ᠬᠤᠶᠠᠷ ᠯᠤᠩᠬᠤ ᠠᠷᠢᠬᠢᠨ ᠤ ᠦᠷᠢ
ᠨᠡᠶᠢᠲᠡᠯᠡᠭᠰᠡᠨ ᠴᠠᠭ᠄
2019-08-12
ᠵᠣᠬᠢᠶᠠᠭᠴᠢ᠄  ● ᠯ᠊᠂ ᠰᠤᠨᠢᠨ     ᠲᠦᠰᠢᠶᠡᠳᠦ ᠤᠷᠠᠨ ᠵᠤᠬᠢᠶᠠᠯᠴᠢᠳ ᠤᠨ ᠨᠡᠶᠢᠬᠡᠮᠯᠢᠭ ᠤᠨ ᠬᠠᠮᠳᠤ ᠤᠯᠠᠨ ᠢᠶᠠᠨ ᠲᠠᠭᠠᠵᠦ ᠠᠩᠬ᠎ᠠ ᠤᠳᠠᠭ᠎ᠠ ︽ᠭᠤᠤᠯ ᠤᠨ ᠪᠠᠶᠢᠰᠢᠩ︾ ᠠᠷᠢᠬᠢᠨ ᠦᠢᠯᠡᠳᠪᠤᠷᠢ ᠳᠤ ᠤᠴᠢᠯ᠎ᠠ᠃ ᠲᠠᠨᠢᠯ ᠲᠠᠰᠤᠯ ᠯᠤᠩᠬᠤ ᠨᠤᠭᠤᠳ ᠢ ᠬᠠᠷᠠᠬᠤ ᠠᠴᠠ ᠭᠤᠴᠢᠨ ᠵᠢᠯ ᠤᠨ ᠤᠢ ᠲᠤᠷᠠᠳᠬᠠᠯ ᠲᠠᠷᠢᠬᠢᠨ ᠳᠤ ᠬᠠᠷᠪᠤᠵᠦ ᠬᠡᠰᠡᠭ ᠪᠦᠯᠦᠭ ᠵᠢᠷᠤᠭ ᠰᠡᠭᠦᠳᠡᠷ ᠺᠢᠨᠣ᠋ ᠦᠵᠡᠭᠳᠡᠯ ᠰᠢᠭ ᠦᠩᠭᠡᠷᠡᠨ ᠤᠳᠤᠨ᠎ᠠ᠃     ᠬᠤᠤ ᠲᠠᠢ ᠠᠷᠢᠬᠢᠨ ᠠᠴᠠ ᠬᠠᠩᠬᠤᠯᠤᠬᠰᠠᠨ ᠬᠤᠷᠴᠢᠨ ᠰᠤᠶᠤᠯ ᠤᠨ ᠤᠳᠤᠮ ᠵᠠᠯᠭᠠᠮᠵᠢ     ᠲᠠᠪᠤ ᠲᠤᠯᠤᠭᠠᠨ ᠨᠠᠰᠤ ᠲᠠᠢ ᠪᠠᠶᠢᠬᠤ ᠳᠤ ᠵᠢᠯ ᠴᠠᠭᠠᠨ ᠰᠠᠷ᠎ᠠ ᠤᠶᠢᠷᠠᠳᠬᠤ ᠳᠤ ᠠᠪᠤ ᠮᠢᠨᠢ ᠲᠤᠭᠤᠢ ᠲᠡᠷᠬᠡ ᠪᠠᠷ ᠰᠢᠨ᠎ᠡ ᠶᠢᠨ ᠮᠠᠶᠢᠮᠠᠢ ᠬᠢᠬᠦ ᠪᠠᠷ ᠭᠤᠤᠯ ᠤᠨ ᠪᠠᠶᠢᠰᠢᠩ ︽ᠬᠤᠳᠠ︾ ᠳᠤ ᠤᠷᠤᠳᠠᠭ᠃ ᠡᠷᠳᠡ ᠶᠢᠨ ᠬᠦᠢᠳᠡᠨ ᠳᠤ ᠪᠤᠯᠤ ᠲᠡᠩᠭᠡᠯᠢᠭ ᠬᠠᠷᠴᠢᠬᠢᠨᠠᠭᠤᠯᠤᠨ ᠬᠤᠳᠠ ᠤᠷᠤᠬᠰᠠᠨ ᠠᠪᠤ ᠮᠢᠨᠢ ᠬᠠᠷᠮᠠᠨ ᠢᠶᠠᠨ ᠬᠤᠭᠤᠰᠤᠯᠠᠵᠦ ᠰᠡᠳᠬᠢᠯ ᠢᠶᠠᠨ ᠲᠦᠬᠦᠷᠬᠡᠵᠦ ᠦᠳᠡᠰᠢ ᠶᠢᠨ ᠵᠢᠪᠡᠷ ᠲᠤ ᠵᠢᠩᠳᠡᠬᠦᠯᠦᠨ ᠪᠤᠴᠠᠵᠦ ᠢᠷᠡᠳᠡᠭ᠃ ᠠᠪᠤ ᠮᠢᠨᠢ ᠬᠦᠵᠢ ᠰᠢᠳᠠᠭᠠᠬᠤ ᠴᠠᠭᠠᠰᠤ᠂ ᠰᠢᠬᠢᠷ ᠪᠤᠷᠠᠮ᠂ ᠪᠤᠤᠪᠤ ᠪᠤᠭᠤᠷᠰᠤᠭ᠂ ᠨᠢᠬᠡ ᠠᠳᠬᠤ ᠬᠦᠵᠦᠷ ᠠᠴᠠ ᠭᠠᠳᠠᠨ᠎ᠠ ᠭᠤᠷᠪᠠᠨ ᠵᠢᠩ ᠤᠨ ᠯᠤᠩᠬᠤᠨ ᠳᠤ ᠮᠡᠯᠡᠶᠢᠳᠡᠯ᠎ᠡ ᠲᠦᠭᠦᠷᠭᠡᠭᠰᠡᠨ ᠭᠤᠤᠯ ᠤᠨ ᠪᠠᠶᠢᠰᠢᠩ ᠤᠨ ᠰᠤᠯᠠ ᠠᠷᠢᠬᠢ ᠠᠪᠴᠢᠷᠠᠳᠠᠭ᠃ ᠪᠢᠳᠡ ᠪᠦᠳᠦᠬᠦᠨ ᠪᠦᠳᠦᠬᠦᠨ ᠮᠦᠰᠦᠨ ᠰᠢᠬᠢᠷ᠂ ᠴᠠᠭᠠᠰᠤᠨ ᠪᠠᠭᠯᠠᠭ᠎ᠠ ᠲᠠᠢ ᠪᠤᠤᠪᠤ ᠳᠤ ᠲᠤᠷᠠᠯᠠᠨ ᠰᠢᠯᠤᠰᠤ ᠪᠠᠨ ᠬᠤᠷᠠᠭᠤᠯᠤᠨ ᠤᠷᠢᠳᠤᠭᠤᠷ ᠬᠤᠶᠢᠭᠤᠷ ᠨᠢ ᠬᠦᠶᠦᠯᠴᠡᠬᠦ ᠳᠤ ᠬᠤᠪᠢ ᠲᠦᠬᠡᠬᠡᠳ ᠠᠪᠳᠠᠷ᠎ᠠ ᠳᠠᠭᠠᠨ ᠤᠨᠢᠰᠤᠯᠠᠴᠢᠬᠠᠳᠠᠭ᠃     ᠠᠪᠴᠢᠷᠠᠬᠰᠠᠨ ᠠᠷᠢᠬᠢ ᠪᠠᠨ ᠬᠤᠷᠢᠨ ᠭᠤᠷᠪᠠᠨ ᠳᠤ ᠭᠠᠯ ᠤᠨ ᠪᠤᠷᠬᠠᠨ ᠢᠶᠠᠨ ᠮᠤᠷᠳᠠᠭᠤᠯᠬᠤ ᠳᠤ ᠵᠠᠳᠠᠯᠵᠦ᠂ ᠲᠡᠭᠡᠵᠢ ᠠᠴᠠ ᠨᠢ ᠡᠷᠬᠦᠵᠦ ᠨᠢᠶᠠᠩ ᠪᠤᠳᠠᠭ᠎ᠠ ᠪᠠᠷ ᠭᠠᠯ ᠤᠨ ᠪᠤᠷᠬᠠᠨ ᠤ ᠠᠮᠠ ᠶᠢ ᠨᠢ ᠭᠠᠶᠢᠭᠤᠢ ᠰᠠᠶᠢᠨ ᠮᠢᠯᠢᠶᠠᠭᠠᠳ ᠠᠶᠠᠭᠠᠨ ᠬᠤᠷᠭᠤᠨ ᠲᠤᠳᠤᠷ᠎ᠠ ᠬᠠᠳᠠᠭᠠᠯᠠᠵᠦ ᠲᠠᠯᠪᠢᠳᠠᠭ᠃ ᠪᠢᠳᠡᠬᠦᠨ ᠤ ᠤᠷᠤᠢ ᠲᠡᠭᠡᠳᠦᠰ ᠲᠤ ᠪᠠᠨ ᠲᠦᠯᠡᠰᠢ ᠲᠤᠶ᠋ᠢᠩ ᠡᠷᠬᠦᠬᠦ ᠦᠶ᠎ᠡ ᠳᠤ ᠲᠠᠬᠢᠨᠳᠠ ᠭᠠᠷᠭᠠᠵᠦ ᠬᠤᠷᠭᠤᠨ ᠲᠡᠭᠡᠷ᠎ᠡ ᠢᠯᠡ ᠲᠠᠯᠪᠢᠳᠠᠭ᠃ ᠰᠢᠨ᠎ᠡ ᠶᠢᠨ ᠨᠢᠬᠡᠨ ᠤ ᠦᠷᠯᠦᠬᠡ ᠲᠠᠪᠤᠨ ᠴᠠᠭ ᠪᠤᠯᠤᠮᠠᠬᠴᠠ ᠠᠶᠢᠯ ᠠᠶᠢᠮᠠᠭ ᠤᠨ ᠪᠢᠶᠠᠨ ᠫᠤᠤᠵᠢᠩ ᠫᠢᠳ ᠫᠠᠳ ᠬᠢᠨ ᠨᠢᠬᠡ ᠬᠤᠶᠠᠷ ᠢᠶᠠᠷ ᠲᠤᠤᠭᠠᠷᠴᠦ ᠡᠬᠢᠯᠡᠬᠦ ᠳᠤ ᠭᠠᠯ ᠤᠨ ᠭᠡᠷᠡᠯ ᠭᠠᠷᠭᠠᠵᠦ ᠡᠵᠡᠳ ᠰᠠᠬᠢᠭᠤᠯᠰᠤᠨ ᠢᠶᠠᠨ ᠤᠬᠳᠤᠳᠠᠭ᠃ ᠨᠠᠷᠢᠮᠤ ᠶᠢᠨ ᠰᠦᠷᠡᠯ ᠪᠤᠶᠤ ᠲᠡᠪᠡᠷᠢ ᠲᠠᠢ ᠠᠯᠢᠰᠤ ᠠᠪᠴᠢᠷᠠᠵᠦ ᠨᠤᠴᠤᠭᠠᠭᠠᠳ ᠬᠡᠤᠬᠡᠳ ᠱᠤᠤᠬᠠᠳ ᠬᠦᠵᠢ ᠵᠤᠯᠠ ᠠᠰᠠᠭᠠᠨ ᠭᠠᠯ ᠤᠨ ᠬᠡᠷᠡᠯ ᠢ ᠲᠤᠭᠤᠷᠢᠨ ᠲᠦᠷᠪᠡᠨ ᠵᠦᠭ ᠨᠠᠢᠮᠠᠨ ᠵᠤᠪᠬᠢᠰ ᠲᠤ ᠬᠠᠨᠳᠤᠨ ᠮᠦᠷᠬᠦᠵᠦ᠂ ᠠᠬᠠᠮᠠᠳ ᠪᠤᠭᠤᠷᠤᠯᠴᠤᠳ ᠬᠤᠤ ᠬᠤᠨᠳᠠᠭ᠎ᠠ ᠪᠠᠨ ᠪᠠᠷᠢᠨ ᠠᠷᠢᠬᠢᠨ ᠰᠠᠴᠤᠯᠢ ᠡᠷᠬᠦᠵᠦ ᠪᠤᠶᠠᠨ ᠬᠡᠰᠢᠭ ᠬᠤᠷᠦ᠋ᠢᠯᠠᠳᠠᠭ᠃     ᠦᠷᠯᠦᠭᠡ ᠶᠢᠨ ᠲᠤᠯᠤᠭᠠᠨ ᠴᠠᠭ ᠪᠤᠯᠵᠦ ᠤᠨᠳᠠᠵᠦ ᠬᠠᠨᠤᠬᠰᠠᠨ ᠨᠠᠷᠠᠨ ᠤ ᠲᠤᠯᠤᠭᠠᠢ ᠤᠯᠠᠪᠤᠷᠳᠤᠨ ᠪᠤᠯᠳᠠᠶᠢᠬᠤ ᠪᠠᠷ ᠪᠠᠩᠰᠢ ᠶᠢᠨ ᠲᠡᠭᠡᠵᠢ ᠪᠠᠨ ᠬᠠᠭᠤᠴᠢᠨ ᠰᠤᠨᠢᠨ ᠳᠤ ᠪᠤᠭᠤᠵᠦ ᠯᠤᠩᠬᠤ ᠲᠠᠢ ᠠᠷᠢᠬᠢ ᠪᠠᠨ ᠲᠡᠭᠦᠵᠢᠯᠡᠬᠡᠳ ᠡᠪᠦᠭᠡ ᠡᠮᠡᠭᠡ᠂ ᠨᠠᠭᠠᠴᠦ ᠡᠪᠦᠭᠡ ᠡᠮᠡᠭᠡ᠂ ᠠᠶᠢᠯ ᠰᠠᠬᠠᠭᠠᠯᠳᠠ ᠶᠢᠨ ᠳᠤ ᠬᠡᠷ ᠲᠠᠷᠠᠭᠠᠯᠠᠨ ᠠᠶᠢᠯᠴᠢᠯᠠᠵᠦ᠂ ᠮᠦᠷᠬᠦᠨ ᠵᠤᠯᠭᠠᠵᠦ ᠰᠠᠶᠢᠬᠠᠨ ᠢᠷᠦᠬᠡᠯ ᠰᠤᠨᠤᠰᠳᠠᠭ᠃ ᠴᠢᠯᠠᠭᠤ ᠡᠪᠦᠭᠡ ᠪᠤᠶᠤ ᠲᠡᠯᠬᠡᠷ ᠡᠪᠦᠭᠡ ᠳᠤ ᠵᠤᠯᠭᠠᠬᠤ ᠳᠤ ᠪᠠᠨ ᠦᠵᠡᠯ ᠰᠠᠨᠠᠭᠠᠨ ᠤ ᠪᠡᠯᠡᠳᠬᠡᠯ ᠲᠠᠢ ᠪᠠᠶᠢᠬᠤ ᠬᠡᠷᠡᠭᠳᠡᠢ᠃ ᠬᠦᠯ ᠢ ᠬᠦᠰᠢᠳᠡᠯ᠎ᠠ ᠰᠦᠬᠦᠳᠬᠡᠵᠦ ᠢᠷᠦᠬᠡᠬᠡᠳ ᠵᠤᠬᠰᠤᠬᠤ ᠦᠬᠡᠢ ᠪᠤᠯᠴᠢᠬᠠᠳᠠᠭ᠃ ᠶᠡᠭᠡ ᠨᠠᠭᠠᠴᠦ ᠶᠢᠨ ᠳᠤ ᠲᠠᠭᠠᠯᠠᠳᠠᠭ ᠡᠪᠦᠭᠡ ︵ᠬᠡᠤᠬᠡᠳ ᠢ ᠦᠵᠡᠪᠡᠯ ᠪᠠᠷᠢᠵᠦ ᠠᠪᠤᠭᠠᠳ ᠲᠠᠭᠠᠯᠠᠵᠦ ᠰᠠᠨᠠᠳᠠᠭ︶ ᠶᠢᠨ ᠳᠤ ᠤᠴᠢᠬᠤ ᠳᠤ ᠠᠷᠪᠢᠨ ᠠᠷᠪᠢᠨ ᠰᠢᠬᠢᠷ ᠦᠭᠳᠡᠭ᠃ ᠠᠪᠤ ᠡᠵᠢ ᠮᠢᠨᠢ ᠠᠬᠠᠮᠠᠳ ᠪᠤᠭᠤᠷᠤᠯᠴᠤᠳ ᠲᠤ ᠪᠠᠨ ᠬᠤᠨᠳᠠᠭ᠎ᠠ ᠲᠠᠢ ᠠᠷᠢᠬᠢ ᠪᠠᠨ ᠬᠡᠮᠨᠠᠨ ᠰᠦᠬᠦᠷᠡᠨ ᠵᠤᠯᠭᠠᠳᠠᠭ᠃ ︽ᠦᠷ᠎ᠡ ᠬᠡᠤᠬᠡᠳ ᠤᠨ ᠢᠶᠠᠨ ᠰᠠᠶᠢᠨ ᠢ ᠨᠢ ᠦᠵᠡᠵᠦ ᠵᠢᠷᠭᠠᠭᠠᠷᠠᠢ᠂ ᠦᠯᠵᠡᠢ ᠮᠦᠷ ᠲᠠᠢ ᠦᠬᠡᠳᠡ ᠡᠰᠡᠷᠡᠭ ᠶᠠᠪᠤᠭᠠᠷᠠᠢ︕︾ ︽ᠲᠠᠷᠢᠪᠠᠯ ᠲᠠᠷᠢᠶ᠎ᠠ ᠨᠢ ᠲᠦᠷᠦᠵᠦ᠂ ᠲᠡᠵᠢᠬᠡᠪᠡᠯ ᠮᠠᠯ ᠴᠢᠨᠢ ᠦᠰᠦᠭ︕ ᠵᠡ ᠵᠡ᠂ ᠮᠢᠨᠦ ᠬᠡᠤᠬᠡᠳ ᠪᠤᠰᠤᠭᠠᠳ ᠴᠠᠢ ᠠᠮᠰᠠᠭᠠᠷᠠᠢ︕︾ ᠬᠡᠵᠦ ᠭᠠᠷ ᠢᠶᠠᠨ ᠡᠷᠬᠦᠨ ᠪᠤᠰᠬᠠᠭᠠᠳ ᠤᠳᠤᠭ ᠪᠤᠳᠤᠭ ᠡ ᠮᠠᠭᠤ ᠦᠬᠢᠨ ᠢᠶᠠᠨ ᠠᠰ ᠲᠤᠨᠢ ᠢᠷᠦᠬᠡᠬᠦ ᠪᠠᠨ ᠮᠡᠷᠳᠡᠯ᠎ᠡ᠃ ︽ᠰᠠᠶᠢᠨ ᠪᠢᠴᠢᠭ ᠰᠤᠷ᠂ ᠶᠡᠭᠡ ᠨᠤᠶᠠᠨ ᠪᠤᠯ ᠡ︕︾ ᠬᠡᠵᠦ ᠵᠠᠪᠳᠤᠨ ᠢᠷᠦᠬᠡᠳᠡᠭ᠃     ᠪᠢ ᠬᠤᠭᠤᠷ ᠤᠨ ᠦᠯᠢᠬᠡᠷ᠂ ᠬᠤᠷᠴᠢᠨ ᠰᠤᠶᠤᠯ ᠤᠨ ᠠᠬᠤᠢ ᠳᠤ ᠬᠤᠤ ᠲᠠᠢ ᠠᠷᠢᠬᠢᠨ ᠠᠴᠠ ᠢᠪᠢᠯᠦᠭᠰᠡᠨ ᠬᠠᠶᠢᠷ᠎ᠠ ᠬᠦᠨᠳᠤᠳᠭᠡᠯ᠂ ᠶᠤᠰᠤ ᠰᠤᠷᠭᠠᠯ ᠳᠤ ᠬᠦᠳᠦᠯᠦᠭᠳᠡᠨ ᠠᠬᠠᠮᠠᠳ ᠨᠠᠰᠤᠳᠠᠨ ᠤ ᠪᠠᠨ ᠠᠮᠠᠨ ᠴᠠᠭᠠᠨ ᠢᠷᠦᠬᠡᠯ ᠢᠶᠠᠷ ᠱᠠᠩᠨᠠᠭᠤᠯᠵᠦ ᠬᠦᠮᠦᠵᠢᠨ ᠪᠤᠶᠢᠵᠢᠬᠰᠠᠨ ᠡ᠃     ᠰᠢᠯ ᠤᠨ ᠯᠤᠩᠬᠤ ᠲᠠᠢ ᠭᠤᠤᠯ ᠤᠨ ᠪᠠᠶᠢᠰᠢᠩ ᠠᠷᠢᠬᠢ ᠪᠤᠶᠤ ᠠᠪᠤ ᠶᠢᠨ ᠵᠠᠯᠠᠭᠤ ᠨᠠᠰᠤ     ᠭᠤᠤᠯ ᠤᠨ ᠪᠠᠶᠢᠰᠢᠩ ᠠᠷᠢᠬᠢ ᠰᠠᠪᠠᠨ ᠠᠴᠠ ᠪᠠᠨ ᠤᠨᠳᠤᠤ ᠶᠢ ᠪᠦᠷ ᠪᠠᠯᠠᠷᠠᠭᠤᠯᠳᠠᠭ ᠲᠤᠭᠰᠢᠨ ᠬᠡᠯᠴᠡᠨ᠎ᠡ᠃ ᠬᠤᠶᠠᠷ ᠰᠢᠯ ᠭᠤᠤᠯ ᠤᠨ ᠪᠠᠶᠢᠰᠢᠩ ᠠᠷᠢᠬᠢ ᠲᠤᠰᠬᠠᠭᠠᠳ ᠠᠷᠪᠠᠨ ᠨᠠᠢᠮᠠᠨ ᠮᠤᠷᠢᠨ ᠬᠦᠴᠦᠨ ᠤ ᠲᠠᠷᠺᠲ᠋ᠤᠷ ᠢ ᠠᠵᠢᠭ ᠦᠬᠡᠢ ᠰᠠᠵᠢᠯᠠᠭᠤᠯᠤᠨ ᠨᠤᠴᠤᠭᠠᠭᠠᠳ ᠠᠶᠠᠨ ᠳᠤ ᠪᠠᠨ ᠭᠠᠷᠳᠠᠭ ᠠᠪᠤ ᠶᠢᠨ ᠮᠢᠨᠢ ᠵᠠᠯᠠᠭᠤ ᠨᠠᠰᠤ ᠶᠠᠮᠠᠷᠬᠠᠨ ᠤᠮᠤᠬᠯᠠᠭᠤᠨ ᠪᠠᠶᠢᠬᠰᠠᠨ ᠪᠣᠯ︖     ᠠᠪᠦ ᠮᠢᠨᠢ ᠡᠷᠬᠢᠨ ᠲᠤᠭᠤᠷᠢᠨ ᠤ ᠠᠶᠢᠯ ᠤᠷᠴᠢᠮ ᠳᠤ ᠬᠠᠮᠤᠭ ᠲᠦᠷᠦᠬᠦᠨ ᠳᠤ ᠬᠤᠪᠢ ᠶᠢᠨ ᠮᠠᠰᠢᠨ ᠬᠤᠳᠠᠯᠳᠤᠨ ᠠᠪᠤᠬᠰᠠᠨ ᠬᠦᠮᠦᠨ ᠶᠤᠮ᠃ ᠬᠡᠳᠦᠬᠡᠨ ᠰᠢᠬᠢᠷ᠎ᠠ ᠶᠢ ᠬᠤᠳᠠᠯᠳᠤᠭᠠᠳ᠂ ᠬᠤᠳᠠ ᠶᠢ ᠬᠤᠭᠤᠰᠤᠷᠠᠭᠤᠯᠤᠭᠠᠳ ᠁ ᠬᠡᠵᠦ ᠡᠵᠢ ᠶᠢᠨ ᠶᠠᠩᠰᠢᠶ᠎ᠠ ᠬᠡᠳᠦᠢ ᠡᠳᠦᠷ ᠦᠷᠬᠦᠯᠵᠢᠯᠡᠭᠰᠡᠨ ᠢ ᠪᠤᠳᠤᠵᠦ ᠤᠯᠬᠤ ᠪᠠᠨ ᠪᠤᠯᠢᠯ᠎ᠠ᠃ ᠴᠡᠩᠭᠡᠷ ᠮᠠᠰᠢᠨ ︵ᠲᠷᠠᠺᠲ᠋ᠤᠷ︶ ᠲᠠᠢ ᠠᠪᠤ ᠮᠢᠨᠢ ᠠᠶᠢᠯ ᠠᠶᠢᠮᠠᠭ᠂ ᠬᠦᠷᠰᠢ ᠵᠡᠷᠬᠡᠯᠡᠳᠡᠭᠡ ᠤᠯᠠᠨ ᠬᠦᠮᠦᠨ ᠳᠤ ᠵᠠᠯᠠᠭᠳᠠᠵᠦ ᠬᠤᠷᠢᠮ ᠨᠠᠶᠢᠷ ᠤᠨ ᠲᠦᠷᠦᠬᠦᠦ ᠬᠤᠳᠠ ᠪᠠᠷ ᠬᠡᠷᠡᠯᠳᠦᠬᠦᠯᠵᠦ ᠰᠠᠭᠠᠳᠠᠬᠤ ᠪᠤᠶᠤ ᠨᠤᠶᠠᠨ ᠤᠷᠤᠭ ᠢᠶᠠᠷ ᠦᠬᠢᠨ ᠬᠦᠷᠬᠡᠵᠦ ᠤᠴᠢᠨ ᠯᠠᠷᠵᠢᠶ᠎ᠠ ᠲᠠᠢ ᠰᠠᠭᠤᠵᠦ ᠨᠠᠮᠪᠠ ᠲᠠᠢ ᠲᠠᠶᠢᠯᠠᠭᠤᠯᠳᠠᠭ᠃ ᠭᠤᠷᠪᠠ ᠬᠤᠨᠤᠭ ᠤᠨ ᠡᠷᠬᠢᠯᠳᠡ ᠲᠤᠭᠤᠷᠢᠯᠳᠠ ᠳᠤ ᠦᠬᠢᠨ ᠬᠦᠷᠬᠡᠨ ᠪᠤᠶᠤ ᠰᠢᠨ᠎ᠡ ᠪᠡᠷᠢ ᠮᠠᠨᠠᠶᠢᠬᠢ ᠪᠠᠷ ᠵᠠᠪᠠᠯ ᠲᠤᠭᠤᠷᠢᠵᠦ ᠢᠷᠡᠳᠡᠭ ᠪᠦᠬᠡᠳ ᠠᠪᠤ ᠳᠤ ᠮᠢᠨᠢ ᠪᠠᠶᠠᠷ ᠲᠠᠯᠠᠷᠬᠠᠯ ᠪᠤᠯᠭᠠᠵᠦ ᠬᠤᠶᠠᠷ ᠯᠤᠩᠬᠤ ᠭᠤᠤᠯ ᠤᠨ ᠪᠠᠶᠢᠰᠢᠩ ᠠᠷᠢᠬᠢ ᠪᠡᠯᠡᠭᠯᠡᠳᠡᠭ᠃     ᠠᠪᠤ ᠮᠢᠨᠢ ᠢᠩᠭᠢᠵᠦ ᠭᠤᠤᠯ ᠤᠨ ᠪᠠᠶᠢᠰᠢᠩ ᠠᠷᠢᠬᠢ ᠶᠢ ᠭᠤᠤᠯ ᠢᠶᠠᠨ ᠬᠠᠯᠠᠳᠠᠯ᠎ᠠ ᠤᠤᠭᠤᠵᠦ ᠶᠠᠪᠤᠬᠤ ᠳᠤ ᠪᠠᠨ ᠬᠦᠮᠦᠨ ᠵᠤᠨ ᠳᠤ ᠪᠠᠨ ᠮᠦᠷᠦᠨ ᠤ ᠬᠦᠴᠦ ᠪᠠᠨ ᠬᠠᠷᠠᠮ ᠦᠬᠡᠢ ᠡᠷᠬᠦᠵᠦ᠂ ᠮᠦᠰᠦ ᠤᠬᠠᠭᠠᠨ ᠢᠶᠠᠷ ᠢᠶᠠᠨ ᠠᠶᠢᠯ ᠤᠯᠠᠨ ᠳᠤ ᠪᠠᠨ ᠬᠦᠷᠢᠶᠡᠯᠡᠭᠳᠡᠵᠦ ᠬᠡᠤᠬᠡᠳ ᠪᠢᠳᠡᠨ ᠤ ᠪᠠᠨ ᠠᠮᠢᠳᠤᠷᠠᠯ ᠤᠨ ᠬᠡᠷᠡᠯ ᠴᠠᠮᠬᠠᠭ ᠪᠤᠯᠵᠦ ᠬᠡᠷᠡᠯᠳᠦᠳᠡᠭ ᠪᠠᠶᠢᠬᠰᠠᠨ ᠪᠢᠯᠡ᠃     ᠠᠷᠪᠠᠨ ᠬᠡᠳᠦᠳᠡᠢ ᠪᠠᠶᠢᠬᠤ ᠳᠤ ᠬᠠᠭᠠᠰ ᠮᠠᠯᠵᠢᠬᠤ ᠬᠠᠭᠠᠰ ᠲᠠᠷᠢᠶᠠᠯᠠᠬᠤ ᠠᠮᠢᠳᠤᠷᠠᠯ ᠮᠢᠨᠢ ᠵᠢᠭᠠᠬᠠᠨ ᠦᠬᠡᠳᠡ ᠲᠠᠢ ᠪᠤᠯᠵᠦ ᠢᠷᠡᠯ᠎ᠡ᠃ ᠬᠡᠳᠦᠨ ᠲᠠᠬᠢᠶᠠᠨ ᠦᠨᠳᠡᠭᠡ ᠪᠠᠷ ᠢᠶᠠᠨ ᠮᠦᠰᠦᠯᠡᠮᠵᠢ ᠰᠤᠯᠢᠵᠦ ᠢᠳᠡᠨ᠂ ᠦᠯᠡᠬᠦᠦ ᠠᠮᠤ ᠪᠠᠷ ᠢᠶᠠᠨ ᠭᠤᠯᠢᠷ᠂ ᠲᠤᠳᠤᠷᠭ᠎ᠠ ᠠᠷᠠᠯᠵᠢᠵᠦ᠂ ᠬᠤᠷᠤᠳ ᠲᠤᠰᠤ ᠪᠠᠷ ᠢᠶᠠᠨ ᠵᠢᠮᠢᠰ ᠰᠤᠯᠢᠵᠦ ᠢᠳᠡᠬᠦ ᠪᠤᠯᠤᠯ᠎ᠠ᠃ ᠪᠤᠮᠪᠠᠳᠤ ᠶᠢᠨ ᠠᠶᠢᠯ ᠤᠨ ᠴᠠᠭᠠᠨᠠᠬᠢ ᠭᠤᠤᠯ ᠠᠴᠠ ᠵᠢᠭᠠᠰᠤ ᠠᠩᠨᠠᠵᠦ ᠬᠤᠳᠠᠯᠳᠤᠨ ᠠᠮᠢᠳᠤᠷᠠᠯ ᠤᠨ ᠨᠦᠬᠦᠪᠦᠷᠢ ᠪᠤᠯᠭᠠᠬᠤ ᠪᠤᠯᠪᠠ᠃    ᠶᠢᠰᠦ ᠤᠷᠤᠵᠦ ᠭᠤᠤᠯ ᠤᠨ ᠤᠰᠤ ᠲᠠᠰ ᠨᠢᠰ ᠬᠦᠯᠳᠡᠵᠦ᠂ ᠦᠳᠦᠷᠮ᠎ᠡ᠂ ᠲᠠᠷᠢᠶ᠎ᠠ ᠮᠤᠳᠤᠨ ᠤ ᠠᠵᠢᠯ ᠵᠦᠭᠰᠢᠷᠡᠬᠦ ᠪᠠᠷ ᠬᠡᠳᠦᠨ ᠠᠶᠢᠯ ᠤᠨ ᠡᠷᠡᠭᠳᠡᠶᠢᠴᠦᠳ ᠨᠡᠶᠢᠯᠡᠵᠦ ᠵᠢᠭᠠᠰᠤ ᠠᠩᠨᠠᠳᠠᠭ᠃ ᠪᠦᠳᠦᠬᠦᠨ ᠪᠦᠳᠦᠬᠦᠨ ᠤᠯᠠᠭᠠᠨ ᠰᠡᠬᠦᠯᠳᠦ᠂ ᠮᠦᠷᠬᠦ᠂ ᠬᠡᠯᠳᠡᠭᠡ᠂ ᠮᠤᠭᠠᠶᠢᠯᠵᠢ᠂ ᠵᠢᠵᠢᠭ ᠰᠠᠮ ᠢ ᠲᠤᠤᠷ ᠲᠦᠬᠦᠷᠡᠩ ᠠᠩᠨᠠᠵᠦ ᠤᠯᠳᠠᠭ ᠪᠠᠶᠢᠬᠰᠠᠨ᠃ ᠲᠠᠪᠤ ᠭᠤᠷᠪᠠ ᠬᠤᠨᠤᠬᠤ ᠪᠦᠷᠢ ᠤᠷᠤᠯᠴᠠᠬᠰᠠᠨ ᠬᠦᠮᠦᠨ ᠪᠦᠷᠢ ᠳᠤ ᠢᠳᠡᠬᠦ ᠵᠢᠭᠠᠰᠤ ᠬᠤᠪᠢᠶᠠᠳᠠᠭ᠃ ᠦᠯᠡᠳᠡᠭᠰᠡᠨ ᠢ ᠨᠢ ᠬᠢᠳᠡᠳ ᠭᠠᠵᠠᠷ ᠠᠪᠠᠴᠢᠵᠦ ᠬᠤᠳᠠᠯᠳᠤᠳᠠᠭ᠃ ᠵᠠᠷᠢᠮ ᠰᠠᠬᠤᠤᠯ ᠮᠠᠶᠢᠮᠠᠶᠢᠴᠢᠨ ᠭᠤᠤᠯ ᠲᠡᠭᠡᠷ᠎ᠡ ᠠᠴᠠ ᠵᠢᠭᠠᠰᠤ ᠬᠤᠳᠠᠯᠳᠤᠨ ᠠᠪᠠᠴᠢᠳᠠᠭ ᠪᠦᠬᠡᠳ ᠦᠳᠡ ᠶᠢᠨ ᠬᠦᠨᠡᠰᠦᠨ ᠤ ᠶᠧᠪᠢᠩ᠂ ᠮᠢᠶᠠᠨᠪᠤᠤ ᠬᠤᠳᠠᠯᠳᠤᠳᠠᠭ᠃ ᠠᠪᠤ ᠮᠢᠨᠢ ᠬᠤᠪᠢᠳᠠᠵᠦ ᠤᠯᠤᠬᠰᠠᠨ ᠬᠦᠨᠡᠰᠦ ᠪᠠᠨ ᠪᠢᠳᠡᠨ ᠳᠤ ᠢᠯᠡᠬᠦᠴᠢᠯᠡᠵᠦ ᠠᠪᠴᠢᠷᠠᠳᠠᠭ ᠪᠠᠶᠢᠬᠰᠠᠨ᠃ ᠬᠠᠯᠠᠭᠤᠨ ᠬᠠᠨᠵᠤᠨ ᠲᠡᠭᠡᠷ᠎ᠡ ᠪᠠᠨ ᠬᠡᠪᠳᠡᠬᠡᠳ ᠠᠮᠳᠠᠳᠠᠢ ᠪᠤᠭᠤᠷᠰᠤᠭ ᠬᠡᠮᠡᠯᠢᠵᠦ ᠬᠤᠳᠠ ᠭᠠᠵᠠᠷ ᠤᠨ ᠰᠠᠶᠢᠬᠠᠨ ᠬᠡᠳᠡᠭ ᠢ ᠲᠦᠰᠦᠬᠡᠯᠡᠵᠦ ᠰᠠᠭᠤᠬᠤ ᠳᠤ ᠠᠶᠠᠨᠳᠠᠭᠠᠨ ᠬᠦᠰᠡᠯ ᠮᠦᠷᠦᠬᠡᠳᠦᠯ ᠤᠷᠭᠤᠵᠦ ᠪᠠᠶᠢᠬᠰᠠᠨ ᠪᠤᠯᠪᠠᠤ︖ ᠮᠠᠩᠬᠠᠨ ᠨᠤᠳᠤᠭ ᠠᠴᠠ ᠬᠦᠯ ᠢᠶᠠᠨ ᠰᠤᠭᠤᠯᠵᠦ ᠡᠷᠳᠡᠮ ᠤᠨ ᠠᠶᠠᠨ ᠳᠤ ᠲᠦᠷᠦᠬᠡᠯᠡᠬᠦ ᠶᠢᠨ ᠠᠩᠬᠠᠨ ᠤ ᠬᠦᠰᠡᠯ ᠢ ᠠᠪᠤ ᠮᠢᠨᠢ ᠲᠠᠷᠢᠬᠰᠠᠨ ᠪᠠᠶᠢᠵᠦ ᠲᠠᠭᠠᠷᠠᠨ᠎ᠠ᠃     ᠵᠢᠭᠠᠰᠤᠨ ᠲᠤᠤᠷ ᠴᠢᠷᠬᠦ ᠠᠵᠢᠯ ᠳᠤ ᠪᠠᠶᠠᠨᠨᠠᠮᠤᠷ ᠠᠪᠤ ᠶᠢᠨ ᠬᠠᠭᠤᠴᠢᠨ ᠲᠷᠠᠺᠲ᠋ᠤᠷ ᠢ ᠵᠠᠷᠤᠳᠠᠭ᠃ ᠠᠪᠤ ᠶᠢᠨ ᠮᠠᠰᠢᠨ ᠢᠶᠠᠷ ᠪᠠᠶᠢᠴᠧᠩ᠂ ᠲᠤᠤ ᠨᠠᠨ ᠵᠦᠭ ᠵᠢᠭᠠᠰᠤ ᠬᠤᠳᠠᠯᠳᠤᠬᠤ ᠪᠠᠷ ᠶᠠᠪᠤᠳᠠᠭ᠃ ᠠᠪᠤ ᠮᠢᠨᠢ ᠠᠪᠠᠭ᠎ᠠ ᠪᠤᠶᠤ ᠨᠠᠭᠠᠴᠦ ᠶᠢᠨ ᠬᠡᠨ ᠨᠢᠬᠡᠨ ᠢ ᠨᠢ ᠬᠠᠨᠢ ᠪᠤᠯᠭᠠᠵᠦ ᠲᠡᠭᠡᠭᠡᠳ ᠨᠢᠬᠡ ᠯᠤᠩᠬᠤ ᠭᠤᠤᠯ ᠤᠨ ᠪᠠᠶᠢᠰᠢᠩ ᠠᠷᠢᠬᠢ ᠪᠠᠨ ᠡᠪᠦᠷᠳᠦᠯᠡᠬᠡᠳ ᠰᠦᠨᠢ ᠶᠢᠨ ᠠᠶᠠᠨ ᠳᠤ ᠭᠠᠷᠳᠠᠭ᠃ ᠡᠪᠦᠯ ᠤᠨ ᠰᠦᠨᠢ ᠶᠢᠨ ᠤᠷᠳᠤ ᠳᠤ ᠵᠠᠮ ᠬᠤᠷᠤᠭᠠᠨ᠎ᠠ ᠬᠡᠬᠦ ᠳᠤ ᠬᠦᠢᠳᠡᠨ ᠢ ᠠᠷᠭᠠᠴᠠᠨ᠎ᠠ ᠬᠡᠳᠡᠭ ᠠᠮᠠᠷ ᠦᠬᠡᠢ᠃ ᠬᠤᠨᠢᠨ ᠠᠷᠠᠰᠤᠨ ᠲᠡᠪᠡᠯ᠂ ᠯᠤᠤᠪᠤᠵᠠ ᠮᠠᠯᠠᠭᠠᠢ ᠲᠠᠢ ᠠᠪᠤ ᠶᠢᠨ ᠮᠢᠨᠢ ᠬᠦᠮᠦᠰᠬᠡ᠂ ᠰᠠᠬᠠᠯ ᠨᠢ ᠬᠦᠷᠳᠡᠯ᠎ᠡ ᠴᠠᠩᠳᠤᠵᠦ ᠠᠮᠠ ᠬᠠᠮᠠᠷ ᠠᠴᠠ ᠨᠢ ᠬᠠᠯᠠᠭᠤᠨ ᠠᠭᠤᠷ ᠪᠠᠭᠠᠬᠢᠵᠦ ᠪᠠᠶᠢᠳᠠᠭ᠃ ᠬᠡᠪᠡᠴᠦ ᠠᠪᠤ ᠮᠢᠨᠢ ᠲᠤᠬᠰᠢᠨ ᠬᠠᠷ᠎ᠠ ᠪᠠᠨ ᠲᠤᠬᠳᠤᠷᠤᠨ ᠲᠤᠬᠳᠤᠷᠤᠨ ᠨᠦᠢᠷ ᠢᠶᠠᠨ ᠰᠡᠷᠬᠦᠬᠡᠵᠦ ᠠᠶᠠᠨ ᠤ ᠴᠢᠯᠡᠭᠡ ᠪᠠᠨ ᠲᠠᠶᠢᠯᠳᠠᠭ ᠬᠡᠨ᠎ᠡ᠃ ᠶᠡᠷᠡᠭᠡᠳ ᠤᠨ ᠤ ᠵᠠᠮ ᠬᠠᠷᠢᠯᠴᠠᠭ᠎ᠠ ᠶᠠᠮᠠᠷ ᠪᠠᠶᠢᠳᠠᠭ᠂ ᠲᠷᠠᠺᠲ᠋ᠤᠷ ᠤᠨ ᠬᠤᠷᠳᠦᠴᠠ ᠶᠠᠮᠠᠷ ᠪᠠᠶᠢᠳᠠᠭ ᠢ ᠴᠠᠭ ᠦᠶ᠎ᠡ ᠶᠢᠨ ᠬᠦᠭᠵᠢᠯᠳᠡ ᠰᠢᠨᠡᠴᠢᠯᠡᠯᠳᠡ ᠪᠠᠯᠠᠷᠠᠭᠤᠯᠵᠦ ᠤᠷᠬᠢᠬᠰᠠᠨ ᠴᠦ ᠬᠦᠮᠦᠨ ᠠᠷᠠᠳ ᠤᠨ ᠮᠢᠨᠢ ᠠᠮᠢᠳᠤᠷᠠᠯ ᠲᠡᠮᠡᠴᠡᠯ ᠤᠨ ᠤᠯᠠ ᠮᠦᠷ ᠢ ᠨᠢ ᠪᠠᠯᠠᠷᠠᠭᠤᠯᠵᠦ ᠴᠢᠳᠠᠳᠠᠭ ᠦᠬᠡᠢ᠃     ᠶᠡᠭᠡ ᠬᠤᠳᠠ ᠤᠷᠤᠬᠰᠠᠨ ᠠᠪᠤ ᠮᠢᠨᠢ ᠪᠢᠳᠡᠨ ᠳᠤ ᠠᠯᠮᠤᠷᠠᠳ᠂ ᠵᠦᠷᠵᠢ ᠠᠪᠴᠢᠷᠠᠳᠠᠭ᠃ ᠡᠵᠢ ᠲᠡᠬᠦᠨ ᠢ ᠨᠢ ᠠᠪᠳᠠᠷ᠎ᠠ ᠳᠤ ᠪᠠᠨ ᠨᠢᠮᠪᠠᠶᠢᠯᠠᠨ ᠬᠠᠳᠠᠭᠠᠯᠠᠳᠠᠭ᠃ ᠬᠤᠨᠤᠭ ᠦᠨᠵᠢᠬᠦ ᠳᠤ ᠠᠪᠳᠠᠷ᠎ᠠ ᠠᠴᠠ ᠬᠠᠩᠬᠤᠯᠬᠤ ᠠᠯᠢᠮ᠎ᠠ ᠵᠢᠮᠢᠰ ᠤᠨ ᠲᠡᠷᠡ ᠰᠠᠶᠢᠬᠠᠨ ᠦᠨᠦᠷ ᠪᠠᠭ᠎ᠠ ᠨᠠᠰᠤᠨ ᠤ ᠮᠢᠨᠢ ᠭᠤᠶᠢᠳᠡ ᠲᠤᠷᠠᠳᠬᠠᠯ ᠪᠤᠯᠵᠦ ᠬᠠᠳᠠᠩᠰᠢᠬᠰᠡᠨ ᠪᠢᠯᠡ᠃     ᠢᠯᠠᠭ᠎ᠠ ᠪᠠᠳᠠᠭᠠᠨ᠎ᠠ ᠦᠩᠭᠢᠨᠡᠵᠦ᠂ ᠲᠤᠭᠤᠯ ᠪᠢᠷᠠᠭᠤ ᠬᠡᠳᠡᠬᠡᠨᠡᠳᠡᠨ ᠰᠦ ᠰᠠᠭᠠᠯᠢ ᠦᠳᠬᠡᠷᠡᠬᠦ ᠪᠠᠷ ᠰᠦ ᠬᠤᠳᠠᠯᠳᠤᠬᠤ ᠴᠠᠭ ᠪᠤᠯᠳᠠᠭ᠃ ᠠᠶᠢᠯ ᠤᠨ ᠪᠦᠰᠡᠬᠦ᠋ᠢᠴᠦᠳ ᠰᠢᠨᠡᠬᠡᠨ ᠰᠠᠭᠠᠬᠰᠠᠨ ᠰᠦ ᠪᠠᠨ ᠰᠠᠭᠤᠯᠭ᠎ᠠ ᠲᠦᠬᠦᠷᠡᠩ ᠮᠡᠯᠮᠡᠯᠵᠡᠬᠦᠯᠦᠨ ᠰᠦ ᠬᠤᠳᠠᠯᠳᠤᠬᠤ ᠦᠷᠳᠡᠬᠡᠨ ︵ᠠᠶᠢᠯ ᠲᠤᠮᠳᠠᠬᠢ ᠬᠦᠪᠦᠷᠴᠡᠭ ᠭᠠᠵᠠᠷ︶ ᠳᠤ ᠬᠦᠷᠬᠡᠵᠦ ᠤᠴᠢᠳᠠᠭ ᠃ ᠵᠢᠩ ᠤᠨ ᠤᠳᠤ ᠲᠡᠭᠡᠭᠰᠢ ᠪᠠᠨ ᠤᠳᠦ᠋ᠢᠰᠬᠢᠬᠤ ᠳᠤ ᠬᠠᠷᠠᠮᠰᠠᠵᠦ᠂ ᠵᠢᠩ ᠤᠨ ᠲᠠᠤᠬᠠᠢ ᠲᠤᠭᠤᠬᠰᠢ ᠪᠠᠨ ᠨᠠᠪᠳᠠᠰᠬᠢᠬᠤ ᠳᠤ ᠪᠠᠶᠠᠰᠤᠨ ᠪᠠᠶᠢᠵᠦ᠂ ᠬᠡᠳᠦᠨ ᠰᠠᠷ᠎ᠠ ᠶᠢᠨ ᠬᠡᠳᠦᠨ ᠤ ᠤᠷᠤᠢ᠂ ᠬᠡᠳᠦᠨ ᠵᠢᠩ᠂ ᠬᠡᠳᠦᠨ ᠯᠡᠩ ᠬᠦᠷᠳᠡᠯ᠎ᠡ ᠰᠠᠶᠢᠬᠠᠨ ᠲᠡᠮᠳᠡᠭᠯᠡᠬᠦᠯᠬᠦ ᠶᠢᠨ ᠲᠠᠭᠠᠤ ᠦᠪᠡᠷ ᠤᠨ ᠵᠢᠵᠢᠭ ᠲᠡᠪᠳᠡᠷ ᠲᠡᠭᠡᠷ᠎ᠡ ᠪᠠᠨ ᠬᠠᠭᠤᠯᠵᠦ ᠪᠠᠷᠢᠮᠳᠠ ᠦᠯᠡᠳᠡᠭᠡᠳᠡᠭ᠃ ᠰᠦ ᠬᠦᠷᠬᠡᠬᠦ ᠴᠠᠭ ᠪᠣᠯ ᠠᠶᠢᠯ ᠤᠨ ᠬᠡᠤᠬᠡᠳ ᠤᠨ ᠬᠦᠭᠵᠢᠯᠳᠡᠢ ᠰᠠᠶᠢᠬᠠᠨ ᠨᠠᠭᠠᠳᠬᠤ ᠴᠠᠭ ᠪᠤᠯᠳᠠᠭ ᠠᠴᠠ ᠡᠵᠢ ᠶᠢ ᠤᠯᠵᠦ ᠲᠠᠭᠠᠬᠤ ᠬᠡᠵᠦ ᠲᠤᠭᠤᠯ ᠲᠠᠳᠠᠵᠦ ᠦᠭᠭᠦ ᠠᠵᠢᠯ ᠢ ᠪᠤᠯᠢᠶᠠᠯᠴᠠᠨ ᠬᠢᠳᠡᠭ᠃     ᠲᠡᠮᠦᠷ ᠰᠠᠭᠤᠯᠭ᠎ᠠ ᠲᠠᠢ ᠰᠦ᠂ ᠰᠢᠯ ᠯᠤᠩᠬᠤ ᠲᠠᠢ ᠠᠷᠢᠬᠢ ᠭᠤᠯᠤᠩ ᠴᠤᠯᠤᠩ ᠴᠠᠯᠬᠢᠨ ᠠᠶᠢᠵᠠᠮ ᠬᠦᠭ ᠨᠡᠶᠢᠯᠡᠬᠦᠯᠦᠨ ᠠᠪᠤ ᠶᠢᠨ ᠨᠦᠢᠷ ᠢ ᠦᠷᠬᠦᠬᠡᠬᠦ ᠳᠤ᠂ ᠴᠡᠩᠭᠡᠷ ᠮᠠᠰᠢᠨ ᠬᠡᠳᠡᠩ ᠭᠤᠳᠤᠩ ᠵᠠᠮᠨᠠᠬᠰᠠᠭᠠᠷ ᠪᠠᠶᠠᠨᠮᠠᠩᠬ᠎ᠠ ᠪᠤᠶᠤ ᠪᠠᠶᠠᠨᠨᠠᠭᠤᠷ ᠤᠨ ᠰᠦᠨ ᠲᠠᠯᠬ᠎ᠠ ᠶᠢᠨ ᠦᠢᠯᠡᠳᠪᠦᠷᠢ ᠳᠤ ᠰᠦ ᠪᠠᠨ ᠬᠦᠷᠬᠡᠵᠦ ᠦᠷ ᠰᠦᠨᠢ ᠪᠠᠷ ᠪᠤᠴᠠᠵᠦ ᠢᠷᠡᠳᠡᠭ᠃ ᠡᠷᠳᠡ ᠶᠢᠨ ᠰᠡᠷᠢᠬᠦᠨ ᠰᠡᠯᠬᠢ ᠰᠡᠩᠭᠢᠨᠡᠬᠦᠯᠦᠭᠰᠡᠭᠡᠷ ᠡᠬᠦᠳᠡ ᠠᠯᠬᠤᠨ ᠤᠷᠤᠵᠦ ᠢᠷᠡᠬᠦ ᠳᠤ ᠬᠠᠷ᠎ᠠ ᠠᠷᠢᠬᠢᠨ ᠤ ᠭᠤᠱᠤᠭᠤᠨ ᠨᠢᠯᠤᠭᠤᠨ ᠦᠨᠦᠷ ᠠᠮᠢᠳᠤᠷᠠᠯ ᠤᠨ ᠨᠤᠭᠤᠴᠠᠭᠠᠨ ᠳᠤ ᠲᠠᠰᠪᠤᠷᠢ ᠲᠠᠭᠠᠭᠠᠴᠠ ᠲᠠᠢ ᠶᠠᠪᠤᠬᠰᠠᠨ ᠠᠪᠤ ᠶᠢᠨ ᠮᠢᠨᠢ ᠵᠤᠷᠢᠭ ᠤᠬᠠᠭᠠᠨ ᠤ ᠴᠠᠭᠠᠨ᠎ᠠ ᠠᠴᠠ ᠦᠨᠦᠰᠳᠡᠨ᠎ᠡ᠃     ᠪᠠᠶᠠᠨᠮᠠᠩᠬ᠎ᠠ ᠶᠢᠨ ᠰᠦᠨ ᠦᠢᠯᠡᠳᠪᠦᠷᠢ ᠶᠢᠨ ᠤᠯᠠᠭᠠᠨ ᠦᠨᠢᠶᠡᠨ ᠤ ᠵᠢᠷᠤᠭ ᠲᠠᠢ ᠰᠦᠨ ᠲᠠᠯᠬ᠎ᠠ ᠶᠢᠨ ᠤᠭᠤᠳᠠ ᠪᠠ ᠭᠤᠤᠯ ᠤᠨ ᠪᠠᠶᠢᠰᠢᠩ ᠤᠨ ᠠᠷᠢᠬᠢᠨ ᠯᠤᠩᠬᠤ ᠪᠠᠭ᠎ᠠ ᠨᠠᠰᠤᠨ ᠤ ᠲᠡᠨᠵᠢᠨ ᠳᠤ ︽ᠬᠤᠳᠠᠴᠢᠯᠠᠯᠳᠠ︾᠂ ᠬᠦᠭᠵᠢᠯᠳᠡ ᠶᠢᠨ ᠢᠮ ᠲᠠᠮᠠᠭ᠎ᠠ ᠶᠢ ᠬᠤᠳᠦ᠋ᠢᠳᠠᠯ᠎ᠠ ᠲᠠᠷᠤᠵᠦ ᠦᠯᠡᠳᠡᠬᠡᠵᠡᠢ᠃      ᠬᠤᠶᠠᠷ ᠯᠤᠩᠬᠤ ᠠᠷᠢᠬᠢᠨ ᠤ ᠦᠷᠢ ᠲᠠᠢ ᠰᠢᠨ᠎ᠡ ᠴᠠᠭ ᠤᠨ ᠬᠤᠷᠢᠮ      ᠬᠤᠷᠢᠭᠠᠳ ᠨᠠᠰᠤᠨ ᠤ ᠨᠠᠭᠠᠭᠤᠷ ᠪᠤᠯᠬᠤ ᠳᠤ ᠬᠦᠳᠡᠭᠡ ᠶᠢᠨ ᠠᠮᠢᠳᠤᠷᠠᠯ ᠨᠡᠯᠢᠶᠡᠳ ᠰᠠᠶᠢᠵᠢᠷᠠᠵᠦ ᠵᠢᠯ ᠴᠠᠭᠠᠨ ᠰᠠᠷ᠎ᠠ᠂ ᠪᠠᠶᠠᠷ ᠲᠤᠷᠠᠰᠬᠠᠯ ᠤᠨ ᠡᠳᠦᠷ ᠪᠤᠯᠬᠤ ᠳᠤ ᠡᠯᠢᠬᠡᠨ ᠰᠠᠳᠤᠨ ᠳᠤ ᠪᠠᠨ ᠠᠶᠢᠯᠴᠢᠯᠠᠬᠤ ᠳᠤ ᠬᠤᠶᠠᠷ ᠯᠤᠩᠬᠤ ᠠᠷᠢᠬᠢᠨ ᠤ ᠪᠡᠯᠡᠭ ᠲᠠᠢ ᠤᠴᠢᠬᠤ ᠪᠤᠯᠪᠠ᠃ ᠡᠵᠢ᠂ ᠪᠢᠳᠡᠨ ᠢ ᠨᠠᠭᠠᠴᠦ ᠶᠤᠮ ᠤᠤ ᠠᠪᠠᠭ᠎ᠠ ᠶᠢᠨ ᠡᠯᠵᠢᠬᠡᠨ ᠲᠡᠷᠬᠡᠨ ᠳᠤ ᠯᠠᠪᠳᠠᠭᠤᠬᠠᠨ ᠰᠠᠭᠤᠯᠭᠠᠵᠦ ᠪᠤᠬᠴᠦ ᠲᠠᠢ ᠡᠷᠬᠢᠯᠳᠡ ᠶᠢ ᠲᠡᠪᠡᠷᠢᠬᠦᠯᠦᠨ᠂ ᠬᠡᠨ ᠤ ᠳᠤ ᠶᠠᠮᠠᠷ ᠡᠷᠬᠢᠯᠳᠡ ᠠᠪᠠᠴᠢᠬᠤ ᠪᠠᠨ ᠲᠤᠳᠤᠷᠬᠠᠢ ᠲᠤᠬᠳᠠᠭᠠᠵᠦ ᠪᠠ︖ ᠬᠡᠵᠦ ᠯᠠᠪᠯᠠᠳᠠᠭ᠃ ᠠᠪᠠᠭ᠎ᠠ ᠡᠬᠡᠴᠢ ᠪᠤᠶᠤ ᠠᠨᠢᠶ᠎ᠠ ᠶᠢᠨ ᠳᠤ ᠪᠣᠯ ᠨᠢᠬᠡ ᠯᠤᠩᠬᠤ ᠠᠷᠢᠬᠢ᠂ ᠨᠢᠬᠡ ᠯᠤᠩᠬᠤ ᠭᠤᠸᠠᠨᠲ᠋ᠧᠤ᠂ ᠪᠤᠰᠤᠳ ᠲᠤ ᠨᠢ ᠬᠤᠶᠠᠷ ᠯᠤᠩᠬᠤ ᠠᠷᠢᠬᠢ ᠁ ᠵᠠᠮ ᠲᠤᠵᠢ ᠡᠷᠬᠢᠯᠳᠡ ᠶᠢᠨ ᠪᠡᠯᠡᠭ ᠢᠶᠠᠨ ᠴᠡᠬᠡᠵᠢᠯᠡᠨ ᠶᠠᠪᠤᠬᠤ ᠳᠤ ᠬᠦᠭᠯᠡᠭᠰᠡᠨ ᠡᠯᠵᠢᠬᠡ ᠲᠦᠷᠴᠢᠬᠢᠨᠡᠳᠡᠯ᠎ᠡ ᠬᠦᠶᠦᠵᠦ ᠯᠤᠩᠬᠤ ᠰᠠᠪᠠ ᠬᠠᠩᠭᠢᠭᠠᠷ ᠴᠢᠩᠭᠠᠷ ᠲᠤᠤᠭᠠᠷᠴᠦ᠂ ᠪᠢᠳᠡ ᠬᠡᠳᠦᠬᠦᠯᠡ ᠲᠡᠭᠡᠷ᠎ᠡ ᠲᠤᠤᠷ᠎ᠠ ᠦᠰᠦᠷᠬᠢᠯᠡᠨ ᠠᠷᠠᠢ ᠬᠡᠵᠦ ᠨᠢᠬᠡ ᠠᠶᠢᠯ ᠳᠤ ᠪᠠᠭᠤᠨ ᠦᠳᠡᠯᠡᠬᠡᠳ ᠨᠦᠬᠦᠬᠡ ᠰᠡᠳᠤᠨ ᠢᠶᠠᠨ ᠡᠷᠬᠢᠬᠦ ᠪᠠᠷ ᠶᠠᠪᠤᠳᠠᠭ᠃ ᠠᠶᠢᠯᠴᠢᠯᠠᠯᠳᠠ ᠲᠤᠭᠤᠷᠢᠯᠳᠠ ᠬᠡᠳᠦᠨ ᠡᠳᠦᠷ ᠢᠶᠠᠷ ᠵᠤᠭ᠎ᠠ ᠲᠠᠢ ᠦᠷᠬᠦᠯᠵᠢᠯᠡᠳᠡᠭ ᠪᠠᠶᠢᠬᠰᠠᠨ᠃    ᠵᠠᠷᠢᠮ ᠵᠠᠷᠢᠮ ᠰᠠᠳᠤᠨ ᠤ ᠳᠤ ᠤᠴᠢᠪᠠᠯ ︽ᠵᠠ᠂ ᠤᠳᠤ ᠡᠨᠡ ᠦᠬᠢᠨ ᠤ ᠠᠷᠢᠬᠢ ᠶᠢ ᠤᠤᠭᠤᠬᠤ ᠴᠠᠭ ᠪᠤᠯᠤᠬᠰᠠᠨ ᠪᠠ︖ ᠬᠤᠷᠳᠤᠨ ᠬᠦᠷᠬᠡᠨ ᠳᠤ ᠦᠭᠭᠦᠭᠡᠳ ᠬᠤᠶᠠᠷ ᠯᠤᠩᠬᠤ ᠰᠤᠯᠢᠶ᠎ᠠ︾ ᠬᠡᠵᠦ ᠱᠣᠣᠬᠢᠭᠤᠯᠳᠠᠭ᠃ ᠬᠤᠶᠠᠷ ᠯᠤᠩᠬᠤ ᠠᠷᠢᠬᠢᠨ ᠤ ᠯᠡ ᠪᠡᠨ᠎ᠡ ᠲᠠᠢ ᠦᠬᠢᠨ ᠵᠠᠶᠠᠭ᠎ᠠ ᠳᠤ ᠪᠠᠨ ᠭᠤᠮᠤᠳᠠᠵᠦ ᠤᠷᠤᠭᠤ ᠴᠢᠷᠠᠢ ᠲᠠᠢ ᠬᠡᠷ ᠲᠤ ᠪᠠᠨ ᠪᠤᠴᠠᠬᠤ ᠳᠤ ᠠᠪᠤ ᠮᠢᠨᠢ ᠬᠡᠨᠡᠭ ᠦᠬᠡᠶᠢᠬᠡᠨ ᠮᠦᠰᠢᠶᠡᠵᠦ ︽ᠮᠢᠨᠢ ᠮᠠᠭᠤ ᠦᠬᠢᠨ ᠪᠢᠴᠢᠭ ᠢᠶᠠᠨ ᠰᠠᠶᠢᠨ ᠰᠤᠷᠴᠦ᠂ ᠬᠤᠳᠠ ᠳᠤ ᠠᠮᠢᠳᠤᠷᠠᠵᠦ ᠠᠰᠠᠷ ᠲᠤ ᠰᠠᠭᠤᠨ᠎ᠠ ᠰᠢᠤ᠂ ᠠᠪᠤ ᠨᠢ ᠬᠦᠯ ᠢᠶᠠᠨ ᠰᠠᠶᠢᠨ ᠭᠠᠮᠨᠠᠶ᠎ᠠ᠂ ᠦᠬᠢᠨ ᠤ ᠪᠠᠨ ᠠᠰᠠᠷ ᠲᠤ ᠲᠤᠭᠤᠷᠢᠵᠦ ᠤᠴᠢᠨ᠎ᠠ ᠰᠢᠤ︕︾ ᠬᠡᠵᠦ ᠠᠷᠭᠠᠳᠠᠳᠠᠭ᠃     ᠰᠢᠨ᠎ᠡ ᠴᠠᠭ ᠤᠨ ᠵᠠᠯᠠᠭᠤᠴᠤᠳ ᠪᠤᠯᠵᠦ ᠲᠦᠷᠦᠭᠰᠡᠨ ᠮᠢᠨᠢ ᠶᠠᠭᠤᠳᠠᠢ ᠰᠠᠶᠢᠨ ᠪᠢᠯᠡ᠃ ᠬᠠᠶᠢᠷ᠎ᠠ ᠲᠤᠷᠠᠯᠠᠯ ᠤᠨ ᠲᠠᠯ᠎ᠠ ᠪᠠᠷ ᠬᠠᠰᠢᠵᠦ ᠬᠤᠷᠢᠬᠰᠠᠨ ᠬᠦᠮᠦᠨ ᠨᠢᠬᠡ ᠴᠦ ᠪᠠᠶᠢᠬᠤ ᠦᠬᠡᠢ᠃ ᠠᠪᠤ ᠡᠵᠢ ᠠᠴᠠ ᠪᠠᠨ ᠠᠰᠠᠭᠤᠬᠰᠠᠨ ᠴᠦ ᠦᠬᠡᠢ ᠪᠠᠷ ᠲᠡᠭᠦᠰᠬᠦ ᠵᠢᠯ ᠨᠠᠶᠢᠵᠠ ᠵᠠᠯᠠᠭᠤ ᠪᠠᠨ ᠬᠡᠷ ᠲᠤ ᠪᠠᠨ ᠲᠠᠭᠠᠭᠤᠯᠤᠨ ᠠᠪᠠᠴᠢᠬᠰᠠᠨ ᠢ ᠶᠠᠭᠠᠬᠢᠨ᠎ᠠ︖ ᠬᠡᠷ ᠢᠶᠠᠨ ᠲᠠᠨᠢᠭᠤᠯᠤᠬᠰᠠᠨ ᠤ ᠲᠠᠷᠠᠭ᠎ᠠ ᠵᠢᠯ ᠨᠢ ᠬᠤᠶᠠᠭᠤᠯᠠ ᠪᠠᠨ ᠪᠠᠭᠰᠢ ᠶᠢᠨ ᠡᠩᠨᠡᠬᠡᠨ ᠳᠤ ᠰᠢᠯᠭᠠᠭᠠᠯᠤᠨ ᠤᠷᠤᠵᠦ ᠠᠵᠢᠯ ᠠᠯᠪᠠ ᠲᠠᠢ ᠪᠤᠯᠤᠬᠰᠠᠨ ᠢᠶᠠᠷ ᠬᠤᠷᠢᠮ ᠤᠨ ᠡᠳᠦᠷ ᠢᠶᠠᠨ ᠪᠤᠯᠵᠤᠭᠠᠳ ᠬᠡᠷ ᠲᠤ ᠪᠠᠨ ᠴᠢᠮᠡᠭᠡ ᠦᠭᠴᠦ ᠲᠤᠩᠬᠠᠭᠯᠠᠭᠠᠳ ᠠᠶᠢᠯ ᠳᠤ ᠮᠤᠷᠳᠠᠴᠢᠬᠠᠬᠰᠠᠨ ᠪᠢᠯᠡ᠃     ᠠᠶᠢᠯ ᠠᠶᠢᠮᠠᠭ ᠤᠨ ᠠᠬᠠᠮᠠᠳ ᠲᠤᠮᠤᠭᠠᠳᠠᠨ ᠬᠠᠶᠠ ᠬᠠᠷᠭᠤᠬᠤ ᠳᠤ ᠪᠠᠨ ︽ᠡᠨᠡ ᠦᠬᠢᠨ ᠤ ᠠᠷᠢᠬᠢ ᠶᠢ ᠨᠢ ᠤᠯᠵᠦ ᠤᠤᠭᠤᠬᠰᠠᠨ ᠦᠬᠡᠢ ᠰᠢᠤ︕︾ ᠬᠡᠵᠦ ᠬᠠᠷᠠᠮᠰᠠᠳᠠᠭ᠃ ︽ᠬᠠᠳᠠᠭ ᠲᠤᠬᠳᠠᠬᠰᠠᠨ ᠠᠷᠢᠬᠢ︾᠂ ︽ᠰᠢᠬᠦᠰᠦᠨ ᠤ ᠠᠷᠢᠬᠢ︾ ᠬᠡᠵᠦ ᠤᠤᠭᠤᠯᠴᠠᠳᠠᠭ ᠪᠠᠶᠢᠬᠰᠠᠨ ᠠᠪᠤ ᠲᠡᠭᠡᠳᠦ ᠠᠴᠠ ᠤᠯᠠᠮᠵᠢᠯᠠᠬᠰᠠᠨ ᠬᠤᠷᠢᠮ ᠤᠨ ᠶᠤᠰᠤ ᠵᠠᠩᠰᠢᠯ᠂ ᠵᠠᠩ ᠵᠢᠷᠤᠮ ᠢ ᠦᠪᠡᠷ ᠤᠨ ᠲᠤᠷ᠎ᠠ ᠪᠠᠷ ᠡᠪᠳᠡᠵᠦ ︽ᠰᠢᠨ᠎ᠡ ᠴᠠᠭ ᠤᠨ ᠬᠤᠷᠢᠮ︾ ᠬᠢᠵᠦ ᠲᠦᠷᠬᠦᠮ ᠤᠨ ᠬᠡᠷ ᠠᠴᠠ ᠪᠠᠨ ᠪᠢᠰᠢ᠂ ᠵᠤᠴᠢᠳ ᠤᠨ ᠪᠠᠭᠤᠳᠠᠯ ᠠᠴᠠ ᠮᠤᠷᠳᠠᠵᠦ ᠶᠠᠪᠤᠬᠰᠠᠨ ᠪᠢ ᠨᠠᠮ᠎ᠠ ᠶᠢ ᠦᠬᠦᠬᠡᠷᠳᠦᠵᠦ ᠦᠰᠬᠡᠭᠰᠡᠨ᠂ ᠡᠩᠭᠦᠷᠡᠶᠢᠯᠡᠵᠦ ᠰᠠᠨᠠᠬᠰᠠᠨ᠂ ᠢᠷᠦᠬᠡᠵᠦ ᠵᠦᠩᠨᠡᠭᠰᠡᠨ ᠤᠯᠠᠨ ᠤᠯᠠᠨ ᠬᠦᠮᠦᠨ ᠳᠤ ᠬᠤᠶᠠᠷ ᠯᠤᠩᠬᠤ ᠠᠷᠢᠬᠢ ᠦᠷᠢᠳᠡᠵᠦ ᠪᠢᠯᠡ᠃     ᠠᠪᠤ ᠳᠤ ᠪᠠᠨ ᠪᠢ ᠶᠠᠳᠠᠵᠦ ᠬᠤᠶᠠᠷ ᠯᠤᠩᠬᠤ ︽ᠭᠤᠤᠯ ᠤᠨ ᠪᠠᠶᠢᠰᠢᠩ︾ ᠠᠷᠢᠬᠢᠨ ᠤ ᠪᠡᠯᠡᠭ ᠲᠠᠢ ᠤᠴᠢᠬᠤ ᠪᠠᠨ ᠶᠠᠭᠠᠬᠢᠯ᠎ᠠ︖ ᠠᠪᠤ ᠮᠢᠨᠢ ᠠᠷᠢᠬᠢᠨ ᠳᠤ ᠬᠠᠶᠠᠬᠳᠠᠵᠦ᠂ ᠬᠠᠶᠠᠵᠦ᠂ ᠬᠠᠶᠠᠬᠳᠠᠵᠦ ᠶᠠᠪᠤᠯ᠎ᠠ᠃ ᠦᠳᠡᠯᠬᠦ ᠶᠢᠨ ᠦᠵᠦᠬᠦᠷ ᠬᠡᠤᠬᠡᠳ ᠠᠴᠢ ᠳᠤ ᠪᠠᠨ ᠪᠤᠤ ᠲᠠᠷᠤᠭᠠᠰᠤ ᠪᠤᠯᠤᠶ᠎ᠠ ᠬᠡᠵᠦ ᠠᠷᠢᠬᠢ᠂ ᠲᠠᠮᠠᠬᠢᠨ ᠠᠴᠠ ᠪᠠᠨ ᠵᠤᠬᠰᠤᠵᠦ ᠬᠤᠨᠢᠨ ᠤ ᠪᠠᠨ ᠪᠡᠯᠴᠢᠬᠡᠷ ᠢᠶᠠᠷ ᠰᠡᠳᠬᠢᠯ ᠤᠨ ᠲᠠᠮᠢᠷ ᠰᠡᠷᠬᠦᠬᠡᠵᠦ ᠶᠠᠪᠤᠬᠰᠠᠨ ᠬᠠᠰᠢᠷ ᠡᠪᠦᠬᠡᠨ ᠪᠤᠯᠪᠠ᠃     ᠦᠨᠦᠳᠦᠷ ᠭᠤᠤᠯ ᠤᠨ ᠪᠠᠶᠢᠰᠢᠩ ᠠᠷᠢᠬᠢᠨ ᠦᠢᠯᠡᠳᠪᠤᠷᠢ ᠳᠤ ᠢᠷᠡᠬᠦ ᠳᠤ ᠠᠪᠤ ᠳᠤ ᠮᠢᠨᠢ ᠬᠠᠨᠢ ᠪᠤᠯᠵᠦ ᠵᠠᠯᠠᠭᠤ ᠨᠠᠰᠤᠨ ᠤ ᠬᠢᠨᠢ ᠵᠤᠭ᠎ᠠ ᠪᠤᠯᠵᠦ ᠶᠠᠪᠤᠬᠰᠠᠨ ᠰᠢᠯ ᠤᠨ ᠯᠤᠩᠬᠤ ᠦᠨᠳᠦᠷ ᠦᠨ᠎ᠡ ᠶᠢᠨ ᠱᠤᠰᠢᠭ᠎ᠠ ᠬᠠᠳᠠᠭᠤᠯᠵᠦ ᠤᠨ ᠵᠢᠯ ᠤᠨ ᠤᠷᠤᠰᠬᠠᠯ᠂ ᠬᠦᠭᠵᠢᠯᠳᠡ ᠬᠤᠪᠢᠷᠠᠯᠳᠠ ᠶᠢ ᠲᠡᠮᠳᠡᠭᠯᠡᠨ᠂ ᠨᠡᠷᠡᠳᠦ ᠦᠢᠯᠡᠳᠬᠦᠨ ᠤ ᠮᠠᠷᠺ ᠪᠤᠯᠵᠦ ᠬᠦᠭᠵᠢᠵᠡᠢ᠃     ᠠᠷᠪᠠᠨ ᠵᠢᠯ ᠤᠨ ᠬᠠᠷᠠᠮᠰᠠᠯ ᠢ ᠲᠡᠭᠡᠭᠡᠭᠰᠡᠨ ᠯᠤᠩᠬᠤ ᠨᠤᠭᠤᠳ ᠢ ᠬᠠᠷᠠᠬᠤ ᠪᠠᠷ ᠬᠤᠶᠠᠷ ᠯᠤᠩᠬᠤ ᠠᠷᠢᠬᠢᠨ ᠤ ᠦᠷᠢ ᠪᠠᠨ ᠲᠦᠯᠦᠶ᠎ᠡ ᠬᠡᠵᠦ ᠬᠠᠷᠮᠠᠨ ᠢᠶᠠᠨ ᠲᠡᠮᠳᠡᠷᠢᠯ᠎ᠡ᠃ ᠬᠤᠶᠠᠷ ᠯᠤᠩᠬᠤ ᠠᠷᠢᠬᠢ ᠶᠢ ᠨᠢ ᠪᠢ ᠲᠦᠯᠦᠵᠦ ᠪᠤᠯᠤᠨ᠎ᠠ ᠃ ᠠᠷᠢᠬᠢᠨ ᠤ ᠰᠤᠶᠤᠯ᠂ ᠠᠷᠠᠵᠠᠨ ᠳᠤ ᠰᠢᠩᠭᠡᠭᠰᠡᠨ ᠡᠪᠦᠬᠡᠳ ᠲᠡᠭᠡᠳᠦᠰ ᠤᠨ ᠤᠬᠠᠭᠠᠨ ᠪᠢᠯᠢᠭ᠂ ᠰᠠᠷᠬᠤᠳ ᠤᠨ ᠲᠡᠭᠡᠵᠢᠨ ᠳᠤ ᠠᠭᠤᠰᠤᠬᠰᠠᠨ ᠵᠠᠩ ᠵᠢᠷᠤᠮ᠂ ᠶᠤᠰᠤ ᠵᠠᠩᠰᠢᠯ ᠢᠶᠠᠨ ᠪᠢ ᠶᠠᠭᠠᠬᠢᠵᠦ ᠲᠦᠯᠦᠳᠡᠭ ᠪᠢᠯᠡ⁈ ᠵᠤᠬᠢᠶᠠᠬᠴᠢ ᠶᠢᠨ ᠬᠠᠶ᠋ᠢᠬ᠄ ᠲᠤᠮᠳᠠᠳᠤ ᠬᠤᠰᠢᠭᠤᠨ ᠤ ᠪᠠᠶᠠᠨᠬᠤᠰᠢᠭᠤ ᠨᠢᠬᠡᠳᠦᠬᠡᠷ ᠲᠤᠮᠳᠠᠳᠤ ᠰᠤᠷᠭᠠᠭᠤᠯᠢ
 
ᠢᠷᠡᠯᠲᠡ᠄ ᠳᠤᠮᠳᠠᠳᠥ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号