ᠬᠤᠯᠠᠨ ᠰᠢᠷᠭ᠎ᠠ
ᠨᠡᠶᠢᠲᠡᠯᠡᠭᠰᠡᠨ ᠴᠠᠭ᠄
2019-08-12
 ᠵᠣᠬᠢᠶᠠᠭᠴᠢ᠄ ᠄ ● ᠰ᠊᠂ ᠬᠤᠷᠴᠢᠨᠬᠦᠤ     ᠠᠷᠭᠠᠯ ᠤᠨ ᠤᠳᠤᠭ᠎ᠠ ᠪᠠᠨ ᠠᠭᠠᠷ ᠲᠤ ᠰᠤᠭᠤᠨᠠᠭᠯᠠᠭᠤᠯᠤᠨ ᠠᠳᠠᠷ ᠲᠠᠯ᠎ᠠ ᠪᠠᠷ ᠦᠯᠦᠭᠡᠢ ᠪᠠᠨ ᠪᠤᠯᠭᠠᠭᠰᠠᠨ ᠠᠯᠳᠠᠨ ᠲᠡᠯᠡᠬᠡᠢ ᠶᠢ ᠨᠢᠭᠡ ᠦᠶ᠎ᠡ ᠲᠤᠷᠭᠢᠭᠤᠯᠵᠤ᠂ ᠠᠵᠠ ᠶᠢᠨ ᠲᠡᠭᠷᠢ ᠳᠤ ᠬᠡᠶᠢᠮᠤᠷᠢ ᠪᠠᠨ ᠲᠡᠭᠳᠡᠭᠡᠵᠦ ᠠᠭᠤᠳᠠᠮ ᠲᠠᠯ᠎ᠠ ᠪᠠᠨ ᠠᠭᠳᠠ ᠶᠢᠨ ᠲᠤᠭᠤᠷᠠᠢ ᠪᠠᠷ ᠲᠠᠮᠠᠭᠠᠯᠠᠭᠰᠠᠨ ᠪᠤᠭᠳᠠ ᠪᠠᠭᠠᠳᠤᠷ ᠴᠢᠩᠭᠢᠰ ᠤᠨ ᠬᠤᠶᠢᠴᠢᠰ ᠮᠠᠨᠢ ᠮᠤᠩᠭᠤᠯ ᠤᠨ ᠦᠨᠳᠦᠷᠯᠢᠭ ᠲᠤ ᠦᠪᠡᠷ ᠤᠨ ᠬᠡᠶᠢᠮᠤᠷᠢ ᠪᠠᠨ ᠬᠡᠶᠢᠰᠭᠡᠨ ᠨᠡᠭᠦᠳᠡᠯᠴᠢᠨ ᠠᠮᠢᠳᠤᠷᠠᠯ ᠤᠨ ᠵᠢᠮ᠎ᠠ ᠪᠠᠨ ᠡᠷᠭᠦᠵᠦ ᠶᠠᠪᠤᠨ᠎ᠠ ᠪᠢᠯᠡ᠃    ᠨᠢᠭᠡᠨ ᠮᠠᠯᠴᠢᠨ ᠬᠦᠮᠦᠨ ᠤ ᠠᠭᠤᠯᠠ ᠲᠠᠯ᠎ᠠ᠂ ᠭᠤᠣᠯ ᠭᠤᠷᠤᠬ᠎ᠠ᠂ ᠠᠭᠤᠷ ᠠᠮᠢᠰᠬᠤᠯ᠂ ᠤᠢ ᠰᠢᠭᠤᠢ᠂ ᠤᠷᠭᠤᠮᠠᠯ ᠠᠮᠢᠳᠠᠨ ᠢ ᠪᠠᠭᠳᠠᠭᠠᠵᠤ ᠴᠢᠳᠠᠬᠤ ᠰᠡᠳᠭᠢᠯ ᠤᠨ ᠬᠦᠴᠦᠨ ᠤ ᠬᠠᠭᠠᠰ ᠨᠢ ᠤᠨᠤᠭᠰᠠᠨ ᠬᠦᠯᠦᠭ ᠲᠤ ᠨᠢ ᠭᠠᠪᠢᠶ᠎ᠠ ᠲᠤᠭᠠᠴᠠᠬᠤ ᠤᠴᠢᠷᠳᠠᠢ ᠰᠠᠨ᠃ ᠡᠨᠡ ᠨᠢ ᠶᠠᠭ ᠲᠡᠷᠡᠬᠦ ᠠᠭᠤᠯᠠ ᠲᠠᠯ᠎ᠠ᠂ ᠬᠠᠩᠭᠠᠢ ᠪᠡᠯᠴᠢᠭᠡᠷ᠂ ᠤᠰᠤ ᠨᠠᠮᠤᠭ᠂ ᠡᠯᠡᠰᠦᠷᠬᠡᠭ ᠨᠤᠳᠤᠭ ᠤᠨ ᠮᠤᠷᠢ ᠮᠠᠯ ᠤᠨ ᠠᠷᠠᠨᠰᠢᠨ ᠢ ᠤᠶᠢᠯᠠᠭᠠᠵᠤ ᠮᠡᠳᠡᠨ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠬᠠᠩᠭᠠᠬᠤ ᠠᠴᠠ ᠢᠯᠡᠭᠦᠤ ᠠᠮᠢᠳᠠᠨ ᠲᠠᠢ ᠨᠢᠭᠡᠳᠴᠦ ᠴᠢᠳᠠᠬᠤ ᠶᠢᠨ ᠤᠬᠠᠭᠠᠨ ᠢ ᠰᠤᠷᠴᠤ ᠬᠦᠭᠵᠢᠭᠦᠯᠵᠦ ᠪᠠᠶᠢᠳᠠᠭ᠃    ᠬᠦᠮᠦᠨ ᠤ ᠬᠦᠰᠡᠯ ᠵᠤᠷᠢᠯᠳᠠ ᠬᠡᠶᠢᠮᠤᠷᠢ ᠶᠢ ᠬᠡᠳᠦᠨ ᠵᠠᠭᠤᠨ ᠵᠢᠯ ᠤᠨ ᠲᠤᠷᠰᠢ ᠰᠦᠭ ᠰᠦᠯᠳᠡ ᠪᠤᠯᠤᠨ ᠲᠡᠮᠵᠢᠵᠤ ᠢᠷᠡᠭᠰᠡᠨ ᠵᠦᠢᠯ ᠪᠤᠯ ᠮᠤᠷᠢ ᠶᠤᠮ᠃ ᠮᠤᠷᠢ ᠪᠤᠯ ᠭᠠᠯᠪᠢᠷ ᠰᠠᠶᠢᠬᠠᠨ ᠭᠠᠳᠠᠷ ᠲᠦᠷᠭᠦ ᠲᠠᠢ᠂ ᠭᠠᠵᠠᠷ ᠤᠨ ᠬᠤᠯᠠ ᠶᠢ ᠲᠤᠪᠴᠢᠯᠠᠨ ᠬᠦᠶᠦᠳᠡᠭ᠂ ᠭᠠᠩᠭᠠᠩ ᠭᠤᠶᠤ ᠭᠠᠳᠠᠷ ᠪᠠᠶᠢᠳᠠᠯ ᠲᠠᠢ ᠬᠡᠶᠢᠮᠦᠷᠯᠢᠬ ᠠᠮᠢᠳᠠᠨ᠂ ᠲᠡᠷᠡ ᠨᠢ ᠮᠤᠩᠭᠤᠯ ᠬᠦᠮᠦᠨ ᠢ ᠲᠡᠯᠡᠬᠡᠢ ᠶᠢᠨ ᠲᠠᠶᠢᠰᠠᠨ ᠳᠤ ᠭᠠᠷᠭᠠᠭᠰᠠᠨ ᠭᠡᠳᠡᠭ ᠢ ᠲᠡᠦᠬᠡ ᠶᠢᠨ ᠬᠠᠭᠤᠳᠠᠰᠤᠨ ᠳᠤ ᠲᠡᠮᠳᠡᠭᠯᠡᠵᠦ ᠪᠠᠶᠢᠳᠠᠭ᠃ ᠮᠠᠯᠵᠢᠬᠤ ᠰᠤᠶᠤᠯ᠂ ᠮᠠᠯᠵᠢᠬᠤ ᠠᠮᠢᠳᠤᠷᠠᠯ᠂ ᠮᠠᠯᠴᠢᠨ ᠬᠦᠮᠦᠨ ᠭᠤᠷᠪᠠ ᠮᠤᠷᠢ ᠠᠴᠠ ᠰᠠᠯᠵᠤ ᠴᠢᠳᠠᠬᠤ ᠦᠭᠡᠢ ᠪᠠᠶᠢᠳᠠᠭ᠃ ᠤᠴᠢᠷ ᠨᠢ ᠮᠤᠷᠢ ᠮᠠᠯᠵᠢᠬᠤ ᠠᠮᠢᠳᠤᠷᠠᠯ ᠳᠤ ᠭᠤᠣᠯ ᠬᠦᠴᠦᠨ ᠵᠦᠢᠯ ᠪᠤᠯᠵᠤ ᠡᠵᠡᠨ ᠳᠤ ᠪᠠᠨ ᠦᠮᠦᠭ ᠲᠦᠰᠢᠭ ᠪᠤᠯᠵᠤ ᠦᠨᠢᠳᠡ ᠲᠤᠷᠠᠰᠤᠭᠳᠠᠨ᠎ᠠ ᠪᠢᠯᠡ᠃    ᠮᠢᠨᠦ ᠠᠪᠤ ᠪᠤᠯ ᠮᠠᠯᠵᠢᠬᠤ ᠠᠮᠢᠳᠤᠷᠠᠯ ᠤᠨ ᠲᠤᠬᠠᠢ ᠲᠤᠷᠰᠢᠯᠭ᠎ᠠ ᠤᠪᠤᠭ᠎ᠠ ᠤᠯᠠᠨᠳᠠᠢ ᠬᠦᠮᠦᠨ ᠰᠠᠨ᠃ ᠡᠶᠢᠮᠦ ᠠᠴᠠ ᠨᠠᠳᠠ ᠳᠤ ᠦᠵᠦᠮᠦᠴᠢᠨ ᠨᠤᠳᠤᠭ ᠤᠨ ᠵᠠᠯᠰᠠᠨ ᠠᠪᠠᠭ᠎ᠠ ᠶᠢᠨ ᠬᠤᠯᠠᠨ ᠰᠢᠷᠭ᠎ᠠ ᠠᠵᠢᠷᠭ᠎ᠠ ᠶᠢᠨ ᠦᠯᠢᠭᠡᠷ ᠢ ᠶᠠᠷᠢᠵᠤ ᠦᠭᠭᠦᠭᠰᠡᠨ ᠰᠠᠨ᠃    ᠦᠵᠦᠮᠦᠴᠢᠨ ᠨᠤᠳᠤᠭ ᠤᠨ ᠦᠷᠭᠡᠨ ᠠᠭᠤᠳᠠᠮ ᠲᠠᠯ᠎ᠠ ᠨᠤᠳᠤᠭ ᠲᠤ ᠦᠬᠡᠷ ᠬᠤᠨᠢᠨ ᠰᠦᠷᠦᠭ ᠡᠩ ᠦᠭᠡᠢ ᠲᠠᠷᠬᠠᠨ ᠪᠡᠯᠴᠢᠵᠦ ᠪᠠᠶᠢᠭᠰᠠᠨ ᠵᠢᠷᠠᠭᠠᠳ ᠤᠨ ᠤ ᠦᠶᠡᠰ ᠲᠤ ᠵᠡᠷᠯᠢᠭ ᠴᠢᠨ᠋ᠸ᠎ᠠ ᠲᠠᠯ᠎ᠠ ᠨᠤᠳᠤᠭ ᠤᠨ ᠮᠠᠯᠴᠢᠨ ᠲᠦᠮᠡᠨ ᠳᠤ ᠦᠶ᠎ᠡ ᠦᠶ᠎ᠡ ᠬᠤᠣᠷ ᠬᠦᠨᠦᠭᠡᠯ ᠠᠪᠴᠢᠷᠠᠭᠰᠠᠨ ᠦᠯᠢᠭᠡᠷ ᠠᠷᠪᠢᠨ ᠭᠠᠷᠤᠭᠰᠠᠨ ᠪᠢᠯᠡ᠃ ᠡᠨᠡ ᠨᠤᠳᠤᠭ ᠤᠰᠤᠨ ᠳᠠᠭᠠᠨ ᠨᠡᠷ᠎ᠡ ᠲᠦᠷᠦ ᠲᠠᠢ ᠲᠡᠯᠭᠡᠷ ᠪᠠᠶᠠᠨ ᠵᠠᠯᠰᠠᠨ᠂ ᠪᠠᠯᠳᠠᠨ ᠭᠡᠵᠦ ᠬᠡᠨ ᠠᠯᠢᠨ ᠳᠤ ᠪᠠᠨ ᠠᠪᠳᠠᠬᠤ ᠦᠭᠡᠢ ᠪᠠᠶᠠᠨ ᠴᠢᠨᠡᠭᠡᠯᠢᠭ ᠠᠮᠢᠳᠤᠷᠠᠯ ᠲᠠᠢ ᠪᠠᠶᠢᠭᠰᠠᠨ ᠪᠦᠭᠡᠳ ᠠᠳᠤᠭᠤᠨ ᠰᠦᠷᠦᠭ ᠢ ᠬᠤᠳᠤᠭᠤᠷ ᠢᠶᠠᠷ ᠬᠡᠮᠵᠢᠵᠦ ᠲᠤᠭᠠᠯᠠᠳᠠᠭ ᠭᠡᠳᠡᠭ᠃ ᠵᠠᠯᠰᠠᠨ ᠪᠠᠶᠠᠨ ᠤ ᠠᠳᠤᠭᠤᠨ ᠰᠦᠷᠦᠭ ᠲᠤ ᠬᠤᠯᠠᠨ ᠰᠢᠷᠭ᠎ᠠ ᠠᠵᠢᠷᠭ᠎ᠠ ᠲᠠᠢ᠂ ᠪᠠᠯᠳᠠᠨ ᠪᠠᠶᠠᠨ ᠤ ᠠᠳᠤᠭᠤᠨ ᠰᠦᠷᠦᠭ ᠲᠤ ᠬᠦᠷᠡᠩ ᠵᠡᠭᠡᠷᠳᠡ ᠠᠵᠢᠷᠭ᠎ᠠ ᠲᠠᠢ ᠪᠠᠶᠢᠭᠰᠠᠨ ᠪᠦᠭᠡᠳ ᠡᠷᠭᠢᠨ ᠲᠤᠭᠤᠷᠢᠨ ᠬᠡᠳᠦᠨ ᠵᠠᠭᠤᠨ ᠭᠠᠵᠠᠷ ᠤᠨ ᠦᠩ ᠰᠢᠮᠡᠯᠢᠭ ᠡᠪᠡᠰᠦ ᠪᠡᠯᠴᠢᠭᠡᠷ ᠢ ᠵᠦᠪᠬᠡᠨ ᠬᠤᠶᠠᠷ ᠠᠶᠢᠯ ᠤᠨ ᠬᠡᠳᠦᠨ ᠬᠤᠳᠤᠭᠤᠷ ᠠᠳᠤᠭᠤ ᠠᠴᠠ ᠪᠤᠰᠤᠳ ᠤᠨ ᠬᠠᠷᠢᠶᠠᠨ ᠳᠠᠬᠢ ᠠᠳᠤᠭᠤ ᠮᠠᠯ ᠢ ᠶᠡᠷᠦ ᠤᠷᠤᠭᠤᠯᠳᠠᠭ ᠦᠭᠡᠢ ᠪᠠᠶᠢᠭᠰᠠᠨ ᠭᠡᠨ᠎ᠡ᠃    ᠵᠢᠯ ᠪᠦᠷᠢ ᠶᠢᠨ ᠬᠠᠪᠤᠷ ᠤᠨ ᠤᠯᠡᠷᠢᠯ ᠪᠤᠯᠬᠤ ᠲᠠᠢ ᠵᠡᠷᠭᠡ ᠠᠳᠤᠭᠤᠨ ᠰᠦᠷᠦᠭ ᠤᠨ ᠬᠤᠩᠬᠤᠨ ᠳᠠᠭᠠᠨ ᠲᠤᠯᠤᠭᠰᠠᠨ ᠪᠠᠶᠢᠳᠠᠰᠤ ᠪᠠᠨ ᠬᠠᠷᠢ ᠳᠤ ᠮᠤᠷᠳᠠᠭᠤᠯᠤᠨ ᠰᠦᠷᠦᠭ ᠠᠴᠠ ᠪᠠᠨ ᠬᠦᠭᠡᠭᠡᠨ ᠭᠠᠷᠭᠠᠬᠤ ᠳᠤ ᠨᠦᠭᠦᠭᠡ ᠰᠦᠷᠦᠭ ᠤᠨ ᠰᠢᠨ᠎ᠡ ᠬᠦᠷᠭᠡᠨ ᠲᠡᠯ ᠰᠡᠭᠦᠯ ᠢᠶᠠᠨ ᠪᠠᠭᠠᠳᠠᠭᠯᠠᠨ ᠰᠢᠨ᠎ᠡ ᠪᠡᠷᠢ ᠪᠠᠨ ᠤᠭᠳᠤᠨ ᠠᠪᠴᠤ᠂ ᠰᠦᠷᠦᠭ ᠵᠦᠭ ᠢᠶᠠᠨ ᠬᠤᠮᠢᠨ ᠡᠷᠡᠦ ᠲᠤᠬᠢᠨ ᠭᠤᠬᠢᠯᠵᠠᠬᠤ ᠳᠤ ᠰᠢᠨ᠎ᠡ ᠪᠡᠷᠢ ᠨᠢ ᠰᠠᠨᠠᠭᠠᠨ ᠳᠤ ᠲᠤᠯᠤᠭᠰᠠᠨ ᠭᠡᠰᠡᠨ ᠰᠢᠭ ᠠᠶ᠎ᠠ ᠶᠢ ᠨᠢ ᠲᠠᠭᠠᠨ ᠰᠡᠭᠦᠯ ᠭᠤᠳᠤᠭᠤᠨᠠᠭᠤᠯᠤᠨ ᠱᠤᠭᠰᠢᠨ ᠰᠦᠷᠦᠭ ᠲᠤ ᠨᠡᠶᠢᠯᠡᠨ ᠬᠦᠶᠦᠯᠳᠦᠨ᠎ᠡ᠃ ᠶᠡᠷᠦ ᠶᠢᠨ ᠦᠶᠡᠰ ᠲᠤ ᠬᠤᠶᠠᠷ ᠠᠵᠢᠷᠭ᠎ᠠ ᠬᠡᠨ ᠠᠯᠢᠨ ᠳᠤ ᠪᠠᠨ ᠨᠠᠶᠢᠷ ᠲᠠᠯᠪᠢᠬᠤ ᠦᠭᠡᠢ ᠠᠰ ᠪᠤᠰᠤᠭ᠎ᠠ ᠪᠠᠷ ᠴᠠᠪᠴᠢᠯᠳᠤᠵᠤ ᠡᠷ᠎ᠡ ᠪᠢᠷ᠎ᠠ ᠪᠠᠨ ᠰᠢᠯᠭᠠᠵᠤ ᠪᠠᠶᠢᠭᠰᠠᠨ ᠬᠤᠶᠠᠷ ᠠᠵᠢᠷᠭ᠎ᠠ ᠳᠤ ᠬᠦᠮᠦᠨ ᠢ ᠰᠤᠴᠢᠭᠠᠮ᠎ᠠ ᠦᠯᠢᠭᠡᠷ ᠲᠠᠢ ᠪᠤᠯᠤᠭᠰᠠᠨ ᠢ ᠰᠤᠨᠤᠰᠤᠭᠰᠠᠨ ᠪᠤᠯᠭᠠᠨ ᠭᠠᠶᠢᠬᠠᠨ ᠠᠳᠤᠭᠤᠰᠤ ᠠᠮᠢᠳᠠᠨ ᠳᠤ ᠪᠠᠰᠠ ᠡᠶᠢᠮᠦ ᠨᠢᠭᠡᠨ ᠬᠦᠮᠦᠨ ᠤ ᠰᠡᠳᠭᠢᠯ ᠢ ᠬᠦᠳᠡᠯᠭᠡᠮ᠎ᠡ ᠬᠡᠯᠡᠵᠦ ᠶᠠᠷᠢᠵᠤ ᠴᠢᠳᠠᠬᠤ ᠦᠭᠡᠢ ᠴᠦ ᠪᠤᠯᠪᠠᠴᠤ ᠬᠡᠯᠡᠵᠦ ᠶᠠᠷᠢᠵᠤ ᠴᠢᠳᠠᠬᠤ ᠬᠦᠮᠦᠨ ᠠᠴᠠ ᠲᠤᠣᠷ᠎ᠠ ᠦᠭᠡᠢ ᠭᠠᠷᠤᠭᠰᠠᠨ ᠶᠠᠪᠤᠳᠠᠯ ᠠᠴᠠ ᠬᠡᠨ ᠴᠦ ᠰᠤᠨᠢᠷᠬᠠᠬᠤ ᠪᠠᠶᠢᠯᠭᠦᠢ᠃    ᠬᠠᠷ᠎ᠠ ᠲᠤᠭᠤᠰᠤ ᠲᠡᠭᠳᠡᠭᠰᠡᠨ ᠬᠠᠪᠤᠷ ᠤᠨ ᠨᠢᠭᠡᠨ ᠡᠳᠦᠷ ᠪᠠᠶᠢᠵᠤ ᠪᠢᠯᠡ᠃ ᠲᠠᠯ᠎ᠠ ᠨᠤᠳᠤᠭ ᠤᠨ ᠮᠠᠯ ᠰᠦᠷᠦᠭ ᠤᠨ ᠲᠠᠶᠢᠰᠤᠨ ᠬᠦᠭᠡ ᠴᠢᠨ᠋ᠸ᠎ᠠ ᠬᠦᠳᠡᠭᠡ ᠭᠠᠳᠠᠭ᠎ᠠ ᠬᠡᠳᠦ ᠬᠡᠳᠦᠭᠦᠯᠡ ᠪᠠᠨ ᠰᠦᠷᠦᠭᠯᠡᠨ ᠱᠤᠩᠰᠢᠵᠤ ᠶᠠᠳᠠᠷ ᠲᠤᠷᠤᠢ ᠮᠠᠯ ᠤᠨᠤᠭ᠎ᠠ ᠶᠢ ᠲᠠᠭᠠᠷᠢᠨ ᠬᠦᠨᠦᠭᠡᠯ ᠲᠠᠷᠢᠵᠤ᠂ ᠬᠤᠭᠤᠯᠠ ᠲᠠᠷᠤᠵᠤ ᠶᠠᠪᠤᠭᠰᠠᠭᠠᠷ ᠬᠦᠷᠡᠩ ᠵᠡᠭᠡᠷᠳᠡ ᠠᠵᠢᠷᠭ᠎ᠠ ᠶᠢᠨ ᠰᠦᠷᠦᠭ ᠠᠴᠠ ᠬᠦᠭᠰᠢᠨ ᠭᠡᠭᠦᠤ ᠶᠢᠨ ᠬᠤᠩᠬᠤ ᠶᠢᠨ ᠮᠢᠬ᠎ᠠ ᠶᠢ ᠨᠢ ᠨᠢᠭᠡ ᠠᠮᠠ ᠡᠮᠬᠦᠵᠦ ᠠᠷᠠᠢ ᠠᠮᠢ ᠶᠢ ᠨᠢ ᠠᠪᠤᠭᠰᠠᠨ ᠦᠭᠡᠢ᠂ ᠬᠦᠷᠡᠩ ᠵᠡᠭᠡᠷᠳᠡ ᠨᠢᠭᠡ ᠭᠡᠷ ᠤᠨ ᠲᠤᠯᠭᠠᠭᠤᠷᠢ ᠭᠡᠵᠦ ᠶᠤᠰᠤᠳᠠᠢ ᠡᠭᠦᠷᠭᠡ ᠬᠠᠷᠢᠭᠤᠴᠠᠯᠭ᠎ᠠ ᠲᠠᠢ ᠮᠤᠩᠭᠤᠯ ᠮᠤᠷᠢ ᠪᠠᠶᠢᠨ᠎ᠠ᠃ ᠬᠤᠶᠢᠭᠤᠷ ᠤᠷᠢᠳᠤᠭᠤᠷ ᠱᠤᠩᠰᠢᠨ ᠬᠦᠶᠦᠭᠡ ᠬᠤᠶᠠᠷ ᠬᠦᠬᠡ ᠴᠢᠨ᠋ᠸ᠎ᠠ ᠶᠢ ᠠᠮᠠ ᠶᠢ ᠨᠢ ᠲᠤᠰᠤᠨ ᠴᠠᠪᠴᠠᠯᠬᠢᠯᠠᠨ ᠰᠦᠷᠦᠭ ᠢᠶᠠᠨ ᠵᠠᠶᠢᠯᠠᠭᠤᠯᠵᠤ ᠨᠠᠮᠤᠭᠳᠤ ᠶᠢᠨ ᠲᠠᠯ᠎ᠠ ᠳᠤ ᠰᠢᠯᠵᠢᠭᠦᠯᠦᠨ ᠠᠪᠠᠴᠢᠯ᠎ᠠ᠃ ᠡᠨᠡ ᠦᠶᠡᠰ ᠰᠦᠷᠦᠭ ᠢᠶᠠᠨ ᠡᠷᠭᠢᠯᠳᠦᠨ ᠬᠤᠮᠢᠵᠤ ᠶᠠᠪᠤᠭ᠎ᠠ ᠬᠤᠯᠠᠨ ᠰᠢᠷᠭ᠎ᠠ ᠳᠤ ᠶᠠᠮᠠᠷ ᠨᠢᠭᠡᠨ ᠲᠤᠬᠢᠶ᠎ᠠ ᠶᠤᠮ ᠦᠦ᠂ ᠰᠡᠷᠡᠮᠵᠢ ᠦᠭᠭᠦᠭᠰᠡᠨ ᠶᠤᠮ ᠦᠦ ᠪᠤᠣ ᠮᠡᠳᠡ ᠦᠪᠡᠷ ᠤᠨ ᠰᠦᠷᠦᠭ ᠢᠶᠠᠨ ᠠᠮᠤᠷ ᠲᠦᠪᠰᠢᠨ ᠡᠯᠡᠰᠦᠳᠡᠢ ᠱᠠᠩᠳᠠ ᠶᠢᠨ ᠪᠤᠯᠠᠭ ᠤᠨ ᠲᠡᠷᠭᠡᠳᠡ ᠬᠦᠷᠭᠡᠮᠡᠭᠴᠡ ᠪᠠᠨ ︽ᠲᠠ ᠨᠠᠷ ᠡ᠊ᠨᠳᠡ ᠪᠠᠨ ᠪᠡᠯᠴᠢᠭᠡᠷᠯᠡᠵᠦ ᠪᠠᠶᠢᠭᠠᠷᠠᠢ︕ ᠪᠢ ᠮᠦᠳᠳᠦ ᠢᠷᠡᠶ᠎ᠡ︕︾ ᠭᠡᠰᠡᠨ ᠰᠢᠭ ᠬᠠᠷᠪᠤᠭᠰᠠᠨ ᠰᠤᠮᠤ ᠰᠢᠬ ᠬᠦᠷᠡᠩ ᠵᠡᠭᠡᠷᠳᠡ ᠶᠢ ᠡᠷᠢᠨ ᠢᠨᠴᠠᠭᠠᠪᠠ᠃    ᠡᠬᠡ ᠪᠠᠶᠢᠭᠠᠯᠢ ᠶᠢᠨ ᠠᠩ ᠠᠮᠢᠳᠠᠨ ᠴᠦ ᠬᠠᠷᠢᠯᠴᠠᠨ ᠠᠶᠤᠯ ᠲᠠᠢ ᠦᠶᠡᠰ ᠬᠠᠮᠵᠢᠯᠴᠠᠵᠤ ᠲᠤᠰᠠᠯᠠᠯᠴᠠᠳᠠᠭ ᠵᠦᠢ ᠲᠠᠢ ᠪᠠᠶᠢᠨ᠎ᠠ᠃ ᠬᠤᠯᠠᠨ ᠰᠢᠷᠭ᠎ᠠ ᠭᠠᠵᠠᠷ ᠬᠠᠳᠬᠤᠯᠠᠨ ᠲᠤᠩᠭᠤᠷᠴᠤᠭᠯᠠᠨ ᠦᠰᠦᠷᠴᠦ ᠬᠠᠷᠠᠶᠢᠯᠠᠨ ᠬᠦᠷᠡᠩ ᠵᠡᠭᠡᠷᠳᠡ ᠶᠢᠨ ᠲᠡᠷᠭᠡᠳᠡ ᠢᠷᠡᠮᠡᠭᠴᠡ ᠰᠠᠨᠠᠮᠰᠠᠷ ᠦᠭᠡᠢ ᠭᠤᠯᠭᠤᠷᠢᠨ ᠮᠠᠷᠢᠶᠠᠵᠤ ᠪᠠᠶᠢᠭᠰᠠᠨ ᠨᠢᠭᠡ ᠬᠦᠬᠡ ᠴᠢᠨ᠋ᠸ᠎ᠠ ᠶᠢᠨ ᠭᠠᠪᠠᠯᠠ ᠤᠷᠤᠭᠤ ᠭᠠᠭᠴᠠ ᠲᠡᠶᠢᠷᠦᠭᠰᠡᠨ ᠳᠤ ᠭᠠᠵᠠᠷ ᠬᠠᠳᠬᠤᠵᠤ ᠭᠠᠳᠠᠵᠤ ᠤᠨᠠᠭᠠᠳ ᠦᠬᠦᠭᠰᠡᠨ ᠪᠠᠶᠢᠯ᠎ᠠ᠃ ᠡᠨᠡ ᠦᠶ᠎ᠡ ᠳᠤ ᠬᠦᠷᠡᠩ ᠵᠡᠭᠡᠷᠳᠡ ᠶᠢᠨ ᠲᠦᠷᠪᠡᠨ ᠲᠤᠭᠤᠷᠠᠢ ᠨᠢ ᠲᠤᠭᠳᠠᠵᠤ ᠶᠠᠳᠠᠨ ᠴᠡᠴᠡᠷᠬᠢᠯᠡᠵᠦ ᠯᠠ ᠪᠠᠶᠢᠯ᠎ᠠ᠃ ᠬᠤᠯᠠᠨ ᠰᠢᠷᠭ᠎ᠠ ᠠᠵᠢᠷᠭ᠎ᠠ ᠨᠦᠭᠦᠭᠡ ᠨᠢᠭᠡ ᠬᠦᠬᠡ ᠴᠢᠨ᠋ᠸ᠎ᠠ ᠲᠠᠢ ᠠᠰ ᠲᠤᠯᠤᠨ ᠠᠪᠤᠨ ᠬᠠᠷᠢᠭᠤᠴᠠᠵᠤ ᠨᠠᠰᠢ ᠴᠠᠰᠢ ᠬᠤᠯᠤᠰᠤᠨ ᠲᠠᠩ ᠳᠤ ᠴᠠᠪᠴᠢᠯᠬᠢᠯᠠᠨ ᠬᠦᠶᠦᠭᠰᠡᠭᠡᠷ ᠬᠦᠷᠦᠰᠦᠳᠦ ᠭᠠᠵᠠᠷ ᠢ ᠬᠦᠷᠪᠡᠭᠦᠯᠵᠦ ᠲᠠᠯᠪᠢᠭᠰᠠᠨ ᠰᠢᠬ ᠪᠤᠯᠭᠠᠵᠤ ᠤᠷᠬᠢᠯ᠎ᠠ᠃ ᠬᠤᠯᠠᠨ ᠰᠢᠷᠭ᠎ᠠ ᠬᠡᠳᠦ ᠤᠳᠠᠭ᠎ᠠ ᠰᠢᠷᠬ᠎ᠠ ᠤᠯᠵᠤ ᠬᠦᠭᠰᠢᠨ ᠴᠢᠨ᠋ᠸ᠎ᠠ ᠶᠢ ᠴᠠᠪᠴᠢᠵᠤ ᠠᠯᠠᠭᠠᠳ ᠰᠠᠶ᠋ᠢ ᠰᠠᠨᠠᠭ᠎ᠠ ᠨᠢ ᠠᠮᠠᠷᠠᠵᠤ ᠬᠦᠷᠡᠩ ᠵᠡᠭᠡᠷᠳᠡ ᠶᠢᠨ ᠢᠶᠠᠨ ᠲᠡᠷᠭᠡᠳᠡ ᠢᠷᠡᠵᠦ ᠪᠡᠶ᠎ᠡ ᠪᠡᠶ᠎ᠡ ᠪᠠᠨ ᠨᠠᠯᠠᠨ ᠵᠤᠭᠰᠤᠵᠤ ᠤᠷᠳᠤ ᠤᠷᠳᠤ ᠠᠮᠢᠰᠬᠤᠯᠯᠠᠨ ᠭᠡᠬᠦᠯᠵᠡᠨ ᠵᠤᠭᠰᠤᠨᠠᠮ᠃    ᠵᠠᠯᠰᠠᠨ ᠭᠤᠸᠠᠢ ᠭᠡᠵᠦ ᠬᠠᠰᠢᠷ ᠮᠠᠯᠴᠢᠨ ᠤᠴᠢᠷ ᠦᠷᠯᠦᠭᠡ ᠡᠷᠳᠡ ᠪᠤᠰᠤᠮᠠᠭᠴᠠ ᠮᠤᠷᠢᠨ ᠴᠢᠳᠦᠷ ᠢᠶᠠᠨ ᠠᠪᠴᠤ ᠠᠳᠤᠭᠤᠳ ᠢᠶᠠᠨ ᠡᠷᠭᠢᠭᠦᠯᠬᠦ ᠪᠠᠷ ᠤᠳᠤᠷ ᠤᠨ ᠡᠮᠦᠨᠡᠬᠢ ᠲᠤᠪᠤᠴᠠᠭ ᠲᠤ ᠭᠠᠷᠴᠤ ᠲᠡᠮᠡᠢ ᠤᠳᠠᠭᠰᠠᠨ ᠦᠭᠡᠢ᠂ ᠶᠠᠭᠠᠷᠠᠯᠳᠠᠶᠢᠬᠠᠨ ᠮᠤᠷᠢᠨ ᠳᠤ ᠪᠠᠨ ᠮᠤᠷᠳᠠᠵᠤ ᠭᠡᠷ ᠤᠨ ᠡᠭᠦᠳᠡᠨ ᠳᠤ ᠢᠷᠡᠵᠦ᠂ ᠮᠤᠷᠢᠨ ᠠᠴᠠ ᠪᠠᠨ ᠪᠠᠭᠤᠨ ᠭᠡᠷ ᠲᠤ ᠪᠠᠨ ᠤᠷᠤᠨ ᠬᠦᠭᠰᠢᠨ ᠳᠤ ᠪᠠᠨ ︽ᠤᠴᠢᠷ ᠭᠠᠷᠴᠠᠢ︕ ᠬᠤᠯᠠᠨ ᠰᠢᠷᠭ᠎ᠠ ᠠᠵᠢᠷᠭ᠎ᠠ ᠬᠠᠷᠠᠭᠳᠠᠬᠤ ᠦᠭᠡᠢ ᠪᠠᠶᠢᠨ᠎ᠠ︾ ᠭᠡᠳ ᠬᠦᠯᠦᠭ ᠮᠤᠷᠢ ᠲᠠᠰᠢᠭᠤᠷᠳᠠᠨ ᠪᠠᠯᠳᠠᠨ ᠤ ᠬᠢᠨ ᠭᠡᠷ ᠵᠦᠭ ᠮᠤᠷᠢ ᠲᠤᠪᠳᠤᠯᠭᠠᠪᠠ᠃ ᠦᠵᠦᠮᠦᠴᠢᠨ ᠨᠤᠳᠤᠭ ᠤᠨ ᠤᠳᠤᠷ ᠭᠡᠵᠦ ᠪᠦᠷ ᠯᠠ ᠡᠶᠢᠮᠦ ᠪᠠᠶᠢᠭ᠎ᠠ︕ ᠠᠷᠪᠠ ᠬᠤᠷᠢᠨ ᠭᠠᠵᠠᠷ ᠤᠨ ᠠᠯᠤᠰ ᠲᠤ ᠨᠢᠭᠡ ᠠᠶᠢᠯ ᠪᠠᠶᠢᠳᠠᠭ᠃ ᠵᠠᠯᠰᠠᠨ ᠭᠤᠸᠠᠢ ᠶᠢᠨ ᠲᠤᠪᠤ ᠶᠢᠨ ᠭᠠᠳᠠᠨ᠎ᠠ ᠨᠢ ᠲᠡᠮᠦᠷ ᠰᠡᠷᠡᠯᠵᠢ ᠤᠴᠢᠷ ᠮᠤᠷᠢᠨ ᠠᠴᠠ ᠪᠠᠭᠤᠭᠰᠠᠨ ᠦᠭᠡᠢ ᠪᠠᠷ᠄ ︽ᠪᠠᠯᠳᠠᠨ ᠠᠪᠤᠭᠠᠢ ᠪᠤᠰᠴᠢᠬᠠᠪᠠᠦ︕ ᠮᠠᠨᠠᠶᠢᠬᠢᠨ ᠤ ᠠᠳᠤᠭᠤᠨ ᠰᠦᠷᠦᠭ ᠲᠤ ᠠᠵᠢᠷᠭ᠎ᠠ ᠬᠠᠷᠠᠭᠳᠠᠬᠤ ᠦᠭᠡᠢ ᠪᠠᠶᠢᠨ᠎ᠠ᠂ ᠠᠳᠤᠭᠤᠳ ᠵᠡᠭᠦᠨ ᠡᠮᠦᠨᠡᠬᠢ ᠵᠤ ᠪᠠᠷ ᠴᠤᠪᠤᠷᠠᠯᠳᠤᠨ ᠠᠶᠢᠰᠤᠢ᠂ ᠲᠠᠨ ᠤ ᠬᠢᠨ ᠠᠳᠤᠭᠤᠳ ᠴᠦ ᠠᠵᠢᠷᠭ᠎ᠠ ᠨᠢ ᠬᠠᠷᠠᠭᠳᠠᠬᠤ ᠦᠭᠡᠢ ᠪᠠᠶᠢᠨ᠎ᠠ᠂ ᠬᠡᠷᠪᠡ ᠠᠵᠢᠷᠭ᠎ᠠ ᠰᠦᠷᠦᠭ ᠢᠶᠠᠨ ᠲᠠᠭᠠᠳᠠᠭ ᠯᠠ ᠶᠤᠮ ᠪᠤᠯ ᠰᠦᠷᠦᠭ ᠴᠤᠪᠤᠯᠳᠠᠬᠤ ᠦᠭᠡᠢ ᠮᠦᠷᠳᠡᠭᠡᠨ ᠠᠵᠢᠷᠭ᠎ᠠ ᠰᠦᠷᠦᠭ ᠤᠨ ᠢᠶᠠᠨ ᠬᠤᠶᠢᠨ᠎ᠠ ᠡᠮᠦᠨᠡᠭᠦᠷ ᠬᠠᠶᠢᠭᠤᠯ ᠪᠤᠯᠵᠤ ᠢᠨᠴᠠᠭᠠᠨᠠᠨ ᠪᠠᠶᠢᠳᠠᠭ︾ ᠭᠡᠳ ᠨᠢᠭᠡᠯᠡ ᠠᠮᠢᠰᠬᠤᠭ᠎ᠠ ᠪᠠᠷ ᠶᠠᠷᠢᠵᠤ ᠭᠠᠷᠪᠠ᠃    ᠬᠤᠨᠢᠴᠢᠨ ᠲᠤᠨᠳᠤᠪ ᠬᠢᠶᠠᠭᠳᠤ ᠶᠢᠨ ᠵᠤ ᠲᠡᠭᠡᠷ᠎ᠡ ᠬᠤᠨᠢ ᠪᠠᠨ ᠬᠠᠷᠢᠭᠤᠯᠵᠤ ᠪᠠᠶᠢᠭᠠᠳ ᠦᠴᠦᠭᠡᠳᠦᠷ ᠤᠨ ᠨᠠᠮᠤᠭᠳᠤ ᠶᠢᠨ ᠲᠠᠯ᠎ᠠ ᠳᠤ ᠬᠦᠷᠡᠩ ᠵᠡᠭᠡᠷᠳᠡ ᠠᠵᠢᠷᠭ᠎ᠠ ᠬᠤᠶᠠᠷ ᠬᠦᠬᠡ ᠴᠢᠨ᠋ᠸ᠎ᠠ ᠶᠢ ᠬᠦᠭᠡᠭᠡᠳ ᠤᠷᠤᠭᠰᠠᠨ ᠪᠠᠶᠢᠳᠠᠯ ᠢ ᠤᠯᠵᠤ ᠬᠠᠷᠠᠭᠰᠠᠨ ᠪᠦᠭᠡᠳ ᠨᠠᠷᠠ ᠲᠠᠰᠢᠬᠤ ᠶᠢᠨ ᠬᠢᠷᠢ ᠪᠠᠷ ᠵᠡᠭᠦᠨ ᠡᠮᠦᠨ᠎ᠡ ᠵᠦᠭ ᠠᠴᠠ ᠬᠤᠯᠠᠨ ᠰᠢᠷᠭ᠎ᠠ ᠠᠵᠢᠷᠭ᠎ᠠ ᠲᠤᠭᠤᠰᠤ ᠲᠠᠳᠠᠭᠤᠯᠤᠨ ᠲᠡᠯ ᠪᠤᠰᠬᠠᠨ ᠬᠦᠶᠦᠵᠦ ᠭᠠᠷᠤᠭᠰᠠᠨ ᠢ ᠨᠢᠳᠦ ᠪᠠᠷ ᠢᠶᠠᠨ ᠤᠯᠵᠤ ᠬᠠᠷᠠᠵᠤ᠂ ᠦᠶ᠎ᠡ ᠦᠶ᠎ᠡ ᠮᠤᠷᠢᠳ ᠤᠨ ᠢᠨᠴᠠᠭᠠᠬᠤ ᠲᠠᠭᠤᠨ ᠴᠢᠬᠢᠨ ᠳᠤ ᠨᠢ ᠲᠤᠭᠤᠯᠳᠠᠵᠤ ᠪᠠᠶᠢᠬᠤ ᠶᠢ ᠮᠡᠳᠡᠨ᠎ᠡ᠃    ᠪᠠᠯᠳᠠᠨ᠂ ᠵᠠᠯᠰᠠᠨ ᠬᠤᠶᠠᠷ ᠮᠤᠷᠢ ᠲᠤᠪᠳᠤᠯᠭᠠᠨ ᠨᠠᠮᠤᠭᠳᠤ ᠶᠢᠨ ᠲᠠᠯ᠎ᠠ ᠳᠤ ᠠᠵᠢᠷᠭᠠᠨ ᠤ ᠦᠦᠷᠰᠡᠯᠳᠡ ᠶᠢᠨ ᠲᠠᠭᠤᠨ ᠢᠶᠠᠷ ᠰᠤᠷᠠᠭ ᠲᠠᠯᠪᠢᠨ ᠡᠷᠢᠨ ᠢᠷᠡᠬᠦ ᠳᠤ ᠬᠦᠷᠡᠩ ᠵᠡᠭᠡᠷᠳᠡ ᠠᠵᠢᠷᠭ᠎ᠠ ᠴᠢᠰᠤ ᠲᠤᠰᠤᠯᠭᠠᠨ ᠲᠤᠭᠳᠠᠵᠤ ᠶᠠᠳᠠᠨ ᠴᠡᠴᠡᠷᠬᠢᠯᠡᠨ ᠵᠤᠭᠰᠤᠬᠤ ᠳᠤ ᠬᠤᠯᠠᠨ ᠰᠢᠷᠭ᠎ᠠ ᠡᠷᠭᠢᠯᠳᠦᠨ ᠰᠡᠭᠦᠯ ᠬᠠᠶᠠᠯᠠᠨ ᠲᠦᠷᠭᠢᠨ ᠵᠤᠭᠰᠤᠵᠤ ᠬᠠᠶᠠ ᠬᠠᠶᠠ ᠲᠤᠯᠤᠭᠠᠢ ᠪᠠᠷ ᠢᠶᠠᠨ ᠨᠦᠳᠦᠵᠦ ᠬᠢᠬᠢᠯᠬᠢᠯᠡᠨ᠎ᠡ︕ ᠬᠦᠨᠳᠡᠯᠡᠨ ᠭᠤᠯᠳᠤ ᠭᠠᠪᠠᠯᠠ ᠪᠠᠨ ᠬᠠᠭᠠᠯᠠᠭᠤᠯᠤᠭᠰᠠᠨ ᠬᠤᠶᠠᠷ ᠬᠦᠬᠡ ᠴᠢᠨ᠋ᠸ᠎ᠠ ᠵᠡᠭᠡᠰᠦ ᠶᠢᠨ ᠲᠤᠮᠳᠠ ᠬᠡᠪᠳᠡᠨ᠎ᠡ᠃ ᠡᠵᠡᠨ ᠢᠶᠠᠨ ᠦᠵᠡᠮᠡᠭᠴᠡ ᠬᠤᠯᠠᠨ ᠰᠢᠷᠭ᠎ᠠ ᠠᠵᠢᠷᠭ᠎ᠠ ︽ᠵᠠ︕ ᠪᠢ ᠶᠠᠪᠤᠯ᠎ᠠ︕︾ ᠭᠡᠰᠡᠨ ᠰᠢᠭ ᠲᠡᠭᠡᠷ᠎ᠡ ᠲᠠᠭᠤᠨ ᠢᠶᠠᠷ ᠬᠡᠳᠦ ᠢᠨᠴᠠᠭᠠᠭᠠᠳ ᠰᠦᠷᠦᠭ ᠢᠶᠠᠨ ᠡᠷᠢᠨ ᠲᠠᠪᠬᠢᠯ᠎ᠠ᠃    ᠬᠦᠷᠡᠩ ᠵᠡᠭᠡᠷᠳᠡ ᠠᠵᠢᠷᠭ᠎ᠠ ᠶᠢᠨ ᠬᠦᠵᠦᠭᠦᠨ ᠲᠡᠭᠡᠷ᠎ᠡ ᠨᠢ ᠭᠠᠷ ᠲᠠᠯᠪᠢᠭᠰᠠᠨ ᠴᠦ ᠬᠦᠳᠡᠯᠬᠦ ᠦᠭᠡᠢ ᠴᠡᠴᠡᠷᠬᠢᠯᠡᠨ ᠵᠤᠭᠰᠤᠨ᠎ᠠ᠂ ᠤᠴᠢᠷ ᠨᠢ ᠨᠢᠭᠡ ᠰᠦᠨᠢ ᠬᠤᠶᠠᠷ ᠴᠢᠨ᠋ᠸ᠎ᠠ ᠲᠠᠢ ᠲᠡᠮᠡᠴᠡᠯᠳᠦᠭᠡᠳ ᠠᠷᠠᠢ ᠯᠠ ᠬᠤᠯᠠᠨ ᠰᠢᠷᠭ᠎ᠠ ᠶᠢᠨ ᠲᠤᠰᠠᠯᠠᠮᠵᠢ ᠪᠠᠷ ᠡᠵᠡᠨ ᠳᠤ ᠪᠠᠨ ᠡᠩᠬᠡ ᠮᠡᠨᠳᠦᠬᠡᠨ ᠢᠶᠠᠷ ᠵᠤᠯᠭᠠᠵᠤ ᠠᠮᠢ ᠭᠠᠷᠤᠭᠰᠠᠨ ᠰᠠᠨ᠃    ᠬᠤᠯᠠᠨ ᠰᠢᠷᠭ᠎ᠠ ᠠᠵᠢᠷᠭ᠎ᠠ ᠮᠢᠨᠢ︕ ᠶᠤᠰᠤᠳᠠᠢ ᠡᠵᠡᠨ ᠢᠶᠠᠨ ᠰᠢᠭ ᠡᠷ᠎ᠡ ᠰᠦᠰᠦᠳᠠᠢ᠂ ᠡᠷᠡᠯᠬᠡᠭ ᠪᠠᠭᠠᠳᠤᠷᠯᠢᠭ ᠂ ᠡᠶ᠎ᠡ ᠨᠠᠶᠢᠷ ᠲᠠᠢ ᠭᠠᠶᠢᠬᠠᠮᠰᠢᠭᠳᠤ ᠮᠤᠩᠭᠤᠯ ᠮᠤᠷᠢ ᠪᠤᠯᠬᠤ ᠨᠢ ᠲᠠᠮᠵᠢᠭ ᠦᠭᠡᠢ᠃ ᠮᠤᠩᠭᠤᠯ ᠦᠨᠳᠦᠰᠦᠳᠡᠨ ᠤ ᠬᠡᠶᠢᠮᠤᠷᠢ ᠰᠦᠭ ᠰᠦᠯᠳᠠ ᠨᠢ ᠮᠤᠷᠢ ᠠᠴᠠ ᠪᠠᠨ ᠰᠠᠯᠵᠤ ᠪᠤᠯᠳᠠᠭ ᠦᠭᠡᠢ ᠲᠠᠢ ᠠᠳᠠᠯᠢ ᠪᠠᠷ ᠮᠤᠩᠭᠤᠯ ᠮᠤᠷᠢ ᠴᠦ ᠲᠡᠯᠡᠬᠡᠢ ᠶᠢᠨ ᠲᠠᠪᠴᠠᠩ ᠳᠤ ᠭᠠᠶᠢᠬᠠᠮᠰᠢᠭᠳᠤ ᠴᠤᠯᠠ ᠪᠠᠨ ᠮᠠᠨᠳᠤᠭᠤᠯᠵᠤ ᠲᠡᠶᠢᠯᠬᠦ ᠨᠢ ᠯᠠᠪᠳᠠᠢ︕ ᠮᠤᠩᠭᠤᠯ ᠬᠦᠮᠦᠨ ᠮᠤᠩᠭᠤᠯ ᠮᠤᠷᠢ ᠲᠠᠢ ᠪᠠᠨ ᠮᠦᠩᠭᠡ ᠲᠡᠭᠷᠢ ᠶᠢᠨ ᠲᠤᠣᠷ᠎ᠠ ᠬᠦᠷᠦᠰᠦᠳᠦ ᠭᠠᠵᠠᠷ ᠢᠶᠠᠨ ᠲᠠᠮᠠᠭᠠᠯᠠᠵᠤ ᠬᠦᠳᠡᠭᠡ ᠲᠠᠯ᠎ᠠ ᠪᠠᠨ ᠪᠤᠯᠭᠠᠵᠤ ᠦᠮᠴᠢᠷᠭᠡᠬᠦ ᠪᠠᠷ ᠮᠢᠩᠭᠠᠨ ᠭᠠᠵᠠᠷ ᠤᠨ ᠠᠯᠤᠰ ᠠᠴᠠ ᠦᠦᠷᠰᠡᠵᠦ ᠲᠦᠮᠡᠨ ᠭᠠᠵᠠᠷ ᠢ ᠴᠦ ᠲᠤᠪᠴᠢᠯᠠᠵᠤ ᠲᠠᠪᠬᠢᠨ ᠮᠤᠩᠭᠤᠯ ᠤᠨ ᠦᠨᠳᠦᠷᠯᠢᠭ ᠲᠤ ᠦᠪᠡᠷ ᠤᠨ ᠢᠶᠠᠨ ᠤᠯᠪᠠᠭ᠎ᠠ ᠪᠠᠨ ᠪᠠᠳᠠᠷᠠᠭᠤᠯᠵᠤ ᠯᠠ ᠶᠠᠪᠤᠨ᠎ᠠ ᠪᠢᠯᠡ︕ ᠦᠨᠡᠬᠡᠷ ᠨᠡᠷ᠎ᠡ ᠨᠢᠳᠡᠷ ᠲᠡᠭᠡᠨ ᠲᠤᠬᠢᠷᠠᠭᠰᠠᠨ ᠭᠠᠶᠢᠬᠠᠮᠰᠢᠭᠳᠤ ᠮᠣᠩᠭᠤᠯ ᠮᠤᠷᠢ ᠶᠤᠮ ᠪᠠᠶᠢᠨ᠎ᠠ ᠳ᠋ᠠ᠂ ᠬᠤᠯᠠᠨ ᠰᠢᠷᠭ᠎ᠠ ᠠᠵᠢᠷᠭ᠎ᠠ ᠮᠢᠨᠢ︕ ᠠᠵᠠ ᠶᠢᠨ ᠲᠡᠭᠷᠢ ᠢᠪᠡᠭᠡᠵᠦ ᠬᠤᠯᠠᠨ ᠰᠢᠷᠭ᠎ᠠ ᠮᠢᠨᠢ ᠮᠤᠩᠭᠤᠯ ᠤᠨ ᠦᠨᠳᠦᠷᠯᠢᠭ ᠲᠡᠭᠡᠨ ᠲᠠᠬᠢᠨ ᠲᠠᠬᠢᠨ ᠢᠷᠡᠵᠦ ᠵᠠᠶᠠᠭᠠᠨ ᠮᠤᠩᠭᠤᠯ ᠡᠵᠡᠨ ᠲᠠᠢ ᠪᠠᠨ ᠬᠠᠨᠢᠰᠴᠤ ᠬᠡᠶᠢᠮᠤᠷᠢ ᠪᠠᠨ ᠲᠡᠭᠳᠡᠭᠡᠵᠦ ᠶᠠᠪᠤᠬᠤ ᠪᠤᠯᠳᠤᠭᠠᠢ ᠭᠡᠵᠦ ᠢᠷᠦᠭᠡᠯ ᠲᠠᠯᠪᠢᠶ᠎ᠠ︕ᠵᠤᠬᠢᠶᠠᠬᠴᠢ ᠶᠢᠨ ᠬᠠᠶ᠋ᠢᠭ᠄ ᠲᠤᠮᠳᠠᠳᠤ ᠬᠤᠰᠢᠭᠤᠨ ᠤ ᠡᠮᠳᠦ ᠶᠢᠨ ᠭᠤᠣᠯ ᠰᠤᠮᠤ ᠶᠢᠨ ᠴᠠᠭᠠᠨ ᠪᠤᠬ᠎ᠠ ᠪᠠᠭ᠎ᠠ ᠰᠤᠷᠭᠠᠭᠤᠯᠢ
 
ᠢᠷᠡᠯᠲᠡ᠄ ᠳᠤᠮᠳᠠᠳᠥ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号