ᠰᠦᠨᠢ ᠶᠢᠨ ᠭᠦᠨ ᠳᠤ
ᠨᠡᠶᠢᠲᠡᠯᠡᠭᠰᠡᠨ ᠴᠠᠭ᠄
2019-08-12
 ᠵᠣᠬᠢᠶᠠᠭᠴᠢ᠄ ᠄    ● ᠰᠣᠶᠣᠯᠮᠠᠨᠳᠠ          — ᠠᠪᠦ ᠡ︕ ᠴᠢ ᠶᠠᠭᠠᠬᠢᠭᠠᠳ ᠣᠳᠣ ᠰᠠᠶ᠋ᠢ ᠭᠠᠷ ᠣᠳᠠᠰᠣ ᠪᠠᠨ ᠲᠣᠰᠣᠭᠰᠠᠨ ᠪᠣᠢ︖ ᠪᠢ ᠴᠢᠮᠠᠢᠢ ᠶᠡᠬᠡᠪᠡᠷ ᠰᠠᠨᠠᠭᠰᠠᠨ ᠰᠢᠣ᠃    — ᠬᠦᠦ ᠮᠢᠨᠢ ᠡ᠂ ᠠᠪᠤ ᠨᠢ ᠰᠠᠶ᠋ᠢ ᠠᠵᠢᠯ ᠠᠴᠠ ᠪᠠᠨ ᠪᠠᠭᠤᠵᠣ ᠢᠷᠡᠵᠠᠢ᠂ ᠮᠢᠨᠦ ᠬᠦᠦ ᠦᠨᠦᠳᠦᠷ ᠰᠣᠷᠭᠠᠭᠤᠯᠢ ᠳᠠᠭᠠᠨ ᠪᠠᠭᠰᠢ ᠶᠢᠨ ᠢᠶᠠᠨ ᠦᠭᠡ ᠶᠢ ᠰᠠᠶᠢᠨ ᠰᠣᠨᠣᠰᠣᠭᠰᠠᠨ ᠦᠦ︖ ᠪᠠᠭᠰᠢᠨᠠᠷ ᠴᠢᠨᠢ ᠴᠢᠮ᠎ᠠ ᠳᠤ ᠶᠠᠭᠤ ᠶᠠᠭᠤ ᠵᠢᠭᠠᠭᠰᠠᠨ ᠪᠣᠢ︖    — ᠦᠨᠦᠳᠦᠷ ᠳᠤᠭ᠎ᠠ ᠪᠣᠳᠣᠯᠭ᠎ᠠ ᠶᠢᠨ ᠬᠢᠴᠢᠶᠠᠯ ᠳᠤ ᠨᠡᠮᠡᠬᠦ ᠦᠢᠯᠡᠳᠦᠯ ᠤᠨ ᠪᠣᠳᠣᠯᠭ᠎ᠠ ᠶᠢᠨ ᠠᠷᠭ᠎ᠠ ᠰᠣᠷᠴᠠᠢ᠂ ᠮᠣᠩᠭᠤᠯ ᠬᠡᠯᠡᠨ ᠤ ᠬᠢᠴᠢᠶᠠᠯ ᠳᠤ ᠰᠢᠨ᠎ᠡ ᠰᠢᠯᠦᠭ ᠤᠨ ᠬᠢᠴᠢᠶᠡᠯ ᠰᠣᠷᠴᠠᠢ᠂ ᠭᠠᠷ ᠣᠷᠠᠯᠠᠯ ᠤᠨ ᠬᠢᠴᠢᠶᠠᠯ ᠳᠤ ᠴᠠᠭᠠᠰᠣᠨ ᠮᠡᠯᠡᠬᠡᠢ ᠨᠣᠭᠤᠯᠬᠤ ᠶᠢ ᠰᠣᠷᠣᠭᠰᠠᠨ ᠁    — ᠴᠢ ᠪᠦᠬᠦᠨ ᠢ ᠴᠢᠳᠠᠭᠰᠠᠨ ᠦᠦ︖    — ᠪᠢ ᠣᠳᠣ ᠬᠤᠶᠠᠷ ᠵᠦᠢᠯ ᠤᠨ ᠴᠠᠭᠠᠰᠣᠨ ᠮᠡᠯᠡᠬᠡᠢ ᠨᠣᠭᠤᠯᠵᠣ ᠴᠢᠳᠠᠨ᠎ᠠ᠂ ᠠᠪᠤ ᠡ︕ ᠮᠢᠨᠦ ᠴᠠᠭᠠᠰᠣᠨ ᠮᠡᠯᠡᠬᠡᠢ ᠨᠣᠭᠤᠯᠬᠤ ᠶᠢ ᠦᠵᠡᠨ᠎ᠡ ᠦᠦ︖ ᠴᠠᠭᠠᠰᠣᠨ ᠮᠡᠯᠡᠬᠡᠢ ᠨᠣᠭᠤᠯᠬᠤ ᠳᠤ ᠁    — ᠵᠠ᠂ ᠲᠡᠶᠢᠮᠦ ᠪᠣᠯ ᠠᠪᠤ ᠨᠢ ᠴᠠᠭᠠᠨ ᠰᠠᠷ᠎ᠠ ᠬᠠᠷᠢᠭᠰᠠᠭᠠᠷ ᠦᠵᠡᠶ᠎ᠠ ᠳ᠋ᠠ᠂ ᠲᠣᠭᠠᠨ ᠤ ᠣᠬᠠᠭᠠᠨ ᠤ ᠨᠡᠮᠡᠬᠦ ᠦᠢᠯᠡᠳᠦᠯ ᠤᠨ ᠪᠣᠳᠣᠯᠭ᠎ᠠ ᠶᠢᠨ ᠠᠷᠭ᠎ᠠ ᠪᠠᠨ ᠰᠣᠷᠴᠣ ᠴᠢᠳᠠᠭᠰᠠᠨ ᠦᠦ︖    — ᠴᠢᠳᠠᠨ᠎ᠠ᠂ ᠪᠠᠭᠰᠢ ᠪᠢᠳᠡᠨ ᠳᠤ ᠬᠤᠷᠣᠭᠤ ᠲᠣᠭᠠᠯᠠᠬᠤ ᠠᠷᠭ᠎ᠠ ᠶᠢ ᠵᠢᠭᠠᠭᠰᠠᠨ᠃    — ᠲᠠᠪᠤ ᠨᠡᠮᠡᠬᠦ ᠬᠤᠶᠠᠷ ᠬᠡᠳᠦᠢ ᠪᠣᠢ︖    — ᠨᠢᠭᠡ᠂ ᠬᠤᠶᠠᠷ ᠁ ᠨᠢᠭᠡ ᠭᠠᠷ ᠲᠤ ᠲᠠᠪᠣᠨ ᠬᠤᠷᠣᠭᠤ ᠲᠠᠢ᠂ ᠨᠦᠬᠦᠭᠡ ᠭᠠᠷ ᠠᠴᠠ ᠬᠤᠶᠠᠷ ᠬᠤᠷᠣᠭᠤ ᠵᠢᠭᠡᠯᠡᠪᠡᠯ ᠲᠣᠯᠤᠭ᠎ᠠ ᠪᠣᠯᠣᠨ᠎ᠠ᠂ ᠠᠪᠤ ᠡ᠂ ᠬᠠᠷᠢᠭᠤᠯᠳᠠ ᠨᠢ ᠲᠣᠯᠤᠭ᠎ᠠ᠂ ᠲᠠᠭᠠᠷᠠᠨ᠎ᠠ ᠦᠦ︖    — ᠵᠦᠪ ᠪᠠᠶᠢᠨ᠎ᠠ᠂ ᠰᠢᠨ᠎ᠡ ᠰᠢᠯᠥᠭ ᠤᠨ ᠬᠢᠴᠢᠶᠠᠯ ᠢᠶᠠᠨ ᠴᠡᠭᠡᠵᠢᠯᠡᠭᠰᠡᠨ ᠦᠦ︖ ᠨᠠᠳᠠ ᠴᠡᠭᠡᠵᠢ ᠪᠠᠷ ᠣᠩᠰᠢᠭᠠᠳ ᠦᠭ ᠳ᠋ᠠ᠃    — ᠮᠣᠩᠭᠤᠯ ᠬᠡᠯᠡᠨ ᠤ ᠬᠢᠴᠢᠶᠠᠯ ᠳᠤ ︽ᠪᠢ ᠮᠣᠩᠭᠤᠯ ᠬᠦᠮᠦᠨ︾ ᠭᠡᠰᠡᠨ ᠰᠢᠯᠥᠭ ᠤᠨ ᠨᠢᠭᠡᠳᠦᠭᠡᠷ ᠪᠠᠳᠠᠭ ᠢ ᠰᠣᠷᠴᠠᠢ᠂ ᠪᠢ ᠴᠡᠭᠡᠵᠢᠯᠡᠵᠣ ᠴᠢᠳᠠᠭ᠎ᠠ ᠦᠭᠡᠢ ᠪᠠᠶᠢᠭᠰᠠᠭᠠᠷ᠂ ᠭᠡᠪᠡᠴᠣ ᠪᠢ ᠦᠵᠡᠵᠦ ᠪᠠᠶᠢᠭᠠᠳ ᠣᠩᠰᠢᠵᠣ ᠴᠢᠳᠠᠨ᠎ᠠ᠂ ᠲᠠ ᠨᠠᠳᠠ ᠶᠢ ᠬᠦᠯᠢᠶᠡᠵᠣ ᠪᠠᠢ᠂ ᠪᠢ ᠬᠢᠴᠢᠶᠠᠯ ᠤᠨ ᠳᠡᠪᠲᠡᠷ ᠢᠶᠠᠨ ᠠᠪᠣᠭᠠᠳ ᠢᠷᠡᠶ᠎ᠠ ᠁     ᠭᠠᠷ ᠣᠳᠠᠰᠣ ᠶᠢᠨ ᠴᠠᠭᠠᠨ᠎ᠠ ᠠᠴᠠ ᠬᠦᠦ ᠶᠢᠨ ᠲᠦᠷᠴᠢᠬᠢᠨᠡᠬᠦᠯᠦᠨ ᠭᠦᠶᠦᠬᠦ ᠬᠦᠯ ᠤᠨ ᠴᠢᠮᠡᠭᠡ ᠪᠠ ︽ᠡᠵᠢ ᠡ︕ ᠮᠢᠨᠦ ᠪᠣᠭᠴᠣᠨ ᠠᠴᠠ ᠰᠣᠷᠭᠠᠭᠤᠯᠢ ᠶᠢᠨ ᠲᠠᠷᠬᠠᠭᠠᠭᠰᠠᠨ ᠬᠢᠴᠢᠶᠠᠯ ᠤᠨ ᠭᠠᠳᠠᠨᠠᠬᠢ ᠣᠩᠰᠢᠬᠤ ᠪᠢᠴᠢᠭ ᠢ ᠠᠪᠣᠭᠠᠳ ᠦᠭ᠂ ᠠᠪᠤ ᠨᠠᠳᠠ ᠶᠢ ᠰᠢᠯᠭᠠᠵᠣ ᠦᠵᠡᠨ᠎ᠡ ᠭᠡᠨ᠎ᠡ︾ ᠭᠡᠬᠦ ᠬᠦᠦ ᠶᠢᠨ ᠢᠶᠠᠨ ᠬᠦᠬᠡᠷᠦᠬᠦᠨ ᠳᠠᠭᠤᠨ ᠢ ᠰᠣᠨᠣᠰᠴᠣ ᠪᠠᠶᠢᠭᠤᠯᠣᠭᠴᠢ ᠶᠢᠨ ᠰᠡᠳᠭᠢᠯ ᠦᠪᠡᠷ ᠤᠨ ᠡᠷᠬᠡ ᠦᠭᠡᠢ ᠰᠢᠮᠰᠢᠷᠡᠭᠡᠳ ᠠᠪᠦᠪᠠ᠂ ᠠᠪᠤ ᠬᠦᠮᠦᠨ ᠪᠣᠯᠴᠢᠬᠠᠭᠠᠳ ᠬᠦᠦ ᠶᠢᠨ ᠢᠶᠠᠨ ᠠᠪᠤ ᠶᠢᠨ ᠬᠠᠶᠢᠷ᠎ᠠ ᠬᠦᠷᠳᠡᠬᠦ ᠬᠠᠮᠤᠭ ᠰᠠᠶᠢᠬᠠᠨ ᠪᠠᠯᠴᠢᠷ ᠨᠠᠰᠣᠨ ᠳᠤ ᠲᠡᠷᠭᠡᠳᠡ ᠨᠢ ᠪᠠᠶᠢᠬᠤ ᠦᠭᠡᠢ ᠴᠢᠨᠢ ᠬᠦᠦ ᠶᠢ ᠪᠠᠨ ᠦᠨᠦᠴᠢᠨ ᠬᠦᠦ ᠪᠣᠯᠭᠠᠬᠰᠠᠨ ᠲᠠᠢ ᠶᠠᠮᠠᠷ ᠢᠯᠭᠠᠭ᠎ᠠ ᠪᠠᠶᠢᠨ᠎ᠠ ᠳ᠋ᠠ ᠭᠡᠵᠣ ᠪᠠᠶᠢᠳᠠᠯ᠎ᠠ ᠭᠠᠷ ᠣᠳᠠᠰᠣ ᠶᠢᠨ ᠴᠠᠭᠠᠨ᠎ᠠ ᠠᠴᠠ ᠬᠦᠦ ᠶᠢᠨ ᠬᠤᠷᠳᠣᠨ ᠬᠤᠷᠳᠣᠨ ᠠᠮᠢᠰᠬᠤᠭ᠎ᠠ ᠠᠪᠴᠣ ᠪᠠᠶᠢᠬᠤ ᠲᠠᠭᠤᠨ ᠢᠶᠠᠷ ︽ᠠᠪᠤ ᠡ︕ ᠰᠣᠨᠣᠰᠴᠣ ᠪᠠᠶᠢᠨ᠎ᠠ ᠦᠦ︾ ᠭᠡᠵᠣ ᠰᠣᠨᠣᠰᠳᠠᠨ᠎ᠠ᠃    — ᠪᠢ ᠰᠣᠨᠣᠰᠴᠣ ᠪᠠᠶᠢᠨ᠎ᠠ᠂ ᠬᠦᠦ ᠮᠢᠨᠢ ᠨᠠᠳᠠ ᠣᠩᠰᠢᠭᠠᠳ ᠦᠭ︕    — ᠪᠢ ᠮᠣᠩᠭᠤᠯ ᠬᠦᠮᠦᠨ ᠠᠷᠭᠠᠯ ᠤᠨ ᠣᠳᠤᠭ᠎ᠠ ᠪᠣᠷᠭᠢᠯᠣᠬᠰᠠᠨ ᠮᠠᠯᠴᠢᠨ ᠤ ᠭᠡᠷ ᠲᠤ ᠲᠦᠷᠦᠭᠰᠡᠨ ᠪᠢ᠂ ᠠᠳᠠᠷ ᠬᠡᠭᠡᠷ᠎ᠡ ᠨᠣᠳᠤᠭ ᠢᠶᠠᠨ ᠦᠯᠦᠭᠡᠢ ᠮᠢᠨᠢ ᠭᠡᠵᠣ ᠪᠣᠳᠣᠳᠠᠭ᠃    — ᠮᠢᠨᠦ ᠬᠦᠦ ᠰᠠᠶᠢᠬᠠᠨ ᠣᠩᠰᠢᠭᠰᠠᠨ᠂ ᠮᠠᠷᠭᠠᠰᠢ ᠪᠣᠯᠳᠠᠯ᠎ᠠ ᠡᠷᠬᠡᠪᠰᠢ ᠴᠡᠭᠡᠵᠢᠯᠡᠬᠦ ᠴᠢᠬᠤᠯᠠᠳᠠᠢ ᠰᠢᠣ᠂ ᠭᠠᠷ ᠣᠳᠠᠰᠣ ᠪᠠᠨ ᠡᠵᠢ ᠳᠡᠭᠡᠨ ᠦᠭ᠂ ᠠᠪᠦ ᠨᠢ ᠡᠵᠢ ᠲᠠᠢ ᠴᠢᠨᠢ ᠬᠡᠳᠦᠨ ᠦᠭᠡ ᠶᠠᠷᠢᠯᠴᠠᠶ᠎ᠠ᠃    — ᠲᠠᠨ ᠤ ᠨᠠᠳᠠ ᠢᠯᠡᠭᠡᠭᠰᠡᠨ ᠵᠣᠭᠤᠰ ᠨᠢᠭᠡᠨᠳᠡ ᠪᠠᠩᠭᠢ ᠶᠢᠨ ᠺᠠᠷᠲ ᠲᠤ ᠣᠷᠣᠵᠣ ᠢᠷᠡᠭᠰᠡᠨ᠂ ᠦᠳᠡ ᠶᠢᠨ ᠬᠤᠶᠢᠨ᠎ᠠ ᠬᠠᠳᠠᠮ ᠠᠪᠤ ᠬᠦᠦ ᠶᠢ ᠲᠣᠰᠬᠤ ᠪᠠᠷ ᠣᠴᠢᠭᠠᠳ ᠬᠠᠷᠢᠬᠤ ᠵᠠᠮ ᠳᠤ ᠴᠠᠰᠣᠨ ᠳᠤ ᠭᠤᠯᠭᠤᠨ ᠣᠶᠢᠴᠢᠭᠠᠳ ᠨᠢᠷᠣᠭᠤᠨ ᠶᠠᠰᠣ ᠨᠢ ᠡᠪ ᠦᠭᠡᠢ ᠪᠠᠶᠢᠨ᠎ᠠ ᠭᠡᠳ ᠡᠮᠨᠡᠯᠭᠡ ᠳᠤ ᠣᠴᠢᠵᠣ ᠡᠮᠴᠢ ᠳᠤ ᠦᠵᠡᠭᠦᠯᠦᠨ ᠡᠮ ᠠᠪᠣᠭᠠᠳ ᠬᠤᠶᠠᠷ ᠵᠠᠭᠤ ᠢᠯᠡᠭᠦᠦ ᠲᠦᠭᠦᠷᠢᠭ ᠵᠠᠷᠣᠴᠠᠭᠤᠯᠣᠭᠰᠠᠨ ᠪᠠᠶᠢᠨ᠎ᠠ᠃    — ᠠᠪᠤ ᠶᠢᠨ ᠨᠢᠷᠣᠭᠤ ᠨᠢ ᠬᠦᠨᠳᠦ ᠦᠦ︖    — ᠵᠦᠭᠡᠷ᠂ ᠬᠡᠳᠦᠨ ᠡᠳᠦᠷ ᠠᠮᠠᠷᠠᠪᠠᠯ ᠡᠳᠡᠭᠡᠷᠡᠴᠢᠭᠡᠨ᠎ᠡ᠂ ᠴᠢ ᠰᠡᠳᠭᠢᠯ ᠵᠣᠪᠠᠭ᠋ᠣ ᠣᠴᠢᠷ ᠦᠭᠡᠢ᠃    — ᠣᠣ᠂ ᠪᠢ ᠳᠡᠭᠡᠷ᠎ᠡ ᠰᠠᠷ᠎ᠠ ᠠᠴᠠ ᠡᠬᠢᠯᠡᠭᠡᠳ ᠵᠢᠩᠭᠢᠨᠢ ᠠᠯᠪᠠᠳᠠᠨ ᠪᠣᠯᠣᠭᠰᠠᠨ᠂ ᠣᠷᠣᠨ ᠰᠠᠭᠤᠴᠠ ᠶᠢᠨ ᠨᠡᠶᠢᠳᠡ ᠶᠢᠨ ᠬᠤᠷᠠᠮᠳᠣᠯᠭ᠎ᠠ ᠶᠢᠨ ᠮᠦᠩᠭᠦ ᠵᠡᠷᠭᠡ ᠣᠯᠠᠨ ᠲᠠᠯ᠎ᠠ ᠶᠢᠨ ᠮᠦᠩᠭᠦ ᠲᠣᠰᠢᠶᠠᠬᠤ ᠪᠣᠯᠣᠭᠰᠠᠨ ᠠᠴᠠ ᠦᠨᠦ ᠰᠠᠷ᠎ᠠ ᠶᠢᠨ ᠴᠠᠯᠢᠩ ᠮᠡᠳᠡᠭᠳᠡᠮ᠎ᠡ ᠪᠠᠭ᠎ᠠ ᠪᠣᠯᠣᠭᠰᠠᠨ᠂ ᠦᠨᠦᠳᠦᠷ ᠮᠠᠨ ᠤ ᠲᠡᠨᠳᠡ ᠴᠠᠰᠣ ᠣᠷᠣᠭᠰᠠᠨ ᠦᠦ︖     — ᠲᠡᠶᠢᠮᠦ᠂ ᠦᠷᠯᠦᠭᠡ ᠠᠴᠠ ᠡᠬᠢᠯᠡᠨ ᠴᠠᠰᠣ ᠯᠠᠪᠰᠠᠯᠠᠭᠰᠠᠨ᠂ ᠣᠳᠣ ᠬᠦᠷᠳᠡᠯ᠎ᠡ ᠵᠣᠬᠰᠤᠭ᠎ᠠ ᠦᠭᠡᠢ ᠪᠠᠶᠢᠨ᠎ᠠ᠂ ᠲᠠᠨ ᠤ ᠲᠡᠨᠳᠡ ᠴᠠᠰᠣ ᠣᠷᠣᠭᠰᠠᠨ ᠦᠦ︖ ᠣᠳᠣ ᠭᠠᠳᠠᠨ᠎ᠠ ᠬᠠᠷᠠᠩᠭᠤᠢ ᠪᠣᠯᠣᠭᠰᠠᠨ ᠦᠦ︖    — ᠭᠡᠭᠡ ᠲᠠᠢ ᠪᠠᠶᠢᠭᠰᠠᠭᠠᠷ᠂ ᠡ᠊ᠨᠳᠡ ᠨᠠᠷᠠ ᠰᠢᠩᠭᠡᠬᠦ ᠮᠠᠨ ᠤ ᠲᠡᠨᠳᠡ ᠠᠴᠠ ᠭᠤᠷᠪᠠᠨ ᠴᠠᠭ ᠣᠷᠣᠢ ᠪᠠᠶᠢᠨ᠎ᠠ ᠂ ᠡ᠊ᠨᠳᠡ ᠨᠢᠭᠡ ᠡᠪᠣᠯ ᠢᠶᠠᠷ ᠴᠠᠰᠣ ᠦᠭᠡᠢ ᠰᠢᠣ᠃ ᠭᠠᠳᠠᠭ᠎ᠠ ᠬᠦᠢᠳᠡᠨ ᠪᠣᠯᠣᠭᠰᠠᠭᠠᠷ ᠡᠵᠢ ᠶᠢᠨ ᠡᠪᠣᠳᠦᠭ ᠨᠢ ᠱᠠᠷᠭᠢᠷᠠᠵᠣ ᠡᠪᠡᠳᠳᠡᠭ᠂ ᠭᠠᠳᠠᠨ᠎ᠠ ᠭᠠᠷᠬᠤ ᠳᠤ ᠬᠤᠪᠴᠠᠰᠣ ᠵᠣᠵᠠᠭᠠᠯᠠᠬᠤ ᠶᠢ ᠢᠯᠡᠭᠦᠬᠡᠨ ᠠᠩᠬᠠᠷᠴᠣ ᠪᠠᠢ᠂ ᠬᠠᠳᠠᠮ ᠠᠪᠤ᠂ ᠬᠠᠳᠠᠮ ᠡᠵᠢ ᠣᠷᠴᠢᠮ ᠶᠠᠭᠤ ᠬᠢᠵᠣ ᠪᠠᠶᠢᠬᠤ ᠪᠣᠢ︖    — ᠬᠠᠳᠠᠮ ᠡᠵᠢ ᠶᠢᠨ ᠲᠣᠬᠠᠢ ᠴᠢ ᠵᠣᠪᠠᠭ᠋ᠣ ᠣᠴᠢᠷ ᠦᠭᠡᠢ᠂ ᠪᠢ ᠢᠯᠡᠭᠦᠦ ᠠᠩᠬᠠᠷᠪᠠᠯ ᠪᠣᠯᠴᠢᠬᠠᠨ᠎ᠠ᠂ ᠮᠢᠨᠦ ᠠᠪᠤ ᠡᠵᠢ ᠣᠷᠵᠢᠳᠣᠷ ᠣᠮᠪᠣᠯᠣ ᠪᠠᠨ ᠦᠵᠡᠨ᠎ᠡ ᠭᠡᠳ ᠢᠷᠡᠭᠡᠳ ᠨᠢᠭᠡ ᠬᠤᠨᠤᠭ ᠪᠣᠯᠣᠭᠠᠳ ᠶᠠᠪᠣᠭᠰᠠᠨ᠂ ᠪᠡᠶ᠎ᠠ ᠨᠢ ᠡᠷᠡᠭᠦᠯ᠃ ᠣᠷᠣᠢ ᠶᠢᠨ ᠬᠤᠭᠤᠯᠠ ᠪᠠᠨ ᠢᠳᠡᠭᠰᠡᠨ ᠦᠦ︖    — ᠢᠳᠡᠭᠰᠡᠨ᠃    — ᠪᠠᠰᠠ ᠭᠠᠭᠴᠠᠭᠠᠷ ᠪᠠᠶ᠎ᠠ ᠪᠠᠨ ᠠᠷᠭᠠᠴᠠᠭᠰᠠᠨ ᠪᠠ︖ ᠭᠤᠷᠪᠠᠨ ᠴᠠᠭ ᠤᠨ ᠬᠤᠭᠤᠯᠠ ᠪᠠᠨ ᠴᠠᠭ ᠲᠣᠬᠠᠢ ᠳᠤ ᠨᠢ ᠢᠳᠡᠬᠦ ᠬᠡᠷᠡᠭᠳᠡᠢ ᠰᠢᠣ᠂ ᠴᠠᠭᠠᠨ ᠰᠠᠷ᠎ᠠ ᠰᠢᠨᠡᠯᠡᠵᠣ ᠪᠠᠷᠠᠭᠠᠳ ᠬᠠᠷᠢᠬᠤ ᠳᠤ ᠪᠢ ᠪᠠᠰᠠ ᠴᠢᠮᠠᠢᠢ ᠲᠠᠭᠠᠭᠠᠳ ᠶᠠᠪᠣᠶ᠎ᠠ᠂ ᠴᠢᠩᠭᠢᠪᠡᠯ ᠪᠢᠳᠡ ᠬᠤᠶᠠᠭᠤᠯᠠ ᠨᠢᠭᠡ ᠨᠢᠭᠡ ᠳᠤ ᠪᠠᠨ ᠲᠣᠰᠠ ᠪᠢᠰᠢᠣ ᠳ᠋ᠠ᠃    — ᠴᠢ ᠲᠠᠭᠠᠵᠣ ᠢᠷᠡᠭᠡᠳ ᠬᠦᠦ ᠶᠢ ᠶᠠᠭᠠᠬᠢᠬᠤ ᠪᠣᠢ︖ ᠲᠦᠷᠪᠡᠨ ᠨᠠᠰᠣᠳᠠᠨ ᠢ ᠬᠡᠨ ᠬᠠᠷᠠᠭᠠᠯᠵᠠᠬᠤ ᠪᠣᠢ︖    — ᠬᠦᠦ ᠶᠢ ᠲᠠᠭᠠᠭᠤᠯᠣᠭᠠᠳ ᠶᠠᠪᠣᠴᠢᠬᠠᠶ᠎ᠠ᠂ ᠲᠡᠨᠳᠡᠬᠢ ᠬᠢᠳᠠᠳ ᠰᠣᠷᠭᠠᠭᠤᠯᠢ ᠳᠤ ᠪᠢᠴᠢᠭ ᠦᠵᠡᠭᠦᠯᠦᠶ᠎ᠠ᠃ ᠲᠦᠷᠪᠡᠨ ᠨᠠᠰᠣᠳᠠᠨ ᠤ ᠪᠡᠶ᠎ᠠ ᠨᠡᠯᠢᠶᠡᠳ ᠡᠷᠡᠭᠦᠯ ᠲᠡᠩᠭᠡᠯᠡᠬᠦᠨ ᠪᠠᠶᠢᠭᠰᠠᠭᠠᠷ᠂ ᠪᠠᠰᠠ ᠬᠡᠳᠣᠨ ᠵᠢᠯ ᠲᠡᠮᠡᠴᠡᠵᠣ ᠲᠡᠶᠢᠯᠣᠨ᠎ᠠ᠂ ᠬᠤᠶᠠᠭᠤᠯᠠ ᠪᠦᠷ ᠵᠢᠩᠭᠢᠨᠢ ᠠᠯᠪᠠᠳᠠᠨ ᠪᠣᠯᠵᠣ ︽ᠲᠡᠮᠦᠷ ᠠᠶᠠᠭ᠎ᠠ︾ ᠲᠠᠢ ᠪᠣᠯᠪᠠᠯ ᠲᠦᠷᠪᠡᠨ ᠨᠠᠰᠣᠳᠠᠨ ᠢ ᠪᠠᠰᠠ ᠠᠪᠣᠭᠠᠳ ᠶᠠᠪᠣᠴᠢᠬᠠᠶ᠎ᠠ︕    — ᠲᠦᠷᠪᠡᠨ ᠨᠠᠰᠣᠳᠠᠨ ᠢ ᠮᠢᠨᠦ ᠡ᠊ᠨᠳᠡ ᠠᠪᠴᠢᠷᠠᠵᠣ ᠠᠰᠠᠷᠠᠬᠤ ᠶᠢ ᠪᠢ ᠵᠦᠪᠰᠢᠶᠡᠷᠡᠨ᠎ᠡ᠂ ᠬᠡᠳᠡᠯ᠎ᠡ ᠮᠢᠨᠦ ᠬᠦᠦ ᠶᠢ ᠬᠢᠳᠠᠳ ᠰᠣᠷᠭᠠᠭᠤᠯᠢ ᠳᠤ ᠰᠠᠭᠤᠯᠭᠠᠬᠤ ᠶᠢ ᠪᠢ ᠵᠦᠪᠰᠢᠶᠡᠷᠡᠬᠦ ᠦᠭᠡᠢ᠂ ᠪᠢ ᠮᠣᠩᠭᠤᠯ ᠬᠦᠮᠦᠨ᠂ ᠮᠢᠨᠦ ᠬᠦᠦ ᠡᠷᠬᠡᠪᠰᠢ ᠮᠣᠩᠭᠤᠯ ᠰᠣᠷᠭᠠᠭᠤᠯᠢ ᠳᠤ ᠰᠠᠭᠤᠬᠤ ᠬᠡᠷᠡᠭᠲᠡᠢ᠂ ᠬᠢᠳᠠᠳ ᠰᠣᠷᠭᠠᠭᠤᠯᠢ ᠬᠡᠳᠦ᠋ᠢᠪᠡᠷ ᠳᠠᠪᠰᠢᠩᠭᠤᠢ ᠪᠣᠯᠪᠠᠴᠣ ᠮᠢᠨᠦ ᠬᠦᠦ ᠮᠣᠩᠭᠤᠯ ᠪᠢᠴᠢᠭ ᠢᠶᠠᠨ ᠰᠣᠷᠬᠤ ᠬᠡᠷᠡᠭᠳᠡᠢ᠂ ᠡᠨᠡᠬᠦ ᠣᠴᠢᠷ ᠢ ᠴᠢ ᠨᠠᠳᠠ ᠲᠠᠢ ᠵᠦᠪᠳᠡᠯᠴᠡᠬᠦ ᠡᠷᠬᠡ ᠦᠭᠡᠢ᠃    — ᠪᠢ ᠬᠦᠦ ᠶᠢᠨ ᠡᠵᠢ ᠨᠢ᠂ ᠶᠠᠭᠠᠬᠢᠭᠠᠳ ᠵᠦᠪᠳᠡᠯᠴᠡᠬᠦ ᠡᠷᠬᠡ ᠦᠭᠡᠢ ᠪᠣᠯᠴᠢᠬᠠᠪᠠ︖ ᠬᠦᠮᠦᠨ ᠤ ᠰᠠᠶᠢᠨ ᠢ ᠮᠡᠳᠡᠬᠦ ᠦᠭᠡᠢ ᠠᠮᠢᠳᠠᠨ ᠴᠢ ᠁    — ᠴᠢ ᠶᠡᠭᠡ ᠳᠠᠭᠤᠨ ᠢᠶᠠᠷ ᠪᠠᠷᠬᠢᠷᠠᠬᠰᠠᠨ ᠤ ᠣᠴᠢᠷ ᠦᠭᠡᠢ᠂ ᠪᠢ ᠮᠠᠷᠭᠠᠰᠢ ᠶᠢᠨ ᠠᠵᠢᠯ ᠤᠨ ᠲᠦᠯᠦᠪᠯᠡᠭᠡ ᠪᠢᠴᠢᠬᠦ ᠴᠢᠬᠤᠯᠠᠳᠠᠢ ᠪᠠᠶᠢᠨ᠎ᠠ᠂ ᠣᠳᠠᠰᠣ ᠪᠠᠨ ᠲᠠᠯᠪᠢ ᠭᠡᠵᠣ ᠴᠠᠭᠠᠨ᠎ᠠ ᠠᠴᠠ ᠶᠠᠷᠢᠵᠣ ᠪᠠᠷᠠᠬᠤ ᠠᠴᠠ ᠡᠮᠣᠨ᠎ᠡ ᠭᠠᠷ ᠣᠳᠠᠰᠣ ᠶᠢᠨ ᠶᠠᠷᠢᠯᠴᠠᠭ᠎ᠠ ᠪᠠᠨ ᠳᠠᠭᠤᠰᠬᠠᠯ᠎ᠠ᠃    ᠪᠠᠶᠢᠭᠤᠯᠣᠭᠴᠢ ᠰᠢᠷᠡᠭᠡ ᠵᠠᠰᠠᠵᠣ ᠠᠵᠢᠯ ᠤᠨ ᠲᠦᠯᠦᠪᠯᠡᠭᠡ ᠪᠢᠴᠢᠬᠦ ᠭᠡᠵᠣ ᠬᠡᠳᠣᠢ ᠣᠷᠣᠯᠳᠣᠭᠰᠠᠨ ᠪᠣᠯᠪᠠᠴᠣ ᠪᠣᠬᠢᠨᠢᠳᠣᠯ ᠣᠶᠢᠳᠬᠠᠷ ᠲᠦᠭᠦᠷᠴᠣ᠂ ᠰᠡᠳᠭᠢᠯ ᠲᠦᠪᠯᠡᠷᠡᠭᠦᠯᠵᠣ ᠴᠢᠳᠠᠬᠤ ᠦᠭᠡᠢ ᠪᠠᠶᠢᠬᠤ ᠳᠤ ᠬᠤᠭ ᠲᠣᠭᠤᠰᠣᠨ ᠳᠤ ᠳᠠᠷᠣᠭᠳᠠᠭᠰᠠᠨ ᠴᠣᠩᠬᠤᠨ ᠲᠠᠶᠢᠰᠠᠨ ᠳᠡᠭᠡᠷ᠎ᠡ ᠲᠠᠯᠪᠢᠵᠣ ᠪᠠᠶᠢᠭ᠎ᠠ ︽ᠳ᠋᠊᠂ ᠨᠠᠴᠣᠭᠳᠣᠷᠵᠢ︾ ᠭᠡᠬᠦ ᠨᠣᠮ ᠢᠶᠠᠨ ᠣᠯᠵᠣ ᠦᠵᠡᠯ᠎ᠡ᠃ ᠬᠦᠩᠭᠡᠨ ᠬᠢᠴᠢᠶᠠᠩᠭᠦᠢ ᠪᠠᠷ ᠨᠣᠮ ᠤᠨ ᠲᠡᠭᠡᠷᠡᠬᠢ ᠰᠢᠷᠣᠢ ᠳᠣᠭᠤᠰᠣ ᠶᠢ ᠨᠢ ᠵᠦᠭᠡᠯᠡᠨ ᠴᠠᠭᠠᠰᠣ ᠪᠠᠷ ᠠᠷᠴᠢᠵᠣ ᠨᠢᠭᠡ ᠨᠢᠭᠡ ᠨᠢᠭᠤᠷ ᠢᠶᠠᠷ ᠣᠷᠪᠠᠭᠤᠯᠣᠨ ᠣᠩᠰᠢᠯ᠎ᠠ᠃ ︽ᠠᠯᠣᠰ ᠭᠠᠵᠠᠷ ᠰᠣᠷᠬᠤ ᠪᠠᠷ ᠶᠠᠪᠣᠭᠴᠢ ᠁ ᠬᠡᠭᠡᠷ᠎ᠡ ᠶᠢᠨ ᠭᠠᠯᠠᠭᠤ ᠨᠢᠰᠣᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠦ ᠡᠷᠳᠡᠨᠢ ᠡᠪᠣᠷᠳᠣᠯᠡᠵᠣ ᠢᠷᠡᠨ᠎ᠡ︾ ᠭᠡᠬᠦ ᠦᠭᠡ ᠶᠢᠨ ᠭᠦᠨ ᠣᠳᠬ᠎ᠠ ᠶᠢ ᠭᠡᠨᠡᠳᠲᠡ ᠰᠡᠷᠡᠵᠣ᠂ ᠬᠡᠷᠪᠡ ᠪᠢ ᠨᠠᠴᠣᠭᠳᠣᠷᠵᠢ ᠶᠢᠨ ᠨᠣᠳᠤᠭ ᠠᠴᠠ ᠡᠷᠳᠡᠮ ᠡᠪᠣᠷᠳᠣᠯᠡᠵᠣ ᠬᠠᠷᠢᠪᠠᠯ ᠡᠵᠢ ᠮᠢᠨᠢ ᠯᠠᠪᠳᠠᠢ ᠨᠠᠳᠠ ᠶᠢ ᠬᠠᠯᠠᠭᠤᠨ ᠡᠪᠦᠷ ᠲᠡᠭᠡᠨ ᠲᠣᠰᠴᠣ ᠠᠪᠬᠤ ᠶᠣᠮ᠃ ᠲᠠᠬᠢᠭᠠᠳ ᠬᠡᠯᠡᠬᠦ ᠳᠤ ᠪᠣᠰᠣᠳ ᠤᠨ ᠨᠣᠳᠤᠭ ᠲᠤ ︽ᠲᠡᠮᠦᠷ ᠠᠶᠠᠭ᠎ᠠ︾ ᠪᠠᠷᠢᠭᠰᠠᠨ ᠴᠤ ᠦᠪᠡᠷ ᠤᠨ ᠨᠣᠳᠤᠭ ᠲᠠᠭᠠᠨ ᠪᠠᠳᠢᠷ ᠭᠤᠶᠣᠭᠰᠠᠨ ᠢ ᠭᠦᠢᠴᠡᠬᠦ ᠦᠭᠡᠢ ᠶᠣᠮ ᠭᠡᠵᠣ ᠪᠣᠳᠣᠯ᠎ᠠ᠃ ᠠᠯᠳᠠᠨ ᠬᠢᠩᠭᠠᠨ ᠠᠭᠤᠯᠠ ᠠᠴᠠ ᠠᠯᠳᠠᠢ ᠠᠭᠤᠯᠠ ᠶᠢᠨ ᠡᠮᠦᠨ᠎ᠡ ᠪᠠᠯ ᠳᠤ ᠬᠦᠷᠴᠣ ᠢᠷᠡᠭᠡᠳ ᠬᠠᠭᠠᠰ ᠵᠢᠯ ᠪᠣᠯᠳᠠᠯ᠎ᠠ ᠲᠦᠷᠦᠯ ᠰᠠᠳᠣᠨ ᠭᠡᠷ ᠨᠣᠳᠤᠭ ᠢᠶᠠᠨ ᠰᠠᠨᠠᠭᠠᠳ ᠰᠡᠳᠭᠢᠯ ᠲᠦᠭᠦᠷᠡᠩ ᠣᠶᠢᠳᠬᠠᠷ ᠲᠠᠢ ᠪᠠᠶᠢᠳᠠᠯ᠎ᠠ ᠪᠠᠨ ᠦᠨᠦ ᠨᠣᠮ ᠢ ᠣᠷᠪᠠᠭᠤᠯᠣᠨ ᠣᠩᠰᠢᠬᠤ ᠶᠢ ᠪᠣᠳᠣᠵᠣ ᠣᠯᠤᠭ᠎ᠠ ᠦᠭᠡᠢ ᠨᠢ ᠬᠡᠳᠦ᠋ᠢᠴᠢᠨᠡᠬᠡᠨ ᠡᠮᠭᠡᠨᠢᠯᠳᠠᠢ ᠣᠴᠢᠷ ᠪᠣᠢ︖ ᠡᠳᠦᠷ ᠪᠦᠷᠢ ᠡᠮᠦᠨᠡᠭᠦᠷ ᠨᠢ ᠬᠡᠳᠦᠨᠳᠡ ᠦᠩᠭᠡᠷᠡᠵᠣ ᠪᠠᠶᠢᠭᠠᠳ ᠲᠣᠭᠤᠰᠣ ᠰᠢᠷᠣᠢ ᠳᠤ ᠲᠠᠷᠣᠭᠳᠠᠭᠤᠯᠣᠭᠰᠠᠨ ᠴᠤ ᠨᠢᠭᠡ ᠣᠳᠠᠭ᠎ᠠ ᠭᠡᠰᠡᠨ ᠴᠤ ᠬᠠᠷᠠᠵᠣ ᠦᠵᠡᠭᠡ ᠦᠭᠡᠢ ᠨᠢ ᠭᠡᠷ ᠲᠡᠭᠡᠨ ᠡᠷᠳᠡᠨᠢ ᠬᠠᠳᠠᠭᠠᠯᠠᠵᠣ ᠪᠠᠶᠢᠳᠠᠯ᠎ᠠ ᠪᠠᠨ ᠭᠠᠳᠠᠨ᠎ᠠ ᠠᠴᠠ ᠰᠣᠪᠣᠳ ᠡᠷᠢᠯᠬᠢᠯᠡᠭᠰᠡᠨ ᠲᠠᠢ ᠶᠠᠮᠠᠷ ᠢᠯᠭᠠᠭ᠎ᠠ ᠪᠠᠶᠢᠨ᠎ᠠ ᠭᠡᠵᠣ ᠬᠤᠶᠠᠷ ᠭᠠᠷ ᠢᠶᠠᠷ ᠨᠣᠮ ᠢ ᠲᠡᠪᠡᠷᠢᠵᠣ ᠦᠨᠳᠦᠷ ᠲᠠᠭᠤᠨ ᠢᠶᠠᠷ ᠣᠷᠮᠠᠳᠠᠶᠢᠬᠠᠨ ᠣᠩᠰᠢᠨ᠎ᠠ᠃    ᠰᠦᠨᠢ ᠶᠢᠨ ᠭᠦᠨ ᠪᠣᠯᠣᠯ᠎ᠠ᠃ ᠪᠦᠬᠦ ᠰᠠᠭᠤᠭᠠᠯᠢ ᠲᠣᠭᠤᠷᠢᠭ ᠲᠤ ᠭᠠᠭᠴᠠ ᠭᠡᠷ ᠠᠴᠠ ᠳ᠋ᠧᠩ ᠤᠨ ᠭᠡᠷᠡᠯ ᠬᠠᠷᠠᠭᠳᠠᠨ᠎ᠠ᠃ ᠦᠷᠦᠭᠡᠨ ᠤ ᠪᠢᠴᠢᠭ ᠤᠨ ᠰᠢᠷᠡᠭᠡᠨ ᠳᠤ ︽᠁ ᠠᠵᠢᠯ ᠤᠨ ᠲᠦᠯᠦᠪᠯᠡᠭᠡ︾ ᠪᠠ ︽ᠲᠣᠰᠢᠶᠠᠯ ᠠᠴᠠ ᠪᠠᠨ ᠪᠠᠭᠤᠬᠤ ᠵᠠᠬᠢᠳᠠᠯ︾ ᠵᠡᠷᠭᠡᠯᠡᠨ ᠲᠠᠯᠪᠢᠰᠣᠭᠠᠳᠠᠢ ᠬᠠᠷᠠᠭᠳᠠᠵᠣ᠂ ᠪᠠᠶᠢᠭᠤᠯᠣᠭᠴᠢ ᠬᠦᠦ ᠬᠤᠯᠠ ᠭᠠᠵᠠᠷ ᠶᠠᠪᠣᠬᠤ ᠪᠠᠷ ᠡᠯᠳᠡᠪ ᠪᠦᠬᠦᠨ ᠢᠶᠠᠨ ᠪᠠᠭᠴᠠᠯᠠᠵᠣ ᠶᠠᠭᠠᠷᠠᠨ᠎ᠠ ᠁ᠵᠤᠬᠢᠶᠠᠬᠴᠢ ᠶᠢᠨ ᠬᠠᠶ᠋ᠢᠭ᠄ ᠵᠠᠯᠠᠶᠢᠳ ᠬᠤᠰᠢᠭᠤᠨ ᠤ ᠢᠨᠳᠡᠷ ᠪᠠᠯᠭᠠᠰᠤ
 
ᠢᠷᠡᠯᠲᠡ᠄ ᠳᠤᠮᠳᠠᠳᠥ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号