ᠮᠧᠲᠷ ᠵᠠᠢ
ᠨᠡᠶᠢᠲᠡᠯᠡᠭᠰᠡᠨ ᠴᠠᠭ᠄
2019/8/12
 ᠵᠣᠬᠢᠶᠠᠭᠴᠢ᠄  ● ᠬᠦᠢᠳᠡᠨᠪᠤᠯᠠᠭ      ︽ᠲᠠᠯᠡᠬᠡᠢ ᠶᠢᠨ ᠪᠦᠮᠪᠦᠷᠴᠡᠭ ᠲᠡᠭᠡᠷᠡᠬᠢ ᠲᠤᠷ᠎ᠠ ᠶᠢᠨ ᠬᠤᠶᠠᠷ ᠭᠠᠵᠠᠷ ᠤᠨ ᠵᠠᠢ ᠨᠢ ᠨᠢᠭᠡ ᠬᠤᠶᠠᠷ ᠮᠧᠳ᠋ᠷ ᠠᠴᠠ ᠠᠷᠠᠢ ᠬᠡᠳᠦᠷᠡᠬᠦ ᠦᠭᠡᠢ︾ ᠭᠡᠵᠤ ᠭᠠᠵᠠᠷ ᠵᠦᠢ ᠶᠢᠨ ᠪᠠᠭᠰᠢ ᠮᠠᠨᠢ ᠬᠠᠨᠠᠨ ᠳᠤ ᠡᠯᠭᠦᠭᠡᠰᠦᠳᠡᠢ ᠲᠡᠯᠡᠬᠡᠢ ᠶᠢᠨ ᠭᠠᠵᠠᠷ ᠤᠨ ᠵᠢᠷᠤᠭ ᠢ ᠵᠢᠭᠠᠭᠠᠳ ᠰᠡᠴᠡᠯᠡᠨ᠎ᠡ᠃ ᠡᠭᠦᠨ ᠢ ᠰᠤᠨᠤᠰᠤᠩᠭᠤᠳᠠ᠂ ᠬᠤᠭᠤᠷ ᠤᠨ ᠦᠯᠢᠭᠡᠷ ᠲᠤ ᠬᠡᠯᠡᠳᠡᠭ ︽ᠲᠩᠷᠢ ᠲᠡᠭᠡᠷᠡᠬᠢ ᠨᠢᠭᠡ ᠡᠳᠦᠷ ᠨᠢ ᠭᠠᠵᠠᠷ ᠲᠡᠭᠡᠷᠡᠬᠢ ᠨᠢᠭᠡ ᠵᠢᠯ︾ ᠭᠡᠬᠦ ᠦᠭᠡ ᠶᠢ ᠰᠠᠨᠠᠭᠠᠨ ᠳᠤ ᠤᠷᠤᠪᠠ᠃ ᠬᠤᠵᠢᠮ ᠰᠡᠭᠦᠯ ᠳᠤ ᠨᠢ ᠠᠶᠢᠨᠰᠲ᠋ᠠᠨ ᠤ ᠬᠠᠷᠢᠴᠠᠩᠭᠤᠢ ᠤᠨᠤᠯ ᠭᠡᠳᠡᠭ ᠢ ᠰᠤᠨᠤᠰᠤᠭᠠᠳ ᠡᠨᠡ ᠭᠤᠷᠪᠠᠨ ᠵᠦᠢᠯ ᠨᠢ ᠬᠤᠭᠤᠷᠤᠨᠳᠤ ᠪᠠᠨ ᠶᠠᠮᠠᠷ ᠨᠢᠭᠡᠨ ᠬᠤᠯᠪᠤᠭ᠎ᠠ ᠲᠠᠢ ᠴᠦ ᠶᠤᠮ ᠤᠤ︖ ᠭᠡᠵᠤ ᠪᠤᠳᠤᠬᠤ ᠪᠤᠯᠪᠠ᠃ ᠲᠡᠭᠡᠭᠰᠡᠨ ᠠᠴᠠ ᠪᠢ ᠰᠢᠨᠵᠢᠯᠡᠬᠦ ᠤᠬᠠᠭᠠᠨ ᠳᠤ ᠲᠤᠷ᠎ᠠ ᠪᠠᠬ᠎ᠠ ᠲᠠᠢ ᠪᠤᠯᠵᠤ ᠡᠬᠢᠯᠡᠪᠡ᠂ ᠮᠢᠨᠦ ᠰᠢᠨᠵᠢᠯᠡᠬᠦ ᠤᠬᠠᠭᠠᠨ ᠤ ᠪᠠᠭᠰᠢ ᠪᠣᠯ ᠶᠠᠷᠢᠶᠠᠨ ᠦᠭᠡᠢ ᠭᠠᠵᠠᠷ ᠵᠦᠢ ᠶᠢᠨ ᠪᠠᠭᠰᠢ ᠮᠢᠨᠢ ᠪᠤᠯᠬᠤ ᠠᠴᠠ ᠪᠢᠰᠢ ᠬᠠᠷᠢᠨ ᠠᠶᠢᠨᠰᠲ᠋ᠠᠨ ᠪᠢᠰᠢ ᠶᠤᠮ᠂ ᠠᠶᠢᠨᠰᠲ᠋ᠠᠨ ᠪᠣᠯ ᠨᠠᠮ᠎ᠠ ᠠᠴᠠ ᠬᠡᠳᠦ ᠬᠤᠯᠠ ᠮᠦᠷᠳᠡᠭᠡᠨ ᠬᠡᠳᠦ ᠡᠷᠳᠡᠨ ᠤ ᠤᠷᠤᠰᠢᠬᠤᠢ᠃ ᠭᠡᠪᠡᠴᠦ ᠲᠡᠭᠦᠨ ᠤ ᠬᠠᠷᠢᠴᠠᠩᠭᠤᠢ ᠤᠨᠤᠯ ᠢ ᠦᠨᠳᠦᠰᠦᠯᠡᠪᠡᠯ ᠲᠡᠷᠡ ᠮᠦᠨ ᠨᠠᠮ᠎ᠠ ᠠᠴᠠ ᠲᠤᠩ ᠤᠶᠢᠷᠠᠬᠠᠨ ᠤᠷᠤᠰᠢᠬᠤᠢ ᠪᠠᠶᠢᠪᠠᠯ ᠲᠠᠭᠠᠷᠠᠨ᠎ᠠ᠃ ᠪᠢ ᠤᠳᠤ ᠶᠠᠮᠠᠷ ᠴᠦ ᠠᠰᠠᠭᠤᠳᠠᠯ ᠢ ᠪᠦᠷ ᠢᠩᠬᠢᠵᠦ ︽ᠰᠢᠨᠵᠢᠯᠡᠬᠦ ᠤᠬᠠᠭᠠᠨᠴᠢ︾ ᠤᠪᠤᠷ ᠢᠶᠠᠷ ᠰᠡᠳᠬᠢᠬᠦ ᠪᠤᠯᠤᠬᠰᠠᠨ ᠶᠤᠮ᠃ ᠲᠡᠭᠡᠭᠰᠡᠨ ᠠᠴᠠ ᠤᠯᠠᠨ ᠠᠷᠪᠢᠨ ᠬᠡᠪᠰᠢᠭᠰᠡᠨ ᠤᠬᠠᠬᠳᠠᠬᠤᠨ ᠢ ᠴᠦ ᠰᠢᠨ᠎ᠠ ᠪᠠᠷ ᠲᠠᠨᠢᠵᠦ ᠡᠬᠢᠯᠡᠵᠡᠢ᠃     ᠰᠦᠨᠢ ᠲᠦᠯᠢ ᠪᠣᠯ ᠴᠠᠭ ᠤᠨ ᠤᠬᠠᠮᠰᠠᠷ ᠲᠡᠳᠦᠢ᠂ ᠦᠭᠡᠷ᠎ᠠ ᠪᠠᠷ ᠬᠡᠯᠡᠪᠡᠯ ᠲᠡᠷᠡ ᠨᠢ ᠴᠠᠭ ᠤᠨ ᠵᠡᠭᠦᠦ ᠶᠢᠨ ᠵᠢᠭᠠᠯᠳᠠ ᠲᠤᠭ᠎ᠠ ᠨᠢ ᠰᠦᠨᠢ ᠶᠢᠨ ᠠᠷᠪᠠᠨ ᠬᠤᠶᠠᠷ ᠴᠠᠭ ᠤᠨ ᠨᠠᠭᠠᠭᠤᠷ ᠴᠠᠭᠠᠭᠤᠷ ᠪᠠᠶᠢᠬᠤ ᠶᠢ ᠵᠢᠭᠠᠭᠰᠠᠨ ᠤᠬᠠᠬᠳᠠᠬᠤᠨ ᠮᠥᠨ᠂ ᠭᠡᠪᠡᠴᠦ ᠲᠡᠭᠦᠨ ᠤ ᠡᠴᠢᠨ᠎ᠡ ᠴᠠᠭᠠᠨ᠎ᠠ ᠨᠢ ᠬᠦᠮᠦᠨ ᠠᠮᠢᠳᠠᠨ ᠬᠦᠯ ᠦᠢᠮᠡᠭᠡᠨ ᠢᠶᠠᠨ ᠬᠤᠷᠢᠶᠠᠵᠤ ᠲᠤᠭ ᠨᠦᠢᠷ ᠲᠤ ᠪᠠᠨ ᠤᠷᠤᠬᠤ᠂ ᠲᠡᠯᠡᠬᠡᠢ ᠶᠡᠷᠳᠢᠨᠴᠦ ᠫᠠᠳ ᠬᠠᠷᠠᠩᠭᠤᠢ ᠪᠤᠯᠬᠤ᠂ ᠬᠤᠳᠠ ᠵᠡᠭᠡᠯᠢ ᠡᠯᠦᠢ ᠬᠤᠯᠤᠢ ᠪᠤᠯᠬᠤ ᠭᠡᠬᠦ ᠮᠡᠳᠦ ᠶᠢᠨ ᠠᠭᠤᠯᠭ᠎ᠠ ᠲᠠᠭᠠᠯᠳᠤᠵᠤ ᠪᠠᠶᠢᠬᠤ ᠨᠢ ᠵᠢᠮ᠎ᠡ ᠶᠤᠰᠤ ᠪᠤᠯᠵᠤ ᠬᠡᠪᠰᠢᠵᠡᠢ᠃ ᠡᠶᠢᠮᠦ ᠠᠴᠠ ᠰᠦᠨᠢ ᠲᠦᠯᠢ ᠶᠢ ᠤᠶᠢᠯᠠᠭᠠᠬᠤ ᠬᠦᠮᠦᠨ ᠬᠠᠷᠢᠴᠠᠩᠭᠤᠢ ᠴᠦᠬᠡᠨ ᠪᠠᠶᠢᠳᠠᠭ᠃ ᠡᠨᠡᠬᠦ ᠴᠦᠬᠡᠨ ᠲᠤᠭᠠᠨ ᠤ ᠬᠦᠮᠦᠰ ᠤᠨ ᠲᠤᠳᠤᠷ᠎ᠠ ᠮᠢᠨᠦ ᠲᠠᠨᠢᠳᠠᠭ ᠬᠦᠮᠦᠨ ᠨᠢ ᠨᠡᠩ ᠴᠦᠬᠡᠨ ᠲᠤᠭ᠎ᠠ ᠶᠢ ᠡᠵᠡᠯᠡᠳᠡᠭ᠂ ᠡᠨᠡ ᠨᠡᠩ ᠴᠦᠬᠡᠨ ᠲᠤᠭᠠᠨ ᠤ ᠲᠤᠲᠤᠷ᠎ᠠ ᠨᠢ ᠮᠠᠵᠢᠶᠠᠩ ᠲᠤᠬᠯᠠᠳᠠᠭ ᠬᠦᠮᠦᠨ ᠨᠢ ᠶᠡᠭᠡᠩᠬᠢ ᠲᠤᠭ᠎ᠠ ᠶᠢ ᠡᠵᠡᠯᠡᠳᠡᠭ ᠶᠤᠮ᠂ ᠲᠡᠶᠢᠮᠦ ᠮᠦᠷᠳᠡᠭᠡᠨ ᠡᠨᠡᠬᠦ ᠶᠡᠭᠡᠩᠬᠢ ᠲᠤᠭ᠎ᠠ ᠨᠢ ᠪᠠᠷᠤᠭ ᠪᠦᠷ ᠮᠤᠩᠭᠤᠯ ᠬᠦᠮᠦᠨ ᠪᠢᠯᠡ᠃     ᠨᠠᠳᠠ ᠳᠤ ᠬᠤᠶᠠᠷ ᠮᠠᠵᠢᠶᠠᠩ ᠤᠨ ᠪᠠᠭᠰᠢ ᠪᠤᠢ᠃ ᠲᠡᠭᠦᠨ ᠤ ᠨᠢᠭᠡ ᠨᠢ ᠲᠡᠷᠭᠡᠨ ᠡ᠊ᠨᠳᠡᠯ ᠢᠶᠠᠷ ᠳ᠋ᠧᠪᠠᠵᠠᠨ ᠳᠤ ᠪᠠᠨ ᠮᠤᠷᠳᠠᠵᠠᠢ᠂ ᠨᠦᠭᠦᠬᠡ ᠨᠢ ᠤᠳᠤ ᠬᠢᠨᠳᠡᠨ ᠤ ᠮᠤᠬᠤᠷ ᠰᠠᠬᠢᠵᠤ ᠰᠠᠭᠤᠨ᠎ᠠ᠃ ᠬᠤᠶᠠᠷ ᠰᠠᠶᠢᠨ ᠪᠠᠭᠰᠢ ᠲᠠᠢ ᠮᠦᠷᠳᠡᠭᠡᠨ ᠦᠪᠡᠷ ᠢᠶᠠᠨ ᠰᠢᠨᠳᠠᠷᠠᠯ ᠦᠭᠡᠢ ᠴᠢᠷᠮᠠᠶᠢᠭᠰᠠᠨ ᠠᠴᠠ ᠤᠳᠠᠯ ᠦᠭᠡᠢ ᠤᠯᠠᠨ ᠤ ᠳᠤᠮᠳᠠ ᠪᠠᠨ ᠤᠳᠤ ᠪᠤᠯᠵᠤ᠂ ᠤᠷᠤᠢ ᠤᠷᠤᠢ ᠤᠷᠤ ᠶᠢ ᠨᠢ ᠨᠢᠭᠡ ᠡᠵᠡᠯᠡᠬᠦ ᠪᠤᠯᠤᠬᠰᠠᠨ ᠪᠠᠶᠢᠵᠠᠢ᠃ ᠮᠠᠵᠢᠶᠠᠩ ᠤᠨ ᠰᠢᠷᠡᠭᠡᠨ ᠠᠴᠠ ᠪᠠᠭᠤᠭᠠᠳ ᠭᠡᠷ ᠲᠤ ᠪᠠᠨ ᠬᠠᠷᠢᠬᠤ ᠵᠠᠢ ᠪᠣᠯ ᠲᠠᠷᠤᠢ ᠰᠦᠨᠢ ᠲᠦᠯᠢ ᠶᠢᠨ ᠵᠠᠢ ᠮᠦᠨ᠂ ᠲᠡᠷᠡ ᠵᠠᠢ ᠨᠢ ᠤᠷᠤᠨ ᠤ ᠵᠠᠢ ᠮᠦᠷᠳᠡᠭᠡᠨ ᠴᠠᠭ ᠤᠨ ᠵᠠᠢ᠃ ᠲᠤᠭ ᠨᠦᠢᠷ ᠲᠤ ᠪᠠᠶᠢᠭ᠎ᠠ ᠬᠦᠮᠦᠰ ᠡᠨᠡᠬᠦ ᠵᠠᠢ ᠶᠢᠨ ᠤᠬᠠᠮᠰᠠᠷ ᠬᠡᠷᠬᠢᠨ ᠪᠠᠶᠢᠵᠤ ᠴᠢᠳᠠᠬᠤ ᠪᠤᠢ︖ ᠵᠦᠪᠬᠡᠨ ᠰᠦᠨᠢ ᠲᠦᠯᠢ ᠶᠢᠨ ᠮᠠᠵᠢᠶᠠᠩᠴᠢᠳ ᠯᠡ ᠰᠠᠶ᠋ᠢ ᠡᠭᠦᠨ ᠢ ᠤᠶᠢᠯᠠᠭᠠᠨ᠎ᠠ᠃ ᠮᠠᠵᠢᠶᠠᠩ ᠤᠨ ᠰᠢᠷᠡᠭᠡᠨ ᠳᠤ ᠰᠠᠭᠤᠬᠰᠠᠨ ᠲᠡᠷᠡ ᠰᠦᠨᠢ ᠠᠴᠠ ᠮᠢᠨᠦ ᠰᠦᠨᠢ ᠲᠦᠯᠢ ᠬᠡᠳᠦᠨ ᠴᠠᠭ ᠬᠤᠶᠢᠰᠢᠯᠠᠵᠤ᠂ ᠠᠮᠢᠳᠤ ᠪᠤᠳᠠᠰ ᠤᠨ ᠡᠷᠬᠢᠯᠳᠡ ᠶᠢᠨ ᠴᠠᠭ ᠴᠦ ᠤᠤᠯ ᠬᠢ ᠠᠴᠠ ᠪᠠᠨ ᠬᠤᠶᠢᠰᠢᠯᠠᠵᠠᠢ᠃     ᠮᠠᠵᠢᠶᠠᠩ ᠤᠨ ᠰᠢᠷᠡᠭᠡᠨ ᠲᠡᠭᠡᠷᠡᠬᠢ ᠬᠤᠶᠠᠷ ᠬᠦᠮᠦᠨ ᠤ ᠬᠤᠭᠤᠷᠤᠨᠳᠤᠬᠢ ᠬᠠᠮᠤᠭ ᠬᠤᠯᠠ ᠵᠠᠢ ᠪᠣᠯ ᠮᠧᠳ᠋ᠷ ᠵᠠᠢ ᠶᠤᠮ᠃ ᠲᠡᠷᠡ ᠨᠢ ᠲᠡᠯᠡᠬᠡᠢ ᠲᠡᠭᠡᠷᠡᠬᠢ ᠬᠠᠮᠤᠭ ᠪᠠᠭ᠎ᠠ ᠲᠠᠶᠢᠨ ᠤ ᠲᠠᠯᠠᠪᠤᠷ᠂ ᠲᠡᠶᠢᠰᠤᠨ ᠠᠴᠠ ᠪᠠᠨ ᠬᠠᠮᠤᠭ ᠤᠶᠢᠷ᠎ᠠ ᠵᠠᠢ ᠲᠠᠢ ᠲᠠᠶᠢᠨ ᠤ ᠲᠠᠯᠠᠪᠤᠷ ᠮᠦᠨ᠃ ᠭᠡᠪᠡᠴᠦ ᠡᠨᠡᠬᠦ ᠮᠧᠳ᠋ᠷᠬᠠᠨ ᠵᠠᠢ ᠳᠤ ᠲᠦᠷᠪᠡᠨ ᠲᠤᠯᠤᠭᠠᠢ ᠵᠤᠬᠰᠤᠭ᠎ᠠ ᠵᠠᠢ ᠦᠭᠡᠢ ᠠᠷᠭ᠎ᠠ ᠮᠡᠭᠡ ᠪᠠᠰᠢᠯᠭᠠᠵᠤ ᠨᠦᠭᠦᠭᠡ ᠭᠤᠷᠪᠠ ᠪᠠᠨ ᠭᠠᠯᠠᠯᠠᠨ ᠤᠨᠠᠭᠠᠬᠤ ᠶᠢ ᠭᠤᠷᠢᠳᠠᠨ᠎ᠠ᠂ ᠲᠡᠳᠡᠨ ᠤ ᠰᠠᠭᠤᠬᠰᠠᠨ ᠵᠠᠢ ᠨᠢ ᠬᠡᠳᠦ᠋ᠢᠪᠡᠷ ᠮᠧᠳ᠋ᠷᠬᠠᠨ ᠵᠠᠢ ᠪᠤᠯᠪᠠᠴᠤ ᠦᠨᠡᠨ ᠳᠤ ᠪᠠᠨ ᠲᠡᠷᠡ ᠨᠢ ᠬᠤᠶᠠᠷ ᠤᠯᠤᠰ ᠭᠦᠷᠦᠨ ᠤ ᠵᠠᠢ ᠲᠠᠢ ᠠᠳᠠᠯᠢᠬᠠᠨ ᠬᠤᠯᠠ ᠶᠤᠮ᠂ ᠴᠢ ᠵᠠᠯᠠᠭᠤᠷᠳᠤ ᠰᠤᠮᠤ ᠪᠠᠨ ᠲᠡᠭᠦᠨ ᠤ ᠵᠦᠭ ᠤᠨᠢᠯᠠᠬᠤ ᠳᠤ ᠲᠡᠷᠡ ᠬᠠᠷᠢᠨ ᠴᠢᠨᠦ ᠵᠦᠭ ᠴᠦᠮ᠎ᠡ ᠶᠢᠨ ᠵᠡᠪᠰᠡᠭ ᠢᠶᠠᠨ ᠪᠠᠵᠠᠭᠠᠵᠤ ᠰᠠᠭᠤᠨ᠎ᠠ᠃ ᠮᠠᠵᠢᠶᠠᠩ ᠤᠨ ᠰᠢᠷᠡᠭᠡ ᠪᠣᠯ ︽ᠲᠠᠶᠢᠨ ᠪᠠ ᠡᠩᠬᠡ ︾᠂ ︽ᠡᠪᠦᠭᠡᠨ ᠪᠠ ᠲᠠᠯᠠᠢ︾᠂ ︽ᠤᠯᠠᠭᠠᠨ ᠤ ᠬᠢᠨ ᠪᠠ ᠬᠠᠷ᠎ᠠ ᠶᠢᠨ ᠬᠢᠨ︾ ᠮᠦᠨ᠂ ᠮᠦᠨ ᠴᠦ ᠪᠠᠰᠠ ︽ᠤᠯᠠᠭᠠᠨ ᠠᠰᠠᠷ ᠤᠨ ᠵᠠᠭᠦᠳᠦ︾ ᠪᠤᠶᠤ ︽ᠤᠯᠠᠭᠠᠨ᠎ᠠ ᠤᠬᠢᠯᠠᠬᠤ ᠲᠢᠩᠬᠢᠮ︾ ᠮᠦᠨ᠂ ᠭᠡᠪᠡᠴᠦ ᠲᠡᠷᠡ ᠨᠢ ᠶᠠᠭᠠᠬᠢᠬᠰᠠᠨ ᠴᠦ ︽ᠮᠤᠩᠭᠤᠯ ᠤᠨ ᠨᠢᠭᠤᠴᠠ ᠲᠤᠪᠴᠢᠶᠠᠨ︾ ᠪᠤᠶᠤ ︽ᠬᠦᠬᠡ ᠰᠤᠳᠤᠷ︾ ᠪᠢᠰᠢ ᠶᠤᠮ᠃     ᠠᠶᠢᠨᠰᠲ᠋ᠠᠨ ᠤ ᠬᠠᠷᠢᠴᠠᠩᠭᠤᠢ ᠤᠨᠤᠯ ᠪᠤᠶᠤ ᠠᠯᠵᠠᠭᠤ ᠮᠢᠨᠦ ᠠᠮᠢᠳᠤᠷᠠᠯ ᠤᠨ ᠤᠨᠤᠯ ᠢᠶᠠᠷ ᠦᠵᠡᠭᠰᠡᠨ ᠴᠦ ᠮᠧᠳ᠋ᠷ ᠵᠠᠢ ᠪᠣᠯ ᠵᠦᠪᠬᠡᠨ ᠠᠯᠳᠠ ᠲᠠᠯᠢᠮ ᠵᠠᠢ ᠪᠢᠰᠢ ᠶᠤᠮ᠃ ︽ᠬᠠᠮᠤᠭ ᠬᠤᠯᠠ ᠵᠠᠢ ᠪᠣᠯ ᠰᠡᠳᠬᠢᠯ ᠤᠨ ᠵᠠᠢ︾ ᠭᠡᠰᠡᠨ ᠰᠡᠴᠡᠯᠡᠯ ᠪᠤᠢ᠂ ᠮᠢᠨᠦ ᠪᠤᠳᠤᠬᠤ ᠪᠠᠷ ︽ᠬᠠᠮᠤᠭ ᠬᠤᠯᠠ ᠵᠠᠢ ᠪᠣᠯ ᠲᠠᠨᠢᠯᠳᠠ ᠶᠢᠨ ᠵᠠᠢ ᠮᠦᠨ︾᠃ ᠡᠷᠳᠡᠨ ᠤ ᠭᠷᠧᠭ ᠤᠨ ᠭᠦᠨ ᠤᠬᠠᠭᠠᠨᠳᠠᠨ ᠰᠤᠺᠠᠷᠠᠲ᠋ᠧᠰ᠂ ᠬᠢᠨᠳᠠᠨ ᠰᠠᠬᠢᠬᠴᠢ ᠶᠢᠨ ᠠᠪᠴᠢᠷᠠᠵᠤ ᠦᠭᠭᠦᠭᠰᠡᠨ ᠬᠤᠤᠷᠳᠤ ᠡᠮ ᠢ ᠤᠤᠭᠤᠭᠠᠳ ᠦᠬᠦᠬᠦ ᠪᠠᠨ ᠬᠦᠯᠢᠶᠡᠵᠦ ᠪᠠᠶᠢᠬᠤ ᠳᠤ ᠪᠠᠨ ᠪᠤᠰᠤᠳ ᠲᠤ ᠨᠢᠭᠡ ᠠᠮᠢᠳᠤ ᠲᠠᠬᠢᠶ᠎ᠠ ᠦᠷᠢᠳᠡᠵᠦ ᠪᠠᠶᠢᠬᠰᠠᠨ ᠢ ᠲᠦᠯᠦᠵᠦ ᠦᠭᠭᠦ ᠶᠢ ᠱᠠᠪᠢ ᠳᠤ ᠪᠠᠨ ᠨᠠᠶᠢᠳᠠᠵᠤ ᠪᠠᠶᠢᠵᠠᠢ ᠭᠡᠨ᠎ᠡ᠃ ᠲᠡᠷᠡ ᠮᠦᠴᠡ ᠳᠤ ᠦᠬᠦᠯ ᠨᠢᠭᠡᠨᠳᠡ ᠲᠡᠭᠦᠨ ᠤ ᠬᠠᠵᠠᠭᠤᠳᠠ ᠢᠷᠡᠭᠡᠳ ᠪᠠᠶᠢᠵᠠᠢ᠂ ᠦᠬᠦᠯ ᠬᠢᠭᠡᠳ ᠲᠡᠭᠦᠨ ᠤ ᠬᠤᠭᠤᠷᠤᠨᠳᠤ ᠵᠦᠪᠬᠡᠨ ᠮᠧᠳ᠋ᠷ ᠲᠠᠯᠢᠮ ᠤᠨ ᠵᠠᠶᠢᠳᠠᠭᠤ ᠪᠤᠯᠤᠭᠠᠳ ᠪᠠᠶᠢᠵᠠᠢ᠂ ᠭᠡᠪᠡᠴᠦ ᠲᠡᠭᠦᠨ ᠤ ᠦᠬᠦᠯ ᠳᠤ ᠬᠠᠨᠳᠤᠬᠰᠠᠨ ᠤᠪᠤᠷ ᠨᠢ ᠬᠤᠶᠠᠷ ᠮᠢᠩᠭ᠎ᠠ ᠭᠠᠷᠤᠢ ᠵᠢᠯ ᠤᠨ ᠲᠠᠷᠠᠭᠠᠬᠢ ᠦᠨᠦᠳᠦᠷ ᠬᠦᠷᠳᠡᠯ᠎ᠡ ᠬᠦᠮᠦᠰ ᠲᠤ ᠮᠠᠬᠳᠠᠬᠳᠠᠨ ᠦᠨᠡᠯᠡᠭᠳᠡᠭᠰᠡᠭᠡᠷ ᠪᠠᠶᠢᠨ᠎ᠠ᠂ ᠦᠨᠡᠨ ᠳᠤ ᠪᠠᠨ ᠰᠤᠺᠠᠷᠠᠲ᠋ᠧᠰ ᠦᠬᠦᠬᠡ ᠦᠭᠡᠢ ᠶᠤᠮ᠂ ᠲᠡᠷᠡ ᠦᠬᠦᠯ ᠪᠠ ᠠᠮᠢᠳᠤ ᠶᠢᠨ ᠬᠤᠭᠤᠷᠤᠨᠳᠤᠬᠢ ᠮᠧᠳ᠋ᠷ ᠲᠠᠯᠢᠮ ᠵᠠᠢ ᠶᠢ ᠬᠢᠵᠠᠭᠠᠷ ᠦᠭᠡᠢ ᠤᠷᠳᠤᠳᠬᠠᠵᠤ ᠦᠨᠢ ᠮᠦᠩᠬᠡ ᠶᠢᠨ ᠵᠠᠢ ᠪᠤᠯᠭᠠᠵᠤ ᠴᠢᠳᠠᠵᠠᠢ᠂ ᠲᠡᠭᠦᠨ ᠤ ᠪᠠᠷᠢᠮᠳᠠᠯᠠᠬᠰᠠᠨ ᠰᠢᠨᠵᠢᠯᠡᠬᠦ ᠤᠬᠠᠭᠠᠨᠴᠢ ᠭᠦᠨ ᠤᠬᠠᠭᠠᠨ ᠤ ᠵᠤᠷᠢᠭ ᠰᠠᠨᠠᠭ᠎ᠠ ᠨᠢ ᠬᠠᠷᠢᠴᠠᠩᠭᠤᠢ ᠤᠬᠤᠷ ᠵᠠᠢ ᠶᠢ ᠬᠠᠷᠢᠴᠠᠯᠠᠰᠢᠭᠦᠢ ᠠᠭᠤᠳᠠᠮ ᠤᠬᠳᠠᠷᠭᠤᠢ ᠪᠤᠯᠭᠠᠵᠤ ᠴᠢᠳᠠᠵᠠᠢ᠃ ᠦᠬᠦᠯ ᠠᠴᠠ ᠬᠡᠨ ᠴᠦ ᠵᠠᠶᠢᠯᠠᠵᠤ ᠴᠢᠳᠠᠬᠤ ᠦᠭᠡᠢ ᠶᠤᠮ᠂ ᠭᠡᠪᠡᠴᠦ ᠬᠦᠮᠦᠨ ᠪᠦᠬᠦᠨ ᠤ ᠦᠬᠦᠯ ᠤᠨ ᠲᠤᠬᠠᠢ ᠤᠬᠠᠮᠰᠠᠷ ᠨᠢ ᠡᠷᠡᠰ ᠤᠨᠳᠤᠤ ᠪᠠᠶᠢᠳᠠᠭ᠂ ᠤᠨᠴᠠᠭᠠᠶᠢᠯᠠᠨ ᠡᠷᠡᠭᠦᠯ ᠮᠠᠬᠠᠪᠤᠳ ᠲᠠᠢ ᠮᠦᠷᠳᠡᠭᠡᠨ ᠵᠠᠯᠠᠭᠤ ᠢᠳᠡᠷ ᠨᠠᠰᠤᠨ ᠳᠤ ᠪᠠᠨ ᠪᠠᠶᠢᠬᠤ ᠬᠦᠮᠦᠨ ᠳᠤ ᠦᠬᠦᠯ ᠭᠡᠳᠡᠭ ᠤᠬᠠᠬᠳᠠᠬᠤᠨ ᠦᠨᠳᠦᠰᠦᠨ ᠳᠤ ᠪᠠᠨ ᠪᠠᠶᠢᠳᠠᠭ ᠦᠭᠡᠢ ᠶᠤᠮ᠂ ᠡᠨᠡ ᠲᠤᠬᠠᠢ ᠺᠤᠯᠤᠮᠪᠢᠶ᠎ᠠ ᠶᠢᠨ ᠠᠯᠳᠠᠷᠳᠤ ᠵᠤᠬᠢᠶᠠᠯᠴᠢ ᠭᠠᠷᠰᠢᠶᠠ ᠊ ᠮᠠᠷᠺᠠᠰ ︽ᠵᠠᠭᠤᠨ ᠵᠢᠯ ᠤᠨ ᠭᠠᠭᠴᠠᠭᠠᠷᠳᠠᠯ︾ ᠬᠡᠮᠡᠬᠦ ᠷᠤᠮᠠᠨ ᠳᠤ ᠪᠠᠨ ᠲᠤᠩ ᠦᠨᠡᠨᠴᠢ ᠲᠤᠳᠤᠷᠬᠠᠢ ᠪᠠᠷ᠄ ︽ᠠᠪᠤ ᠡᠵᠢ ᠴᠢᠨᠢ ᠴᠢᠮ᠎ᠠ ᠶᠢ ᠦᠬᠦᠯ ᠠᠴᠠ ᠬᠠᠯᠬᠠᠯᠠᠳᠠᠭ᠃ ᠲᠡᠶᠢᠮᠦ ᠤᠴᠢᠷ ᠠᠴᠠ ᠦᠬᠦᠯ ᠪᠤᠯᠤᠨ ᠴᠢᠨᠤ ᠲᠤᠮᠳᠠ ᠦᠯᠦ ᠦᠵᠡᠭᠳᠡᠬᠦ ᠨᠢᠭᠡᠨ ᠶᠠᠭᠤᠮ᠎ᠠ ᠤᠷᠤᠰᠢᠵᠤ ᠪᠠᠶᠢᠬᠤ ᠮᠡᠳᠦ ᠰᠠᠨᠠᠬᠳᠠᠳᠠᠭ᠃ ᠠᠪᠤ ᠡᠵᠢ ᠴᠢᠨᠢ ᠨᠠᠰᠤ ᠪᠠᠷᠠᠬᠰᠠᠨ ᠤ ᠬᠤᠶᠢᠨ᠎ᠠ ᠴᠢ ᠰᠠᠶ᠋ᠢ ᠡᠳᠡᠭᠡᠷ ᠲᠠᠢ ᠨᠢᠭᠤᠷ ᠲᠤᠯᠭᠠᠷᠠᠳᠠᠭ᠃ ᠡᠮᠦᠨ᠎ᠡ ᠨᠢ ᠴᠢᠨᠦ ᠤᠯᠵᠤ ᠬᠠᠷᠠᠳᠠᠭ ᠦᠬᠦᠯ ᠪᠣᠯ ᠬᠡᠶᠢᠰᠪᠤᠷᠢ ᠵᠦᠢᠯ ᠶᠤᠮ᠃ ᠲᠦᠷᠦᠯ ᠰᠠᠳᠤᠨ᠂ ᠨᠠᠶᠢᠵᠠ ᠨᠦᠭᠦᠳ ᠁ ᠤᠨ ᠦᠬᠦᠯ ᠤᠨ ᠨᠦᠯᠦᠭᠡ ᠨᠢ ᠴᠢᠮ᠎ᠠ ᠳᠤ ᠰᠢᠭᠤᠳ ᠮᠡᠳᠡᠷᠡᠭᠳᠡᠬᠦ ᠦᠭᠡᠢ᠃ ᠬᠠᠮᠤᠭ ᠤᠨ ᠲᠤᠳᠤᠨᠤ ᠬᠦᠮᠦᠰ ᠴᠢᠨᠢ ᠴᠢᠨᠤ ᠠᠮᠢ ᠨᠠᠰᠤᠨ ᠤ ᠦᠷᠳᠡᠭ ᠤᠨ ᠦᠵᠡᠯ ᠢ ᠨᠦᠯᠦᠭᠡᠯᠡᠨ᠎ᠡ︾ ᠭᠡᠵᠤ ᠦᠭᠦᠯᠡᠭᠰᠡᠨ ᠪᠠᠶᠢᠨ᠎ᠠ᠃    ᠮᠢᠨᠦ ᠮᠠᠵᠢᠶᠠᠩ ᠤᠨ ᠪᠠᠭᠰᠢ ᠶᠢᠨ ᠨᠢᠭᠡ ᠨᠢ ᠲᠡᠷᠭᠡᠨ ᠡ᠊ᠨᠳᠡᠯ ᠢᠶᠠᠷ ᠦᠬᠦᠭᠰᠡᠨ ᠶᠤᠮ᠂ ᠦᠬᠦᠬᠦ ᠠᠴᠠ ᠡᠮᠦᠨ᠎ᠡ ᠰᠦᠨᠢ ᠨᠢ ᠰᠦᠨᠢ ᠲᠦᠯᠢ ᠦᠭᠡᠢ ᠰᠦᠨᠢ ᠶᠤᠮ᠂ ᠵᠠᠭᠤ ᠭᠠᠷᠤᠢ ᠭᠠᠵᠠᠷ ᠤᠨ ᠠᠯᠤᠰ ᠲᠠᠬᠢ ᠬᠦᠳᠡᠭᠡ ᠪᠠᠭᠤᠭᠠᠳ ᠨᠢᠬᠡ ᠰᠦᠨᠢ ᠶᠢ ᠮᠠᠵᠢᠶᠠᠩᠳᠠᠭᠠᠳ ᠦᠩᠭᠡᠷᠡᠭᠰᠡᠨ ᠪᠠᠭᠰᠢ ᠮᠢᠨᠢ ᠲᠡᠷᠭᠡ ᠪᠠᠨ ᠪᠠᠷᠢᠵᠤ ᠪᠠᠶᠢᠭᠠᠳ ᠤᠨᠳᠠᠭᠠᠳ ᠤᠷᠬᠢᠬᠰᠡᠨ ᠪᠠᠶᠢᠯᠳᠠᠢ᠂ ᠠᠷᠦ ᠦᠪᠦᠷ ᠠᠴᠠ ᠨᠢ ᠶᠠᠮᠠᠷ ᠴᠦ ᠲᠡᠷᠭᠡ ᠢᠷᠡᠭᠡ ᠦᠭᠡᠢ ᠪᠠᠷ ᠲᠡᠷᠭᠡ ᠪᠠᠨ ᠵᠠᠮ ᠤᠨ ᠬᠠᠵᠠᠭᠤ ᠶᠢᠨ ᠭᠠᠩᠭ᠎ᠠ ᠤᠷᠤᠭᠤ ᠲᠤᠩᠭᠤᠶᠢᠯᠭᠠᠵᠤ ᠰᠡᠭᠡᠭᠡ ᠲᠠᠢ ᠰᠡᠭᠡᠭᠡ ᠦᠭᠡᠢ ᠬᠡᠪᠳᠡᠵᠦ ᠪᠠᠶᠢᠬᠰᠠᠨ ᠢ ᠵᠠᠮ ᠤᠨ ᠬᠦᠮᠦᠨ ᠤᠯᠵᠤ ᠬᠠᠷᠠᠭᠠᠳ ᠡᠮᠨᠡᠯᠭᠡ ᠳᠤ ᠬᠦᠷᠭᠡᠭᠰᠡᠨ᠃ ᠪᠢ ᠴᠢᠮᠡᠭᠡ ᠰᠤᠨᠤᠰᠤᠭᠠᠳ ᠡᠮᠨᠡᠯᠭᠡ ᠳᠤ ᠬᠦᠷᠬᠦ ᠳᠤ ᠲᠡᠷᠡ ᠮᠦᠨ ᠪᠠᠰᠠ ᠠᠮᠢᠰᠬᠤᠭ᠎ᠠ ᠲᠠᠢ ᠪᠠᠶᠢᠬᠰᠠᠨ᠂ ᠭᠡᠪᠡᠴᠦ ᠦᠬᠦᠯ ᠨᠢᠭᠡᠨᠳᠡ ᠲᠡᠭᠦᠨ ᠠᠴᠠ ᠮᠧᠳ᠋ᠷ ᠵᠠᠢ ᠪᠢᠰᠢ᠂ ᠲᠦᠭᠡ ᠰᠦᠭᠦᠮ ᠵᠠᠢ ᠪᠤᠯᠤᠭᠠᠳ ᠪᠠᠶᠢᠵᠠᠢ᠂ ᠪᠢᠳᠡ ᠪᠦᠭᠦᠳᠡᠭᠡᠷ ᠲᠡᠭᠦᠨ ᠤ ᠠᠮᠢ ᠰᠢᠩᠭᠡᠬᠦ ᠶᠢ ᠬᠦᠯᠢᠶᠡᠵᠦ ᠪᠠᠶᠢᠪᠠ᠂ ᠡᠭᠦᠨ ᠢ ᠮᠢᠨᠦ ᠬᠤᠪᠢ ᠠᠴᠠ ᠠᠪᠴᠤ ᠬᠡᠯᠡᠪᠡᠯ ᠰᠤᠺᠠᠷᠠᠲ᠋ᠧᠰ ᠬᠤᠤᠷᠳᠤ ᠡᠮ ᠤᠤᠭᠤᠭᠠᠳ ᠠᠮᠢ ᠰᠢᠩᠭᠡᠬᠦ ᠶᠢ ᠱᠠᠪᠢ ᠨᠠᠷ ᠨᠢ ᠨᠢᠯᠪᠤᠰᠤ ᠲᠠᠢ ᠬᠦᠯᠢᠶᠡᠵᠦ ᠪᠠᠶᠢᠬᠤ ᠲᠠᠢ ᠲᠦᠰᠦᠭᠡᠳᠡᠢ ᠶᠤᠮ᠂ ᠵᠦᠪᠬᠡᠨ ᠪᠢ ᠨᠢᠯᠪᠤᠰᠤ ᠤᠨᠠᠭᠠᠭ᠎ᠠ ᠦᠭᠡᠢ ᠲᠠᠳᠤᠢ᠃ ᠰᠤᠺᠠᠷᠠᠲ᠋ᠧᠰ ᠨᠢᠭᠡ ᠨᠠᠰᠤᠨ ᠳᠤ ᠪᠠᠨ ᠨᠤᠮ ᠵᠤᠬᠢᠶᠠᠯ ᠪᠢᠴᠢᠭᠡ ᠦᠭᠡᠢ᠂ ᠱᠠᠪᠢ ᠨᠠᠷ ᠨᠢ ᠲᠡᠭᠦᠨ ᠤ ᠨᠠᠰᠤᠨ ᠲᠤᠷᠰᠢᠳᠠ ᠶᠢᠨ ᠬᠡᠯᠡᠭᠰᠡᠨ ᠬᠢᠭᠰᠡᠨ ᠢ ᠨᠢ ᠬᠤᠷᠢᠶᠠᠩᠭᠤᠶᠢᠯᠠᠨ ᠲᠡᠮᠳᠡᠭᠯᠡᠵᠦ ᠬᠤᠵᠢᠮ ᠤᠨ ᠬᠦᠮᠦᠨ ᠳᠤ ᠭᠦᠨ ᠤᠬᠠᠭᠠᠨ ᠤ ᠮᠤᠨᠳᠠᠭ ᠦᠪ ᠢ ᠦᠯᠡᠳᠡᠭᠡᠵᠦ ᠦᠭᠭᠦᠭᠰᠡᠨ ᠪᠠᠶᠢᠨ᠎ᠠ᠂ ᠮᠢᠨᠦ ᠮᠠᠵᠢᠶᠠᠩ ᠤᠨ ᠪᠠᠭᠰᠢ ᠮᠢᠨᠢ ᠴᠦ ᠮᠦᠨ ᠨᠢᠭᠡ ᠵᠤᠬᠢᠶᠠᠯ ᠨᠤᠮ ᠪᠢᠴᠢᠵᠦ ᠦᠯᠡᠳᠡᠭᠡᠭᠡ ᠦᠭᠡᠢ᠂ ᠡᠨᠡ ᠲᠠᠯ᠎ᠠ ᠪᠠᠷ ᠰᠤᠺᠠᠷᠠᠲ᠋ᠧᠰ ᠲᠠᠢ ᠵᠢᠭᠠᠬᠠᠨ ᠲᠦᠰᠦᠭᠡᠳᠡᠢ᠂ ᠭᠡᠪᠡᠴᠦ ᠪᠢ ᠱᠠᠪᠢ ᠨᠢ ᠪᠤᠯᠤᠬᠰᠠᠨ ᠤ ᠬᠤᠪᠢ ᠠᠴᠠ ᠲᠡᠭᠦᠨ ᠤ ᠮᠠᠵᠢᠶᠠᠩ ᠤᠨ ᠤᠨᠤᠯ ᠤᠬᠠᠭᠠᠨ ᠢ ᠨᠢ ᠲᠡᠪᠳᠡᠷ ᠨᠤᠮ ᠪᠤᠯᠭᠠᠵᠤ ᠴᠢᠳᠠᠭ᠎ᠠ ᠦᠭᠡᠢ᠂ ᠡᠨᠡ ᠲᠠᠯ᠎ᠠ ᠪᠠᠷ ᠰᠤᠺᠠᠷᠠᠲ᠋ᠧᠰ ᠠᠴᠠ ᠢᠯᠭᠠᠬᠳᠠᠨ᠎ᠠ᠃ ᠪᠠᠭᠰᠢ ᠮᠢᠨᠢ ᠭᠡᠨᠡᠳᠳᠡ ᠨᠠᠰᠤ ᠪᠠᠷᠠᠬᠰᠠᠨ ᠨᠢ ᠨᠠᠳᠠ ᠵᠦᠪᠬᠡᠨ ︽ᠭᠡᠨᠡᠳᠳᠡ︾ ᠶᠢᠨ ᠰᠠᠨᠠᠬᠳᠠᠬᠰᠠᠨ ᠠᠴᠠ ᠪᠢᠰᠢ ᠬᠠᠷᠢᠨ ᠦᠬᠦᠯ ᠨᠢ ᠨᠠᠳᠠ ᠶᠢ ᠡᠮᠢᠶᠡᠯᠭᠡᠵᠦ ᠴᠢᠳᠠᠭ᠎ᠠ ᠦᠭᠡᠢ᠂ ᠭᠠᠷᠰᠢᠶᠠ ᠊ ᠮᠠᠷᠺᠠᠰ ᠤᠨ ᠬᠡᠯᠡᠭᠰᠡᠨ ᠰᠢᠭ ᠢᠶᠠᠷ ᠨᠠᠳᠠ ᠬᠠᠷᠠᠬᠳᠠᠬᠰᠠᠨ ᠦᠬᠦᠯ ᠨᠢ ᠵᠦᠪᠬᠡᠨ ︽ᠬᠡᠶᠢᠰᠪᠦᠷᠢ ᠵᠦᠢᠯ ᠶᠤᠮ︾ ᠪᠢ ᠡᠮᠦᠨ᠎ᠡ ᠠᠭᠤᠯᠠᠨ ᠳᠠᠬᠢ ᠬᠡᠬᠦᠷ ᠰᠢᠳᠠᠭᠠᠬᠤ ᠲᠠᠯᠠᠪᠠᠢ ᠳᠤ ᠲᠤᠭ᠎ᠠ ᠦᠭᠡᠢ ᠤᠯᠠᠨ ᠣᠴᠢᠵᠤ ᠠᠷᠪᠢᠨ ᠬᠦᠮᠦᠨ ᠢ ᠨᠦᠭᠦᠭᠡ ᠶᠢᠷᠳᠢᠨᠴᠦ ᠳᠤ ᠨᠢ ᠮᠤᠷᠳᠠᠭᠤᠯᠤᠬᠰᠠᠨ ᠪᠠᠶᠢᠨ᠎ᠠ᠂ ᠡᠭᠦᠨ ᠳᠤ ᠤᠯᠠᠩᠬᠢ ᠨᠢ ᠪᠦᠷ ᠨᠠᠶᠢᠵᠠ ᠨᠦᠭᠦᠳ ᠤᠨ ᠲᠤᠳᠤᠨᠤ ᠬᠦᠮᠦᠰ ᠨᠢ ᠪᠤᠯᠬᠤ ᠠᠴᠠ ᠪᠢᠰᠢ ᠦᠪᠡᠷ ᠤᠨ ᠲᠤᠳᠤᠨᠤ ᠬᠦᠮᠦᠰ ᠪᠠᠶᠢᠬᠰᠠᠨ ᠦᠭᠡᠢ ᠪᠤᠯᠬᠤᠷ ᠦᠬᠦᠯ ᠠᠴᠠ ᠮᠦᠨ ᠡᠮᠢᠶᠡᠬᠦ ᠰᠡᠳᠬᠢᠯ ᠤᠷᠤᠭ᠎ᠠ ᠦᠭᠡᠢ ᠶᠠᠪᠤᠵᠤ ᠪᠠᠶᠢᠬᠰᠠᠨ᠂ ᠭᠡᠪᠡᠴᠦ 2013 ᠤᠨ ᠤ ᠡᠪᠦᠯ ᠠᠪᠤ ᠮᠢᠨᠢ ᠪᠤᠷᠬᠠᠨ ᠪᠤᠯᠵᠤ ᠮᠤᠷᠳᠠᠬᠰᠠᠨ ᠠᠴᠠ ᠦᠬᠦᠯ ᠭᠡᠳᠡᠭ ᠶᠠᠭᠤᠮ᠎ᠠ ᠮᠠᠨ ᠤ ᠬᠠᠵᠠᠭᠤ ᠳᠤ ᠪᠠᠶᠢᠨ᠎ᠠ ᠭᠡᠰᠡᠨ ᠤᠬᠠᠬᠳᠠᠬᠤᠨ ᠤᠶᠢᠯᠠᠭᠠᠯᠳᠠ ᠲᠠᠢ ᠪᠤᠯᠵᠤ ᠡᠬᠢᠯᠡᠵᠡᠢ᠃ ᠲᠡᠭᠦᠨ ᠤ ᠲᠠᠷᠠᠭ᠎ᠠ ᠬᠠᠭᠠᠰ ᠵᠢᠯ ᠪᠤᠯᠤᠭ᠎ᠠ ᠦᠭᠡᠢ ᠪᠠᠷ ᠨᠠᠳᠠ ᠠᠴᠠ ᠨᠢᠭᠡᠯᠡ ᠨᠠᠰᠤ ᠠᠬ᠎ᠠ ᠪᠤᠯᠬᠤ ᠬᠤᠶᠠᠳᠤᠭᠠᠷ ᠠᠬ᠎ᠠ ᠮᠢᠨᠢ ᠴᠦ ᠲᠦᠴᠢᠨ ᠲᠠᠪᠤᠬᠠᠨ ᠨᠠᠰᠤᠳᠠᠢ ᠳᠤ ᠪᠠᠨ ᠡᠪᠡᠳᠴᠢᠨ ᠢᠶᠠᠷ ᠨᠠᠰᠤ ᠪᠠᠷᠠᠬᠰᠠᠨ ᠨᠢ ᠨᠠᠳᠠ ᠶᠢ ᠨᠡᠩ ᠡᠮᠢᠶᠡᠯᠭᠡᠵᠡᠢ᠃ ᠲᠡᠭᠡᠭᠰᠡᠨ ᠠᠴᠠ ᠬᠦᠮᠦᠨ ᠤ ᠠᠮᠢᠳᠤᠷᠠᠯ ᠤᠨ ᠲᠤᠬᠠᠢ ᠨᠡᠩ ᠤᠯᠠᠨ ᠪᠤᠳᠤᠬᠤ ᠪᠤᠯᠵᠤ᠂ ᠦᠩᠭᠡᠷᠡᠭᠰᠡᠨ ᠤ ᠮᠡᠳᠦ ᠶᠠᠭᠤ ᠴᠦ ᠪᠤᠳᠤᠬᠤ ᠦᠭᠡᠢ ᠴᠠᠳᠳᠠᠯ᠎ᠠ ᠢᠳᠡᠵᠦ᠂ ᠬᠠᠭᠠᠷᠠᠳᠠᠯ᠎ᠠ ᠪᠠᠶᠠᠷᠯᠠᠵᠤ ᠴᠢᠳᠠᠬᠤ ᠦᠭᠡᠢ ᠪᠤᠯᠵᠠᠢ᠃     ᠲᠡᠭᠦᠨ ᠤ ᠲᠠᠷᠠᠭ᠎ᠠ ᠨᠢ ᠲᠡᠮᠡᠢ ᠤᠳᠠᠯ ᠦᠭᠡᠢ ᠮᠢᠨᠦ ᠨᠦᠭᠦᠭᠡ ᠨᠢᠬᠡ ᠮᠠᠵᠢᠶᠠᠩ ᠤᠨ ᠪᠠᠭᠰᠢ ᠮᠠᠨᠢ ᠮᠠᠵᠢᠶᠠᠩ ᠨᠠᠭᠠᠳᠬᠤ ᠳᠤ ᠪᠠᠨ ᠬᠤᠷᠰᠢᠵᠤ ᠰᠠᠭᠤᠬᠰᠠᠨ ᠬᠤᠶᠠᠷ ᠬᠦᠮᠦᠨ ᠢ ᠰᠡᠷᠡᠭᠡᠳ᠂ ᠬᠤᠨᠵᠢᠬᠳᠠᠬᠰᠠᠨ ᠵᠤᠭᠤᠰ ᠢᠶᠠᠨ ᠪᠤᠴᠠᠭᠠᠨ ᠠᠪᠬᠤ ᠭᠡᠵᠤ ᠪᠤᠤᠳᠠᠤ ᠡᠷᠬᠢᠭᠦᠯᠵᠦ ᠨᠢᠭᠡ ᠶᠢᠨ ᠬᠢᠨᠢ ᠲᠦᠷᠪᠡᠨ ᠬᠤᠷᠤᠭᠤ ᠶᠢ ᠲᠠᠰᠤ ᠴᠠᠪᠴᠢᠭᠠᠳ ᠬᠢᠨᠳᠠᠨ ᠳᠤ ᠤᠷᠤᠬᠰᠠᠨ ᠴᠢᠮᠡᠭᠡ ᠲᠤᠭᠤᠯᠳᠠᠯ᠎ᠠ᠃ ᠬᠡᠰᠡᠭ ᠬᠤᠭᠤᠴᠠᠭ᠎ᠠ ᠦᠩᠭᠡᠷᠡᠭᠡᠳ ᠪᠢ ᠲᠡᠭᠦᠨ ᠢ ᠪᠤᠯᠭᠤᠭᠠᠬᠤ ᠪᠠᠷ ᠬᠢᠨᠳᠠᠨ ᠳᠤ ᠬᠦᠷᠪᠠ᠃ ᠲᠤᠰᠠᠭᠠᠷᠯᠠᠬᠤ ᠰᠢᠯ ᠬᠡᠷᠡᠮ ᠤᠨ ᠨᠠᠭᠠᠨ᠎ᠠ ᠴᠠᠭᠠᠨ᠎ᠠ ᠰᠠᠭᠤᠯᠴᠠᠬᠰᠠᠨ ᠪᠢᠳᠡ ᠬᠤᠶᠠᠷ ᠤᠨ ᠵᠠᠢ ᠮᠦᠨ ᠮᠧᠳ᠋ᠷᠬᠠᠨ ᠵᠠᠢ ᠶᠤᠮ᠂ ᠭᠡᠪᠡᠴᠦ ᠡᠨᠡ ᠵᠠᠢ ᠪᠣᠯ ᠬᠦᠷᠦᠰᠢ ᠦᠭᠡᠢ ᠬᠤᠯᠠ ᠵᠠᠢ ᠪᠤᠯᠬᠤ ᠨᠢ ᠶᠠᠷᠢᠶᠠᠨ ᠦᠭᠡᠢ᠂ ᠲᠦᠢᠮᠤᠭ ᠪᠤᠯᠤᠬᠰᠠᠨ ᠭᠡᠵᠢᠭᠡ ᠨᠢ ᠪᠦᠬᠦᠨ ᠢᠶᠠᠷ ᠢᠶᠠᠨ ᠴᠠᠶᠢᠵᠤ᠂ ᠶᠠᠷᠢᠯᠴᠠᠭᠤᠷ ᠠᠳᠬᠤᠬᠰᠠᠨ ᠭᠠᠷ ᠨᠢ ᠮᠠᠵᠢᠶᠠᠩ ᠰᠠᠪᠠᠵᠤ ᠪᠠᠶᠢᠬᠰᠠᠨ ᠬᠦᠴᠦ ᠴᠢᠳᠠᠯ ᠢᠶᠠᠨ ᠨᠢᠭᠡᠮᠦᠰᠦᠨ ᠠᠯᠳᠠᠬᠰᠠᠨ ᠰᠢᠤᠬᠠᠨ ᠬᠠᠷᠠᠬᠳᠠᠵᠤ᠂ ᠬᠤᠶᠠᠷ ᠨᠢᠳᠦ ᠨᠢ ᠬᠠᠷᠠᠮᠰᠠᠯ ᠪᠠ ᠭᠤᠷᠢ ᠲᠠᠰᠤᠷᠠᠯ ᠢᠶᠠᠨ ᠨᠢᠭᠤᠵᠤ ᠴᠢᠳᠠᠰᠢ ᠦᠭᠡᠢ ᠬᠠᠷᠠᠬᠳᠠᠭᠤᠯᠵᠤ ᠪᠠᠶᠢᠯ᠎ᠠ᠃ ᠲᠡᠭᠡᠬᠦ ᠮᠦᠷᠳᠡᠭᠡᠨ ᠶᠠᠷᠢᠯᠴᠠᠭᠤᠷ ᠤᠨ ᠴᠠᠭᠠᠨ᠎ᠠ ᠠᠴᠠ ᠲᠡᠷᠡ ᠮᠠᠨᠢ ᠬᠢᠳᠠᠳ ᠢᠶᠠᠷ ᠠᠶᠢᠯᠠᠳᠬᠤ ᠪᠤᠯᠤᠬᠰᠠᠨ ᠨᠢ ᠭᠠᠶᠢᠬᠠᠯᠳᠠᠢ᠂ ᠲᠡᠭᠦᠨ ᠤ ᠲᠦᠷᠦᠯᠬᠢ ᠶᠢᠨ ᠬᠦᠰᠢᠭᠦᠨ ᠬᠠᠳᠠᠭᠤ ᠬᠡᠯᠡ ᠨᠢ ᠤᠳᠤ ᠬᠢᠳᠡᠳ ᠦᠭᠡ ᠶᠢ ᠬᠦᠨᠳᠡᠢ ᠲᠤᠭᠤᠯᠠᠩ ᠢᠶᠠᠷ ᠠᠷᠠᠢ ᠴᠢᠷᠠᠢ ᠡᠪᠯᠡᠭᠦᠯᠦᠨ ᠶᠠᠷᠢᠨ᠎ᠠ᠂ ᠮᠤᠩᠭᠤᠯ ᠢᠶᠠᠷ ᠶᠠᠷᠢᠵᠤ ᠪᠤᠯᠬᠤ ᠦᠭᠡᠢ ᠭᠡᠰᠡᠨ ᠬᠢᠨᠳᠠᠨ ᠤ ᠲᠤᠬᠳᠠᠭᠠᠯ ᠢ ᠲᠡᠷᠡ ᠡᠪᠳᠡᠵᠦ ᠡᠰᠡ ᠴᠢᠳᠠᠨ᠎ᠠ᠂ ᠲᠡᠭᠦᠨ ᠢ ᠬᠡᠯᠡᠬᠦ ᠠᠴᠠ ᠴᠠᠰᠢ᠂ ᠮᠢᠨᠦ ᠬᠠᠵᠠᠭᠤ ᠳᠤ ᠰᠦᠷᠵᠢᠨ ᠲᠦᠷᠢᠯᠡᠵᠦ ᠵᠤᠬᠰᠤᠬᠰᠠᠨ ᠴᠠᠬᠳᠠᠭ᠎ᠠ᠂ ᠨᠠᠮ᠎ᠠ ᠶᠢ ᠪᠠᠰᠠ ᠬᠢᠳᠠᠳ ᠢᠶᠠᠷ ᠶᠠᠷᠢᠬᠤ ᠶᠢ ᠱᠠᠭᠠᠷᠳᠠᠨ᠎ᠠ᠃ ᠠᠷᠪᠠᠨ ᠬᠡᠳᠦᠨ ᠵᠢᠯ ᠬᠠᠮᠳᠤ ᠠᠵᠢᠯᠯᠠᠵᠤ᠂ ᠬᠠᠮᠳᠤ ᠪᠠᠶᠠᠷᠯᠠᠯᠳᠤᠨ᠂ ᠴᠤᠬᠭᠠᠷ ᠰᠤᠬᠳᠤᠵᠤ᠂ ᠢᠨᠢᠶᠡᠳᠦ ᠪᠠᠶᠠᠷ᠂ ᠭᠤᠨᠢᠭ ᠪᠤᠬᠢᠨᠢᠳᠤᠯ ᠢᠶᠠᠨ ᠬᠠᠮᠳᠤ ᠬᠤᠪᠢᠶᠠᠯᠴᠠᠵᠤ ᠶᠠᠪᠤᠬᠰᠠᠨ ᠠᠬ᠎ᠠ ᠲᠡᠭᠦᠦ ᠬᠤᠶᠠᠭᠤᠯᠠ ᠤᠳᠤ ᠰᠢᠯ ᠬᠡᠷᠡᠮ ᠤᠨ ᠬᠤᠶᠠᠷ ᠲᠠᠯ᠎ᠠ ᠠᠴᠠ ᠡᠭᠡ ᠬᠡᠯᠡ ᠪᠠᠷ ᠢᠶᠠᠨ ᠪᠢᠰᠢ᠂ ᠡᠭᠡᠯ ᠬᠡᠯᠡ ᠪᠠᠷ ᠡ᠊ᠨᠳᠡ ᠲᠡᠨᠳᠡ ᠡᠳᠡᠢ ᠪᠡᠳᠡᠢ ᠶᠠᠷᠢᠨ᠎ᠠ᠃ ᠪᠢ ᠨᠠᠷᠠᠨ ᠤ ᠲᠤᠤᠷ᠎ᠠ ᠡᠷᠬᠡ ᠴᠢᠯᠦᠭᠡ ᠲᠠᠢ ᠶᠠᠪᠤᠵᠤ ᠪᠠᠶᠢᠭ᠎ᠠ ᠪᠤᠯᠪᠠᠴᠤ ᠬᠢᠨᠳᠡᠨ ᠳᠤ ᠰᠠᠭᠤᠭ᠎ᠠ ᠲᠡᠭᠦᠨ ᠢ ᠬᠠᠷᠠᠭᠠᠳ ᠬᠤᠶᠢᠬ᠎ᠠ ᠪᠤᠰᠴᠤ ᠦᠪᠡᠷ ᠢᠶᠠᠨ ᠬᠢᠨᠳᠠᠨ ᠳᠤ ᠰᠠᠭᠤᠬᠰᠠᠨ ᠰᠢᠭ᠋ ᠰᠠᠨᠠᠬᠳᠠᠵᠤ ᠶᠠᠭᠤ ᠪᠦᠬᠦᠨ ᠨᠢ ᠨᠠᠳᠠ ᠠᠴᠠ ᠵᠠᠶᠢᠳᠠᠵᠤ ᠬᠤᠯᠠᠳᠠᠬᠰᠠᠨ ᠮᠡᠳᠦ ᠪᠤᠳᠤᠬᠳᠠᠵᠠᠢ᠃ ᠪᠢᠳᠡ ᠬᠤᠶᠠᠷ ᠤᠨ ᠬᠤᠭᠤᠷᠤᠨᠳᠤᠬᠢ ᠨᠢᠭᠡ ᠮᠧᠳ᠋ᠷ ᠵᠠᠢ ᠪᠣᠯ ᠬᠤᠶᠠᠷ ᠶᠢᠷᠳᠢᠨᠴᠦ ᠶᠢᠨ ᠵᠠᠢ ᠪᠤᠯᠵᠠᠢ᠃ ᠠᠶᠢᠨᠰᠲ᠋ᠠᠨ ᠤ ᠤᠨᠤᠯ ᠳᠤ ᠲᠤᠬᠤᠪᠠᠯ᠂ ᠡᠨᠡᠬᠦ ᠬᠠᠷᠢᠴᠠᠩᠭᠤᠢ ᠤᠶᠢᠷ᠎ᠠ ᠵᠠᠢ ᠨᠢ ᠬᠠᠷᠢᠴᠠᠯᠠᠰᠢᠭᠦᠢ ᠬᠤᠯᠠ ᠵᠠᠢ ᠪᠤᠯᠤᠬᠰᠠᠨ ᠪᠠᠶᠢᠨ᠎ᠠ᠃ ᠬᠤᠯᠠ ᠪᠤᠯᠤᠬᠰᠠᠨ ᠮᠦᠷᠳᠡᠭᠡᠨ ᠬᠦᠮᠦᠨ ᠲᠦᠷᠦᠯᠬᠢᠳᠡᠨ ᠤ ᠨᠡᠶᠢᠳᠡ ᠬᠡᠷᠡᠭᠯᠡᠳᠡᠭ ᠮᠧᠳ᠋ᠷ᠂ ᠺᠢᠯᠤᠮᠧᠳ᠋ᠷ ᠢᠶᠠᠷ ᠢᠯᠡᠳᠭᠡᠬᠦ ᠶᠢᠨ ᠠᠷᠭ᠎ᠠ ᠦᠭᠡᠢ ᠪᠤᠯᠵᠤ᠂ ᠠᠷᠪᠠᠨ ᠲᠠᠪᠤᠨ ᠵᠢᠯ ᠢᠶᠠᠷ ᠢᠯᠡᠳᠭᠡᠬᠦ ᠪᠤᠯᠵᠠᠢ᠂ ᠦᠭᠡᠷ᠎ᠡ ᠪᠠᠷ ᠬᠡᠯᠡᠪᠡᠯ ᠲᠡᠷᠡ ᠪᠢᠳᠡ ᠬᠤᠶᠠᠷ ᠤᠨ ᠵᠠᠢ ᠪᠣᠯ ᠠᠷᠪᠠᠨ ᠲᠠᠪᠤᠨ ᠵᠢᠯ ᠤᠨ ᠵᠠᠢ᠂ ᠡᠨᠡ ᠨᠢ ᠵᠦᠪᠬᠡᠨ ᠴᠠᠭ ᠤᠨ ᠵᠠᠢ ᠪᠢᠰᠢ ᠬᠠᠷᠢᠨ ᠤᠷᠤᠨ ᠤ ᠵᠠᠢ ᠶᠤᠮ᠂ ᠶᠠᠭ ᠤᠳᠤᠨ ᠤᠷᠤᠨ ᠤ ᠰᠤᠳᠤᠯᠭᠠᠳᠠᠳ ᠭᠠᠷᠠᠭ ᠤᠳᠤᠨ ᠤ ᠬᠤᠭᠤᠷᠤᠨᠳᠤᠬᠢ ᠵᠠᠢ ᠶᠢ ᠬᠡᠮᠵᠢᠬᠦ ᠳᠤ ᠪᠠᠨ ᠭᠡᠷᠡᠯ ᠵᠢᠯ ᠢᠶᠠᠷ ᠬᠡᠮᠵᠢᠭᠦᠷ ᠨᠢᠭᠡᠴᠡ ᠪᠤᠯᠭᠠᠵᠤ ᠪᠠᠶᠢᠭ᠎ᠠ ᠲᠠᠢ ᠠᠳᠠᠯᠢᠬᠠᠨ ᠤᠳᠬ᠎ᠠ ᠲᠠᠢ᠃ ᠬᠦᠮᠦᠨ ᠤ ᠠᠮᠢᠳᠤᠷᠠᠯ ᠪᠣᠯ ᠵᠦᠪᠬᠡᠨ ᠵᠠᠢ ᠶᠢᠨ ᠤᠬᠠᠮᠰᠠᠷ ᠶᠤᠮ᠃ ᠲᠡᠷᠡ ᠵᠠᠢ ᠨᠢ ᠴᠠᠭ ᠤᠨ ᠵᠠᠢ᠂ ᠤᠷᠤᠨ ᠤ ᠵᠠᠢ᠂ ᠰᠡᠳᠬᠢᠯ ᠤᠨ ᠵᠠᠢ᠂ ᠲᠠᠨᠢᠯᠳᠠ ᠶᠢᠨ ᠵᠠᠢ᠃ ᠲᠡᠶᠢᠮᠦ ᠠᠴᠠ ᠬᠦᠮᠦᠰ ᠵᠠᠢ ᠪᠠᠷ ᠬᠦᠮᠦᠨ ᠤ ᠰᠢᠯᠢᠳᠡᠭ ᠪᠠ ᠪᠠᠭᠤᠷᠠᠢ ᠶᠢ ᠬᠡᠮᠵᠢᠶᠡᠯᠡᠬᠦ ᠲᠤᠷᠠᠳᠠᠢ ᠪᠠᠶᠢᠳᠠᠭ᠃ ᠰᠢᠯᠭᠠᠯᠳᠠ ᠶᠢᠨ ᠲᠠᠯᠠᠪᠤᠷ ᠲᠤ ᠨᠡᠷᠡᠰ ᠤᠨ ᠳ᠋ᠤᠭᠠᠷ᠂ ᠤᠯᠤᠬᠰᠠᠨ ᠬᠤᠪᠢ ᠪᠠᠷ ᠵᠠᠢ ᠬᠤᠪᠢᠶᠠᠵᠤ᠂ ᠲᠠᠮᠢᠷ ᠤᠨ ᠤᠷᠤᠯᠳᠤᠭᠠᠨ ᠳᠤ ᠮᠦᠨ ᠴᠠᠭ ᠤᠨ ᠵᠠᠢ᠂ ᠡᠮᠤᠨ᠎ᠠ ᠬᠤᠶᠢᠨᠠᠬᠢ ᠲᠠᠷᠠᠭᠠᠯᠠᠯ ︵ᠤᠷᠤᠨ ᠤ ᠵᠠᠢ︶ ᠢᠶᠠᠷ ᠰᠢᠯᠢᠳᠡᠭ ᠪᠠ ᠪᠠᠭᠤᠷᠠᠢ ᠶᠢ ᠬᠡᠮᠵᠢᠶᠡᠯᠡᠳᠡᠭ ᠃ ᠮᠤᠩᠭᠤᠯᠴᠤᠳ ᠬᠠᠮᠤᠭ ᠰᠠᠶᠢᠨ ᠨᠠᠶᠢᠵᠠ ᠪᠠᠨ ︽ᠦᠶ᠎ᠡ ᠵᠠᠢ ᠦᠭᠡᠢ ᠨᠠᠶᠢᠵᠠ︾ ᠭᠡᠵᠤ ᠬᠡᠯᠡᠳᠡᠭ᠂ ᠮᠢᠨᠦ ᠦᠵᠡᠬᠦ ᠪᠠᠷ ᠡᠨᠡᠬᠦ ᠵᠠᠢ ᠨᠢ ᠲᠡᠭᠡᠷᠡᠬᠢ ᠲᠦᠷᠪᠡᠨ ᠵᠠᠢ ᠶᠢ ᠪᠦᠷ ᠪᠠᠭᠳᠠᠭᠠᠨ ᠬᠡᠯᠡᠭᠰᠡᠨ ᠵᠠᠢ ᠪᠤᠯᠤᠨ᠎ᠠ᠂ ᠠᠮᠢᠳᠤᠷᠠᠬᠤ ᠴᠠᠭ᠂ ᠭᠠᠵᠠᠷ ᠤᠷᠤᠨ ᠵᠢᠴᠢ ᠬᠠᠶᠢᠷ᠎ᠠ ᠰᠡᠳᠬᠢᠯ᠂ ᠲᠠᠨᠢᠯᠳᠠ ᠤᠬᠠᠮᠰᠠᠷ ᠨᠢ ᠦᠨᠳᠦᠰᠦᠨ ᠳᠤ ᠪᠠᠨ ᠵᠦᠷᠢᠶ᠎ᠡ ᠵᠠᠢ ᠪᠠᠶᠢᠳᠠᠭ ᠦᠭᠡᠢ ᠪᠣᠯ ᠲᠤᠳᠤᠨᠤ ᠨᠠᠶᠢᠵᠠ᠂ ᠰᠠᠶᠢᠨ ᠠᠨᠳᠠ ᠪᠤᠯᠤᠯᠴᠠᠳᠠᠭ᠃ ᠭᠡᠪᠡᠴᠦ ᠡᠭᠦᠨ ᠤ ᠡᠰᠡᠷᠭᠦ ᠪᠤᠯᠤᠬᠰᠠᠭᠠᠷ ᠨᠢᠭᠡ ᠨᠢᠭᠡ ᠪᠠᠨ ᠪᠠᠭᠳᠠᠭᠠᠵᠤ ᠴᠢᠳᠠᠰᠢ ᠦᠭᠡᠢ ᠪᠤᠯᠵᠤ ᠡ᠊ᠨᠳᠠ ᠦᠵᠡᠨ ᠱᠤᠭᠤᠳᠪᠤᠷᠢᠯᠠᠳᠠᠭ ᠪᠠᠶᠢᠬᠤ ᠦᠭᠡᠢ ᠤᠤ︖ ᠡᠨᠡ ᠨᠢ ᠪᠢᠳᠡᠨ ᠳᠤ ᠪᠠᠭᠳᠠᠭᠠᠮᠵᠢ ᠶᠢᠨ ᠵᠠᠢ ᠬᠡᠳᠦᠷᠬᠡᠢ ᠢᠪᠴᠤᠤ ᠪᠠᠶᠢᠳᠠᠭ ᠠᠴᠠ ᠪᠤᠯᠤᠬᠰᠠᠨ ᠶᠤᠮ᠂ ᠬᠦᠮᠦᠨ ᠬᠦᠮᠦᠨ ᠤ ᠬᠤᠭᠤᠷᠤᠨᠳᠤ ᠵᠠᠢ ᠵᠦᠷᠢᠶ᠎ᠡ ᠦᠭᠡᠢ ᠪᠠᠶᠢᠬᠤ ᠪᠤᠯᠤᠯᠴᠠᠭ᠎ᠠ ᠦᠭᠡᠢ ᠶᠤᠮ᠂ ᠬᠡᠷᠪᠡ ᠨᠢᠭᠡ ᠦᠨᠳᠦᠰᠦᠳᠡᠨ ᠳᠤ ᠪᠠᠭᠳᠠᠭᠠᠮᠵᠢ ᠶᠢᠨ ᠵᠠᠢ ᠪᠠᠶᠢᠬᠤ ᠦᠭᠡᠢ ᠪᠣᠯ ᠲᠡᠷᠡ ᠦᠨᠳᠦᠰᠦᠳᠡᠨ ᠨᠢ ᠦᠪᠡᠷ ᠢᠶᠠᠨ ᠴᠦ ᠪᠠᠭᠳᠠᠬᠤ ᠵᠠᠢ ᠦᠭᠡᠢ ᠪᠤᠯᠬᠤ ᠬᠡᠮᠵᠢᠶᠡᠨ ᠳᠤ ᠬᠦᠷᠦᠨ᠎ᠡ᠃ ᠬᠦᠮᠦᠨ ᠬᠦᠮᠦᠨ ᠤ ᠬᠤᠭᠤᠷᠤᠨᠳᠤᠬᠢ ᠬᠠᠮᠤᠭ ᠬᠤᠯᠠ ᠵᠠᠢ ᠶᠢ ᠪᠢᠳᠡ ᠡᠷᠢᠵᠦ ᠰᠤᠷᠠᠪᠠᠯ ᠵᠤᠬᠢᠨ᠎ᠠ᠂ ᠲᠡᠷᠡ ᠬᠠᠮᠤᠭ ᠬᠤᠯᠠ ᠵᠠᠢ ᠨᠢ ᠪᠢᠳᠡᠨ ᠳᠤ ᠬᠠᠮᠤᠭ ᠲᠤᠮᠤ ᠪᠠᠭᠳᠠᠭᠠᠮᠵᠢ ᠶᠢ ᠤᠯᠭᠤᠵᠤ᠂ ᠬᠠᠮᠤᠭ ᠶᠡᠭᠡ ᠬᠦᠴᠦᠨ ᠵᠤᠷᠢᠭ ᠢ ᠬᠠᠩᠭᠠᠵᠤ ᠦᠭᠳᠡᠭ᠃ ᠪᠢᠳᠡᠨ ᠠᠴᠠ ᠬᠠᠮᠤᠭ ᠬᠤᠯᠠ ᠵᠠᠶᠢᠳᠠᠢ ᠪᠠᠶᠢᠭ᠎ᠠ ᠬᠦᠮᠦᠰ ᠪᠣᠯ ᠪᠢᠳᠡᠨ ᠤ ᠬᠠᠷᠠᠯᠳᠠ ᠮᠦᠨ᠂ ᠲᠡᠭᠦᠨ ᠠᠴᠠ ᠬᠠᠮᠤᠭ ᠤᠶᠢᠷᠠᠬᠠᠨ ᠵᠠᠢ ᠶᠢ ᠲᠡᠮᠡᠴᠡᠨ ᠤᠯᠬᠤ ᠶᠢ ᠦᠪᠡᠷ ᠤᠨ ᠢᠶᠠᠨ ᠵᠤᠷᠢᠯᠭ᠎ᠠ ᠪᠠᠶᠢᠯᠭᠠᠪᠠᠰᠤ ᠵᠤᠬᠢᠨ᠎ᠠ᠃ ᠡᠬᠦᠨ ᠲᠠᠢ ᠠᠳᠠᠯᠢ ᠪᠠᠷ ᠬᠠᠮᠤᠭ ᠲᠠᠪᠰᠢᠬᠰᠠᠨ ᠦᠨᠳᠦᠰᠦᠳᠡᠨ ᠠᠴᠠ ᠬᠠᠮᠤᠭ ᠤᠶᠢᠷᠠᠬᠠᠨ ᠵᠠᠢ ᠶᠢ ᠲᠡᠮᠡᠴᠡᠨ ᠤᠯᠬᠤ ᠨᠢ ᠪᠢᠳᠡᠨ ᠤ ᠵᠤᠷᠢᠯᠭ᠎ᠠ ᠪᠠ ᠬᠠᠷᠢᠭᠤᠴᠠᠯᠭ᠎ᠠ ᠪᠠᠶᠢᠪᠠᠯ ᠲᠠᠭᠠᠷᠠᠨ᠎ᠠ᠃ ᠬᠠᠷᠠᠮᠰᠠᠯᠳᠠᠢ ᠨᠢ ᠪᠢᠳᠡᠨ ᠤ ᠤᠯᠠᠩᠬᠢ ᠨᠢ ᠲᠡᠭᠡᠵᠦ ᠬᠢᠳᠡᠭ ᠦᠭᠡᠢ ᠮᠦᠷᠳᠡᠭᠡᠨ ᠲᠡᠭᠡᠵᠦ ᠪᠤᠳᠤᠳᠠᠭ ᠴᠦ ᠦᠭᠡᠢ ᠪᠠᠶᠢᠵᠤ᠂ ᠵᠠᠷᠢᠮ ᠨᠢ ᠰᠢᠭᠤᠳ ︽ᠲᠠᠬᠢᠮ ᠳᠤ ᠪᠠᠨ ᠬᠦᠷᠬᠦ ᠦᠭᠡᠢ ᠭᠠᠷ ᠢᠶᠠᠨ ᠲᠩᠷᠢ ᠦᠭᠡᠳᠡ ᠰᠠᠷᠪᠠᠶᠢᠨ᠎ᠠ︾ ᠭᠡᠵᠤ ᠢᠷᠪᠠᠶᠢᠳᠠᠭ᠂ ᠮᠦᠨ ᠵᠠᠷᠢᠮ ᠨᠢ ︽ᠨᠤᠬᠠᠢ ᠬᠤᠴᠠᠬᠤ ᠪᠠᠷ ᠢᠶᠠᠨ ᠬᠤᠴᠠᠵᠤ᠂ ᠲᠡᠮᠡᠭᠡ ᠶᠠᠪᠤᠬᠤ ᠪᠠᠷ ᠢᠶᠠᠨ ᠶᠠᠪᠤᠨ᠎ᠠ︾ ᠭᠡᠵᠤ ᠡᠷᠳᠡᠶᠢᠳᠡᠭ᠃ ᠡᠨᠡ ᠪᠣᠯ ᠬᠦᠮᠦᠰ ᠤᠨ ᠬᠤᠭᠤᠷᠤᠨᠳᠦᠬᠢ ᠵᠦᠷᠢᠶ᠎ᠠ ᠮᠦᠨ᠂ ᠵᠦᠷᠢᠶ᠎ᠡ ᠠᠴᠠ ᠵᠠᠢ ᠡᠭᠦᠰᠴᠦ᠂ ᠵᠦᠷᠢᠶ᠎ᠡ ᠨᠢ ᠶᠡᠭᠡᠰᠬᠦ ᠲᠤᠳᠤᠮ ᠵᠠᠢ ᠨᠢ ᠬᠤᠯᠠᠳᠠᠳᠠᠭ᠃ ᠤᠶᠢᠷᠡᠳᠬᠤ ᠵᠠᠢ ᠬᠢᠵᠠᠭᠠᠷ ᠲᠠᠢ ᠪᠠᠶᠢᠬᠰᠠᠨ ᠴᠦ ᠬᠤᠯᠠᠳᠬᠤ ᠵᠠᠢ ᠪᠣᠯ ᠬᠢᠵᠠᠭᠠᠷ ᠦᠭᠡᠢ ᠶᠤᠮ᠂ ᠪᠤᠰᠤᠳ ᠠᠴᠠ ᠪᠢᠳᠡ ᠬᠢᠵᠠᠭᠠᠷ ᠦᠭᠡᠢ ᠵᠠᠶᠢᠳᠠᠬᠰᠠᠭᠠᠷ ᠪᠠᠶᠢᠪᠠᠯ ᠦᠪᠡᠷ ᠢᠶᠠᠨ ᠠᠶᠠᠨᠳᠠᠭᠠᠨ ᠠᠷᠢᠯᠳᠠᠭ ᠲᠡᠭᠦᠰᠭᠡᠯ᠃     ᠲᠡᠭᠡᠷᠡᠭᠡᠨ ᠪᠢ ᠲᠧᠯᠧᠢᠰ ᠲᠡᠭᠡᠷ᠎ᠡ ᠠᠴᠠ ᠲᠦᠪᠡᠳᠴᠦᠳ ᠤᠨ ᠠᠯᠤᠰ ᠲᠤ ᠬᠢᠯᠠᠯᠵᠠᠬᠤ ᠮᠦᠩᠬᠡ ᠶᠢᠨ ᠴᠠᠰᠤᠳᠤ ᠤᠷᠬᠢᠯ ᠪᠤᠶᠤ ᠪᠤᠳᠠᠯᠠᠩ ᠤᠨ ᠤᠷᠳᠤᠨ ᠳᠤ ᠪᠠᠨ ᠬᠦᠷᠬᠦ ᠪᠠᠷ ᠬᠡᠳᠦᠨ ᠵᠠᠭᠤᠨ ᠮᠢᠩᠭᠠᠨ ᠭᠠᠵᠠᠷ ᠤᠨ ᠠᠯᠤᠰ ᠠᠴᠠ ᠤᠨᠠᠵᠤ ᠰᠤᠨᠳᠠᠯ᠎ᠠ ᠮᠦᠷᠭᠦᠵᠦ ᠶᠠᠪᠤᠵᠤ ᠪᠠᠶᠢᠭ᠎ᠠ ᠶᠢ ᠬᠠᠷᠠᠭᠠᠳ᠂ ︽ᠬᠦᠷᠢᠶ᠎ᠡ ᠵᠤᠬᠰᠤᠵᠤ ᠪᠠᠶᠢᠨ᠎ᠠ᠂ ᠪᠢ ᠶᠠᠪᠤᠵᠤ ᠪᠠᠶᠢᠨ᠎ᠠ︾ ᠭᠡᠰᠡᠨ ᠶᠤᠬᠳᠠ ᠦᠯᠢᠭᠡᠷ ᠢ ᠠᠶᠠᠨᠳᠠᠭᠠᠨ ᠰᠠᠨᠠᠵᠤ ᠤᠯᠪᠠ᠃ ᠨᠢᠭᠡ ᠠᠯᠬᠤᠮ ᠠᠯᠬᠤᠪᠠᠯ ᠨᠢᠭᠡ ᠮᠦᠷᠭᠦᠵᠤ ᠶᠠᠪᠤᠭ᠎ᠠ ᠨᠢᠭᠡᠨ ᠮᠦᠷᠭᠦᠯᠴᠢᠨ ᠲᠠᠢ ᠲᠤᠬᠢᠶᠠᠯᠳᠤᠬᠰᠠᠨ ᠵᠠᠮ ᠤᠨ ᠬᠦᠮᠦᠨ᠂ ᠲᠡᠭᠦᠨ ᠤ ᠬᠦᠷᠢᠶ᠎ᠡ ᠳᠤ ᠬᠦᠷᠬᠦ ᠭᠡᠵᠤ ᠪᠠᠶᠢᠭ᠎ᠠ ᠶᠢ ᠰᠤᠷᠠᠬᠯᠠᠵᠤ ᠮᠡᠳᠡᠭᠡᠳ᠄ ︽ᠬᠦᠷᠢᠶ᠎ᠠ ᠲᠡᠶᠢᠮᠦ ᠬᠤᠯᠠ᠂ ᠲᠠ ᠢᠩᠬᠢᠵᠦ ᠶᠠᠪᠤᠭᠠᠳ ᠬᠡᠵᠢᠶ᠎ᠡ ᠬᠦᠷᠬᠦ ᠪᠤᠢ︖︾ ᠭᠡᠰᠡᠨ ᠳᠤ ᠨᠦᠭᠦᠭᠡ ᠮᠦᠷᠭᠦᠯᠴᠢᠨ᠄ ︽ᠬᠦᠷᠢᠶ᠎ᠡ ᠵᠤᠬᠰᠤᠵᠤ ᠪᠠᠶᠢᠨ᠎ᠠ᠂ ᠪᠢ ᠶᠠᠪᠤᠵᠤ ᠪᠠᠶᠢᠨ᠎ᠠ᠂ ᠯᠠᠪ ᠬᠦᠷᠦᠯᠭᠦᠢ︾ ᠭᠡᠰᠡᠨ ᠭᠡᠨ᠎ᠡ᠃ ᠲᠤᠬᠠᠢ ᠶᠢᠨ ᠦᠶ᠎ᠡ ᠳᠤ ᠬᠦᠷᠢᠶ᠎ᠡ ︵ᠣᠳᠣ ᠶᠢᠨ ᠤᠯᠠᠭᠠᠨᠪᠠᠭᠠᠳᠤᠷ ᠬᠤᠳᠠ︶ ᠪᠣᠯ ᠮᠤᠩᠭᠤᠯᠴᠤᠳ ᠤᠨ ᠰᠦᠨᠡᠰᠦ ᠶᠢ ᠲᠠᠯᠠᠯᠤᠭᠰᠠᠨ ᠪᠤᠷᠬᠠᠨ ᠤ ᠤᠷᠤᠨ ᠰᠠᠨ᠂ ᠲᠡᠨᠳᠡ ᠬᠦᠷᠴᠦ ᠪᠤᠷᠬᠠᠨ ᠯᠠᠮ᠎ᠠ ᠳᠤ ᠮᠦᠷᠭᠦᠬᠦ ᠨᠢ ᠤᠯᠠᠨ ᠬᠦᠮᠦᠨ ᠤ ᠬᠦᠰᠡᠯ ᠵᠡᠭᠦᠳᠦᠨ ᠪᠤᠯᠵᠤ ᠪᠠᠶᠢᠵᠠᠢ᠃ ᠲᠤᠰ ᠦᠯᠢᠭᠡᠷ ᠨᠢ ᠲᠤᠬᠠᠢ ᠶᠢᠨ ᠴᠠᠭ ᠦᠶ᠎ᠡ ᠶᠢᠨ ᠨᠢᠭᠡ ᠴᠤᠮᠬᠠᠳᠬᠠᠯ ᠵᠢᠷᠤᠭ ᠪᠤᠯᠤᠬᠰᠠᠨ ᠪᠠᠶᠢᠨ᠎ᠠ᠃ ᠲᠤᠰ ᠦᠯᠢᠭᠡᠷ ᠨᠢ ᠲᠡᠷᠡ ᠮᠦᠷᠭᠦᠯᠴᠢᠨ ᠲᠠᠢ ᠬᠠᠷᠭᠤᠬᠰᠠᠨ ᠵᠠᠮ ᠤᠨ ᠬᠦᠮᠦᠨ ᠤ ᠵᠤᠬᠰᠤᠯᠳᠠ ᠠᠴᠠ ᠮᠦᠷᠭᠦᠯᠴᠢᠨ ᠤ ᠲᠡᠨᠡᠭᠰᠢᠬᠦᠦ ᠠᠵᠢᠯᠯᠠᠭ᠎ᠠ ᠶᠢ ᠬᠤᠱᠤᠩᠨᠠᠬᠰᠠᠨ ᠰᠠᠨᠠᠭ᠎ᠠ ᠨᠢ ᠲᠦᠯᠬᠢᠭᠦᠦ ᠪᠠᠶᠢᠷᠢ ᠶᠢ ᠡᠵᠡᠯᠡᠬᠦ ᠪᠤᠯᠪᠠᠴᠤ ᠡᠭᠦᠨ ᠠᠴᠠ ᠴᠢᠨᠠᠬᠰᠢ ᠢᠳᠡᠭᠡᠯ ᠪᠢᠰᠢᠷᠡᠯ᠂ ᠵᠤᠷᠢᠭ ᠰᠦᠰᠦ ᠬᠡᠬᠦ ᠮᠡᠳᠦ ᠨᠡᠩ ᠤᠯᠠᠨ ᠶᠠᠭᠤᠮ᠎ᠠ ᠶᠢ ᠪᠤᠳᠤᠨ ᠤᠯᠵᠤ ᠪᠤᠯᠤᠨ᠎ᠠ᠂ ᠲᠡᠷᠡ ᠨᠢ ᠨᠠᠮ᠎ᠠ ᠶᠢ ︽ᠬᠦᠨᠳᠦ ᠬᠡᠮᠡᠨ ᠪᠤᠤ ᠴᠦᠬᠦ ᠡᠷᠭᠦᠪᠡᠰᠦ ᠲᠠᠭᠠᠶᠤ᠂ ᠬᠤᠯᠡ ᠬᠡᠮᠡᠨ ᠪᠤᠤ ᠴᠦᠬᠦ ᠶᠠᠪᠤᠪᠠᠰᠤ ᠬᠦᠷᠦᠶᠦ︾ ᠬᠡᠭᠦ ᠴᠢᠩᠬᠢᠰ ᠤᠨ ᠰᠤᠷᠭᠠᠯ ᠢ ᠰᠠᠨᠠᠭᠠᠨ ᠳᠤ ᠤᠷᠤᠭᠤᠯᠵᠠᠢ᠃ ᠨᠢᠭᠡᠨ ᠵᠤᠷᠢᠯᠳᠠ ᠳᠤ ᠬᠦᠷᠬᠦ ᠭᠡᠰᠡᠨ ᠲᠡᠮᠡᠤᠯᠤᠯ ᠪᠣᠯ ᠡᠷᠬᠢᠮ ᠨᠠᠨᠳᠢᠨ ᠶᠤᠮ᠂ ᠵᠤᠷᠢᠯᠳᠠ ᠦᠭᠡᠢ ᠠᠮᠢᠳᠤᠷᠠᠯ ᠪᠣᠯ ᠲᠠᠷᠤᠢ ᠲᠠᠮᠠᠤᠯᠤᠯ ᠦᠭᠡᠢ ᠠᠮᠢᠳᠤᠷᠠᠯ ᠮᠥᠨ᠂ ᠬᠠᠷᠠᠯᠳᠠ ᠦᠭᠡᠢ ᠠᠶᠠᠯᠠᠯ ᠮᠥᠨ᠃ ᠭᠠᠵᠠᠷ ᠵᠦᠢ ᠶᠢᠨ ᠪᠠᠭᠰᠢ ᠶᠢᠨ ᠮᠢᠨᠢ ᠬᠡᠯᠡᠳᠡᠭ ᠰᠢᠭ ᠢᠶᠠᠷ ᠭᠠᠵᠠᠷ ᠤᠨ ᠵᠢᠷᠤᠭ ᠲᠡᠭᠡᠷ᠎ᠡ ᠦᠵᠡᠪᠡᠯ ᠬᠦᠷᠢᠶ᠎ᠠ ︵ᠤᠯᠠᠭᠠᠨᠪᠠᠭᠠᠳᠤᠷ ᠬᠤᠳᠠ︶ ᠲᠡᠳᠦᠢ ᠯᠡ ᠬᠤᠯᠠ ᠪᠢᠰᠢ᠂ ᠲᠡᠷᠭᠡ ᠮᠠᠰᠢᠨ ᠲᠠᠢ ᠳᠠᠪᠬᠢᠬᠤ ᠪᠤᠶᠤ ᠨᠢᠰᠳᠡᠭ ᠶᠤᠮ ᠪᠣᠯ ᠬᠡᠳᠦᠬᠡᠨ ᠡᠳᠦᠷ᠂ ᠡᠳᠦᠬᠡᠨ ᠴᠠᠭ ᠤᠨ ᠬᠤᠭᠤᠷᠤᠨᠳᠤ ᠬᠦᠷᠬᠦ ᠭᠠᠵᠠᠷ᠃ ᠬᠡᠷᠪᠡ ᠲᠡᠷᠡ ᠮᠦᠷᠭᠦᠯᠴᠢᠨ ᠤᠳᠤ ᠪᠠᠶᠢᠬᠰᠠᠨ ᠪᠣᠯ ᠮᠠᠰᠢᠨ᠂ ᠨᠢᠰᠭᠡᠯ ᠳᠤ ᠰᠠᠭᠤᠭᠠᠳ ᠤᠯᠠᠭᠠᠨᠪᠠᠭᠠᠳᠤᠷ ᠲᠤ ᠲᠤᠤᠷᠠᠬᠠᠨ ᠬᠦᠷᠬᠦ ᠴᠦ ᠪᠤᠯᠪᠠᠤ ᠬᠡᠰᠡᠨ ᠲᠠᠭᠠᠪᠤᠷᠢ ᠰᠡᠵᠢᠭᠯᠡᠯ ᠲᠠᠢ ᠪᠤᠯᠤᠯ᠎ᠠ᠃ ᠣᠳᠣ ᠪᠣᠯ ᠴᠠᠭ ᠪᠠ ᠤᠷᠤᠨ ᠵᠠᠢ ᠬᠢᠵᠠᠭᠠᠷ ᠦᠭᠡᠢ ᠪᠤᠭᠤᠨᠢᠰᠤᠬᠰᠠᠨ ᠴᠠᠭ ᠦᠶ᠎ᠡ ᠪᠤᠯᠬᠤ ᠰᠠᠨ᠂ ᠡᠨᠡ ᠪᠣᠯ ᠬᠦᠮᠦᠨ ᠲᠦᠷᠦᠯᠳᠡᠨ ᠤ ᠠᠭᠤᠤ ᠶᠡᠭᠡ ᠲᠠᠪᠰᠢᠯᠳᠠ ᠮᠦᠨ᠂ ᠲᠠᠪᠰᠢᠬᠰᠠᠨ ᠦᠨᠳᠦᠰᠦᠳᠡᠨ ᠤ ᠡᠭᠦᠳᠦᠨ ᠪᠦᠳᠦᠭᠡᠭᠰᠡᠨ ᠪᠠ ᠪᠦᠳᠦᠭᠡᠵᠦ ᠪᠠᠶᠢᠭ᠎ᠠ ᠭᠦᠭᠵᠢᠯᠳᠡ ᠶᠢᠨ ᠦᠷ᠎ᠡ ᠪᠦᠳᠦᠮᠵᠢ ᠮᠥᠨ᠃ ᠭᠡᠪᠡᠴᠦ ᠲᠡᠯᠡᠬᠡᠢ ᠶᠢᠨ ᠰᠡᠭᠡᠷ ᠨᠢᠷᠤᠭᠤ ᠬᠡᠮᠡᠭᠳᠡᠭᠰᠡᠨ ᠬᠦᠭᠡᠨᠠᠭᠤᠷ ᠲᠦᠪᠡᠳ ᠤᠨ ᠦᠨᠳᠦᠷᠯᠢᠭ ᠲᠡᠭᠡᠷ᠎ᠡ ᠡᠨᠡᠬᠦ ᠴᠠᠭ ᠪᠠ ᠵᠠᠢ ᠨᠢ ᠬᠠᠷᠠᠬᠠᠨ ᠬᠤᠪᠢᠷᠠᠭ᠎ᠠ ᠦᠭᠡᠢ ᠬᠡᠯᠳᠡᠢ᠂ ᠲᠡᠳᠡ ᠮᠦᠯᠬᠦᠬᠦ᠂ ᠮᠦᠷᠭᠦᠬᠦ᠂ ᠤᠨᠠᠬᠤ᠂ ᠰᠤᠨᠤᠬᠤ ᠪᠠᠨ ᠬᠠᠶᠠᠭ᠎ᠠ ᠦᠭᠡᠢ᠃ ᠲᠡᠳᠡ ᠡᠨᠡ ᠲᠠᠯ᠎ᠠ ᠪᠠᠷ ᠢᠶᠠᠨ ᠤᠮᠠᠷᠠᠳᠤ ᠶᠢᠨ ᠦᠨᠳᠦᠷᠯᠢᠭ ᠲᠤ ᠰᠠᠭᠤᠭ᠎ᠠ ᠪᠢᠳᠡᠨ ᠠᠴᠠ ᠢᠯᠭᠠᠬᠳᠠᠨ᠎ᠠ᠂ ᠦᠨᠡᠨ ᠳᠤ ᠪᠠᠨ ᠲᠡᠷᠡ ᠨᠢ ᠢᠯᠭᠠᠭ᠎ᠠ ᠪᠢᠰᠢ ᠬᠠᠷᠢᠨ ᠵᠦᠷᠢᠶ᠎ᠠ ᠪᠤᠯᠬᠤ ᠶᠤᠮ᠃ ᠵᠦᠷᠢᠶ᠎ᠡ ᠪᠠᠶᠢᠪᠠᠯ ᠵᠠᠢ ᠯᠠᠪᠳᠠᠢ ᠪᠠᠶᠢᠨ᠎ᠠ᠂ ᠲᠡᠷᠡ ᠵᠠᠢ ᠨᠢ ᠪᠤᠳᠠᠳᠠᠢ ᠪᠤᠶᠤ ᠬᠡᠶᠢᠰᠪᠤᠷᠢ ᠪᠠᠷ ᠤᠷᠤᠰᠢᠳᠠᠭ᠃ ᠵᠠᠢ ᠪᠠᠷ ᠰᠢᠯᠢᠳᠡᠭ ᠪᠤᠶᠤ ᠪᠠᠭᠤᠷᠠᠢ᠂ ᠲᠠᠪᠰᠢᠬᠰᠠᠨ ᠪᠤᠶᠤ ᠬᠤᠴᠤᠷᠤᠩᠭᠤᠢ ᠶᠢ ᠪᠠᠷᠢᠮᠵᠢᠶᠠᠯᠠᠳᠠᠭ ᠲᠤᠷᠠᠳᠠᠢ ᠬᠦᠮᠦᠰ ᠠᠴᠠ ᠠᠰᠠᠭᠤᠬᠤ ᠨᠢ᠄ ︽ᠡᠨᠡ ᠬᠤᠶᠠᠷ ᠦᠨᠳᠦᠷᠯᠢᠭ ᠤᠨ ᠬᠡᠨ ᠨᠢ ᠰᠢᠯᠢᠳᠡᠭ᠂ ᠠᠯᠢ ᠨᠢ ᠪᠠᠭᠤᠷᠠᠢ ᠪᠤᠯᠬᠤ ᠪᠣᠯ︖︾     ᠰᠢᠨᠵᠢᠯᠡᠬᠦ ᠤᠬᠠᠭᠠᠨ ᠬᠦᠭᠵᠢᠵᠦ ᠴᠠᠭ ᠪᠠ ᠤᠷᠤᠨ ᠵᠠᠢ ᠶᠢᠨ ᠤᠬᠠᠬᠳᠠᠬᠤᠨ ᠰᠢᠨᠡᠳᠦᠨ ᠬᠤᠪᠢᠷᠠᠵᠤ ᠤᠬᠳᠠᠷᠭᠤᠢ ᠪᠠᠷ ᠭᠡᠰᠦᠭᠡ ᠬᠦᠮᠦᠨ ᠨᠢ ᠭᠠᠵᠠᠷ ᠲᠡᠭᠡᠷᠡᠬᠢ ᠬᠦᠮᠦᠰ ᠲᠠᠢ ᠨᠢᠭᠤᠷᠳᠠᠨ ᠶᠠᠷᠢᠯᠴᠠᠵᠤ ᠴᠢᠳᠠᠬᠤ ᠪᠤᠯᠵᠠᠢ᠃ ᠦᠴᠦᠭᠡᠳᠦᠷ ᠲᠠᠯᠠᠢ ᠶᠢᠨ ᠲᠡᠷᠳᠡᠭᠡ ᠦᠢᠯᠠᠳᠪᠦᠷᠢᠯᠡᠭᠰᠡᠨ ᠠᠮᠳᠠᠳᠤ ᠵᠠᠭᠤᠰᠢ ᠶᠢ ᠦᠨᠤᠳᠤᠷ ᠲᠠᠯᠠᠢ ᠶᠢᠨ ᠡᠨᠡᠳᠡᠭᠡ ᠵᠤᠭᠤᠬᠯᠠᠵᠤ ᠲᠡᠶᠢᠯᠬᠦ ᠪᠤᠯᠵᠠᠢ᠃ ᠡᠨᠡ ᠪᠣᠯ ᠲᠡᠯᠡᠬᠡᠶᠢᠴᠢᠯᠡᠯ ᠮᠥᠨ᠂ ᠭᠠᠵᠠᠷ ᠵᠦᠢ ᠶᠢᠨ ᠪᠠᠭᠰᠢ ᠬᠡᠯᠡᠳᠡᠭ ᠮᠧᠳ᠋ᠷ ᠵᠠᠢ ᠶᠢᠨ ᠤᠶᠢᠯᠠᠭᠠᠬᠳᠠᠬᠤᠨ ᠮᠥᠨ᠂ ᠠᠶᠢᠨᠰᠲ᠋ᠠᠨ ᠤ ᠬᠠᠷᠢᠴᠠᠩᠭᠤᠢ ᠶᠢᠨ ᠤᠨᠤᠯ ᠤᠨ ᠪᠡᠶᠡᠯᠡᠯ ᠮᠦᠨ᠃ ᠲᠡᠭᠡᠪᠡᠯ ᠮᠤᠩᠭᠤᠯᠴᠤᠳ ᠪᠢᠳᠡᠨ ᠤ ᠰᠡᠡᠳᠬᠢᠯ ᠤᠨ ᠵᠠᠢ᠂ ᠲᠠᠨᠢᠯᠳᠠ ᠶᠢᠨ ᠵᠠᠢ᠂ ᠬᠤᠰᠢᠭᠤ ᠨᠤᠳᠤᠭ ᠤᠨ ᠵᠠᠢ᠂ ᠬᠡᠯᠡ ᠠᠶᠠᠯᠭᠤ ᠶᠢᠨ ᠵᠠᠢ᠂ ᠮᠠᠵᠢᠶᠠᠩ ᠤᠨ ᠰᠢᠷᠡᠭᠡᠨ ᠲᠡᠭᠡᠷᠡᠬᠢ ᠵᠠᠢ ᠁ ᠨᠤᠭᠤᠳ ᠢ ᠬᠡᠷᠬᠢᠨ ᠬᠤᠪᠢᠷᠠᠭᠠᠪᠠᠯ ᠵᠤᠬᠢᠬᠤ ᠪᠣᠯ︖ ᠤᠶᠢᠷᠡᠳᠬᠤ ᠵᠠᠢ ᠬᠢᠵᠠᠭᠠᠷ ᠲᠠᠢ ᠪᠠᠶᠢᠬᠰᠠᠨ ᠴᠦ ᠬᠤᠯᠠᠳᠬᠤ ᠵᠠᠢ ᠪᠣᠯ ᠬᠢᠵᠠᠭᠠᠷ ᠦᠭᠡᠢ ᠶᠤᠮ᠂ ᠬᠤᠭᠤᠷᠤᠨᠳᠤ ᠪᠠᠨ ᠪᠢᠳᠡ ᠬᠢᠵᠠᠭᠠᠷ ᠦᠭᠡᠢ ᠵᠠᠶᠢᠳᠠᠬᠰᠠᠭᠠᠷ ᠪᠠᠶᠢᠪᠠᠯ ᠦᠪᠡᠷ ᠢᠶᠠᠨ ᠠᠶᠠᠨᠳᠠᠭᠠᠨ ᠠᠷᠢᠯᠳᠠᠭ ᠲᠡᠭᠦᠰᠭᠡᠯ ᠵᠤᠬᠢᠶᠠᠬᠴᠢ ᠶᠢᠨ ᠬᠠᠶ᠋ᠢᠬ᠄ ᠵᠠᠯᠠᠶᠢᠳ ᠬᠤᠰᠢᠭᠤᠨ ᠤ ᠵᠤᠭᠠᠴᠠᠯ ᠤᠨ ᠲᠤᠪᠴᠢᠶ᠎ᠠ
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号