ᠨᠢᠬᠡ᠂ ᠲᠡᠤᠬᠡᠨ ᠨᠤᠮ 1. ︽ᠮᠤᠩᠭᠤᠯ ᠤᠨ ᠨᠢᠭᠤᠴᠠ ᠲᠤᠪᠴᠢᠶᠠᠨ︾ ᠵᠤᠬᠢᠶᠠᠬᠴᠢ ᠨᠢ ᠲᠤᠳᠤ ᠪᠤᠰᠤ᠃ | ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠬᠠᠮᠤᠭ ᠠᠩᠬᠠᠨ ᠤ ᠮᠤᠩᠭᠤᠯ ᠤᠨ ᠲᠡᠤᠬᠡᠨ ᠨᠤᠮ ᠮᠦᠨ᠃ ᠪᠦᠬᠦ | ᠨᠤᠮ ᠳᠤ 282 ᠪᠠᠳᠠᠭ ᠲᠠᠢ᠂ 12 ᠪᠤᠶᠤ 15 ᠪᠤᠳᠢ ᠬᠡᠮᠡᠨ ᠬᠤᠶᠠᠷ ᠵᠦᠢᠯ ᠢᠶᠠᠷ ᠠᠩᠬᠢᠯᠠᠳᠠᠭ᠃ ᠲᠤᠰ ᠨᠤᠮ | ᠠᠷᠪᠠᠨ ᠭᠤᠷᠪᠠᠳᠤᠭᠠᠷ ᠵᠠᠭᠤᠨ ᠤ ᠲᠤᠮᠳᠠᠴᠢ ᠪᠠᠷ ᠵᠤᠬᠢᠶᠠᠬᠳᠠᠵᠠᠢ᠃ ᠡᠨᠡ ᠪᠤᠯ ᠮᠤᠩᠭᠤᠯ ᠦᠨᠳᠦᠰᠦᠳᠡᠨ ᠤ | ᠠᠩᠬᠠᠳᠠᠬᠴᠢ ᠲᠡᠤᠬᠡᠨ ᠲᠤᠯᠭᠤᠷ ᠪᠢᠴᠢᠭ ᠪᠤᠯᠬᠤ ᠮᠦᠷᠳᠡᠬᠡᠨ ᠤᠷᠠᠨ ᠵᠤᠬᠢᠶᠠᠯ ᠤᠨ ᠪᠦᠳᠦᠬᠡᠯ ᠪᠤᠯᠤᠨ᠎ᠠ᠃ | ᠡᠳᠦᠭᠡ ᠶᠢᠨ ᠤᠯᠳᠠᠬᠰᠠᠨ ︽ᠮᠤᠩᠭᠤᠯ ᠤᠨ ᠨᠢᠭᠤᠴᠠ ᠲᠤᠪᠴᠢᠶᠠᠨ︾ ᠭᠡᠭᠴᠢ ᠮᠢᠩ ᠤᠯᠤᠰ ᠤᠨ ᠡᠬᠢᠨ ᠤ | ᠦᠶ᠎ᠡ ᠶᠢᠨ ᠬᠢᠳᠡᠳ ᠭᠠᠯᠢᠬᠯᠠᠯ ᠤᠨ ᠲᠡᠪᠳᠡᠷ ᠢ ᠮᠤᠩᠭᠤᠯᠴᠢᠯᠠᠨ ᠪᠠᠭᠤᠯᠭᠠᠬᠰᠠᠨ ᠲᠡᠪᠳᠡᠷ ᠪᠤᠯᠤᠨ᠎ᠠ᠃ ᠲᠤᠰ | ᠨᠤᠮ ᠤᠨ ᠪᠦᠬᠦ᠋ᠢᠯᠡ ᠠᠭᠤᠯᠭ᠎ᠠ ᠨᠢ ᠮᠤᠩᠭᠤᠯ ᠦᠨᠳᠦᠰᠦᠳᠡᠨ ᠤ ᠡᠬᠦᠰᠦᠯ ᠭᠠᠷᠦᠯ ᠠᠴᠠ ᠡᠬᠢᠯᠡᠵᠦ᠂ ᠴᠢᠩᠭᠢᠰ | ᠬᠠᠭᠠᠨ ᠠᠴᠠ ᠦᠬᠡᠳᠡᠢ ᠬᠠᠭᠠᠨ ᠤ ᠦᠶ᠎ᠡ ᠶᠢᠨ ᠬᠤᠭᠤᠷᠤᠨᠳᠤᠬᠢ᠂ ᠮᠤᠩᠭᠤᠯ ᠦᠨᠳᠦᠰᠦᠳᠡᠨ ᠨᠢ ᠠᠶᠢᠮᠠᠭ ᠤᠨ | ᠨᠡᠷᠡᠶᠢᠳᠦᠯ ᠠᠴᠠ ᠦᠨᠳᠦᠰᠦᠳᠡᠨ ᠪᠤᠯᠤᠨ ᠪᠦᠷᠢᠯᠳᠦᠵᠦ᠂ ᠶᠡᠭᠡ ᠮᠤᠩᠭᠤᠯ ᠤᠯᠤᠰ ᠢ ᠪᠠᠶᠢᠭᠤᠯᠤᠨ ᠬᠦᠭᠵᠢᠬᠦᠯᠦᠭᠰᠡᠨ | ᠲᠡᠤᠬᠡᠳᠦ ᠬᠡᠷᠡᠭ ᠶᠠᠪᠤᠳᠠᠯ ᠢ ᠲᠡᠮᠳᠡᠭᠯᠡᠨ ᠲᠤᠭᠠᠴᠢᠬᠰᠠᠨ ᠪᠠᠶᠢᠨ᠎ᠠ᠃ ᠡᠨᠡ ᠨᠢ ᠮᠤᠩᠭᠤᠯ ᠦᠨᠳᠦᠰᠦᠳᠡᠨ ᠤ ᠲᠡᠤᠬᠡᠨ | ᠬᠦᠭᠵᠢᠯ᠂ ᠨᠡᠶᠢᠬᠡᠮ ᠠᠬᠤᠢ᠂ ᠤᠳᠬ᠎ᠠ ᠵᠤᠬᠢᠶᠠᠯ ᠪᠤᠯᠤᠨ ᠦᠬᠡ ᠬᠡᠯᠡᠨ ᠤ ᠬᠦᠭᠵᠢᠯ ᠢ ᠰᠤᠳᠤᠯᠤᠨ | ᠰᠦᠪᠡᠭᠴᠢᠯᠡᠬᠦ ᠳᠤ ᠡᠷᠬᠢᠮ ᠨᠠᠨᠳᠢᠨ ᠦᠨ᠎ᠠ ᠴᠠᠨ᠎ᠠ ᠲᠠᠢ ᠪᠠᠶᠢᠳᠠᠭ᠃ ︽ᠨᠢᠭᠤᠴᠠ ᠲᠤᠪᠴᠢᠶᠠᠨ︾ ᠤ ᠤᠷᠠᠨ | ᠵᠤᠬᠢᠶᠠᠯ ᠳᠤ ︽ᠴᠢᠩᠭᠢᠰ ᠤᠨ ᠡᠷ᠎ᠡ ᠬᠤᠶᠠᠷ ᠵᠢᠭᠠᠯ ᠤᠨ ᠲᠤᠭᠤᠵᠢ︾᠂ ︽ᠴᠢᠩᠭᠢᠰ ᠬᠠᠭᠠᠨ ᠤ ᠪᠢᠯᠢᠭ︾᠂ ︽ | ᠤᠶᠤᠨ ᠲᠦᠯᠬᠢᠬᠦᠷ︾᠂ ︽ᠴᠢᠩᠭᠢᠰ ᠤᠨ ᠶᠢᠰᠦᠨ ᠦᠷᠯᠦᠭ ᠲᠠᠢ ᠦᠨᠦᠴᠢᠨ ᠬᠦᠪᠡᠬᠦᠨ ᠤ ᠰᠡᠴᠡᠯᠡᠭᠰᠡᠨ ᠱᠠᠰᠳᠢᠷ︾ | ᠵᠡᠷᠭᠡ ᠵᠤᠬᠢᠶᠠᠯ ᠪᠠᠭᠳᠠᠵᠦ ᠪᠤᠢ᠃ ︽ᠨᠢᠭᠤᠴᠠ ᠲᠤᠪᠴᠢᠶᠠᠨ︾ ᠤ ᠢᠷᠡᠯᠳᠡ ᠶᠢᠨ ᠲᠤᠬᠠᠢ ᠲᠡᠤᠬᠡᠨ ᠲᠡᠮᠳᠡᠭᠯᠡᠯ ᠳᠤ | ᠄ 1206 ᠤᠨ ᠳᠤ ᠴᠢᠩᠭᠢᠰ ᠬᠠᠭᠠᠨ ᠲᠡᠬᠦᠨ ᠤ ᠲᠡᠵᠢᠬᠡᠭᠰᠡᠨ ᠲᠡᠬᠦᠦ ᠵᠠᠷᠭᠤᠴᠢ ᠰᠢᠬᠢᠬᠤᠳᠤᠭ ᠢᠶᠠᠷ ︽ᠬᠦᠭᠡ | ᠲᠡᠪᠳᠡᠷ︾ ᠪᠢᠴᠢᠬᠦᠯᠵᠡᠢ ︵ᠤᠶᠢᠭᠤᠷᠵᠢᠨ ᠮᠤᠩᠭᠤᠯ ᠦᠰᠦᠭ ᠢᠶᠠᠷ ᠪᠢᠴᠢᠭᠳᠡᠭᠰᠡᠨ ᠠᠩᠬᠠᠨ ᠤ ᠪᠢᠴᠢᠭ ᠮᠠᠲᠧᠷᠢᠶᠠᠯ︶ | ᠬᠡᠰᠡᠨ ᠠᠴᠠ ᠦᠵᠡᠪᠡᠯ᠂ ᠡᠨᠡ ᠪᠤᠯ ︽ᠨᠢᠭᠤᠴᠠ ᠲᠤᠪᠴᠢᠶᠠᠨ︾ ᠤ ᠪᠢᠴᠢᠯᠳᠡ ᠶᠢᠨ ᠢᠷᠡᠯ ᠡᠬᠦᠰᠦᠯ ᠢ | ᠲᠤᠳᠤᠷᠬᠠᠶᠢᠯᠠᠵᠦ ᠪᠠᠶᠢᠳᠠᠭ᠃ 2. ︽ᠰᠢᠷ᠎ᠠ ᠲᠤᠭᠤᠵᠢ︾ ᠪᠦᠬᠦᠯᠢ ᠨᠡᠷ᠎ᠡ᠄ ︽ᠡᠷᠳᠡᠨ ᠤ ᠮᠤᠩᠭᠤᠯ ᠤᠨ ᠬᠠᠳ ᠤᠨ | ᠦᠨᠳᠦᠰᠦᠨ ᠤ ᠶᠡᠭᠡ ᠰᠢᠷ᠎ᠠ ᠲᠤᠭᠤᠵᠢ ᠤᠷᠤᠰᠢᠪᠠ︾ ᠵᠤᠬᠢᠶᠠᠬᠴᠢ ᠶᠢᠨ ᠨᠡᠷ᠎ᠡ ᠨᠢ ᠮᠡᠳᠡᠬᠡᠳᠦᠢ᠃ ᠮᠤᠩᠭᠤᠯ ᠤᠨ | ᠡᠷᠳᠡᠨ ᠤ ᠬᠡᠯᠡ ᠪᠠᠷ ᠵᠤᠬᠢᠶᠠᠬᠳᠠᠬᠰᠠᠨ ᠪᠦᠬᠡᠳ ᠵᠤᠬᠢᠶᠠᠯ ᠳᠤ ᠭᠤᠤᠯᠳᠠᠭᠤ ᠮᠤᠩᠭᠤᠯ ᠦᠨᠳᠦᠰᠦᠳᠡᠨ ᠤ ᠭᠠᠷᠦᠯ | ᠡᠬᠦᠰᠦᠯ ᠠᠴᠠ ᠠᠪᠤᠭᠠᠳ ᠴᠢᠩᠭᠢᠰ ᠬᠠᠭᠠᠨ ᠪᠤᠯᠤᠨ ᠲᠡᠬᠦᠨ ᠤ ᠡᠪᠦᠭᠡ ᠲᠡᠭᠡᠳᠦᠰ᠂ ᠲᠦᠷᠦᠯ ᠤᠬᠰᠠᠭ᠎ᠠ᠂ ︽ | ᠠᠯᠳᠠᠨ ᠤᠷᠤᠭ︾ ᠤᠨ ᠬᠡᠷᠡᠭ ᠶᠠᠪᠤᠳᠠᠯ ᠢ ᠲᠡᠮᠳᠡᠭᠯᠡᠵᠦ᠂ ᠴᠢᠨᠠᠬᠰᠢᠯᠠᠨ 17 ᠳ᠋ᠤᠭᠠᠷ ᠵᠠᠭᠤᠨ ᠤ ᠰᠡᠬᠦᠯᠴᠢ | ᠦᠶ᠎ᠡ ᠶᠢᠨ ᠮᠤᠩᠭᠤᠯ ᠤᠨ ᠠᠶᠢᠮᠠᠭ ᠤᠨ ᠨᠤᠶᠠᠷᠬᠠᠯ ᠵᠢᠴᠢ ᠦᠶ᠎ᠠ ᠵᠠᠯᠭᠠᠮᠵᠢ ᠶᠢ ᠲᠡᠮᠳᠡᠭᠯᠡᠭᠰᠡᠨ ᠲᠡᠤᠬᠡ ᠶᠢᠨ ᠪᠦᠳᠦᠭᠡᠯ | ᠮᠦᠨ᠃ ᠬᠡᠬᠦ ᠳᠤ ᠪᠠᠨ ᠲᠡᠷᠡ ᠪᠤᠯ ᠲᠡᠷᠡ ᠴᠢᠭ ᠢᠶᠠᠷ ᠢᠶᠠᠨ ᠤᠨ ᠲᠠᠷᠠᠭᠠᠯᠠᠬᠰᠠᠨ ᠲᠡᠤᠬᠡ ᠶᠢᠨ ᠰᠢᠨᠵᠢ ᠪᠦᠬᠦᠢ | ᠲᠡᠤᠬᠡᠨ ᠰᠤᠳᠤᠷ ᠪᠤᠯᠤᠯᠳᠠᠢ᠃ ︽ᠲᠤᠪᠴᠢᠶᠠᠨ︾ ᠰᠢᠬ ᠤᠳᠬ᠎ᠠ ᠵᠤᠬᠢᠶᠠᠯ ᠤᠨ ᠪᠦᠷᠢᠯᠳᠦᠬᠦᠨ ᠪᠦᠬᠦᠢ ᠲᠡᠶᠢᠮᠦ | ᠲᠡᠤᠬᠡᠨ ᠵᠤᠬᠢᠶᠠᠯ ᠪᠢᠰᠢ ᠶᠤᠮ᠃ 3. ︽ᠲᠡᠯᠡᠬᠡᠢ ᠶᠢ ᠪᠠᠶᠢᠯᠳᠤᠨ ᠲᠠᠭᠠᠭᠤᠯᠤᠬᠴᠢ ᠶᠢᠨ ᠲᠡᠤᠬᠡ︾ ᠵᠤᠬᠢᠶᠠᠬᠴᠢ ᠨᠢ | ᠫᠧᠷᠰ ᠤᠨ ᠠᠷᠦᠳᠢᠨ ᠠᠳ᠋ᠮᠧᠷᠢᠺ ᠵᠤᠸᠠᠶᠢᠨᠢ ᠮᠦᠨ᠃ ᠲᠡᠷᠡ ᠪᠤᠯ ᠮᠤᠩᠭᠤᠯ ᠤᠨ ᠢᠯ ᠬᠠᠭᠠᠨᠳᠤ ᠤᠯᠤᠰ ᠤᠨ | ᠬᠤᠯᠤᠭᠤ ᠬᠠᠨ ᠤ ᠲᠦᠰᠢᠮᠡᠯ ᠪᠢᠯᠡ᠃ ᠲᠡᠷᠡ ᠪᠤᠯ ᠴᠢᠩᠭᠢᠰ ᠬᠠᠭᠠᠨ ᠤ ᠪᠠᠷᠠᠭᠤᠨᠰᠢ ᠲᠠᠶᠢᠯᠠᠬᠰᠠᠨ ᠶᠠᠪᠤᠴᠠ ᠶᠢ | ᠨᠠᠷᠢᠨ ᠲᠡᠮᠳᠡᠭᠯᠡᠭᠰᠡᠨ ᠠᠩᠬᠠᠳᠠᠬᠴᠢ ᠲᠡᠤᠬᠡ ᠶᠢᠨ ᠡᠷᠳᠡᠮᠳᠡᠨ ᠪᠦᠭᠡᠳ ᠪᠠᠰᠠ ᠴᠤ ᠡᠨᠡ ᠲᠠᠯ᠎ᠠ ᠶᠢᠨ ᠡᠷᠬᠡ | ᠬᠦᠨᠳᠦᠳᠡᠨ ᠮᠦᠨ᠃ ᠲᠤᠰ ᠨᠤᠮ ᠳᠤ ᠴᠢᠩᠭᠢᠰ ᠬᠠᠭᠠᠨ ᠠᠴᠠ ᠠᠪᠤᠭᠠᠳ ᠬᠤᠯᠤᠭᠤ ᠶᠢᠨ ᠴᠡᠷᠢᠭ ᠪᠠᠶᠢᠭᠤᠯᠤᠨ᠂ | ᠢᠰᠮᠠᠶᠢᠨ ᠤ ᠪᠦᠯᠦᠭ ᠤᠨ ᠬᠤᠳᠠ ᠴᠠᠶᠢᠵᠠ ᠶᠢ ᠡᠪᠳᠡᠭᠰᠡᠨ ᠬᠦᠷᠳᠡᠯᠡᠬᠢ ᠤᠨ ᠵᠢᠯ ᠤᠳ ᠤᠨ ᠬᠡᠷᠡᠭ ᠶᠠᠪᠤᠳᠠᠯ ᠢ | ᠪᠢᠴᠢᠭᠰᠡᠨ ᠪᠠᠶᠢᠨ᠎ᠠ᠃ ᠪᠦᠬᠦ ᠨᠤᠮ ᠢ 3 ᠬᠡᠰᠡᠭ ᠬᠤᠪᠢᠶᠠᠵᠦ ᠪᠤᠯᠤᠨ᠎ᠠ᠄ ᠨᠢᠬᠡᠳᠦᠭᠡᠷ ᠬᠡᠰᠡᠭ ᠲᠤ᠂ ᠮᠤᠩᠭᠤᠯ ᠤᠨ | ᠲᠦᠷᠦᠬᠦᠨ ᠤ ᠭᠤᠷᠪᠠᠨ ᠬᠠᠭᠠᠨ — ᠴᠢᠩᠭᠢᠰ᠂ ᠦᠬᠡᠳᠡᠢ᠂ ᠬᠦᠶᠦᠭ ᠤᠨ ᠦᠶ᠎ᠡ ᠶᠢᠨ ᠲᠡᠤᠬᠡ ᠶᠢ ᠪᠢᠴᠢᠪᠡ᠃ | ᠬᠤᠶᠠᠳᠤᠭᠠᠷ ᠬᠡᠰᠡᠭ ᠲᠤ᠄ ᠬᠡᠷᠡᠭ ᠲᠡᠭᠡᠷ᠎ᠡ ᠪᠠᠨ ᠲᠦᠪ ᠠᠽᠢᠶ᠎ᠠ ᠬᠢᠭᠡᠳ ᠫᠧᠷᠰ ᠤᠨ ᠲᠡᠤᠬᠡ ᠪᠤᠯᠤᠨ᠎ᠠ᠃ | ᠭᠤᠷᠪᠠᠳᠤᠭᠠᠷ ᠬᠡᠰᠡᠭ ᠨᠢ᠄ ᠶᠡᠭᠡ ᠲᠡᠯᠬᠡᠷᠡᠩᠭᠦᠢ ᠠᠭᠤᠯᠭ᠎ᠠ ᠲᠠᠢ᠂ ᠲᠤᠰ ᠬᠡᠰᠡᠭ ᠨᠢ ᠲᠤᠯᠤᠢ ᠠᠴᠠ ᠡᠬᠢᠯᠡᠵᠦ ᠶᠡᠭᠡ | ᠤᠯᠠᠨ ᠬᠠᠭᠤᠳᠠᠰᠦ ᠵᠠᠷᠦᠴᠠᠭᠤᠯᠤᠨ ᠮᠦᠩᠭᠡ ᠬᠠᠭᠠᠨ ᠰᠠᠭᠤᠬᠰᠠᠨ ᠪᠤᠯᠤᠨ ᠲᠡᠬᠦᠨ ᠤ ᠨᠤᠶᠠᠷᠬᠠᠯ ᠤᠨ ᠡᠬᠢᠨ ᠤ | ᠦᠶ᠎ᠡ ᠶᠢᠨ ᠲᠡᠤᠬᠡᠨ ᠬᠡᠷᠡᠭ ᠢ ᠪᠢᠴᠢᠵᠡᠢ᠃ ᠡᠨᠡ ᠬᠡᠰᠡᠭ ᠪᠤᠯ ᠬᠠᠮᠤᠭ ᠤᠨ ᠶᠡᠭᠡ ᠦᠨ᠎ᠡ ᠴᠠᠨ᠎ᠠ ᠲᠠᠢ ᠬᠡᠰᠡᠭ ᠮᠦᠨ᠃ | 4. ︽ᠰᠤᠳᠤᠷ ᠤᠨ ᠴᠢᠭᠤᠯᠭᠠᠨ︾ ︵︽ᠲᠡᠤᠬᠡ ᠶᠢᠨ ᠴᠤᠬᠯᠠᠭᠠᠨ︾︶ ᠵᠤᠬᠢᠶᠠᠬᠴᠢ᠄ ᠷᠠᠰᠢᠳ — ᠠᠳ | — ᠳᠢᠨ ᠡᠷᠬᠢᠯᠡᠨ ᠨᠠᠶᠢᠷᠠᠭᠤᠯᠵᠦ᠂ ᠪᠤᠯᠤ ᠴᠢᠩᠰᠠᠩ ᠵᠡᠷᠭᠡ 6 ᠮᠤᠩᠭᠤᠯ ᠲᠡᠤᠬᠡᠴᠢᠨ ᠭᠤᠤᠯᠯᠠᠨ ᠪᠢᠴᠢᠪᠡ᠃ | ᠷᠠᠰᠢᠳ — ᠠᠳ — ᠳᠢᠨ ︵1247 — 1317︶ ᠪᠤᠯ 14 ᠵᠠᠭᠤᠨ ᠤ ᠡᠬᠢᠨ ᠤ ᠦᠶ᠎ᠡ ᠶᠢᠨ | ᠫᠧᠷᠰ ᠤᠨ ᠤᠯᠤᠰ ᠲᠦᠷᠦᠴᠢᠨ᠂ ᠲᠡᠤᠬᠡ ᠶᠢᠨ ᠡᠷᠳᠡᠮᠳᠡᠨ ᠮᠦᠨ᠃ ᠲᠡᠷᠡ ᠢᠯ ᠬᠠᠭᠠᠨ ᠬᠠᠰᠠᠨ ︵1295 — | 1304︶ ᠪᠤᠯᠤᠨ ᠦᠯᠵᠡᠶᠢᠳᠤ ᠬᠠᠨ ︵1304 — 1316︶ ᠤ ᠵᠠᠷᠯᠢᠭ ᠢᠶᠠᠷ ︽ᠰᠤᠳᠤᠷ ᠤᠨ ᠴᠢᠭᠤᠯᠭᠠᠨ | ︾ ᠬᠡᠬᠦ ᠨᠤᠮ ᠢ ᠡᠷᠬᠢᠯᠡᠨ ᠨᠠᠶᠢᠷᠠᠭᠤᠯᠵᠦ᠂ 10 ᠵᠢᠯ ᠤᠨ ᠬᠤᠭᠤᠴᠠᠭ᠎ᠠ ᠬᠡᠷᠡᠭᠯᠡᠨ ᠲᠤᠭᠤᠷᠪᠢᠨ ᠲᠠᠭᠤᠰᠬᠠᠵᠠᠢ᠃ | ᠡᠨᠡ ᠪᠤᠯ ᠤᠷᠢᠳᠤ ᠭᠠᠷᠤᠭ᠎ᠠ ᠦᠭᠡᠢ ᠲᠡᠯᠡᠬᠡᠢ ᠶᠢᠨ ᠨᠡᠪᠳᠡᠷᠬᠡᠢ ᠲᠡᠤᠬᠡ ᠶᠢᠨ ᠴᠢᠨᠠᠷᠳᠠᠢ ᠶᠡᠭᠡ ᠪᠦᠳᠦᠭᠡᠯ ᠮᠦᠨ᠃ | ᠭᠤᠷᠪᠠᠨ ᠬᠡᠰᠡᠭ ᠬᠤᠪᠢᠶᠠᠨ᠎ᠠ᠄ ᠨᠢᠬᠡᠳᠦᠭᠡᠷ ᠬᠡᠰᠡᠭ — ︽ᠮᠤᠩᠭᠤᠯ ᠤᠨ ᠲᠡᠤᠬᠡ︾ ᠬᠤᠶᠠᠳᠤᠭᠠᠷ ᠬᠡᠰᠡᠭ — | ︽ᠲᠡᠯᠡᠬᠡᠢ ᠶᠢᠨ ᠲᠡᠤᠬᠡ︾ ᠭᠤᠷᠪᠠᠳᠤᠭᠠᠷ ᠬᠡᠰᠡᠭ — ︽ᠲᠡᠯᠡᠬᠡᠢ ᠶᠢᠨ ᠭᠠᠵᠠᠷ ᠤᠷᠤᠨ ᠤ ᠲᠡᠮᠳᠡᠭᠯᠡᠯ︾ ᠮᠦᠨ᠃ | ᠲᠡᠬᠦᠨ ᠤ ᠲᠦᠷᠦᠬᠦᠦ ᠬᠤᠶᠠᠷ ᠬᠡᠰᠡᠭ ᠪᠤᠯᠤᠨ ᠲᠤᠳᠠᠭᠤ ᠲᠤᠷᠭᠤᠨ ᠲᠠᠭᠠᠯᠳᠤᠭᠤᠯᠤᠯ ᠪᠤᠯᠬᠤ ︽ᠠᠷᠠᠪ᠂ ᠢᠪᠷᠡᠢ᠂ | ᠮᠤᠩᠭᠤᠯ ᠹᠦᠯᠠᠩ᠂ ᠲᠤᠮᠳᠠᠳᠤ ᠶᠢᠨ ᠦᠨᠳᠦᠰᠦᠳᠡᠨ ᠵᠡᠷᠭᠡ ᠲᠠᠪᠦᠨ ᠦᠨᠳᠦᠰᠦᠳᠡᠨ ᠤ ᠦᠶ᠎ᠡ ᠤᠯᠠᠮᠵᠢᠯᠠᠯ ᠤᠨ | ᠴᠠᠳᠢᠭ︾ ᠨᠢ ᠯᠠ ᠤᠳᠤ ᠬᠦᠷᠳᠡᠯ᠎ᠡ ᠤᠯᠠᠮᠵᠢᠯᠠᠬᠳᠠᠬᠰᠠᠭᠠᠷ᠃ ᠲᠤᠰ ᠲᠡᠪᠳᠡᠷ ᠤᠨ ᠨᠢᠬᠡᠳᠦᠭᠡᠷ ᠬᠡᠰᠡᠭ ᠤᠨ ︽ | ᠮᠤᠩᠭᠤᠯ ᠤᠨ ᠲᠡᠤᠬᠡ︾ ᠨᠢ ᠨᠡᠶᠢᠳᠡ 3 ᠪᠤᠳᠢ ᠲᠠᠢ ᠪᠦᠭᠡᠳ ᠡᠷᠳᠡ ᠢᠵᠠᠭᠤᠷ ᠠᠴᠠ ᠠᠪᠤᠭᠠᠳ ᠮᠤᠩᠭᠤᠯ ᠠᠶᠢᠮᠠᠭ | ᠭᠡᠵᠦ ᠨᠡᠷᠡᠯᠡᠭᠰᠡᠭᠡᠷ ᠢᠷᠡᠭᠰᠡᠨ ᠤᠭᠤᠰ ᠬᠢᠭᠡᠳ ᠤᠭᠤᠰ ᠤᠨ ᠤᠬᠰᠠᠭ᠎ᠠ ᠲᠦᠷᠦᠯ᠂ ᠦᠷ᠎ᠠ ᠠᠴᠢ ᠨᠠᠷ ᠠᠴᠠ | ᠡᠬᠦᠰᠴᠦ ᠭᠠᠷᠦᠬᠰᠠᠨ ᠡᠯ᠎ᠡ ᠠᠶᠢᠮᠠᠭ᠂ ᠡᠯ᠎ᠡ ᠦᠨᠳᠦᠰᠦᠳᠡᠨ᠂ ᠵᠠᠯᠠᠶᠢᠷ᠂ ᠲᠠᠲ᠋ᠠᠷ ᠵᠡᠷᠬᠡ᠃ 19 ᠠᠶᠢᠮᠠᠭ ᠵᠢᠴᠢ | ᠬᠡᠷᠡᠶᠢᠳ᠂ ᠨᠠᠢᠮᠠᠨ᠂ ᠤᠩᠭᠤᠳ᠂ ᠲᠠᠩᠭᠤᠳ᠂ ᠬᠡᠷᠬᠢᠰ ᠵᠡᠷᠭᠡ 9 ᠶᠡᠭᠡ ᠠᠶᠢᠮᠠᠭ᠂ ᠴᠢᠩᠭᠢᠰ ᠬᠠᠭᠠᠨ ᠤ ᠡᠪᠦᠭᠡ | ᠲᠡᠭᠡᠳᠦᠰ ᠤᠨ ᠴᠠᠳᠢᠭ ᠪᠤᠯᠤᠨ 1155 — 1227 ᠤᠨ ᠤ ᠦᠶ᠎ᠡ ᠶᠢᠨ ᠴᠢᠩᠭᠢᠰ ᠬᠠᠭᠠᠨ ᠤ ᠴᠠᠳᠢᠭ᠂ | ᠲᠡᠷᠡᠴᠢᠯᠡᠨ ᠮᠦᠨ ᠲᠡᠷᠡ ᠦᠶ᠎ᠡ ᠶᠢᠨ ᠠᠽᠢᠶ᠎ᠠ᠂ ᠤᠮᠠᠷᠠᠳᠤ ᠠᠹᠷᠢᠺᠠ ᠶᠢᠨ ᠡᠯ᠎ᠡ ᠤᠯᠤᠰ ᠤᠨ ᠡᠵᠡᠳ ᠤᠨ ᠨᠠᠮᠳᠠᠷ᠂ | ᠴᠢᠩᠭᠢᠰ ᠬᠠᠭᠠᠨ ᠤ ᠤᠨ ᠲᠠᠷᠠᠭᠠᠯᠠᠬᠰᠠᠨ ᠶᠡᠭᠡ ᠬᠡᠷᠡᠭ ᠤᠨ ᠲᠡᠮᠳᠡᠭᠯᠡᠯ᠂ ᠴᠢᠩᠭᠢᠰ ᠬᠠᠭᠠᠨ ᠤ ᠰᠤᠷᠭᠠᠯ᠂ | ᠴᠡᠷᠢᠭ ᠤᠨ ᠤᠷᠤᠨ ᠲᠤᠭ᠎ᠠ᠂ ᠫᠧᠷᠰ ᠤᠨ ᠢᠯ ᠬᠠᠭᠠᠨ ᠠᠴᠠ ᠭᠠᠳᠠᠨᠠᠬᠢ ᠴᠢᠩᠬᠢᠰ ᠬᠠᠭᠠᠨ ᠤ ᠦᠷ᠎ᠡ ᠠᠴᠢ ᠨᠠᠷ ᠤᠨ | ᠲᠡᠤᠬᠡ ᠪᠤᠯᠤᠨ ᠬᠤᠯᠤᠭᠤ ᠠᠴᠠ ᠬᠠᠰᠠᠨ ᠬᠠᠭᠠᠨ ᠬᠦᠷᠳᠡᠯᠡᠬᠢ ᠢᠯ ᠬᠠᠨ ᠤ ᠲᠡᠤᠬᠡ ᠶᠢ ᠲᠤᠰ ᠲᠤᠰ ᠲᠡᠮᠳᠡᠭᠯᠡᠵᠡᠢ᠃ | ᠲᠦᠷᠪᠡᠳᠦᠬᠡᠷ ᠪᠤᠳᠢ ᠠᠴᠠ ᠲᠤᠯᠤᠳᠤᠭᠠᠷ ᠪᠤᠳᠢ ᠬᠦᠷᠳᠡᠯᠡᠬᠢ ᠬᠤᠶᠠᠳᠤᠭᠠᠷ ᠬᠡᠰᠡᠭ ᠨᠢ ︽ᠲᠡᠯᠡᠬᠡᠢ ᠶᠢᠨ ᠲᠡᠤᠬᠡ︾ | ᠪᠤᠯᠬᠤ ᠪᠦᠬᠡᠳ ᠡᠬᠦᠨ ᠳᠤ ᠫᠧᠷᠰ ᠤᠨ ᠡᠷᠳᠡᠨ ᠤ ᠬᠠᠭᠠᠳ ᠤᠨ ᠲᠡᠤᠬᠡ ᠠᠴᠠ ᠱᠠᠰᠢᠨ ᠤ ᠬᠠᠭᠠᠨᠳᠤ ᠲᠦᠷᠦ | ᠮᠦᠬᠦᠭᠰᠡᠨ ᠬᠦᠷᠳᠡᠯᠡᠬᠢ ᠦᠶ᠎ᠡ ᠶᠢᠨ ᠶᠠᠪᠤᠳᠠᠯ ᠤᠳ ᠢ ᠲᠡᠮᠳᠡᠭᠯᠡᠵᠡᠢ᠃ ︵ᠦᠬᠡᠳᠡᠯᠡᠬᠦ ᠰᠤᠩᠭᠤᠨ ᠡᠮᠬᠢᠳᠬᠡᠪᠡ︶ |