨ ᠳᠤ ᠮᠦᠨ ᠶᠡᠭᠦᠷᠡᠨ ᠨᠡᠬᠦᠭᠰᠡᠭᠡᠷ ᠁       ᠤᠳᠠᠨ ᠤ ᠦᠴᠢᠭ ᠮᠦᠨ ᠯᠡ ᠶᠠᠷᠢᠨ ᠶᠠᠷᠢᠭᠰᠠᠭᠠᠷ ᠁       ᠪᠢ᠂ ᠡᠯᠡᠰᠦᠨ ᠮᠦᠬᠦᠯᠢᠭ ᠤᠨ ᠳᠤᠮᠳᠠ ᠠᠴᠠ ᠪᠤᠯᠠᠭᠳᠠᠵᠦ ᠰᠢᠷᠠᠯᠠᠭᠰᠠᠨ ᠨᠠᠪᠴᠢᠰ ᠢ ᠨᠢ ᠳᠡᠭᠦᠵᠦ ᠦᠨᠳᠦᠷ ᠬᠦᠳᠦᠯ ᠳᠡᠭᠡᠷ ᠎ᠡ ᠡᠰᠡᠨᠢᠯ ᠤᠨ ᠲᠡᠭᠷᠢ ᠳᠤ ᠨᠢ ᠬᠦᠷᠭᠡᠨ ᠮᠤᠷᠳᠠᠭᠤᠯᠤᠨ᠎ᠠ ᠁       ᠳᠡᠳᠡ᠂ ᠰᠠᠯᠬᠢᠨ ᠤ ᠠᠶ ᠎ᠠ ᠪᠠᠷ ᠠᠯᠭᠤᠷᠬᠠᠨ ᠨᠢᠰᠦᠨ ᠡᠪᠡᠰᠦ ᠮᠤᠳᠤᠨ ᠤ ᠳᠤᠮᠳᠠᠭᠤᠷ ᠨᠢᠰᠦᠨ ᠦᠵᠡᠯ᠎ᠠ︕       ᠮᠠᠩᠬᠠᠨ ᠤᠳᠠᠨ ᠤ ᠦᠴᠢᠭ ᠭᠡᠵᠦ᠂ ᠤᠤᠯ ᠨᠢ ᠡᠶᠢᠮᠦ ᠨᠢᠭᠡᠨ ᠦᠴᠢᠯ ᠪᠠᠶᠢᠭᠰᠠᠨ ᠠᠵᠦᠭᠤ᠃ ᠮᠠᠩᠬᠠᠨ ᠤᠳᠠ ᠮᠢᠨᠢ ᠮᠠᠩᠬ ᠎ᠠ ᠪᠠᠷ ᠢᠶᠠᠨ ᠪᠢᠰᠢ᠂ ᠮᠦᠡᠭᠬᠡ ᠲᠡᠭᠷᠢ ᠶᠢᠨ ᠬᠦᠴᠦᠨ ᠳᠤ ᠦᠨᠢᠳᠡ ᠠᠮᠤᠷᠯᠢᠩᠭᠤᠢ ᠪᠠᠶᠢᠭᠠᠰᠠᠢ︕       ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠡᠭᠤᠨ ᠭᠠᠷᠣᠨ ᠳᠤᠮᠳᠠᠳᠤ ᠬᠤᠰᠢᠭᠤᠨ ᠤ ᠪᠠᠶᠠᠨᠮᠠᠩᠬ᠎ᠠ ᠰᠤᠮᠤ ᠶᠢᠨ ᠭᠡᠭᠡᠨ ᠤᠷᠳᠤ ᠭᠠᠴᠠᠭ᠎ᠠ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号