ᠪᠢ ᠵᠤᠬᠢᠶᠠᠯᠴᠢ ᠪᠤᠯᠤᠶ᠎ᠠ
ᠨᠡᠶᠢᠲᠡᠯᠡᠭᠰᠡᠨ ᠴᠠᠭ᠄
2019/6/28
     ︽ᠨᠡᠷᠨ ᠭᠠᠷᠪᠡᠯ ᠪᠠᠶᠢᠭᠠᠯᠢ ᠰᠡᠷᠬᠦᠳᠡᠭ ᠨᠤᠮ ᠤᠩᠰᠢᠪᠡᠯ ᠲᠠᠷᠢᠬᠢ ᠰᠡᠷᠬᠦᠳᠡᠭ︾ ᠭᠡᠳᠡᠭ ᠪᠢᠰᠢᠤ᠂ ᠨᠤᠮ ᠪᠢᠴᠢᠭ ᠪᠤᠯ ᠪᠢᠳᠡᠨ ᠤ ᠬᠠᠷᠠᠭ᠎ᠠ ᠶᠢ ᠰᠠᠷᠠᠭᠤᠯᠵᠢᠭᠤᠯᠬᠤ ᠴᠤᠩᠬᠤ᠂ ᠰᠡᠳᠬᠢᠯ ᠤᠨ ᠡᠬᠦᠳᠡ ᠶᠢ ᠨᠡᠭᠡᠭᠡᠬᠦ ᠲᠦᠯᠬᠢᠬᠦᠷ᠂ ᠨᠤᠮ ᠤᠩᠰᠢᠬᠤ ᠨᠢ ᠬᠦᠮᠤᠨ ᠤ ᠤᠶᠤᠨ ᠤᠬᠠᠭᠠᠨ ᠢ ᠲᠠᠯᠠᠵᠦ ᠠᠮᠢᠳᠤᠷᠡᠯ ᠤᠨ ᠤᠬᠠᠭᠠᠨ ᠳᠤ ᠰᠤᠷᠭᠠᠳᠠᠭ᠃ ᠡᠨᠡ ᠨᠢ ︽ᠤᠬᠠᠭᠠᠨ ᠤ ᠲᠠᠯᠠᠢ ᠨᠤᠮ ᠠᠴᠠ ᠡᠬᠢᠳᠡᠢ︾ ᠭᠡᠳᠡᠭ ᠤᠨ ᠦᠨᠳᠤᠰᠤ ᠰᠤᠷᠪᠤᠯᠵᠢ ᠪᠠᠶᠢᠬ᠎ᠠ᠃ ᠨᠤᠮ ᠤᠩᠰᠢᠬᠤ ᠨᠢ ᠨᠡᠳᠡ ᠳᠤ ᠬᠠᠮᠤᠭ ᠤᠨ ᠶᠡᠭᠡ ᠪᠠᠶᠠᠷ ᠪᠠᠶᠠᠰᠤᠯ ᠢ ᠤᠯᠭᠤᠳᠠᠭ᠃      ᠨᠤᠮ ᠤᠨ ᠲᠡᠯᠭᠡᠬᠦᠷ ᠪᠤᠶᠤ ᠨᠤᠮ ᠤᠨ ᠰᠠᠩ ᠳᠤ ᠤᠴᠢᠵᠦ ᠵᠢᠶᠠᠰᠡᠨ ᠲᠡᠭᠡᠷ᠎ᠡ ᠲᠡᠷᠢ ᠲᠡᠭᠰᠢᠬᠡᠨ ᠦᠷᠦᠵᠦ ᠲᠠᠯᠪᠢᠭᠰᠠᠨ ᠨᠤᠮ ᠤᠳ ᠢ ᠦᠵᠡᠬᠦ ᠪᠤᠯᠭᠠᠨ ᠮᠢᠨᠤ ᠬᠤᠷᠤᠬᠠᠢ ᠬᠦᠳᠡᠯᠵᠦ᠂ ᠨᠢᠭᠡ ᠯᠠ ᠠᠮᠢᠰᠬᠤᠯ ᠢᠶᠠᠷ ᠤᠩᠰᠢᠵᠦ ᠰᠢᠩᠭᠡᠭᠡᠶ᠎ᠡ ᠭᠡᠵᠦ ᠪᠤᠳᠤᠳᠠᠭ᠃ ᠡᠭᠡᠴᠢ ᠠᠮᠠᠷᠡᠯᠳᠡ ᠲᠠᠯᠪᠢᠭᠠᠳ ᠢᠷᠡᠬᠦ ᠳᠤ ᠪᠠᠨ ︽ᠳᠤᠮᠳᠡᠳᠤ ᠰᠤᠷᠭᠠᠭᠤᠯᠢ ᠶᠢᠨ ᠰᠤᠷᠤᠭᠴᠢᠳ ᠤᠨ ᠵᠤᠬᠢᠶᠠᠯ ᠤᠨ ᠰᠤᠩᠭᠤᠮᠡᠯ︾᠂ ︽ᠬᠤᠪᠢᠰᠬᠠᠯᠳᠤ ᠪᠠᠭᠠᠳᠤᠷᠴᠤᠳ ᠤᠨ ᠦᠯᠢᠭᠡᠷ︾᠂ ︽ᠳᠤᠷᠭᠠᠨ ᠵᠢᠯᠤᠭᠤ︾ ᠁ ᠵᠡᠷᠭᠡ ᠨᠤᠮ ᠰᠡᠳᠬᠦᠯ ᠠᠪᠴᠢᠷᠡᠵᠦ ᠦᠭᠳᠡᠭ᠃ ᠡᠳᠡᠭᠡᠷ ᠨᠤᠮ ᠨᠢ ᠮᠢᠨᠤ ᠬᠠᠮᠤᠭ ᠤᠨ ᠡᠷᠬᠢᠮ ᠨᠠᠨᠳᠢᠨ ᠨᠡᠶᠢᠵᠡ ᠪᠤᠯᠳᠠᠭ ᠡ᠃        ︽ᠤᠩᠰᠢᠭᠰᠠᠭᠠᠷ ᠤᠩᠰᠢᠭᠰᠠᠭᠠᠷ ᠤᠷᠤᠯᠳᠤᠯᠭ᠎ᠠ ᠲᠠᠢ ᠪᠤᠯᠵᠦ ᠪᠢᠴᠢᠭᠰᠡᠭᠡᠷ ᠪᠢᠴᠢᠭᠰᠡᠭᠡᠷ ᠪᠢᠯᠢᠭ ᠴᠤᠭᠤᠷᠳᠠᠭ︾ ᠭᠡᠳᠡᠭ ᠢᠶᠠᠷ ᠪᠢ ᠨᠤᠮ ᠤᠩᠰᠢᠬᠤ ᠳᠤᠷᠡᠳᠡᠢ ᠪᠠᠶᠢᠬᠰᠡᠨ ᠠᠴᠠ ᠪᠠᠨ ᠡᠳᠤᠷ ᠤᠨ ᠲᠡᠮᠳᠡᠭᠯᠡᠯ᠂ ᠲᠡᠮᠳᠡᠭᠯᠡᠨ ᠳᠤᠭᠠᠴᠢᠬᠰᠡᠨ ᠵᠤᠬᠢᠶᠠᠯ ᠪᠠᠭ᠎ᠠ ᠰᠠᠭ᠎ᠠ ᠪᠢᠴᠢᠵᠦ ᠤᠷᠤᠯᠳᠤᠬᠤ ᠪᠤᠯᠪᠠ᠃ ᠲᠡᠭᠡᠭᠡᠳ ᠲᠡᠭᠡᠷ᠎ᠡ ᠤᠳᠠᠭᠠᠨ ᠤ ︽ᠵᠤᠬᠢᠶᠠᠨ ᠪᠢᠴᠢᠯᠭᠡ ᠶᠢᠨ ᠤᠷᠤᠯᠳᠤᠭᠠᠨ︾ ᠳᠤ ᠪᠠᠭ᠎ᠠ ᠰᠤᠷᠭᠠᠭᠤᠯᠢ ᠠᠴᠠ ᠪᠠᠨ ᠡᠬᠢᠯᠡᠨ ᠵᠤᠬᠢᠶᠠᠯ ᠪᠢᠴᠢᠬᠦ ᠳᠤ ᠳᠤᠷ᠎ᠠ ᠪᠠᠬ᠎ᠠ ᠲᠠᠢ ᠰᠤᠷᠭᠤᠭ ᠪᠢᠳᠡ ᠬᠤᠶᠠᠷ ᠢ ᠤᠷᠤᠯᠴᠠᠭᠤᠯᠪᠡ᠃ ᠬᠤᠶᠠᠷ ᠭᠠᠷᠠᠭ ᠤᠨ ᠲᠠᠷᠠᠭ᠎ᠠ ᠬᠦᠯᠢᠶᠠᠵᠦ ᠤᠳᠠᠭᠰᠡᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠳ᠋ᠦᠩ ᠨᠡᠶᠢᠳᠡᠯᠡᠬᠦ ᠪᠤᠯᠤᠯ᠎ᠠ᠃ ᠪᠢ ᠪᠠᠴᠢᠮᠳᠡᠨ ᠰᠠᠨᠳᠤᠷᠴᠦ ︽ᠮᠢᠨᠤ ᠪᠢᠴᠢᠭᠰᠡᠨ ᠵᠤᠬᠢᠶᠠᠯ ᠰᠠᠶᠢᠨ ᠬᠢᠷᠢ ᠪᠦᠳᠤᠮᠵᠢ ᠤᠯᠤᠭᠰᠡᠨ ᠪᠤᠯ ᠤᠤ︖︾ ᠭᠡᠵᠦ ᠰᠠᠨᠠᠭᠠᠰᠢᠷᠡᠵᠦ ᠪᠠᠶᠢᠳᠡᠯ᠎ᠡ ᠨᠠᠮᠠᠢᠢ ᠲᠠᠭᠤᠳᠡᠪᠡ᠃ ᠪᠢ ᠠᠯᠠᠰᠬᠢᠨ ᠪᠠᠶᠠᠷᠯᠠᠵᠦ ᠲᠡᠶᠢᠰᠡᠨ ᠳᠤ ᠭᠠᠷᠴᠦ ᠱᠠᠩᠨᠠᠯ ᠢᠶᠠᠨ ᠳᠤᠰᠤᠯ᠎ᠠ᠃ ᠲᠡᠷᠨ ᠬᠦ ᠬᠤᠷᠤᠮ ᠳᠤ ᠬᠤᠯᠨ ᠶᠢᠨ ᠬᠤᠯᠨ ᠬᠦᠰᠡᠯ ᠮᠦᠷᠦᠭᠡᠳᠤᠯ ᠤᠨ ᠤᠴᠢ ᠬᠢᠯᠠᠯᠵᠠᠵᠦ ᠪᠠᠶᠢᠬᠤ ᠰᠢᠭ᠋ ᠲᠠᠶᠢᠮᠤ ᠯᠠ ᠭᠡᠭᠡᠨ ᠰᠠᠷᠠᠭᠤᠯ ᠰᠠᠨᠠᠭᠳᠠᠭᠰᠠᠡ︕ ᠡᠨᠡ ᠱᠠᠩᠨᠠᠯ ᠢ ᠦᠵᠡᠬᠦ ᠪᠤᠯᠭᠠᠨ ᠰᠡᠳᠬᠢᠯ ᠳᠤᠭᠳᠤᠯᠵᠦ᠂ ᠤᠮᠤᠭ ᠵᠤᠷᠢᠭ ᠨᠡᠮᠡᠭᠳᠡᠳᠡᠭ᠃ ᠡᠨᠡ ᠤᠳᠠᠭᠠᠨ ᠤ ᠠᠮᠵᠢᠯᠳᠡ ᠠᠴᠠ ᠪᠢ ᠨᠡᠩ ᠢᠯᠡᠬᠦᠦ ᠪᠠᠶ᠎ᠠ ᠳᠤ ᠪᠠᠨ ᠢᠳᠡᠭᠡᠯ ᠲᠠᠢ ᠪᠤᠯᠤᠭᠰᠡᠨ ᠠᠴᠠ ᠴᠢᠨᠠᠭᠰᠢᠳᠡ ᠰᠤᠷᠤᠯᠭ᠎ᠠ ᠶᠢᠨ ᠵᠠᠮ ᠳᠤ ᠤᠯᠠᠨ ᠰᠠᠶᠢᠬᠠᠨ ᠭᠡᠷᠡᠯ ᠬᠢᠯᠪᠠᠭ᠎ᠠ ᠶᠢ ᠠᠪᠴᠢᠷᠡᠵᠦ ᠦᠭᠬᠦᠯ᠎ᠡ᠃ ᠤᠳᠤ ᠪᠤᠯᠳᠡᠯ᠎ᠡ ᠲᠡᠷᠨ ᠢᠷᠠᠭᠤ ᠠᠯᠳᠡᠷ ᠤᠨ ᠱᠠᠩᠨᠠᠯ ᠮᠢᠨᠤ ᠦᠷᠦᠭᠡᠨ ᠳᠤ ᠡᠯᠬᠦᠭᠳᠡᠵᠦ ᠪᠠᠶᠢᠨ᠎ᠡ᠃ ᠮᠢᠨᠤ ᠲᠦᠷᠦᠯ ᠰᠠᠳᠤᠨ ᠡᠭᠡᠴᠢ ᠲᠡᠬᠦᠦ ᠱᠠᠩᠨᠠᠯ ᠢ ᠤᠯᠵᠦ ᠦᠵᠡᠪᠡᠯ ᠪᠦᠷ ᠨᠡᠳᠡ ᠳᠤ ᠮᠠᠭᠳᠠᠭᠠᠯ ᠰᠠᠶᠢᠰᠢᠶᠠᠯ ᠬᠠᠶᠢᠷᠠᠯᠠᠳᠠᠭ᠃ ᠮᠢᠨᠤ ᠬᠠᠶᠢᠷᠡᠳᠡᠢ ᠡᠨᠡ ᠱᠠᠩᠨᠠᠯ ᠨᠡᠳᠡ ᠳᠤ ᠨᠠᠰᠤᠨ ᠳᠤᠷᠰᠢᠳᠡ ᠶᠢᠨ ᠵᠤᠷᠢᠭᠵᠢᠭᠤᠯᠤᠯ ᠪᠤᠯᠤᠨ᠎ᠡ ᠭᠡᠳᠡᠭ ᠢ ᠪᠠᠳᠤ ᠢᠳᠡᠭᠡᠵᠦ ᠪᠠᠶᠢᠨ᠎ᠡ᠃ ᠭᠡᠬᠦ ᠳᠤ ᠪᠠᠨ ᠲᠡᠷᠨ ᠦᠶ᠎ᠠ ᠠᠴᠠ ᠡᠬᠢᠯᠡᠵᠦ ᠳᠤᠮᠤ ᠪᠤᠯᠪᠠᠯ ᠵᠤᠬᠢᠶᠠᠯᠴᠢ ᠪᠤᠯᠤᠶ᠎ᠠ ᠭᠡᠵᠦ ᠰᠡᠳᠬᠢᠯ ᠳᠤ ᠪᠠᠨ ᠲᠡᠰᠤ ᠪᠤᠳᠤᠪᠠ᠃     ᠠᠩᠬ᠎ᠠ ᠳᠤᠮᠳᠡᠳᠤ ᠶᠢᠨ ᠬᠡᠯᠨ ᠪᠢᠴᠢᠭ ᠤᠨ ᠬᠢᠴᠢᠶᠠᠯ ᠳᠤ ᠨᠡᠳᠡ ᠳᠤ ᠬᠠᠮᠤᠭ ᠠᠴᠠ ᠰᠠᠭᠤᠭᠳᠡᠯ ᠬᠦᠨ ᠨᠢ ︽ᠰᠢᠯᠦᠭ ᠤᠨ ᠬᠤᠷᠤᠬᠠᠶᠢᠳᠡᠨ ᠤ ᠦᠯᠢᠭᠡᠷ︾ ᠭᠡᠬᠦ ᠵᠤᠬᠢᠶᠠᠯ ᠪᠤᠯᠤᠨ᠎ᠡ᠃ ᠰᠢᠯᠦᠭ ᠤᠨ ᠬᠤᠷᠤᠬᠠᠶᠢᠳᠡᠨ — ᠪ᠊ · ᠤᠰᠤᠷ ᠭᠤᠸᠠᠢ ᠬᠠᠷᠠᠬᠠᠨ ᠪᠠᠭ᠎ᠠ ᠠᠴᠠ ᠪᠠᠨ ᠨᠤᠮ ᠪᠢᠴᠢᠭ ᠲᠠᠢ ᠨᠤᠴᠤᠯᠳᠤᠵᠦ ᠴᠦᠬᠦᠷᠡᠯ ᠦᠭᠡᠢ ᠴᠢᠷᠮᠠᠶᠢᠭᠰᠠᠭᠠᠷ ᠪᠠᠶᠢᠵᠦ ᠰᠢᠯᠦᠭᠴᠢ ᠪᠤᠯᠬᠤ ᠬᠦᠰᠡᠯ ᠢᠶᠠᠨ ᠪᠠᠶᠠᠯᠡᠬᠦᠯᠵᠦ᠂ ᠰᠢᠯᠦᠭᠴᠢ ᠶᠢᠨ ᠡᠩᠨᠡᠭᠡᠨ ᠳᠤ ᠬᠤᠰᠢᠭᠤᠷᠡᠵᠦ ᠶᠠᠪᠤᠭᠰᠡᠨ᠃ ᠡᠨᠡ ᠨᠢ ᠨᠡᠳᠡ ᠳᠤ ᠳᠦᠢᠯ ᠤᠨ ᠶᠡᠭᠡ ᠵᠤᠷᠢᠭᠵᠢᠭᠤᠯᠤᠯ ᠪᠤᠯᠵᠦ ᠪᠢ ᠪᠡᠰᠡ ᠪ᠊ · ᠤᠰᠤᠷ ᠭᠤᠸᠠᠢ ᠠᠴᠠ ᠲᠠᠭᠠᠨ ᠰᠤᠷᠤᠯᠴᠠᠵᠦ ᠨᠤᠮ ᠪᠢᠴᠢᠭ ᠤᠩᠰᠢᠵᠦ ᠬᠠᠯᠠᠰᠢᠷᠡᠯ ᠦᠭᠡᠢ ᠪᠢᠴᠢᠵᠦ ᠯᠠ ᠪᠠᠶᠢᠪᠡᠯ ᠠᠯᠢ ᠨᠢᠭᠡᠨ ᠡᠳᠤᠷ ᠵᠤᠬᠢᠶᠠᠯᠴᠢ ᠶᠢᠨ ᠡᠩᠨᠡᠭᠡᠨ ᠳᠤ ᠬᠦᠯ ᠬᠢᠰᠬᠢᠨ ᠤᠷᠤᠬᠤ ᠪᠤᠯᠤᠨ᠎ᠡ ᠭᠡᠵᠦ ᠡᠷᠴᠢ ᠵᠤᠷᠢᠭ ᠢᠶᠠᠨ ᠴᠢᠩᠭᠠᠯᠠᠳᠠᠭ᠃     ︽ᠨᠤᠮ ᠪᠢᠴᠢᠭ ᠢ ᠲᠦᠮᠡᠨ ᠪᠤᠳᠢ ᠤᠩᠰᠢᠪᠡᠰᠤ᠂ ᠪᠢᠷ ᠤᠨ ᠦᠵᠤᠬᠦᠷ ᠷᠢᠳᠢ ᠰᠢᠳᠢ ᠤᠷᠤᠰᠢᠮᠤᠢ︾ ᠨᠤᠮ ᠵᠤᠬᠢᠶᠠᠯ ᠤᠩᠰᠢᠬᠤ ᠨᠢ ᠪᠢᠳᠡᠨ ᠤ ᠦᠭᠡᠰ ᠤᠨ ᠰᠠᠩ ᠢ ᠪᠠᠶᠠᠯᠢᠭᠵᠢᠭᠤᠯᠵᠦ᠂ ᠬᠡᠯᠡᠨ ᠤ ᠮᠡᠳᠡᠷᠡᠮᠵᠢ ᠶᠢ ᠲᠡᠭᠡᠭᠰᠢᠯᠡᠬᠦᠯᠳᠡᠭ᠃ ᠡᠶᠢᠮᠤ ᠠᠴᠠ ᠪᠢᠳᠡ ᠨᠤᠮ ᠲᠠᠢ ᠨᠦᠬᠦᠷᠯᠡᠵᠦ ᠶᠠᠪᠤᠬᠤ ᠡᠬᠦᠷᠢᠳᠡ ᠶᠢᠨ ᠠᠮᠠᠯᠠᠯᠳᠡ ᠲᠠᠯᠪᠢᠶ᠎ᠠ︕      ᠬᠦᠰᠡᠯ ᠭᠡᠭᠴᠢ ᠬᠦᠮᠤᠨ ᠤ ᠤᠷᠴᠢᠯᠠᠩ ᠤᠨ ᠮᠦᠷᠦᠭᠡᠳᠤᠯ ᠬᠦᠬᠡᠬᠡᠴᠡᠯᠳᠤᠯ᠂ ᠤᠳᠬ᠎ᠠ ᠠᠭᠤᠯᠭ᠎ᠠ ᠭᠡᠷᠡᠯ ᠬᠢᠯᠪᠠᠭ᠎ᠠ ᠪᠢᠯᠨ᠃ ᠳᠤᠯᠤᠭᠠᠨ ᠦᠩᠭᠡ ᠪᠠᠷ ᠰᠤᠯᠤᠩᠭᠠᠷᠠᠭᠰᠡᠨ ᠡᠨᠡᠬᠦ ᠵᠤᠬᠢᠶᠠᠯᠴᠢ ᠪᠤᠯᠬᠤ ᠬᠦᠰᠡᠯ ᠢᠶᠠᠨ ᠪᠠᠶᠠᠯᠡᠬᠦᠯᠬᠦ ᠶᠢᠨ ᠲᠦᠯᠤᠭᠡ ᠪᠢ ᠬᠦᠴᠦᠯᠡᠨ ᠴᠢᠷᠮᠠᠶᠢᠵᠦ ᠪᠠᠶᠢᠨ᠎ᠡ᠃       ᠬᠦᠰᠡᠯ ᠮᠢᠨᠢ ᠪᠠᠶᠠᠯᠡᠭᠳᠡᠬᠦ ᠪᠤᠯᠳᠤᠭᠠᠢ︕ᠵᠤᠬᠢᠶᠠᠬᠴᠢ᠄ ᠰᠤᠳᠤᠨ ︵ᠢᠨᠳᠡᠷ ᠲᠠᠬᠢ ᠵᠢᠷᠭᠤᠳᠤᠭᠠᠷ ᠳᠤᠮᠳᠠᠲᠦ ᠰᠤᠷᠭᠠᠭᠤᠯᠢ ᠶᠢᠨ ᠬᠤᠶᠠᠷ ᠤᠨ ᠠᠷᠪᠡᠨ ᠲᠦᠷᠪᠡ ᠵᠢᠯᠤᠭᠤᠳᠤᠭᠰᠡᠨ ᠪᠠᠭᠰᠢ᠄ ᠰᠠᠷᠡᠨ᠎ᠡ
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号