ᠳᠦᠷᠪᠡᠨ ᠰᠠᠷ᠎ᠠ ᠶᠢᠨ ᠰᠠᠯᠬᠢ
ᠨᠡᠶᠢᠲᠡᠯᠡᠭᠰᠡᠨ ᠴᠠᠭ᠄
2021/1/25
        ● ᠪᠤᠷᠵᠢᠭᠢᠨ · ᠪᠠᠶᠠᠨᠳᠦ᠋ᠭᠦᠷᠡᠩᠲᠡᠭᠷᠢ ᠶᠢᠨ ᠢᠶᠠᠨ ᠴᠡᠯᠮᠡᠭ ᠦᠩᠭᠡ ᠳᠤ ᠪᠠᠨ ᠡᠭᠦᠯᠡᠰ ᠤᠨ ᠬᠡ ᠲᠠᠢᠲᠦᠷᠪᠡᠨ ᠰᠠᠷ᠎ᠠ ᠶᠢᠨ ᠰᠠᠯᠬᠢᠲᠤᠷᠤᠨ᠎ᠠ ᠶᠢᠨ ᠠᠯᠲᠠᠨ ᠲᠤᠶᠠᠭ᠎ᠠ ᠬᠡᠯᠬᠢᠶᠡᠷᠡᠬᠦ ᠰᠢᠪᠠᠭᠤᠳ ᠤᠨ ᠵᠢᠭᠦᠷ ᠲᠤᠳᠤᠭᠳᠤᠯᠤᠩᠭᠤᠢ ᠠᠶᠠᠯᠭᠤ ᠲᠠᠢ ᠵᠢᠷᠦᠬᠡᠨ ᠲᠠᠯ᠎ᠠ ᠳᠤ ᠮᠢᠨᠢ ᠰᠠᠭᠠᠲᠠᠨᠠᠮᠳᠤᠯᠤᠭᠠᠳ ᠤᠨ ᠤᠷᠤᠢ ᠳᠠᠮᠵᠢᠵᠦ ᠠᠭᠤᠳᠠᠮ ᠲᠠᠯ᠎ᠠ ᠳᠤ ᠠᠯᠢᠶᠠᠷᠬᠠᠬᠤᠳᠦᠷᠪᠡᠨ ᠰᠠᠷ᠎ᠠ ᠶᠢᠨ ᠰᠠᠯᠬᠢᠲᠡᠷᠯᠢᠭ ᠤᠨ ᠮᠢᠨᠢ ᠡᠩᠭᠡᠷ ᠲᠤ ᠤᠨ ᠰᠠᠷ᠎ᠠ ᠶᠢ ᠴᠡᠴᠡᠭᠯᠡᠭᠦᠯᠵᠦᠲᠡᠷᠡ ᠬᠤᠯᠠ ᠶᠢᠨ ᠡᠷᠢᠯ ᠳᠤ ᠮᠤᠷᠳᠠᠬᠤ ᠰᠢᠭ᠋ ᠬᠦᠰᠡᠯ ᠤᠨ ᠵᠢᠭᠦᠷ ᠢ ᠤᠷᠭᠤᠭᠤᠯᠤᠨᠠᠮᠬᠦᠰᠡᠵᠦ ᠠᠮᠵᠢᠭ᠎ᠠ ᠦᠭᠡᠢ ᠪᠤᠳᠤᠯ ᠬᠦᠰᠡᠵᠦ ᠤᠳᠠᠭᠰᠠᠨ ᠰᠡᠳᠭᠢᠯᠬᠦᠯᠦᠭ ᠤᠨ ᠲᠤᠭᠤᠷᠠᠢ ᠳᠤ ᠬᠤᠯᠠ ᠶᠢᠨ ᠠᠶᠠᠨ ᠪᠤᠯᠵᠤ ᠡᠪᠬᠡᠭᠳᠡᠨᠡᠮᠬᠦᠯᠦᠭ ᠤᠨ ᠲᠠᠷ ᠰᠢᠯᠭᠠᠬᠤ ᠰᠢᠭ᠋ ᠰᠢᠯᠦᠭ ᠤᠨ ᠤᠩᠭᠤᠳ ᠰᠡᠷᠭᠦᠵᠥᠲᠦᠷᠪᠡᠨ ᠰᠠᠷ᠎ᠠ ᠶᠢᠨ ᠰᠠᠯᠬᠢᠳᠡᠩᠳᠡᠭᠦᠦ ᠤᠶᠠᠬᠠᠨ ᠰᠡᠳᠭᠢᠯ ᠳᠤ ᠮᠢᠨᠢ ᠨᠠᠶᠢᠷᠠᠭ ᠤᠨ ᠪᠤᠷᠤᠭ᠎ᠠ ᠪᠤᠯᠵᠤ ᠱᠠᠭᠢᠨᠠᠮ ᠁ᠤᠶᠠᠩᠭ᠎ᠠ ᠶᠢᠨ ᠬᠡᠯᠬᠢᠶ᠎ᠡ ᠲᠠᠢ ᠬᠦᠨᠳᠦᠯ ᠨᠤᠲᠤᠭᠠᠯᠲᠠᠨ ᠬᠠᠷᠠᠪᠤᠷ ᠴᠡᠴᠡᠭ ᠲᠡᠯᠭᠡᠷᠡᠬᠦ ᠤᠯᠠᠷᠢᠯ ᠢᠶᠠᠷᠬᠦᠨᠳᠦᠯ ᠨᠤᠲᠤᠭ ᠲᠤ ᠪᠢᠷ ᠤᠨ ᠴᠤᠭᠯᠠᠭᠠᠨ ᠪᠤᠯᠤᠨᠰᠠᠨᠠᠰᠬ᠎ᠠ ᠬᠠᠳᠠᠨ ᠤ ᠬᠠᠯᠢᠯ ᠡᠭᠴᠡ ᠳᠤ ᠵᠤᠷᠢᠭ ᠢᠶᠠᠨ ᠬᠦᠪᠴᠢᠯᠡᠬᠦ ᠪᠠᠷᠠᠯᠲᠠᠨ ᠬᠠᠷᠠᠪᠤᠷ ᠤᠨ ᠬᠠᠴᠢᠨ ᠭᠠᠶᠢᠬᠠᠮᠰᠢᠭ ᠲᠤ ᠪᠢᠯᠢᠭ ᠢᠶᠠᠨ ᠬᠤᠷᠴᠠᠯᠠᠬᠤ ᠪᠠᠷᠠᠯᠲᠠᠨ ᠤᠳᠤᠮ ᠤᠨ ᠤᠯᠠᠮᠵᠢᠯᠠᠯᠳᠤ ᠰᠤᠶᠤᠯ ᠤᠶᠤᠨ ᠤ ᠦᠪ ᠢᠶᠠᠨ ᠡᠭᠦᠷᠦᠭᠡᠳᠠᠯᠠᠭ ᠵᠢᠷᠦᠬᠡᠨ ᠤ ᠢᠵᠢᠯ ᠯᠤᠭᠰᠢᠯᠲᠠ ᠪᠠᠷ ᠬᠦᠨᠳᠦᠯ ᠤᠨ ᠠᠭᠤᠯᠠᠨ ᠳᠤ ᠪᠤᠯᠵᠤᠨᠠᠮᠰᠣᠣ ᠪᠢᠯᠢᠭ ᠤᠨ ᠷᠠᠰᠢᠶᠠᠨ ᠪᠤᠯᠠᠭ ᠬᠦᠨᠳᠦᠯ ᠨᠤᠲᠤᠭ ᠠᠴᠠ ᠣᠨᠳᠣᠷᠣᠨᠠᠮᠰᠤᠳᠤᠨ ᠬᠠᠶᠢᠷ᠎ᠠ ᠶᠢᠨ ᠤᠶᠤᠨ ᠤ ᠲᠤᠨᠤᠳᠠᠰᠤ ᠬᠦᠨᠳᠦᠯ ᠤᠨ ᠠᠭᠤᠯᠠᠨ ᠳᠤ ᠠᠰᠬᠠᠷᠠᠨᠠᠮᠬᠦᠬᠡᠷᠡᠨ ᠰᠦᠭᠯᠡᠶᠢᠬᠦ ᠠᠭᠤᠯᠠᠰ ᠤᠨ ᠡᠵᠡᠳ ᠰᠠᠬᠢᠭᠤᠰᠤ ᠳᠤ ᠰᠦᠰᠦᠭᠯᠡᠵᠦᠬᠦᠬᠡ ᠴᠢᠯᠠᠭᠤᠳ ᠤᠨ ᠢᠶᠠᠨ ᠦᠨᠢᠳᠡ ᠤᠷᠭᠤᠵᠤ ᠮᠦᠩᠬᠡ ᠰᠦᠨᠳᠡᠷᠯᠡᠬᠦ ᠶᠢ ᠬᠦᠰᠡᠨᠡᠮᠠᠭᠤᠯᠠᠰ ᠤᠨ ᠤᠷᠤᠢ ᠠᠴᠠ ᠠᠯᠤᠰ ᠢ ᠪᠠᠷᠠᠯᠠᠬᠤ ᠳᠤ ᠰᠡᠳᠭᠢᠯ ᠬᠦᠨᠳᠦᠳᠴᠦᠤᠳᠤᠮᠳᠤ ᠮᠤᠩᠭᠤᠯ ᠤᠨ ᠢᠶᠠᠨ ᠲᠡᠦᠬᠡ ᠱᠠᠰᠳᠢᠷ ᠢ ᠬᠠᠶᠢᠨ ᠰᠢᠨᠵᠢᠯᠡᠨᠡᠮᠤᠷᠤᠰᠬᠤ ᠪᠤᠯᠠᠭ ᠤᠨ ᠬᠠᠴᠢᠨ ᠦᠵᠡᠮᠵᠢ ᠳᠤ ᠨᠠᠶᠢᠷᠠᠭ ᠬᠦᠪᠦᠯᠵᠡᠭᠡᠳᠤᠶᠤᠲᠠᠨ ᠪᠢᠴᠢᠭᠳᠡᠨ ᠴᠤᠯᠭᠤᠷᠠᠭᠰᠠᠨ ᠬᠦᠨᠳᠦᠯ ᠨᠤᠲᠤᠭ ᠢ ᠭᠠᠶᠢᠬᠠᠨ ᠮᠠᠭᠳᠠᠨᠠᠮᠬᠤᠯᠠ ᠶᠢᠨ ᠬᠤᠯᠠᠬᠢ ᠠᠭᠤᠯᠠᠰ ᠤᠨ ᠤᠷᠦ᠋ᠢᠳ ᠢ ᠬᠤᠯᠪᠤᠵᠤ ᠰᠡᠳᠭᠢᠯ ᠤᠨ ᠴᠤᠤᠷᠢᠶ᠎ᠠ ᠨᠢᠰᠭᠡᠨᠬᠤᠩᠭᠤᠷ ᠵᠢᠷᠦᠬᠡᠨ ᠳᠤ ᠭᠠᠭᠴᠠᠬᠠᠨ ᠪᠠᠶᠢᠳᠠᠭ ᠨᠤᠲᠤᠭ ᠤᠰᠤ ᠪᠠᠨ ᠪᠠᠭ᠋ᠠᠳᠤᠵᠤᠬᠠᠯᠠᠭᠤᠨ ᠰᠡᠳᠭᠢᠯᠳᠦ ᠠᠬ᠎ᠠ ᠲᠡᠭᠦᠦ ᠲᠦᠷᠪᠡᠭᠦᠯᠡ ᠶᠢᠨ ᠪᠢᠴᠢᠭ ᠤᠨ ᠦᠷᠦᠭᠡᠨ ᠳᠤ ᠰᠠᠭᠠᠳᠠᠨᠵᠠᠭᠤᠨ ᠵᠠᠭᠤᠨ ᠤ ᠴᠦᠷᠬᠡᠯᠡᠭᠡ ᠲᠠᠢ ᠨᠡᠭᠦᠳᠡᠯ ᠤᠨ ᠲᠤᠭᠤᠰᠤ ᠶᠢ ᠠᠵᠢᠨᠠᠮᠳᠡᠭᠳᠡᠬᠦ ᠨᠠᠷᠠᠨ ᠤ ᠠᠯᠲᠠᠨ ᠲᠤᠶᠠᠭᠠᠨ ᠳᠤ ᠠᠭᠤᠯᠠᠰ ᠤᠨ ᠮᠠᠩᠨᠠᠢ ᠲᠡᠨᠢᠢᠭᠡᠳᠲᠡᠯᠭᠡᠷᠡᠵᠦ ᠠᠮᠵᠢᠭ᠎ᠠ ᠦᠭᠡᠢ ᠠᠯᠲᠠᠨ ᠬᠠᠷᠠᠪᠤᠷ ᠲᠤᠷᠭᠠᠨ ᠬᠦᠰᠡᠯ ᠢᠶᠠᠷ ᠢᠶᠠᠨ ᠤᠭᠳᠤᠨᠠᠮᠲᠡᠩᠳᠡᠭᠦᠦ ᠬᠠᠶᠢᠷ᠎ᠠ ᠶᠢᠨ ᠡᠴᠢᠨ᠎ᠡ ᠬᠢᠵᠠᠭᠠᠷ ᠠᠴᠠ ᠨᠠᠶᠢᠷᠠᠭ ᠤᠨ ᠤᠩᠭᠤᠳ ᠢ ᠳᠠᠯᠠᠯᠵᠣᠳᠠᠯᠠᠢ ᠪᠠᠶᠠᠨ ᠮᠤᠩᠭᠤᠯ ᠬᠠᠶᠢᠷ᠎ᠠ ᠪᠠᠷ ᠢᠶᠠᠨ ᠠᠯᠤᠰ ᠤᠨ ᠠᠯᠤᠰ ᠢ ᠵᠤᠷᠢᠨᠠᠮᠬᠦᠨᠳᠦᠯ ᠨᠤᠲᠤᠭ ᠤᠨ ᠴᠡᠩᠭᠡᠷ ᠤᠭᠲᠠᠷᠭᠤᠢ ᠠᠴᠠ ᠰᠠᠯᠬᠢᠨ ᠤ ᠡᠭᠡᠰᠢᠭ ᠴᠢᠩᠨᠠᠵᠤᠢᠷᠡᠬᠦ ᠮᠠᠷᠭᠠᠰᠢ ᠶᠢᠨ ᠤᠶᠤᠨ ᠤ ᠪᠤᠯᠵᠤᠭ᠎ᠠ ᠶᠢ ᠨᠠᠶᠢᠷᠠᠭ ᠤᠨ ᠱᠠᠳ ᠢᠶᠠᠷ ᠮᠢᠯᠢᠶᠠᠨᠠᠮᠶᠢᠷᠳᠢᠨᠴᠦ ᠶᠢᠨ ᠰᠢᠷᠦᠭᠦᠨ ᠤᠷᠤᠰᠬᠠᠯ ᠳᠤᠮᠳᠠᠭᠤᠷ ᠤᠩᠭᠤᠴᠠ ᠨᠢᠭᠡ ᠶᠢ ᠰᠡᠯᠢᠵᠦᠢᠷᠡᠭᠡᠳᠦᠢ ᠳᠠᠯᠠᠯᠤᠭᠰᠠᠨ ᠮᠤᠩᠭᠤᠯ ᠳᠠᠭᠤᠯᠠᠯ ᠳᠤ ᠪᠠᠨ ᠨᠤᠲ ᠨᠢᠭᠡ ᠶᠢ ᠨᠡᠮᠡᠷᠢᠯᠡᠶ᠎ᠠ︕
 
ᠢᠷᠡᠯᠲᠡ᠄ ᠬᠢᠩᠭᠠᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号