ᠠᠢ ᠳ᠋ᠡ ᠬᠤᠯᠢᠮᠠᠭ ᠬᠡᠯᠡ ᠲᠠᠢ ᠮᠤᠩᠭᠤᠯ ᠨᠤᠳᠤᠭ ᠮᠢᠨᠢ
ᠨᠡᠶᠢᠲᠡᠯᠡᠭᠰᠡᠨ ᠴᠠᠭ᠄
2021/1/8
       ● ᠰᠢᠷᠤᠨᠴᠢᠮᠡᠭ      ᠦᠨᠳᠤᠷ ᠰᠦᠷᠯᠢᠭ ᠪᠤᠭᠳᠠ ᠠᠭᠤᠯᠠ ᠶᠢᠨ ᠵᠤᠭᠠᠴᠠᠯ ᠤᠨ ᠤᠷᠤᠨ ᠳᠤ ᠬᠦᠮᠤᠰ ᠤᠨ ᠤᠶᠢᠮᠡᠭᠡᠨ ᠡᠳᠤᠷᠵᠢᠨ ᠱᠤᠤᠬᠢᠨ᠎ᠠ᠂ ᠬᠤᠯᠠ ᠠᠴᠠ ᠢᠷᠡᠭᠰᠡᠤᠨ᠂ ᠬᠤᠷᠮᠤᠢ ᠠᠴᠠ ᠨᠢ ᠴᠤᠭᠯᠠᠷᠠᠭᠰᠠᠨ ᠮᠤᠩᠭᠤᠯᠴᠤᠤᠨ ᠦᠭᠡᠯᠤᠨ ᠡᠭᠡ ᠶᠢᠨ ᠲᠠᠬᠢᠯᠭ᠎ᠠ ᠶᠢᠨ ᠤᠪᠤᠭᠠᠨ ᠤ ᠡᠮᠤᠨ᠎ᠡ ᠰᠦᠰᠦᠭᠯᠡᠨ ᠮᠦᠷᠬᠦᠵᠤ᠂ ᠰᠦᠬᠦᠳᠤᠨ ᠲᠠᠭᠠᠤᠡᠬᠠᠵᠤ᠂ ᠰᠦ ᠰᠠᠭᠠᠯᠢ ᠶᠢᠨ ᠢᠳᠡᠭᠡᠨ ᠢᠶᠠᠨ ᠡᠷᠬᠦᠵᠤ᠂ ᠰᠡᠬᠦᠳᠡᠷ ᠲᠠᠳᠠᠭᠤᠯᠤᠨ ᠲᠤᠷᠠᠰᠬᠠᠯ ᠦᠯᠡᠳᠡᠵᠡᠭᠡᠨ᠎ᠡ᠃      — ᠬᠦᠶ᠋ᠢ︕ ᠡᠨᠡ ᠠᠭᠤᠯᠠᠨ ᠤ ᠹᠸᠡᠭ ᠵᠢᠩ ︵ᠦᠵᠡᠮᠵᠢ︶ ᠪᠤᠰᠤᠤᠨ ᠠᠭᠤᠯᠠ ᠲᠠᠢ ᠦᠨᠡᠬᠡᠷ ᠠᠳᠠᠯᠢ ᠦᠭᠡᠢ ᠰᠢ︕ ᠭᠡᠵᠤ ᠨᠢᠭᠡ ᠨᠢ ᠶᠠᠷᠢᠳᠠᠯ᠎ᠠ᠂ ᠨᠦᠬᠦᠭᠡᠳᠡᠬᠢ ᠨᠢ᠄       — ᠴᠢᠤᠸ᠋ ᠱᠢ ︵ᠦᠨᠡᠭᠡᠷ︶ ᠰᠠᠶᠢᠬᠠᠨ ᠡ ᠬᠦᠶ᠋ᠢ︕ ᠴᠢᠩᠭᠢᠰ ᠬᠠᠭᠠᠨ ᠤ ᠡᠬᠡ ᠳᠤ ᠲᠦᠯᠡᠰᠢ ᠲᠤᠶ᠋ᠢᠩ ᠲᠠᠯᠪᠢᠳᠠᠬ ᠲᠧ ᠱᠥ ︵ᠤᠨᠴᠠᠭᠠᠢ︶ ᠠᠭᠤᠯᠠ ᠶᠤᠮ ᠴᠢᠨᠢ ᠁ ᠭᠡᠨ᠎ᠡ᠃ ᠴᠠᠭᠠᠨ᠎ᠠ ᠨᠢ ᠵᠢᠵᠢᠭ ᠤᠯᠠᠭᠠᠨ ᠲᠤᠭ ᠪᠠᠷᠢᠭᠰᠠᠨ ᠰᠠᠶᠢᠨ ᠲᠤᠷ᠎ᠠ ᠶᠢᠨ ᠦᠢᠯᠡᠴᠢᠯᠡᠬᠡᠨ ᠤ ᠵᠠᠯᠠᠭᠤ᠄      — ᠬᠦᠶ᠋ᠢ︕ ᠲᠠ ᠨᠠᠷ ᠯᠡ ᠵᠢᠢ ︵ᠨᠤᠪᠰᠢ︶ ᠪᠠᠨ ᠯᠡ ᠵᠢᠢ ᠰᠢᠶᠠᠩ ︵ᠨᠤᠪᠰᠢ ᠶᠢᠨ ᠬᠠᠶᠢᠷᠴᠠᠭ︶ ᠳᠤ ᠬᠢ᠂ ᠪᠢᠳᠡᠬᠡᠢ ᠰᠦᠢ ᠪᠢᠶᠠᠨ ︵ᠲᠤᠷ᠎ᠠ ᠪᠠᠷ︶ ᠬᠠᠶᠠᠭᠠᠷᠠᠢ ᠭᠡᠵᠤ ᠵᠤᠭᠠᠴᠠᠭᠰᠠᠤᠨ ᠲᠤ ᠰᠠᠨᠠᠭᠤᠯᠤᠨ᠎ᠠ᠃ ᠬᠤᠯᠢᠮᠠᠭ ᠬᠡᠯᠡ ᠲᠠᠢ ᠮᠤᠩᠭᠤᠯ ᠨᠤᠳᠤᠭ ᠤᠨ ᠬᠦᠮᠤᠰ ᠮᠢᠨᠢ᠂ ᠠᠵᠢᠯ ᠪᠦᠬᠦᠨ ᠢᠶᠠᠨ ᠨᠠᠷᠢᠨ ᠨᠢᠬᠳᠡ ᠬᠢᠵᠤ᠂ ᠤᠰᠤᠯ ᠡ᠊ᠨᠳᠡᠯ ᠭᠠᠷᠭᠠᠯ ᠦᠭᠡᠢ ᠬᠠᠷᠢᠭᠤᠴᠠᠵᠤ᠂ ᠬᠤᠯᠠ ᠠᠴᠠ ᠢᠷᠡᠭᠰᠡᠨ ᠵᠤᠴᠢᠤᠨ ᠲᠤ ᠪᠠᠨ ᠬᠠᠯᠠᠭᠤᠮᠰᠤᠭ ᠲᠤᠳᠤᠨᠤ ᠤᠪᠤᠷ ᠢᠶᠠᠷ᠄       — ᠬᠤᠸᠠᠨ ᠶᠢᠩ ᠵᠥ ︵ᠪᠠᠶᠠᠷᠯᠠᠨ ᠤᠭᠳᠤᠵᠤ︶ ᠪᠠᠶᠢᠨ᠎ᠠ ᠭᠡᠵᠤ ᠮᠡᠨᠳᠤᠯᠡᠨ᠎ᠡ᠃ ᠨᠤᠳᠤᠭ ᠤᠰᠤᠨ ᠤ ᠰᠤᠶᠤᠯ ᠭᠡᠵᠤ ᠡᠶᠢᠮᠤ ᠯᠡ ᠰᠢᠳᠡ︕ ᠡᠪᠦᠭᠡ ᠲᠡᠭᠡᠳᠤᠰ ᠠᠴᠠ ᠪᠠᠨ ᠢᠡᠭᠭᠢᠵᠤ ᠯᠡ ᠬᠡᠯᠡᠵᠤ ᠢᠷᠡᠭᠰᠡᠨ ᠲᠤᠯᠠ᠂ ᠲᠡᠭᠡᠳᠤ ᠲᠤᠮᠳᠠᠳᠤ ᠠᠴᠠ ᠲᠡᠭᠡᠭᠰᠢ ᠰᠤᠶᠤᠯ ᠤᠨ ᠬᠢᠷᠢ ᠬᠡᠮᠵᠢᠶᠡᠲᠠᠢ ᠨᠢ ᠠᠷᠠᠭᠠᠯᠠᠵᠤ ᠪᠠᠶᠢᠭᠠᠤᠨ ᠴᠡᠪᠡᠷ ᠰᠢᠭ ᠬᠡᠯᠡᠵᠤ ᠲᠡᠶᠢᠯᠳᠡᠭ᠃ ᠰᠤᠶᠤᠯ ᠮᠡᠳᠡᠯᠭᠡ ᠪᠠᠷ ᠠᠨᠠᠶᠢᠬᠠᠨ ᠨᠢ ᠡᠯᠤᠨᠴᠠ ᠬᠤᠯᠤᠨᠴᠠ ᠠᠴᠠ ᠪᠠᠨ ᠡᠬᠢᠯᠡᠭᠡᠤᠨ ᠢᠡᠭᠭᠢᠵᠤ ᠯᠡ ᠬᠤᠯᠢᠵᠤ ᠶᠠᠷᠢᠭᠰᠠᠭᠠᠷ ᠢᠷᠡᠭᠰᠡᠨ ᠁ ᠡ᠊ᠨᠳᠡ ᠢᠷᠡᠭᠰᠡᠨ ᠰᠤᠷᠪᠤᠯᠵᠢᠯᠠᠭᠴᠢ ᠬᠡᠷᠪᠡ ᠲᠤᠷ᠎ᠠ ᠶᠢᠨ ᠨᠢᠭᠡ ᠨᠠᠰᠤᠳᠡᠨ ᠢ ᠤᠷᠢᠵᠤ ᠰᠤᠷᠪᠤᠯᠵᠢᠯᠡᠪᠡᠯ ᠮᠡᠳᠡᠵᠤ ᠪᠤᠯᠤᠨ᠎ᠠ᠃       — ᠨᠠᠰᠤᠳᠠᠢ ᠠᠪᠤ ᠡ︕ ᠲᠠ ᠪᠤᠭᠳᠠ ᠠᠭᠤᠯᠠ ᠶᠢᠨ ᠲᠡᠤᠭᠡ ᠰᠤᠶᠤᠯ ᠤᠨ ᠲᠤᠬᠠᠢ ᠨᠠᠳᠠ ᠳᠤ ᠪᠠᠭ᠎ᠠ ᠰᠠᠭ᠎ᠠ ᠶᠠᠷᠢᠭᠠᠤᠨ ᠦᠭᠬᠦᠨᠤ︖      — ᠦᠭᠡᠢ ᠠᠩᠭ᠎ᠠ ᠡ︕ ᠪᠢ ᠶᠠᠮᠠᠷ ᠴᠤ ᠦᠨ ᠬᠤᠸᠠ ︵ᠰᠤᠶᠤᠯ︶ ᠦᠭᠡᠢ ᠬᠦᠮᠤᠨ᠂ ᠪᠤᠷᠤᠭᠤ ᠵᠦᠷᠢᠬᠦᠤ ᠬᠡᠯᠡᠴᠢᠭᠡᠪᠡᠯ ᠬᠡᠳᠤᠢ ᠺᠡ ᠴᠧᠨ ᠳ᠋ᠢ ︵ᠮᠠᠭᠤᠬᠠᠢ︶ ᠪᠤᠢ ᠬᠡᠤᠨ ᠡᠷᠢᠶᠡᠯᠡᠭᠡᠤᠨ ᠵᠠᠶᠢᠯᠠᠰᠬᠢᠳᠠᠭ᠃ ︽ᠴᠡᠪᠡᠷ ᠮᠤᠩᠭᠤᠯ ᠢᠶᠠᠷ ᠢᠶᠠᠨ ᠬᠡᠯᠡᠶ᠎ᠠ᠂ ᠮᠤᠩᠭᠤᠯ ᠢᠶᠠᠷ ᠢᠶᠠᠨ ᠪᠠᠷᠢᠮᠵᠢᠶ᠎ᠠ ᠪᠤᠯᠭᠠᠶ᠎ᠠ︾ ᠭᠡᠰᠡᠨ ᠬᠦᠰᠡᠯ ᠵᠦᠡᠭᠳᠡᠭᠡᠨ ᠵᠦᠪ᠃ ᠭᠡᠳᠡᠯ᠎ᠡ ᠲᠠᠨ ᠤ ᠮᠤᠩᠭᠤᠯ ᠢᠶᠠᠷ ᠢᠶᠠᠨ ᠴᠡᠪᠡᠷ ᠰᠠᠶᠢᠠᠬᠨ ᠪᠢᠴᠢᠵᠤ᠂ ᠬᠡᠯᠡᠵᠤ ᠴᠢᠳᠠᠬᠤ ᠪᠤᠯᠳᠠᠯ᠎ᠠ ᠰᠤᠷᠤᠯᠭ᠎ᠠ ᠰᠤᠶᠤᠯ ᠤᠨ ᠮᠦᠷ ᠢ ᠬᠦᠭᠡᠭᠡᠯᠭᠡᠭᠰᠡᠨ ᠨᠠᠰᠤᠳᠠᠢ ᠠᠪᠤ ᠡᠵᠢ ᠨᠡᠩ ᠴᠢᠨᠠᠭᠰᠢᠳᠡ ᠡᠪᠦᠭᠡ ᠡᠮᠡᠭᠡ ᠴᠢᠨᠢ ᠵᠠᠷᠢᠮ ᠳᠤ ᠪᠠᠨ ᠢᠡᠭᠭᠢᠵᠤ ᠯᠠ ᠬᠤᠯᠢᠮᠠᠭ ᠮᠤᠩᠭᠤᠯ ᠦᠭᠡ ᠬᠡᠯᠡᠳᠡᠭ ᠰᠢᠤ ᠳ᠋ᠡ᠂ ᠡᠨᠡ ᠨᠢ ᠲᠡᠳᠡᠨ ᠤ ᠤᠰᠤᠯ ᠠᠯᠳᠠᠭ᠎ᠠ ᠤᠭᠳᠤ ᠲᠡᠳᠤᠢ ᠪᠢᠰᠢ ᠭᠡᠳᠡᠭ ᠢ ᠮᠡᠷᠭᠡᠨ ᠲᠠ ᠪᠤᠰᠤᠤᠨ ᠠᠴᠠ ᠲᠤᠳᠠᠭᠤ ᠮᠡᠳᠡᠳᠡᠭ ᠦᠭᠡᠢ ᠪᠢᠯᠡ᠃ ᠠᠮᠠᠷᠠᠯᠳᠡ ᠲᠠᠯᠪᠢᠭᠠᠳ ᠢᠷᠡᠭᠰᠡᠨ ᠤᠶᠤᠳᠠᠨ ᠬᠡᠤᠬᠡᠨ ᠢᠶᠠᠨ ᠲᠤᠰᠤᠬᠰᠠᠨ ᠨᠠᠰᠤᠳᠠᠢ ᠡᠵᠢ ᠨᠢᠳᠤᠨ ᠨᠢᠯᠪᠤᠰᠤ ᠪᠠᠨ ᠠᠷᠴᠢᠭᠰᠠᠭᠠᠷ᠄       — ᠮᠢᠨᠤ ᠦᠬᠢᠨ ᠾᠥᠸᠧ ᠴᠧ ︵ᠭᠠᠯᠳᠤ ᠲᠡᠷᠭᠡᠨ︶ ᠳᠤ ᠰᠠᠭᠤᠭᠠᠤᠨ ᠶᠠᠳᠠᠷᠡᠯ᠎ᠡ ᠪᠡ︖ ᠮᠦᠮᠤ ᠨᠢ ᠴᠢᠨᠤ ᠢᠳᠡᠬᠦ ᠲᠤᠷᠠᠳᠠᠢ ᠲᠠᠩ ᠪᠢᠡᠭ ︵ᠰᠢᠬᠢᠷ ᠲᠠᠢ ᠪᠤᠤᠪᠤ︶ ᠢ ᠬᠠᠭᠠᠷᠢᠵᠤ ᠦᠭᠭᠦᠶ᠎ᠡ ᠭᠡᠤᠨ ᠲᠤᠭᠤᠭᠠᠨ ᠦᠷᠤᠭᠡᠨ ᠳᠤ ᠶᠠᠭᠠᠷᠠᠨ᠎ᠠ᠃ ᠲᠡᠷᠡ ᠡᠵᠢ ᠶᠢᠨ ᠦᠷ᠎ᠡ ᠪᠠᠨ ᠭᠡᠰᠡᠨ ᠵᠢᠷᠤᠭᠡ ᠰᠡᠤᠨᠬᠢᠯ ︽ᠬᠤᠯᠢᠮᠠᠭ︾ ᠪᠢᠰᠢ ᠪᠡ︖ ᠮᠤᠩᠭᠤᠯ ᠰᠤᠶᠤᠯ ᠢᠶᠠᠨ ᠰᠤᠷᠭᠠᠨ᠎ᠠ ᠭᠡᠤᠨ ᠵᠢᠭᠡᠯᠡᠯᠭᠡ ᠶᠢᠨ ᠮᠦᠡᠭᠭᠦ ᠪᠠᠷ ᠬᠡᠤᠬᠡᠨ ᠢᠶᠠᠨ ᠤᠷᠤᠨ ᠤ ᠦᠨᠳᠤᠰᠤᠳᠡᠨ ᠤ ᠶᠡᠭᠡ ᠰᠤᠷᠭᠠᠭᠤᠯᠢ ᠶᠢᠨ ᠤᠶᠤᠳᠠᠨ ᠪᠤᠯᠭᠠᠭᠰᠠᠨ ᠲᠡᠷᠡ ᠠᠪᠤ ᠡᠵᠢ ᠶᠢᠨ ᠰᠡᠤᠨᠬᠢᠯ ᠬᠦᠰᠡᠯ ︽ᠬᠤᠯᠢᠮᠠᠭ︾ ᠯᠡ ᠪᠢᠰᠢ ᠬᠤᠶᠢᠨ᠎ᠡ᠂ ᠲᠡ ᠬᠡᠳᠤᠨ ᠰᠤᠶᠤᠯ ᠢᠶᠠᠨ ᠰᠤᠷᠴᠢᠬᠠᠭᠠᠤᠨ᠂ ᠤᠤᠭᠤᠭᠰᠠᠨ ᠤᠰᠤ ᠤᠨᠠᠭᠰᠠᠨ ᠰᠢᠷᠤᠢ ᠶᠢᠨ ᠢᠶᠠᠨ ︽ᠬᠤᠯᠢᠮᠠᠭ ᠮᠤᠩᠭᠤᠯ ᠬᠡᠯᠡ︾ ᠪᠠᠨ ᠦᠨᠳᠡᠭᠡ ᠶᠢᠨ ᠬᠠᠯᠢᠰᠤ ᠪᠠᠨ ᠪᠠᠰᠤᠮᠵᠢᠯᠠᠭᠰᠠᠨ ᠴᠤᠷᠪᠠᠭ᠎ᠠ ᠲᠠᠬᠢᠶ᠎ᠠ ᠰᠢᠭ᠋ ᠯᠡ ᠬᠠᠷᠠᠳᠠᠭ ᠯᠠ ᠪᠤᠯ᠂ ᠲᠡᠷᠡ ᠴᠢᠨᠢ ᠰᠠᠶ᠋ᠢ ᠬᠦᠮᠤᠨ ᠤ ᠤᠷᠴᠢᠯᠠᠩ ᠤᠨ ᠭᠤᠳᠤᠮᠰᠢᠭ ᠪᠤᠯᠤᠨ᠎ᠠ ᠳ᠋ᠡ︕       ᠵᠡ᠂ ᠶᠠᠭᠠᠬᠢᠬᠤᠪ︕ ᠨᠤᠳᠤᠭ ᠤᠰᠤᠨ ᠤ ᠰᠤᠶᠤᠯ ᠭᠡᠳᠡᠭ ᠴᠢᠨᠢ ᠡᠶᠢᠮᠤ ᠯᠡ ᠪᠠᠶᠢᠳᠠᠭ᠃ ᠲᠡᠷᠡ ᠨᠢ ᠨᠢᠭᠡ ᠦᠶ᠎ᠡ ᠶᠢᠨ ᠬᠢᠨ ᠤ ᠬᠦᠮᠤᠰ ᠤᠨ ᠬᠠᠰᠬᠢᠷᠤᠯ᠂ ᠪᠠᠰᠤᠮᠵᠢᠯᠠᠯ᠂ ᠦᠭᠡᠶᠢᠰᠬᠡᠯ ᠢᠶᠠᠷ ᠬᠤᠪᠢᠷᠠᠵᠤ ᠲᠡᠶᠢᠯᠳᠡᠭ ᠪᠢᠰᠢ ᠬᠤᠶᠢᠨ᠎ᠡ ᠡᠷᠳᠡᠮᠳᠡᠤᠨ ᠮᠢᠨᠢ ᠠᠭᠤᠴᠢᠯᠠᠯ ᠬᠦᠷᠳᠡᠭᠡᠷᠡᠢ᠂ ᠬᠡᠯᠡᠨ ᠤ ᠬᠤᠯᠢᠮᠠᠭ ᠢ ᠬᠦᠮᠤᠨ ᠴᠢᠨᠠᠷ ᠤᠨ ᠬᠤᠯᠢᠮᠠᠭ ᠲᠠᠢ ᠠᠳᠠᠯᠢᠬᠠᠨ ᠦᠵᠡᠵᠤ ᠪᠤᠯᠬᠤ ᠦᠭᠡᠢ᠃ ᠪᠢᠷ ᠢᠶᠠᠨ ᠪᠠᠷᠢᠪᠡᠯ ᠮᠤᠩᠭᠤᠯ ᠦᠰᠤᠭ᠌ ᠢᠶᠠᠨ ᠤᠷᠤᠰᠬᠠᠵᠤ᠂ ᠪᠢᠷ ᠢᠶᠠᠨ ᠲᠠᠯᠪᠢᠭᠰᠠᠭᠠᠷ ᠬᠤᠯᠢᠮᠠᠭ ᠦᠭᠡ ᠪᠠᠨ ᠬᠡᠯᠡᠴᠢᠭᠡᠳᠡᠭ ᠮᠢᠨᠤ ᠨᠤᠳᠤᠭ ᠤᠨ ᠮᠤᠩᠭᠤᠯᠴᠤᠤᠨ ᠦᠨᠳᠤᠰᠤᠳᠡᠨ ᠤ ᠬᠠᠶᠢᠷ᠎ᠠ᠂ ᠤᠭᠰᠠᠭᠠᠳᠠᠨ ᠤ ᠪᠦᠯᠬᠦᠮᠳᠡᠯ᠂ ᠮᠤᠩᠭᠤᠯ ᠶᠠᠰᠤᠳᠠᠨ ᠤ ᠴᠢᠨᠠᠷ ᠴᠢᠨᠰᠠᠭ᠎ᠠ ᠨᠢ ᠠᠳᠠᠯᠢᠬᠠᠨ ᠴᠡᠪᠡᠷ ᠴᠢᠭᠴᠢ ᠪᠠᠶᠢᠳᠠᠭ ᠭᠡᠳᠡᠭ ᠢ ᠢᠳᠡᠭᠡᠭᠡᠷᠡᠢ᠂ ᠬᠦᠨᠳᠤᠤᠡᠭᠡᠭᠡᠷᠡᠢ ᠭᠡᠵᠤ ᠲᠠᠨ ᠳᠤ ᠶᠤᠰᠤᠯᠠᠨ ᠭᠤᠶᠤᠶ᠎ᠠ︕ ᠲᠠ ᠨᠠᠷ ᠤᠨ ︽ᠡᠷᠬᠢᠮ ᠲᠡᠭᠡᠳᠤ︾ ᠴᠡᠪᠡᠷ ᠮᠤᠩᠭᠤᠯ ᠬᠡᠯᠡ ᠶᠢᠨ ᠴᠢᠨᠢ ᠦᠨᠳᠤᠰᠤ ᠨᠢ ᠲᠠᠨ ᠤ ᠪᠠᠰᠤᠮᠵᠢᠯᠠᠳᠠᠭ ︽ᠬᠤᠯᠢᠮᠠᠭ ᠬᠡᠯᠡ︾ ᠶᠢᠨ ᠬᠦᠷᠤᠰᠤ ᠰᠢᠷᠤᠢ ᠠᠴᠠ ᠰᠢᠮ᠎ᠡ ᠲᠡᠵᠢᠭᠡᠯ ᠬᠦᠷᠳᠡᠵᠤ᠂ ᠨᠡᠩ ᠢᠯᠠᠩᠭᠤᠶ᠎ᠠ ᠤᠳᠤ ᠪᠤᠯᠳᠠᠯ᠎ᠠ ᠲᠡᠳᠡᠭᠡᠷ ᠬᠤᠯᠢᠮᠠᠭ ᠬᠡᠯᠡ ᠲᠠᠢ ᠠᠪᠤ ᠡᠵᠢ ᠶᠢᠨ ᠲᠤᠰᠠᠯᠠᠮᠵᠢ ᠠᠴᠠ ᠰᠠᠯᠵᠤ ᠲᠡᠶᠢᠯᠤᠭᠡᠳᠤᠢ ᠪᠠᠶᠢᠭᠰᠠᠭᠠᠷ ᠭᠡᠳᠡᠭ ᠢᠶᠠᠨ ᠪᠤᠤ ᠮᠠᠷᠳᠠᠭᠠᠷᠠᠢ︕       ᠡᠨᠡ ᠬᠦ ᠬᠤᠯᠢᠮᠠᠭ ᠮᠤᠩᠭᠤᠯ ᠦᠭᠡ ᠶᠠᠷᠢᠳᠠᠭ ᠨᠤᠳᠤᠭ ᠲᠡᠪᠢᠰᠭᠡᠷ ᠲᠠᠬᠢ ᠬᠠᠯᠠᠭᠤᠨ ᠲᠤᠯᠠᠭᠠᠨ ᠬᠦᠷᠤᠰᠤ ᠰᠢᠷᠤᠢ ᠲᠡᠭᠡᠷ᠎ᠡ ᠲᠦᠷᠤᠵᠤ ᠦᠰᠤᠭ᠍ᠰᠡᠨ ᠡᠷᠳᠡᠮᠳᠡᠨ ᠮᠡᠷᠭᠡᠤᠨ ᠮᠢᠨᠢ︕ ᠲᠡᠭᠷᠢ ᠶᠢᠨ ᠴᠠᠭᠠᠨ᠎ᠠ ᠭᠠᠷᠳᠠᠯ᠎ᠠ ᠨᠢᠰᠤᠯ᠎ᠠ ᠴᠤ ᠠᠵᠢᠯ ᠠᠮᠢᠳᠤᠷᠠᠯ ᠳᠤ ᠪᠠᠨ ᠶᠠᠳᠠᠷᠠᠵᠤ ᠴᠢᠯᠡᠭᠡᠤᠨ ᠪᠤᠴᠠᠭᠠᠤᠨ ᠢᠷᠡᠬᠦ ᠳᠤ ᠨᠤᠳᠤᠭ ᠤᠰᠤᠨ ᠤ ᠨᠠᠰᠤᠳᠠᠤᠨ ᠴᠢᠨᠢ᠄       — ᠬᠦᠤ ᠮᠢᠨᠢ ᠬᠦᠡᠭ ᠵᠦᠸᠧ ︵ᠠᠵᠢᠯ︶ ᠪᠠᠨ ᠬᠢᠭᠡᠤᠨ ᠶᠠᠳᠠᠷᠠᠯ᠎ᠠ ᠪᠢᠵᠡ︖ ᠭᠡᠤᠨ ᠬᠠᠯᠠᠭᠤᠨ ᠡᠯᠢᠭᠡᠨ ᠳᠤ ᠪᠠᠨ ᠲᠡᠪᠡᠷᠢᠭᠡᠤᠨ ᠠᠪᠳᠠᠭ ᠭᠡᠵᠤ ᠢᠳᠡᠭᠡᠭᠡᠷᠡᠢ᠂ ᠠᠢ ᠳ᠋ᠡ ᠬᠦᠭᠡᠷᠦᠬᠦᠢ︕ ᠬᠤᠯᠢᠮᠠᠭ ᠬᠡᠯᠡ ᠲᠠᠢ ᠮᠤᠩᠭᠤᠯ ᠨᠤᠳᠤᠭ ᠮᠢᠨᠢ ᠁       ᠵᠤᠬᠢᠶᠠᠭᠴᠢ ᠶᠢᠨ ᠬᠠᠶ᠋ᠢᠭ᠄ ᠵᠠᠯᠠᠶᠢᠤᠨ ᠬᠤᠰᠢᠭᠤᠨ ᠤ ᠡᠮᠡᠭᠳᠠᠶᠢᠴᠤᠤᠨ ᠤᠨ ᠬᠤᠯᠪᠤᠭᠠᠨ ᠤ ᠠᠵᠢᠯ ᠠᠴᠠ ᠪᠠᠨ ᠠᠮᠠᠷᠠᠭᠰᠠᠨ ᠺᠠᠳ᠋ᠷ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号