ᠭᠤᠳᠤᠯ ᠪᠤᠯ ᠮᠤᠩᠭᠤᠯ ᠦᠨᠳᠦᠰᠦᠳᠡᠨ ᠤ ᠤᠯᠠᠮᠵᠢᠯᠠᠯᠳᠦ ᠬᠤᠪᠴᠠᠰᠦ ᠵᠠᠰᠠᠯ ᠤᠨ ᠴᠢᠬᠤᠯᠠ ᠨᠢᠬᠡᠨ ᠵᠦᠢᠯ | ᠪᠤᠯᠬᠤ ᠶᠤᠮ᠃ ᠲᠡᠷᠡ ᠨᠢ ᠨᠡᠬᠦᠳᠡᠯᠴᠢᠨ ᠦᠨᠳᠦᠰᠦᠳᠡᠨ ᠤ ᠠᠵᠦ ᠠᠮᠢᠳᠤᠷᠠᠯ ᠳᠤ ᠮᠠᠰᠢ ᠰᠠᠶᠢᠨ ᠵᠤᠬᠢᠴᠠᠳᠠᠬ ᠠᠴᠠ | ᠤᠷᠳᠦ ᠤᠳᠠᠭᠠᠨ ᠲᠠᠤᠭᠡᠨ ᠠᠶᠠᠨ ᠢ ᠮᠤᠩᠭᠤᠯᠴᠤᠳ ᠲᠠᠢ ᠬᠠᠮᠳᠦ ᠲᠤᠭᠤᠯᠵᠦ ᠢᠷᠡᠭᠰᠡᠨ ᠶᠤᠮ᠃ ᠬᠡᠪᠡᠴᠦ ᠨᠡᠶᠢᠬᠡᠮ | ᠠᠵᠦ ᠠᠬᠤᠢ ᠶᠢᠨ ᠲᠦᠷᠬᠡᠨ ᠬᠦᠭᠵᠢᠯᠳᠡ ᠲᠤᠮᠳᠠ ᠮᠤᠩᠭᠤᠯᠴᠤᠳ ᠤᠨ ᠦᠢᠯᠡᠳᠪᠦᠷᠢᠯᠡᠯ ᠤᠨ ᠠᠷᠭ᠎ᠠ ᠮᠠᠶ᠋ᠢᠭ ᠲᠤ | ᠶᠡᠬᠡᠬᠡᠨ ᠬᠤᠪᠢᠷᠠᠯᠳᠠ ᠭᠠᠷᠴᠦ᠂ ᠡᠬᠦᠨ ᠢ ᠲᠠᠭᠠᠯᠳᠤᠨ ᠮᠤᠩᠭᠤᠯ ᠭᠤᠳᠤᠯ ᠨᠢ ᠠᠮᠢᠳᠤᠷᠠᠯ ᠳᠤ ᠦᠷᠬᠡᠨ ᠢᠶᠠᠷ | ᠬᠡᠷᠡᠭᠯᠡᠭᠳᠡᠬᠦ ᠪᠠᠨ ᠪᠤᠯᠢᠵᠦ᠂ ᠤᠷᠠᠯᠠᠵᠦ ᠤᠶᠤᠬᠤ ᠠᠷᠭ᠎ᠠ ᠮᠡᠷᠬᠡᠰᠢᠯ ᠪᠤᠯᠤᠨ ᠶᠤᠰᠦ ᠴᠡᠬᠡᠷ ᠴᠤ ᠮᠠᠷᠳᠠᠭᠳᠠᠨ | ᠤᠷᠬᠢᠭᠳᠠᠬᠤ ᠳᠤ ᠬᠦᠷᠴᠡᠢ᠃ ᠵᠤᠬᠢᠶᠠᠬᠴᠢ ᠵᠠᠷᠤᠳ ᠬᠤᠰᠢᠭᠤᠨ ᠤ ᠤᠷᠠᠨ ᠤᠶᠤᠳᠠᠯᠴᠢᠨ ᠰᠡᠷᠵᠢᠮᠡ ᠨᠠᠷ ᠢ | ᠰᠤᠷᠪᠤᠯᠵᠢᠯᠠᠵᠦ᠂ ᠤᠯᠠᠮᠵᠢᠯᠠᠯᠳᠦ ᠭᠤᠳᠦᠯ ᠬᠢᠬᠦ ᠠᠷᠭ᠎ᠠ ᠲᠡᠮ ᠪᠤᠯᠤᠨ ᠶᠤᠰᠦ ᠤᠴᠢᠷ ᠢ ᠲᠡᠮᠳᠡᠭᠯᠡᠭᠰᠡᠨ ᠶᠤᠮ᠃ | ᠴᠠᠪᠤᠭ ᠬᠠᠳᠠᠭᠠᠬᠤ ᠦᠯᠢᠭᠡᠷ ᠠᠪᠬᠤ ᠪᠠ ᠡᠰᠭᠡᠵᠦ ᠬᠠᠶᠢᠴᠢᠯᠠᠬᠤ ᠭᠤᠳᠤᠯ ᠤᠶᠤᠬᠤ ᠳᠤ ᠶᠠᠭᠤᠨ ᠤ ᠡᠮᠦᠨ᠎ᠡ | ᠰᠠᠭᠠᠭ ᠤᠨ ᠭᠤᠯᠢᠷ ᠢᠶᠠᠷ ᠰᠢᠩᠭᠡᠭᠡᠨ ᠰᠢᠭ ᠨᠠᠭᠠᠯᠳᠠ ᠴᠢᠨᠠᠵᠤ ᠭᠤᠳᠤᠯ ᠤᠨ ᠤᠯᠠ ᠵᠤᠯᠤᠭ ᠬᠢᠭᠦ ᠳᠤ ᠭᠡᠷᠡᠭᠯᠡᠬᠦ | ᠴᠠᠪᠤᠭ ᠢᠶᠠᠨ ᠬᠠᠳᠠᠭᠠᠨ᠎ᠠ᠃ ᠰᠠᠭᠠᠭ ᠤᠨ ᠭᠤᠯᠢᠷ ᠢᠶᠠᠷ ᠨᠠᠭᠠᠯᠳᠠ ᠬᠢᠪᠡᠯ ᠴᠠᠪᠤᠭ ᠨᠢ ᠵᠦᠭᠡᠯᠡᠨ ᠰᠢᠭ ᠭᠠᠷᠳᠠᠭ | ᠭᠡᠳᠡᠭ᠃ ᠮᠠᠲ᠋ᠧᠷᠢᠶᠠᠯ ᠤᠨ ᠬᠤᠪᠢ ᠳᠤ ᠴᠠᠪᠤᠭ ᠬᠠᠳᠠᠭᠠᠬᠤ ᠳᠤ ᠭᠡᠷᠡᠭᠯᠡᠬᠦ ᠪᠦᠰ ᠢ ᠬᠦᠪᠦᠩ ᠨᠡᠭᠡᠮᠡᠯ ᠤᠨ ᠡᠳ᠋ ᠢ | ᠰᠤᠩᠭᠤᠪᠠᠯ ᠨᠠᠭᠠᠯᠳᠤᠪᠤᠷᠢ ᠲᠠᠢ ᠰᠠᠶᠢᠬᠠᠨ ᠪᠠᠶᠢᠳᠠᠭ᠃ ᠴᠠᠪᠤᠭ ᠬᠠᠳᠠᠭᠠᠬᠤ ᠳᠤ ᠭᠡᠷᠡᠭᠯᠡᠬᠦ ᠪᠦᠰ ᠢ ᠬᠠᠭᠤᠴᠢᠨ | ᠲᠡᠪᠡᠯ ᠦᠮᠦᠳᠦ ᠶᠢ ᠬᠠᠨᠵᠠᠯᠠᠵᠤ ᠤᠬᠢᠶᠠᠭᠠᠳ ᠤᠶᠤᠳᠠᠯ ᠤᠨ ᠬᠦᠷᠪᠠᠶᠢᠭ᠍ᠰᠡᠨ ᠵᠠᠯᠭᠠᠭᠠᠰᠤ ᠶᠢ ᠴᠦᠮ ᠢ ᠬᠠᠶᠢᠴᠢᠯᠠᠵᠤ | ᠬᠠᠶᠠᠨ᠂ ᠤᠶᠤᠳᠠᠯ ᠤᠨ ᠦᠯᠡᠳᠡᠭᠳᠡᠯ ᠤᠳᠠᠰᠤ ᠶᠢ ᠴᠡᠪᠡᠷᠭᠡᠨ ᠲᠡᠬᠦᠵᠦ ᠴᠡᠪᠡᠷᠯᠡᠨ᠎ᠡ᠃ ᠠᠩᠬᠠᠨ ᠳᠠᠭᠠᠨ ᠡᠷᠡᠭᠳᠡᠢ | ᠬᠦᠮᠦᠨ ᠭᠡᠭᠡᠷ᠎ᠡ ᠭᠠᠳᠠᠨ᠎ᠠ ᠠᠮᠠᠷᠠᠬᠤ ᠳᠠᠭᠠᠨ ᠭᠤᠳᠤᠯ ᠢᠶᠠᠨ ᠲᠡᠷᠡᠯᠡᠵᠦ ᠤᠨᠳᠠᠳᠠᠭ ᠪᠤᠯᠬᠤᠷ ᠡᠷᠡᠭᠳᠡᠢ ᠬᠦᠮᠦᠨ ᠤ | ᠭᠤᠳᠤᠯ ᠤᠨ ᠴᠠᠪᠤᠭ ᠲᠤ ᠡᠮᠡᠭᠳᠡᠢ ᠬᠦᠮᠦᠨ ᠤ ᠦᠮᠦᠳᠦ ᠶᠢᠨ ᠪᠦᠰ ᠢ ᠭᠡᠷᠡᠭᠯᠡᠳᠡᠭ ᠦᠭᠡᠢ᠃ ᠴᠡᠪᠡᠷᠭᠡᠨ | ᠤᠬᠢᠶᠠᠭᠰᠠᠨ ᠲᠡᠪᠡᠯ ᠤᠨ ᠪᠦᠰ ᠢ ᠭᠡᠷᠡᠭᠯᠡᠳᠡᠭ᠃ ᠪᠦᠰ ᠢᠶᠠᠨ ᠭᠡᠳᠦᠨ ᠲᠠᠪᠬᠤᠷ ᠦᠵᠦᠬᠦᠷ ᠢᠷᠮᠡᠭ ᠢ ᠨᠢ ᠶᠠᠭ ᠲᠠᠭ | ᠲᠠᠭᠠᠷᠠᠭᠤᠯᠵᠤ ᠲᠡᠭᠰᠢ ᠰᠠᠶᠢᠬᠠᠨ ᠨᠠᠭᠠᠭᠰᠠᠨ ᠤ ᠲᠠᠷᠠᠭ᠎ᠠ ᠬᠠᠨ᠎ᠠ ᠪᠤᠶᠤ ᠲᠡᠭᠰᠢᠭᠡᠨ ᠪᠠᠨᠵᠠᠨ ᠲᠡᠭᠡᠷ᠎ᠡ ᠨᠠᠭᠠᠯᠳᠤᠭᠤᠯᠵᠤ | ᠬᠠᠳᠠᠭᠰᠠᠨ ᠤ ᠬᠤᠶᠢᠨ᠎ᠠ ᠰᠠᠶ᠋ᠢ ᠱᠠᠭᠠᠯᠵᠤ ᠠᠪᠤᠨ᠎ᠠ᠃ ᠶᠡᠷᠦ ᠳᠡᠭᠡᠨ ᠤᠯᠠ ᠬᠢᠭᠦ ᠳᠤ ᠭᠡᠷᠡᠭᠯᠡᠬᠦ ᠴᠠᠪᠤᠭ ᠢ ᠭᠤᠷᠪᠠᠨ | ᠲᠠᠪᠬᠤᠷ ᠢᠶᠠᠷ᠂ ᠵᠤᠯᠤᠭ ᠬᠢᠬᠦ ᠳᠤ ᠭᠡᠷᠡᠭᠯᠡᠬᠦ ᠴᠠᠪᠤᠭ ᠢ ᠲᠦᠷᠪᠡ ᠠᠴᠠ ᠲᠠᠪᠤᠨ ᠲᠠᠪᠬᠤᠷ ᠢᠶᠠᠷ ᠲᠤᠰ ᠲᠤᠰ | ᠬᠠᠳᠠᠭᠠᠨ᠎ᠠ᠃ ᠤᠯᠠ ᠨᠠᠭᠠᠬᠤ ᠴᠠᠪᠤᠭ ᠬᠠᠳᠠᠭᠠᠬᠤ ᠳᠤ ᠶᠡᠷᠦ ᠨᠢ ᠴᠠᠭᠠᠨ ᠦᠩᠭᠡᠳᠡᠢ ᠪᠦᠰ ᠭᠡᠷᠡᠭᠯᠡᠵᠦ᠂ ᠵᠤᠯᠤᠭ | ᠲᠦᠷᠡᠢ ᠶᠢᠨ ᠴᠠᠪᠤᠭ ᠬᠠᠳᠠᠭᠠᠬᠤ ᠳᠤ ᠬᠠᠷ᠎ᠠ ᠪᠤᠯᠤᠨ ᠬᠦᠨ ᠬᠦᠭᠡ ᠦᠩᠭᠡ ᠲᠠᠢ ᠪᠦᠰ ᠢ ᠰᠤᠩᠭᠤᠳᠠᠭ᠃ ᠢᠩᠬᠢᠪᠡᠯ | ᠤᠯᠠ ᠵᠤᠯᠤᠭ ᠤᠨ ᠦᠩᠭᠡᠨ ᠲᠠᠪᠬᠤᠷᠭ᠎ᠠ ᠨᠢ ᠡᠯᠡᠭᠳᠡᠵᠦ ᠴᠤᠭᠤᠷᠤᠭᠰᠠᠨ ᠴᠤ ᠢᠯᠡᠷᠡᠵᠦ ᠭᠠᠷᠴᠤ ᠢᠷᠡᠬᠦ ᠲᠤᠳᠤᠷᠠᠬᠢ | ᠪᠦᠰ ᠤᠨ ᠦᠩᠭᠡ ᠨᠢ ᠦᠩᠭᠡᠯᠡᠭᠰᠡᠨ ᠭᠠᠳᠠᠷ ᠤᠨ ᠦᠩᠭᠡ ᠲᠠᠢ ᠬᠠᠷᠰᠢᠬᠤ ᠦᠭᠡᠢ ᠪᠠᠶᠢᠳᠠᠭ᠃ ᠶᠠᠭ ᠠᠳᠠᠯᠢ | ᠦᠩᠭᠡ ᠲᠠᠢ ᠪᠦᠰ ᠤᠯᠳᠠᠬᠤ ᠦᠭᠡᠢ ᠪᠤᠯ ᠵᠤᠯᠤᠭ ᠲᠦᠷᠡᠢ ᠶᠢᠨ ᠦᠩᠭᠡᠨ ᠲᠠᠯ᠎ᠠ ᠶᠢᠨ ᠲᠤᠤᠷ᠎ᠠ ᠬᠤᠶᠠᠷ ᠲᠠᠪᠬᠤᠷ | ᠪᠦᠰ ᠢ ᠦᠩᠭᠡᠯᠡᠬᠦ ᠪᠦᠰ ᠲᠠᠢ ᠪᠤᠳᠤᠭ ᠲᠠᠭᠠᠷᠠᠭᠤᠯᠵᠤ ᠬᠢᠨ᠎ᠡ᠃ ᠭᠤᠳᠤᠯ ᠤᠨ ᠦᠯᠢᠭᠡᠷ ᠬᠢᠬᠦ ᠳᠤ ᠤᠷᠢᠳᠠᠪᠠᠷ | ᠭᠤᠳᠤᠯ ᠡᠮᠦᠰᠬᠦ ᠡᠵᠡᠨ ᠤ ᠬᠢᠨᠢ ᠬᠦᠯ ᠤᠨ ᠶᠡᠭᠡ ᠪᠠᠭ᠎ᠠ ᠶᠢ ᠭᠡᠮᠵᠢᠵᠦ᠂ ᠭᠡᠮᠵᠢᠶ᠎ᠡ ᠳᠡᠭᠡᠨ ᠵᠤᠬᠢᠴᠠᠭᠤᠯᠤᠨ ᠤᠯᠠ ᠶᠢᠨ | ᠦᠯᠢᠭᠡᠷ ᠢ ᠬᠠᠶᠢᠴᠢᠯᠠᠵᠤ᠂ ᠲᠠᠷᠠᠭ᠎ᠠ ᠳᠤ ᠨᠢ ᠭᠤᠳᠤᠯ ᠤᠨ ᠤᠯᠠ ᠶᠢᠨ ᠦᠯᠢᠭᠡᠷ ᠤᠨ ᠶᠡᠭᠡ ᠪᠠᠭ᠎ᠠ ᠳᠤ ᠶᠠᠭ | ᠰᠠᠶᠢᠬᠠᠨ ᠲᠠᠭᠠᠷᠠᠭᠤᠯᠤᠨ ᠵᠤᠬᠢᠴᠠᠭᠤᠯᠵᠤ ᠵᠤᠯᠤᠭ ᠪᠤᠯᠤᠨ ᠲᠦᠷᠡᠢ ᠶᠢᠨ ᠦᠯᠢᠭᠡᠷ ᠭᠡᠪ ᠢ ᠲᠤᠰ ᠲᠤᠰ ᠲᠤ ᠨᠢ | ᠴᠠᠭᠠᠰᠤ ᠪᠠᠷ ᠬᠠᠶᠢᠴᠢᠯᠠᠠ ᠠᠪᠤᠨ᠎ᠠ᠃ ᠭᠤᠳᠤᠯ ᠤᠨ ᠤᠯᠠ ᠶᠢᠨ ᠦᠯᠢᠭᠡᠷ ᠠᠪᠬᠤ ᠳᠤ ᠡᠪᠤᠯ ᠵᠤᠨ ᠤ ᠬᠢ | ᠢᠯᠭᠠᠭ᠎ᠠ ᠲᠠᠢ᠃ ᠵᠤᠨ ᠤ ᠭᠤᠳᠤᠯ ᠤᠨ ᠦᠯᠢᠭᠡᠷ ᠪᠤᠯ ᠪᠠᠷᠤᠭ ᠬᠦᠯ ᠠᠴᠠ ᠨᠢ ᠬᠤᠷᠤᠭᠤ ᠢᠯᠡᠬᠦᠦ ᠶᠡᠭᠡ ᠠᠪᠴᠤ᠂ | ᠡᠪᠤᠯ ᠤᠨ ᠭᠤᠳᠤᠯ ᠢ ᠪᠤᠯ ᠬᠤᠶᠠᠷ ᠬᠤᠷᠤᠭᠤ ᠭᠠᠷᠤᠢ ᠶᠡᠭᠡ ᠠᠪᠳᠠᠭ᠃ ᠡᠬᠦᠨ ᠳᠤ ᠶᠠᠭ ᠲᠤᠭᠳᠠᠭᠰᠠᠨ ᠭᠡᠮᠵᠢᠶ᠎ᠡ | ᠭᠡᠵᠦ ᠦᠭᠡᠢ᠃ ᠢᠩᠬᠢᠭᠡᠳ ᠰᠠᠶ᠋ᠢ ᠤᠯᠠ ᠵᠤᠯᠤᠭ ᠤᠨ ᠦᠯᠢᠭᠡᠷ ᠭᠡᠪ ᠢᠶᠠᠨ ᠬᠠᠳᠠᠭᠠᠭᠰᠠᠨ ᠴᠠᠪᠤᠭ ᠲᠤ ᠪᠠᠨ | ᠰᠢᠳᠡᠵᠦ ᠤᠶᠤᠭᠠᠳ ᠬᠦᠪᠡᠭᠡ ᠶᠢ ᠨᠢ ᠲᠠᠭᠠᠭᠤᠯᠵᠤ ᠲᠡᠭᠰᠢ ᠰᠠᠶᠢᠬᠠᠨ ᠬᠠᠶᠢᠴᠢᠯᠠᠨ᠎ᠠ᠃ ᠤᠯᠠ ᠶᠢ ᠬᠠᠶᠢᠴᠢᠯᠠᠬᠤ ᠳᠤ | ᠴᠠᠪᠤᠭ ᠢᠶᠠᠨ ᠦᠯᠢᠭᠡᠷ ᠭᠡᠪ ᠤᠨ ᠶᠤᠰᠤᠭᠠᠷ ᠨᠢᠭᠡ ᠨᠢᠭᠡ ᠲᠠᠪᠬᠤᠷ ᠢᠶᠠᠷ ᠲᠠᠷᠠᠭ᠎ᠠ ᠲᠠᠷᠠᠭᠠᠯᠠᠨ ᠬᠠᠷᠢᠯᠴᠠᠨ ᠯᠠᠪᠳᠠᠭᠤᠨ | ᠰᠢᠳᠡᠵᠦ ᠲᠤᠭᠳᠠᠭᠠᠭᠠᠳ ᠨᠡᠶᠢᠳᠡ ᠲᠤᠯᠤᠭᠠᠨ ᠲᠠᠪᠬᠤᠷ ᠢ ᠲᠡᠩᠴᠠᠬᠦᠦ ᠪᠠᠷ ᠬᠠᠶᠢᠴᠢᠯᠠᠵᠤ ᠠᠪᠤᠨ᠎ᠠ᠃ ᠭᠡᠬᠦ ᠳᠡᠭᠡᠨ | ᠴᠠᠪᠤᠭ ᠢ ᠢᠯᠡᠬᠦᠦ ᠲᠤᠳᠠᠭᠤ ᠬᠠᠶᠢᠴᠢᠯᠠᠵᠤ ᠤᠭᠳᠤ ᠪᠤᠯᠬᠤ ᠦᠭᠡᠢ᠂ ᠵᠠᠪᠠᠯ ᠲᠡᠭᠰᠢᠭᠡᠨ ᠬᠠᠶᠢᠴᠢᠯᠠᠬᠤ ᠭᠡᠷᠡᠭᠳᠡᠢ᠃ | ᠲᠤᠯᠤᠭᠠᠨ ᠲᠠᠪᠬᠤᠷ ᠤᠯᠠ ᠶᠢᠨ ᠴᠠᠪᠤᠭ ᠢ ᠬᠠᠶᠢᠴᠢᠯᠠᠵᠤ ᠪᠠᠷᠠᠭᠰᠠᠨ ᠤ ᠰᠡᠬᠦᠯᠡᠷ ᠭᠡᠦᠭᠡᠨ ᠤᠯᠠ ᠪᠤᠯᠤᠨ ᠬᠠᠳᠠᠯᠭ᠎ᠠ | ᠤᠯᠠ ᠶᠢ ᠨᠦᠬᠦᠭᠡ ᠲᠤᠯᠤᠭᠠᠨ ᠲᠠᠪᠬᠤᠷ ᠴᠠᠪᠤᠭ ᠠᠴᠠ ᠵᠢᠭᠠᠬᠠᠨ ᠶᠡᠭᠡ ᠰᠢᠭ ᠬᠠᠶᠢᠴᠢᠯᠠᠵᠤ ᠡᠰᠭᠡᠨ᠎ᠡ᠃ ᠤᠯᠠ | ᠵᠤᠯᠤᠭ ᠨᠠᠭᠠᠬᠤ ᠪᠠ ᠤᠯᠠ ᠰᠢᠷᠢᠬᠦ ᠬᠤᠶᠠᠷ ᠤᠯᠠ ᠶᠢᠨ ᠴᠠᠪᠤᠭ ᠢ ᠪᠦᠬᠦᠳᠡ ᠶᠢ ᠬᠠᠶᠢᠴᠢᠯᠠᠵᠤ ᠡᠰᠭᠡᠵᠦ ᠪᠠᠷᠠᠪᠠᠯ᠂ | ᠴᠠᠭᠠᠨ ᠪᠦᠰ ᠢ ᠵᠢᠰᠢᠬᠦᠦ ᠪᠠᠷ ᠬᠤᠷᠤᠭᠤ ᠢᠯᠡᠬᠦᠦ ᠦᠷᠭᠡᠨ ᠵᠦᠰᠦᠵᠦ ᠴᠠᠪᠤᠭ ᠤᠨ ᠢᠷᠮᠡᠭ ᠤᠨ ᠴᠠᠭᠠᠨ ᠪᠦᠰ ᠢᠶᠠᠨ | ᠪᠠᠭ᠎ᠠ ᠴᠢᠩᠭᠠᠭᠠᠰᠬᠢᠵᠦ ᠪᠠᠶᠢᠭᠠᠳ ᠨᠠᠭᠠᠪᠠᠯ ᠨᠠᠭᠠᠯᠳᠤᠪᠤᠷᠢ ᠲᠠᠢ ᠰᠠᠶᠢᠬᠠᠨ ᠪᠤᠯᠳᠠᠭ᠃ ᠭᠡᠦᠭᠡᠨ ᠤᠯᠠ ᠶᠢ ᠤᠳᠤ | ᠪᠠᠷᠤᠭ ᠯᠡ ᠪᠦᠷ ᠨᠤᠭᠤᠭᠠᠨ ᠦᠭᠡᠳᠡᠩ ᠢᠶᠠᠷ ᠴᠢᠮᠬᠢᠨ ᠨᠠᠭᠠᠵᠤ ᠪᠤᠢ᠃ ᠭᠡᠦᠭᠡᠨ ᠤᠯᠠ ᠠᠴᠠ ᠪᠤᠰᠤᠳ ᠤᠯᠠ ᠶᠢ | ᠪᠦᠷ ᠴᠠᠭᠠᠨ ᠪᠦᠰ ᠢᠶᠠᠷ ᠴᠢᠮᠬᠢᠳᠡᠭ᠃ ᠬᠠᠳᠠᠯᠭ᠎ᠠ ᠤᠯᠠ ᠶᠢ ᠴᠠᠭᠠᠨ ᠪᠦᠰ ᠢᠶᠠᠷ᠂ ᠭᠡᠦᠭᠡᠨ ᠤᠯᠠ ᠶᠢ ᠨᠤᠭᠤᠭᠠᠨ | ᠦᠭᠡᠳᠡᠩ ᠢᠶᠠᠷ ᠴᠢᠮᠬᠢᠬᠦ ᠳᠤ ᠴᠠᠭᠠᠨ ᠪᠦᠰ ᠨᠢ ᠦᠭᠡᠳᠡᠩ ᠠᠴᠠ ᠨᠢᠮᠭᠡᠨ ᠪᠤᠯᠬᠤᠷ ᠬᠠᠳᠠᠯᠭ᠎ᠠ ᠤᠯᠠ ᠨᠢ ᠠᠶᠠᠨᠳᠠᠭᠠᠨ | ᠭᠡᠦᠭᠡᠨ ᠤᠯᠠ ᠠᠴᠠ ᠦᠯᠦ ᠮᠡᠳᠡᠭᠳᠡᠮ᠎ᠡ ᠪᠠᠭ᠎ᠠ ᠬᠠᠷᠠᠭᠳᠠᠳᠠᠭ᠃ ᠴᠢᠮᠬᠢᠵᠦ ᠪᠠᠷᠠᠭᠰᠠᠨ ᠤᠯᠠ ᠶᠢᠨ ᠴᠠᠪᠤᠭ ᠤᠳ ᠢ | ᠬᠤᠭᠤᠷᠤᠨᠳᠦ ᠨᠢ ᠨᠠᠭᠠᠯᠳᠤᠭᠤᠯᠬᠤ ᠳᠠᠭᠠᠨ ᠴᠠᠪᠤᠭ ᠤᠳ ᠤᠨ ᠵᠠᠪᠰᠠᠷ ᠲᠤ ᠭᠤᠷᠪᠠᠨ ᠲᠠᠪᠬᠤᠷ ᠤᠨ ᠴᠠᠪᠤᠭ ᠢ ᠨᠢᠭᠡ | ᠨᠢᠭᠡ ᠲᠠᠪᠬᠤᠷ ᠨᠡᠮᠡᠵᠦ ᠨᠠᠭᠠᠳᠠᠭ᠃ ᠭᠡᠦᠭᠡᠨ ᠤᠯᠠ ᠶᠢᠨ ᠲᠤᠤᠭᠤᠷ ᠪᠤᠯ ᠬᠤᠶᠠᠷ ᠠᠴᠠ ᠭᠤᠷᠪᠠᠨ ᠲᠠᠪᠬᠤᠷ ᠴᠠᠪᠤᠭ | ᠨᠡᠮᠡᠵᠦ ᠨᠠᠭᠠᠬᠤ ᠳᠠᠭᠠᠨ ᠨᠢᠭᠡ ᠲᠠᠪᠬᠤᠷ ᠢ ᠨᠢ ᠪᠠᠭ᠎ᠠ ᠲᠤᠳᠤᠭᠰᠢ ᠪᠠᠨ ᠰᠢᠭ᠋ ᠨᠠᠭᠠᠪᠠᠯ ︵ᠪᠤᠰᠤᠳ ᠠᠴᠠ ᠪᠠᠨ ᠪᠠᠭ᠎ᠠ | ᠲᠤᠳᠠᠭᠤ ᠰᠢᠭ᠋︶ ᠢᠯᠡᠬᠦᠦ ᠵᠤᠬᠢᠷᠠᠳᠠᠭ᠃ ᠵᠠᠷᠢᠮ ᠬᠦᠮᠦᠨ ᠬᠠᠳᠠᠯᠭ᠎ᠠ ᠤᠯᠠ ᠶᠢ ᠴᠠᠪᠤᠭ ᠢᠶᠠᠷ ᠬᠢᠳᠡᠭ ᠦᠭᠡᠢ᠂ | ᠭᠡᠦᠭᠡᠨ ᠤᠯᠠ ᠪᠠᠨ ᠨᠠᠭᠠᠵᠤ ᠴᠢᠮᠬᠢᠭᠡᠳ ᠪᠠᠷᠠᠭᠰᠠᠨ ᠬᠤᠶᠢᠨ᠎ᠠ ᠴᠢᠮᠬᠢᠶᠡᠷᠢ ᠪᠠᠷ ᠭᠡᠷᠡᠭᠯᠡᠳᠡᠭ ᠴᠠᠭᠠᠨ ᠵᠤᠷᠪᠤᠰ | ᠪᠦᠰ ᠢᠶᠠᠨ ᠬᠤᠶᠠᠷ ᠲᠠᠪᠬᠤᠷᠯᠠᠭᠠᠳ ᠭᠡᠦᠭᠡᠨ ᠤᠯᠠ ᠶᠢᠨ ᠲᠡᠭᠡᠷ᠎ᠡ ᠭᠡᠦᠭᠡᠨ ᠤᠯᠠ ᠠᠴᠠ ᠮᠡᠳᠡᠭᠳᠡᠮ᠎ᠡ ᠲᠤᠳᠠᠭᠤ | ᠬᠠᠪᠰᠤᠷᠴᠤ ᠨᠠᠭᠠᠭᠠᠳ ᠲᠤᠮᠳᠠ ᠨᠢ ᠭᠠᠷᠤᠭᠰᠠᠨ ᠬᠤᠳᠤᠭᠤᠷ ᠲᠤᠳᠤᠷ᠎ᠠ ᠨᠢ ᠰᠤᠯᠠ ᠴᠠᠪᠤᠭ ᠨᠠᠭᠠᠵᠤ ᠲᠦᠬᠦᠷᠭᠡᠳᠡᠭ᠃ | ᠬᠠᠳᠠᠯᠭ᠎ᠠ ᠤᠯᠠ ᠬᠢᠭᠡᠳ ᠭᠡᠦᠭᠡᠨ ᠤᠯᠠ ᠠᠴᠠ ᠤᠨᠳᠤᠤ ᠲᠡᠭᠰᠢᠯᠡᠨ ᠨᠠᠭᠠᠭᠰᠠᠨ ᠭᠡᠰᠡᠭ ᠢ ᠲᠤᠮᠳᠠ ᠤᠯᠠ ᠭᠡᠳᠡᠭ᠃ | ᠲᠤᠮᠳᠠ ᠤᠯᠠ ᠶᠢ ᠵᠠᠪᠠᠯ ᠲᠤᠯᠤᠭᠠᠨ ᠲᠠᠪᠬᠤᠷ ᠨᠠᠭᠠᠬᠤ ᠲᠤᠭᠳᠠᠭᠠᠯ ᠲᠠᠢ ᠪᠢᠰᠢ ᠵᠠᠷᠢᠮ ᠳᠠᠭᠠᠨ 4 — 5 | ᠲᠠᠪᠬᠤᠷ ᠴᠤ ᠨᠠᠭᠠᠳᠠᠭ᠃ ᠤᠯᠠᠩᠬᠢ ᠳᠠᠭᠠᠨ ᠵᠠᠰᠠᠯ ᠳᠤ ᠡᠮᠦᠰᠬᠦ ᠭᠤᠳᠤᠯ ᠤᠨ ᠤᠯᠠ ᠶᠢ ᠢᠯᠡᠬᠦᠦ ᠲᠠᠪᠬᠤᠷᠯᠠᠵᠤ | ᠨᠠᠭᠠᠳᠠᠭ᠃ ᠬᠠᠮᠤᠭ ᠤᠨ ᠲᠤᠤᠷ᠎ᠠ ᠨᠢ ᠤᠷᠤᠳᠠᠭ ᠤᠯᠠ ᠶᠢ ᠠᠷᠤ ᠤᠯᠠ ᠭᠡᠳᠡᠭ᠃ ᠠᠷᠤ ᠤᠯᠠ ᠶᠢᠨ ᠲᠡᠭᠡᠷ᠎ᠡ ᠨᠢᠭᠡ | ᠲᠠᠪᠬᠤᠷ ᠴᠠᠪᠤᠭ ᠨᠡᠮᠡᠵᠦ ᠨᠠᠭᠠᠭᠠᠳ ᠦᠪᠴᠢ ᠴᠠᠭᠠᠨ ᠢᠶᠠᠷ ᠪᠦᠷᠬᠦᠭᠡᠵᠦ ᠨᠠᠭᠠᠨ᠎ᠠ᠃ ᠡᠬᠦᠨ ᠢ ᠤᠯᠠ ᠶᠢᠨ ᠦᠩᠭᠡ | ᠲᠠᠷᠤᠨ᠎ᠠ ᠭᠡᠳᠡᠭ᠃ ᠨᠠᠭᠠᠵᠤ ᠭᠠᠷᠭᠠᠭᠰᠠᠨ ᠤᠯᠠ ᠪᠠᠨ ᠲᠡᠷᠡ ᠪᠤᠶᠤ ᠲᠤᠭᠤᠰᠬ᠎ᠠ ᠮᠡᠳᠦ ᠶᠢᠨ ᠬᠦᠨᠳᠦ ᠰᠢᠭ | ᠶᠠᠭᠤᠮ᠎ᠠ ᠪᠠᠷ ᠲᠠᠷᠤᠵᠤ ᠭᠡᠳᠦᠨ ᠬᠤᠪᠢ ᠬᠠᠳᠠᠭᠰᠠᠨ ᠤ ᠲᠠᠷᠠᠭ᠎ᠠ ᠭᠠᠷᠭᠠᠵᠤ ᠲᠠᠬᠢᠨ ᠲᠡᠭᠰᠢᠯᠡᠨ ᠵᠠᠰᠠᠨ᠎ᠠ᠃ ᠨᠠᠭᠠᠵᠤ | ᠬᠠᠳᠠᠭᠠᠭᠰᠠᠨ ᠤᠯᠠ ᠶᠢ ᠰᠢᠷᠢᠵᠦ ᠤᠶᠤᠬᠤ ᠳᠤ ᠰᠢᠯᠵᠢᠬᠦ ᠠᠴᠠ ᠨᠢ ᠰᠡᠷᠭᠡᠶᠢᠯᠡᠭᠡᠳ ᠤᠷᠢᠳᠠᠪᠠᠷ ᠬᠤᠯᠠ ᠬᠤᠯᠠ | ᠲᠤᠭᠤᠷᠢᠭᠤᠯᠵᠤ ᠨᠢᠭᠡ ᠮᠦᠷ᠂ ᠲᠤᠮᠳᠠᠭᠤᠷ ᠨᠢ ᠨᠢᠭᠡ ᠮᠦᠷ ᠰᠢᠳᠡᠵᠦ ᠤᠶᠤᠬᠰᠠᠨ ᠬᠤᠶᠢᠨ᠎ᠠ ᠨᠢᠭᠳᠠ ᠰᠢᠭ᠋ | ᠨᠢᠭᠡ ᠠᠴᠠ ᠬᠤᠶᠠᠷ ᠮᠦᠷ ᠲᠤᠭᠤᠷᠢᠭᠤᠯᠵᠤ ᠤᠶᠤᠨ᠎ᠠ᠃ ᠲᠤᠭᠤᠷᠢᠭᠤᠯᠵᠤ ᠪᠠᠷᠠᠭᠰᠠᠨ ᠤ ᠲᠠᠷᠠᠭ᠎ᠠ ᠰᠢᠳᠡᠭᠡᠷᠢ ᠪᠠᠨ | ᠠᠪᠴᠤ ᠬᠠᠶᠠᠭᠠᠳ ᠲᠠᠮᠤᠵᠤ ᠪᠡᠯᠡᠳᠭᠡᠭᠰᠡᠨ ᠤᠯᠤᠰᠤᠨ ᠤᠳᠠᠰᠤ ᠪᠠᠷ ᠰᠢᠷᠢᠨ᠎ᠡ᠃ ᠪᠤᠰᠤᠳ ᠭᠤᠯᠭᠤᠮᠠᠳᠠᠭᠠᠢ | ᠮᠠᠲ᠋ᠧᠷᠢᠶᠠᠯ ᠢᠶᠠᠷ ᠲᠠᠮᠤᠭᠰᠠᠨ ᠤᠳᠠᠰᠤ ᠪᠠᠷ ᠰᠢᠷᠢᠵᠦ ᠪᠤᠯᠳᠠᠭ ᠦᠭᠡᠢ᠃ ᠵᠤᠯᠤᠭ ᠪᠤᠯᠤᠨ ᠲᠦᠷᠡᠢ ᠶᠢᠨ | ᠦᠯᠢᠭᠡᠷ ᠢᠶᠠᠨ ᠴᠠᠪᠤᠭ ᠲᠠᠭᠠᠨ ᠰᠢᠳᠡᠵᠦ ᠤᠶᠤᠭᠠᠳ ᠬᠠᠶᠢᠴᠢᠯᠠᠵᠤ ᠠᠪᠤᠭᠰᠠᠨ ᠬᠤᠶᠢᠨ᠎ᠠ ᠦᠩᠭᠡ | ᠲᠠᠷᠤᠬᠤ ᠠᠴᠠ ᠪᠠᠨ ᠡᠮᠦᠨ᠎ᠡ ᠨᠠᠭᠠᠳᠤ ᠵᠠᠬ᠎ᠠ ᠳᠠᠭᠠᠨ ᠭᠤᠷᠪᠠ ᠠᠴᠠ ᠲᠦᠷᠪᠡᠨ ᠲᠠᠪᠬᠤᠷ ᠲᠠᠷᠤᠤ ︵ᠡᠯᠡᠭᠳᠡᠭᠰᠡᠨ ᠢᠶᠠᠷ | ᠪᠠᠭ᠎ᠠ ᠰᠢᠭ᠋᠂ ᠪᠠᠬᠢ ᠰᠢᠭ ᠪᠦᠰ᠂ ᠪᠠᠰᠠ ︽ᠲᠠᠷ ᠲᠠᠢ ᠰᠢᠭ᠋ ᠪᠦᠰ︾ ᠭᠡᠳᠡᠭ︶ ᠲᠠᠢ ᠴᠢᠨᠡᠭᠡ ᠴᠠᠪᠤᠭ | ᠬᠠᠳᠠᠭᠠᠬᠤ ᠳᠤ ᠭᠡᠷᠡᠭᠯᠡᠬᠦ ᠰᠤᠯᠠ ᠪᠦᠰ — ᠴᠠᠪᠤᠭ ᠤᠨ ᠪᠦᠰ ᠨᠠᠭᠠᠭᠠᠳ ᠦᠩᠭᠡ ᠲᠠᠷᠤᠨ᠎ᠠ᠃ ᠢᠩᠬᠢᠵᠦ | ᠨᠠᠭᠠᠬᠤ ᠪᠦᠰ ᠢ ᠵᠤᠯᠤᠭ ᠤᠨ ᠲᠠᠪᠬᠤᠴᠠᠭ᠎ᠠ ᠭᠡᠳᠡᠭ᠃ ᠵᠤᠯᠤᠭ ᠤᠨ ᠲᠠᠪᠬᠤᠴᠠᠭ᠎ᠠ ᠨᠠᠭᠠᠬᠤ ᠳᠠᠭᠠᠨ ᠬᠠᠪᠴᠢᠶᠠᠷᠢ | ᠪᠤᠯᠤᠨ ᠪᠤᠭᠤᠮ᠎ᠠ ᠶᠢᠨ ᠭᠡᠰᠡᠭ ᠲᠤ ᠰᠠᠪᠬ᠎ᠠ ᠶᠢᠨ ᠬᠢᠷᠢ ᠭᠠᠵᠠᠷ ᠦᠯᠡᠳᠡᠭᠡᠨ᠎ᠡ᠃ ᠲᠡᠭᠡᠪᠡᠯ ᠬᠤᠵᠢᠮ ᠨᠢ ᠵᠤᠯᠤᠭ | ᠬᠠᠪᠴᠢᠵᠦ ᠪᠤᠭᠤᠮᠠᠯᠠᠬᠤ ᠳᠤ ᠵᠤᠬᠢᠮᠵᠢᠳᠠᠢ ᠪᠤᠯᠳᠠᠭ᠃ ᠭᠤᠳᠤᠯ ᠤᠨ ᠵᠤᠯᠤᠭ ᠢ ᠶᠡᠷᠦ ᠳᠡᠭᠡᠨ ᠲᠤᠳᠤᠯᠠᠳᠠᠭ ᠦᠭᠡᠢ᠃ | ᠭᠤᠳᠤᠯ ᠤᠨ ᠦᠩᠭᠡ ᠶᠢ ᠪᠠᠷᠤᠭ ᠯᠡ ᠦᠭᠡᠳᠡᠩ ᠢᠶᠠᠷ ᠲᠠᠷᠤᠨ᠎ᠠ᠃ ᠡᠷᠳᠡ ᠳᠡᠭᠡᠨ ᠮᠠᠲ᠋ᠧᠷᠢᠶᠠᠯ ᠬᠤᠪᠤᠷ ᠪᠠᠶᠢᠬᠤ ᠳᠤ | ᠠᠷᠭ᠎ᠠ ᠦᠭᠡᠢ ᠳᠡᠭᠡᠨ ᠪᠦᠰ ᠢᠶᠠᠷ ᠴᠤ ᠦᠩᠭᠡ ᠲᠠᠷᠤᠳᠠᠭ ᠪᠠᠶᠢᠵᠠᠢ᠃ ᠦᠩᠭᠡ ᠲᠠᠷᠤᠵᠤ ᠪᠠᠷᠠᠪᠠᠯ ᠵᠤᠯᠤᠭ | ᠲᠦᠷᠡᠢ ᠶᠢᠨ ᠪᠦᠬᠦ ᠬᠦᠪᠡᠭᠡ ᠶᠢ ᠬᠦᠪᠦᠷᠢᠳᠦᠨ ᠤᠶᠤᠨ᠎ᠠ᠃ ᠭᠡ ᠤᠭᠠᠯᠵᠠ ᠪᠠᠨ ᠪᠠᠭᠤᠯᠭᠠᠵᠤ ᠵᠢᠷᠤᠬᠤ ᠮᠤᠩᠭᠤᠯ | ᠭᠤᠳᠤᠯ ᠤᠨ ᠵᠤᠯᠤᠭ ᠲᠦᠷᠡᠢ ᠳᠤ ᠢᠯᠠᠩᠭᠤᠶ᠎ᠠ ᠵᠤᠯᠤᠭ ᠲᠡᠭᠡᠷ᠎ᠡ ᠦᠪᠴᠢ ᠳᠤ ᠨᠢ ᠴᠡᠴᠡᠭ ᠨᠠᠪᠴᠢ᠂ ᠠᠮᠢᠳᠠᠨ ᠪᠤᠶᠤ | ᠡᠯᠳᠡᠪ ᠰᠠᠶᠢᠬᠠᠨ ᠭᠡ ᠤᠭᠠᠯᠵᠠ ᠶᠢ ᠤᠷᠠᠯᠠᠳᠠᠭ᠃ ᠭᠡ ᠤᠭᠠᠯᠵᠠ ᠶᠢ ᠤᠷᠠᠯᠠᠬᠤ ᠡᠨᠡ ᠤᠳᠬ᠎ᠠ ᠠᠴᠠ ᠨᠢ ᠭᠡᠯᠡᠪᠡᠯ | ᠮᠤᠩᠭᠤᠯ ᠭᠤᠳᠤᠯ ᠤᠷᠠᠯᠠᠵᠤ ᠬᠢᠬᠦ ᠠᠵᠢᠯ ᠨᠢ ᠲᠡᠷᠡ ᠴᠢᠭ ᠢᠶᠠᠷ ᠢᠶᠠᠨ ᠨᠢᠭᠡ ᠵᠦᠢᠯ ᠤᠨ ᠤᠷᠠᠯᠢᠭ ᠤᠨ ᠠᠵᠢᠯ᠃ | ᠮᠤᠩᠭᠤᠯ ᠭᠤᠳᠤᠯ ᠨᠢ ᠲᠡᠷᠡ ᠴᠢᠭ ᠢᠶᠠᠷ ᠢᠶᠠᠨ ᠨᠢᠭᠡ ᠵᠦᠢᠯ ᠤᠨ ᠤᠷᠠᠯᠢᠭ ᠤᠨ ᠪᠦᠳᠦᠭᠡᠭᠳᠡᠬᠦᠨ ᠪᠤᠯᠬᠤ ᠶᠤᠮ᠃ | ᠵᠠᠷᠤᠳ ᠮᠤᠩᠭᠤᠯᠴᠤᠳ ᠮᠠᠨᠢ ᠡᠨᠡ ᠬᠦ ᠦᠨᠳᠦᠰᠦᠳᠡᠨ ᠤ ᠰᠤᠶᠤᠯ ᠤᠷᠠᠯᠢᠭ ᠢᠶᠠᠨ ᠦᠨᠦᠳᠦᠷ ᠪᠤᠯᠳᠠᠯ᠎ᠠ ᠬᠠᠳᠠᠭᠠᠯᠠᠵᠤ | ᠂ ᠬᠠᠮᠠᠭᠠᠯᠠᠵᠤ᠂ ᠤᠯᠠᠮᠵᠢᠯᠠᠵᠤ᠂ ᠵᠠᠯᠭᠠᠮᠵᠢᠯᠠᠵᠤ ᠢᠷᠡᠭᠰᠡᠨ ᠨᠢ ᠤᠯᠵᠠᠷᠬᠠᠭᠤᠰᠢᠳᠠᠢ᠃ ᠭᠤᠳᠤᠯ ᠤᠨ ᠵᠤᠯᠤᠭ ᠲᠦᠷᠡᠢ | ᠲᠡᠭᠡᠷ᠎ᠡ ᠭᠡ ᠤᠭᠠᠯᠵᠠ ᠤᠷᠠᠯᠠᠬᠤ ᠳᠤ ᠤᠷᠢᠳᠠᠪᠠᠷ ᠵᠤᠯᠤᠭ ᠲᠦᠷᠡᠢ ᠶᠢᠨ ᠦᠯᠢᠭᠡᠷ ᠬᠡᠪ ᠪᠤᠯᠬᠤ ᠴᠠᠭᠠᠰᠤᠨ ᠲᠡᠭᠡᠷ᠎ᠡ | ᠭᠡ ᠤᠭᠠᠯᠵᠠ ᠪᠠᠨ ᠤᠷᠠᠯᠠᠨ ᠵᠢᠷᠤᠨ᠎ᠠ᠃ ᠠᠩᠬᠠᠨ ᠳᠠᠭᠠᠨ ᠪᠤᠯ ᠴᠠᠭᠠᠰᠤᠨ ᠦᠯᠢᠭᠡᠷ ᠲᠠᠬᠢ ᠵᠢᠷᠤᠭ ᠲᠡᠭᠡᠷ᠎ᠡ ᠪᠠᠨ | ᠣᠤ ᠶᠢᠨ ᠪᠢᠷ ᠤᠨ ᠭᠡᠮᠭᠡᠳᠡᠭ ᠢ ᠵᠢᠵᠢᠭ ᠰᠠᠪᠠᠨ ᠳᠤ ᠵᠢᠭᠤᠷᠠᠭᠠᠳ ᠵᠡᠬᠦᠦ ᠶᠢᠨ ᠰᠦᠪᠡᠨ ᠲᠠᠯ᠎ᠠ ᠶᠢ ᠣᠤ ᠶᠢᠨ | ᠪᠢᠷ ᠤᠨ ᠭᠡᠮᠭᠡᠳᠡᠭ ᠤᠨ ᠵᠢᠭᠤᠷᠠᠮᠠᠯ ᠳᠤ ᠲᠦᠷᠢᠵᠦ ᠠᠪᠤᠭᠠᠳ ᠭᠡ ᠤᠭᠠᠯᠵᠠ ᠶᠢᠨ ᠵᠢᠷᠤᠭᠠᠰᠤ ᠲᠠᠭᠠᠭᠤᠯᠵᠤ | ᠲᠤᠷᠰᠢ ᠳᠤ ᠨᠢ ᠲᠦᠷᠬᠢᠨ᠎ᠡ᠃ ᠨᠢᠭᠡ ᠤᠳᠠᠭ᠎ᠠ ᠲᠦᠷᠬᠢᠵᠦ ᠪᠠᠷᠠᠪᠠᠯ ᠲᠡᠬᠦᠨ ᠢᠶᠠᠨ ᠵᠤᠯᠤᠭ ᠪᠤᠶᠤ ᠲᠦᠷᠡᠢ ᠶᠢᠨ | ᠦᠩᠭᠡᠨ ᠲᠡᠭᠡᠷ᠎ᠡ ᠲᠡᠭᠰᠢᠭᠡᠨ ᠨᠠᠭᠠᠯᠳᠤᠭᠤᠯᠵᠤ ᠲᠠᠷᠤᠪᠠᠯ ᠵᠤᠯᠤᠭ ᠪᠤᠶᠤ ᠲᠦᠷᠡᠢ ᠶᠢᠨ ᠦᠩᠭᠡᠨ ᠲᠠᠯ᠎ᠠ ᠳᠤ ᠣᠤ ᠶᠢᠨ | ᠪᠢᠷ ᠤᠨ ᠴᠠᠭᠠᠨ ᠦᠩᠭᠡᠳᠡᠢ ᠭᠡ ᠵᠢᠷᠤᠭ ᠭᠠᠷᠳᠠᠭ᠃ ᠤᠳᠤ ᠪᠤᠯ ᠤᠯᠠᠭᠠᠨ ᠪᠤᠶᠤ ᠬᠦᠭᠡ ᠪᠤᠳᠤᠭᠳᠠᠢ ᠲᠠᠷᠤᠮᠠᠯᠯᠠᠬᠤ | ᠴᠠᠭᠠᠰᠤ ᠶᠢ ᠵᠤᠯᠤᠭ ᠪᠤᠯᠤᠨ ᠲᠦᠷᠡᠢ ᠶᠢᠨ ᠦᠩᠭᠡᠨ ᠲᠡᠭᠡᠷ᠎ᠡ ᠪᠠᠨ ᠴᠢᠩᠭ᠎ᠠ ᠲᠠᠷᠤᠵᠤ ᠲᠡᠭᠡᠷ᠎ᠡ ᠠᠴᠠ ᠨᠢ ᠴᠠᠭᠠᠰᠤᠨ | ᠦᠯᠢᠭᠡᠷ ᠢᠶᠠᠨ ᠲᠠᠭᠠᠷᠠᠭᠤᠯᠵᠤ ᠲᠠᠷᠤᠵᠤ ᠵᠢᠷᠤᠵᠤ ᠪᠠᠶᠢᠨ᠎ᠠ᠃ ᠨᠢᠭᠡ ᠤᠳᠠᠭ᠎ᠠ ᠲᠠᠷᠤᠵᠤ ᠵᠢᠷᠤᠪᠠᠯ ᠵᠤᠯᠤᠭ ᠪᠤᠯᠤᠨ | ᠲᠦᠷᠡᠢ ᠶᠢᠨ ᠦᠩᠭᠡᠨ ᠲᠠᠯ᠎ᠠ ᠳᠤ ᠤᠯᠠᠭᠠᠨ ᠪᠤᠶᠤ ᠬᠦᠭᠡ ᠪᠤᠳᠤᠭᠳᠤ ᠭᠡ ᠤᠭᠠᠯᠵᠠᠨ ᠵᠢᠷᠤᠭ ᠰᠠᠭᠤᠳᠠᠭ᠃ | ᠲᠡᠬᠦᠨ ᠢᠶᠠᠨ ᠨᠡᠩ ᠲᠤᠳᠤ ᠪᠤᠯᠭᠠᠬᠤ ᠶᠢᠨ ᠲᠦᠯᠦᠭᠡ ᠲᠡᠭᠡᠷ᠎ᠡ ᠠᠴᠠ ᠨᠢ ᠮᠦᠩᠬᠦᠨ ᠦᠩᠭᠡᠳᠡᠢ ᠴᠠᠭᠠᠨ ᠪᠢᠷ ᠢᠶᠠᠷ | ᠲᠠᠬᠢᠨ ᠲᠤᠳᠤᠷᠠᠭᠤᠯᠤᠨ ᠲᠠᠷᠤᠵᠤ ᠵᠢᠷᠤᠪᠠᠯ ᠭᠡ ᠤᠭᠠᠯᠵᠠ ᠨᠢ ᠮᠠᠰᠢ ᠲᠤᠳᠤᠷᠬᠠᠢ ᠪᠤᠯᠴᠢᠬᠠᠳᠠᠭ᠃ ᠨᠦᠬᠦᠭᠡ | ᠲᠠᠯ᠎ᠠ ᠶᠢᠨ ᠵᠤᠯᠤᠭ ᠲᠦᠷᠡᠢ ᠲᠡᠭᠡᠷ᠎ᠡ ᠰᠢᠯᠵᠢᠬᠦᠯᠬᠦ ᠳᠤ ᠪᠠᠨ ᠤᠭ ᠤᠨ ᠵᠢᠷᠤᠭᠰᠠᠨ ᠵᠢᠷᠤᠭ ᠢᠶᠠᠨ ᠠᠪᠠᠴᠢᠵᠤ | ᠲᠠᠭᠠᠷᠠᠭᠤᠯᠤᠭᠠᠳ ᠬᠦᠨᠳᠦ ᠰᠢᠭ ᠯᠤᠩᠬᠤ ᠰᠢᠭ᠋ ᠶᠠᠭᠤᠮ᠎ᠠ ᠪᠠᠷ ᠴᠢᠩᠭ᠎ᠠ ᠴᠢᠩᠭ᠎ᠠ ᠲᠠᠷᠤᠪᠠᠯ ᠪᠤᠳᠤᠭ ᠨᠢ | ᠤᠷᠤᠴᠢᠬᠠᠳᠠᠭ᠃ ᠭᠡᠬᠦ ᠳᠡᠭᠡᠨ᠂ ᠢᠩᠬᠢᠵᠦ ᠣᠤ ᠶᠢᠨ ᠪᠢᠷ ᠤᠨ ᠨᠤᠨᠳᠠᠭ ᠪᠤᠶᠤ ᠲᠠᠷᠤᠮᠠᠯᠯᠠᠬᠤ ᠴᠠᠭᠠᠰᠤ ᠪᠠᠷ ᠭᠡ | ᠵᠢᠷᠤᠭ ᠰᠢᠯᠵᠢᠬᠦᠯᠬᠦ ᠨᠢ ᠰᠢᠬᠯᠠᠬᠤ᠂ ᠲᠤᠭᠤᠴᠠᠬᠤ᠂ ᠤᠷᠢᠶᠠᠮᠠᠯ ᠤᠷᠢᠶᠠᠬᠤ᠂ ᠬᠠᠳᠬᠤᠮᠠᠯ ᠬᠠᠳᠬᠤᠬᠤ ᠳᠤ ᠯᠡ | ᠲᠤᠬᠢᠷᠠᠳᠠᠭ ᠠᠵᠢᠯ ᠤᠨ ᠶᠠᠪᠤᠴᠠ ᠪᠤᠯᠤᠨ᠎ᠠ᠃ ᠨᠠᠭᠠᠮᠠᠯ ᠪᠤᠯᠤᠨ ᠰᠡᠶᠢᠯᠦᠮᠠᠯ ᠤᠷᠠᠯᠢᠭ ᠨᠢ ᠤᠨᠳᠤᠤ ᠤᠴᠢᠷ᠃ | ᠨᠠᠭᠠᠮᠠᠯ ᠪᠤᠯᠤᠨ ᠰᠡᠶᠢᠯᠦᠮᠠᠯ ᠢ ᠤᠷᠠᠯᠠᠬᠤ ᠳᠤ ᠭᠡ ᠤᠭᠠᠯᠵᠠ ᠪᠠᠨ ᠲᠦᠷᠪᠡᠨ ᠲᠠᠪᠬᠤᠷ ᠴᠠᠭᠠᠰᠤ ᠪᠠᠷ ᠲᠠᠪᠬᠤᠷᠯᠠᠨ | ᠬᠠᠶᠢᠴᠢᠯᠠᠵᠤ ᠠᠪᠤᠭᠠᠳ ᠵᠤᠯᠤᠭ ᠲᠦᠷᠡᠢ ᠶᠢᠨ ᠦᠯᠢᠭᠡᠷ ᠵᠢᠷᠤᠭ ᠲᠡᠭᠡᠷ᠎ᠡ ᠪᠠᠨ ᠨᠢᠭᠡ ᠨᠢᠭᠡ ᠪᠠᠷ ᠵᠤᠬᠢᠴᠠᠭᠤᠯᠤᠨ | ᠨᠠᠭᠠᠵᠤ ᠲᠠᠭᠠᠷᠠᠭᠤᠯᠤᠨ᠎ᠠ᠃ ᠡᠷᠡᠭᠳᠡᠢ ᠬᠦᠮᠦᠨ ᠤ ᠭᠤᠳᠤᠯ ᠤᠨ ᠵᠤᠯᠤᠭ ᠲᠦᠷᠡᠢ ᠲᠡᠭᠡᠷ᠎ᠡ ᠪᠤᠯ ᠤᠯᠠᠩᠬᠢ ᠳᠠᠭᠠᠨ | ᠤᠷᠢᠶᠠᠮᠠᠯ᠂ ᠰᠢᠬᠯᠠᠬᠤ᠂ ᠲᠤᠭᠤᠴᠠᠬᠤ᠂ ᠰᠡᠶᠢᠯᠦᠮᠠᠯ ᠵᠡᠷᠭᠡ ᠤᠷᠠᠯᠠᠯ ᠤᠨ ᠠᠷᠭ᠎ᠠ ᠶᠢ ᠭᠡᠷᠡᠭᠯᠡᠳᠡᠭ᠃ ᠡᠷᠡᠭᠳᠡᠢ | ᠬᠦᠮᠦᠨ ᠤ ᠭᠤᠳᠤᠯ ᠳᠤ ᠨᠠᠭᠠᠮᠠᠯ ᠪᠤᠯᠤᠨ ᠬᠠᠳᠬᠤᠮᠠᠯ ᠢ ᠪᠠᠷᠤᠭ ᠭᠡᠷᠡᠭᠯᠡᠳᠡᠭ ᠦᠭᠡᠢ᠃ ᠭᠡ ᠤᠭᠠᠯᠵᠠ ᠪᠠᠨ | ᠬᠠᠳᠬᠤᠮᠠᠯ᠂ ᠨᠠᠭᠠᠮᠠᠯ᠂ ᠤᠷᠢᠶᠠᠮᠠᠯ᠂ ᠰᠡᠶᠢᠮᠦᠯᠠᠯ ᠵᠡᠷᠭᠡ ᠤᠯᠠᠨ ᠭᠡᠯᠪᠡᠷᠢ ᠪᠠᠷ ᠤᠷᠠᠯᠠᠵᠤ ᠤᠶᠤᠬᠤ ᠶᠠᠪᠤᠴᠠ ᠨᠢ | ᠭᠤᠳᠤᠯ ᠤᠶᠤᠳᠠᠯ ᠤᠨ ᠬᠠᠮᠤᠭ ᠤᠨ ᠶᠡᠭᠡ ᠤᠷ᠎ᠠ ᠡᠷᠳᠡᠮ ᠢ ᠰᠢᠯᠭᠠᠬᠤ ᠶᠠᠪᠤᠴᠠ ᠪᠤᠯᠬᠤ ᠶᠤᠮ᠃ ᠡᠳᠡᠭᠡᠷ | ᠤᠷᠠᠯᠢᠭ ᠢ ᠤᠷᠠᠯᠠᠬᠤ ᠳᠤ ᠴᠦᠮ ᠭᠤᠳᠤᠯ ᠤᠨ ᠬᠤᠩᠰᠢᠶᠠᠷ ᠲᠠᠯ᠎ᠠ ᠠᠴᠠ ᠡᠬᠢᠯᠡᠨ᠎ᠡ᠃ ᠵᠠᠷᠤᠳ ᠨᠤᠳᠤᠭ ᠲᠤ | ᠭᠤᠳᠤᠯ ᠢ ᠠᠵᠢᠯ ᠬᠦᠳᠡᠯᠮᠦᠷᠢ ᠬᠢᠬᠦ ᠳᠤ ᠡᠮᠦᠰᠬᠦ ᠠᠵᠢᠯ ᠤᠨ ᠭᠤᠳᠤᠯ ᠬᠢᠭᠡᠳ ᠨᠠᠶᠢᠷ ᠬᠤᠷᠢᠮ ᠳᠤ ᠡᠮᠦᠰᠬᠦ | ᠵᠠᠰᠠᠯ ᠤᠨ ᠭᠤᠳᠤᠯ ᠭᠡᠵᠦ ᠬᠤᠶᠠᠷ ᠵᠦᠢᠯ ᠢᠶᠠᠷ ᠢᠯᠭᠠᠵᠤ ᠬᠢᠳᠡᠭ᠃ ᠠᠵᠢᠯ ᠤᠨ ᠭᠤᠳᠤᠯ ᠢ ᠪᠤᠯ ᠠᠮᠠᠷᠬᠠᠨ | ᠡᠯᠡᠭᠳᠡᠳᠡᠭ ᠦᠭᠡᠢ ᠪᠦᠭᠡ ᠡᠳ᠋ ᠢᠶᠠᠷ ᠦᠩᠭᠡᠯᠡᠨ ᠬᠢᠬᠦ ᠶᠢ ᠡᠷᠬᠢᠮᠯᠡᠬᠦ ᠪᠦᠭᠡᠳ ᠪᠠᠬᠢ ᠵᠤᠵᠠᠭᠠᠨ ᠤᠶᠤᠬᠤ ᠶᠢ | ᠴᠢᠬᠤᠯᠠᠴᠢᠯᠠᠨ᠎ᠠ᠃ ᠠᠵᠢᠯ ᠤᠨ ᠭᠤᠳᠤᠯ ᠲᠡᠭᠡᠷ᠎ᠡ ᠤᠯᠠᠩᠬᠢ ᠳᠠᠭᠠᠨ ᠰᠢᠬᠯᠠᠬᠤ᠂ ᠲᠤᠭᠤᠴᠠᠬᠤ᠂ ᠤᠷᠢᠶᠠᠬᠤ ᠵᠡᠷᠭᠡ | ᠤᠶᠤᠳᠠᠯ ᠤᠳ ᠢ ᠤᠶᠤᠳᠠᠭ᠃ ᠵᠠᠰᠠᠯ ᠤᠨ ᠭᠤᠳᠤᠯ ᠢ ᠪᠤᠯ ᠠᠯᠢ ᠪᠤᠯᠬᠤ ᠪᠠᠷ ᠭᠤᠶᠤᠯᠠᠵᠤ ᠤᠷᠠᠯᠠᠬᠤ ᠶᠢ | ᠴᠢᠬᠤᠯᠠᠴᠢᠯᠠᠨ᠎ᠠ᠃ ᠡᠮᠡᠭᠳᠡᠢ ᠬᠦᠮᠦᠨ ᠤ ᠵᠠᠰᠠᠯ ᠤᠨ ᠭᠤᠳᠤᠯ ᠢ ᠪᠤᠯ ᠨᠠᠭᠠᠮᠠᠯ ᠪᠤᠶᠤ ᠬᠠᠳᠬᠤᠮᠠᠯ ᠤᠷᠠᠯᠠᠯ ᠢᠶᠠᠷ | ᠤᠷᠠᠯᠠᠳᠠᠭ᠃ ᠬᠠᠳᠬᠤᠮᠠᠯ ᠪᠤᠯ ᠲᠡᠭᠡᠷ᠎ᠡ ᠭᠡᠯᠡᠭᠰᠡᠨ ᠮᠡᠳᠦ ᠪᠠᠷ ᠭᠡ ᠤᠭᠠᠯᠵᠠ ᠪᠠᠨ ᠵᠤᠯᠤᠭ ᠲᠦᠷᠡᠢ ᠲᠡᠭᠡᠷ᠎ᠡ ᠪᠠᠨ | ᠰᠢᠯᠵᠢᠬᠦᠯᠵᠦ ᠪᠠᠭᠤᠯᠭᠠᠵᠤ ᠵᠢᠷᠤᠭᠠᠳ ᠬᠠᠳᠬᠤᠨ᠎ᠠ᠃ ᠨᠠᠭᠠᠮᠠᠯ ᠨᠢ ᠬᠠᠳᠬᠤᠮᠠᠯ ᠠᠴᠠ ᠨᠡᠩ ᠢᠯᠡᠬᠦᠦ ᠪᠤᠳᠤᠯᠢᠶᠠᠨᠳᠠᠢ | ᠃ ᠭᠤᠳᠤᠯ ᠪᠤᠭᠤᠮᠠᠯᠠᠬᠤ ᠬᠠᠪᠴᠢᠬᠤ ᠪᠠ ᠭᠤᠳᠤᠯ ᠬᠦᠷᠪᠡᠬᠦᠯᠬᠦ ᠵᠤᠯᠤᠭ ᠲᠦᠷᠡᠢ ᠨᠦᠭᠦᠳ ᠢᠶᠠᠨ ᠤᠷᠠᠯᠠᠵᠤ | ᠤᠶᠤᠵᠤ ᠪᠠᠷᠠᠭᠰᠠᠨ ᠤ ᠬᠤᠶᠢᠨ᠎ᠠ ᠵᠤᠯᠤᠭ ᠲᠦᠷᠡᠢ ᠶᠢ ᠬᠤᠶᠠᠷ ᠬᠤᠶᠠᠷ ᠢᠶᠠᠷ ᠨᠢ ᠦᠩᠭᠡ ᠶᠢᠨ ᠲᠠᠯ᠎ᠠ ᠪᠠᠷ ᠨᠢ | ᠬᠠᠪᠰᠤᠷᠴᠤ ᠪᠠᠶᠢᠭᠠᠳ ᠬᠤᠯᠪᠤᠵᠤ ᠤᠶᠤᠨ᠎ᠠ᠃ ᠡᠬᠦᠨ ᠢ ᠭᠤᠳᠤᠯ ᠪᠤᠭᠤᠮᠠᠯᠠᠬᠤ ᠭᠡᠳᠡᠭ᠃ ᠪᠤᠭᠤᠮᠠᠯᠠᠬᠤ ᠳᠠᠭᠠᠨ | ᠵᠤᠯᠤᠭ ᠲᠦᠷᠡᠢ ᠬᠤᠶᠠᠷ ᠤᠨ ᠵᠠᠪᠰᠠᠷ ᠲᠤ ᠨᠢ ᠲᠠᠰᠤᠮ ᠬᠢᠵᠦ ᠨᠡᠶᠢᠯᠡᠬᠦᠯᠵᠦ ᠤᠶᠤᠨ᠎ᠠ᠃ ᠲᠠᠰᠤᠮ ᠤᠨ ᠲᠤᠭ᠎ᠠ ᠨᠢ | 1 — 3 ᠪᠦᠷ ᠪᠠᠶᠢᠵᠤ ᠪᠤᠯᠤᠨ᠎ᠠ᠃ ᠡᠬᠦᠨ ᠢᠶᠠᠨ ᠨᠢᠭᠡ ᠪᠠᠷ ᠪᠤᠭᠤᠮᠠᠯᠠᠬᠤ᠂ ᠬᠤᠶᠠᠷ ᠢᠶᠠᠷ ᠪᠤᠭᠤᠮᠠᠯᠠᠬᠤ᠂ | ᠭᠤᠷᠪᠠ ᠪᠠᠷ ᠪᠤᠭᠤᠮᠠᠯᠠᠬᠤ ᠭᠡᠵᠦ ᠲᠤᠰᠪᠤᠷᠢ ᠨᠡᠷᠡᠯᠡᠳᠡᠭ᠃ ᠭᠤᠳᠤᠯ ᠪᠤᠭᠤᠮᠠᠯᠠᠬᠤ ᠳᠠᠭᠠᠨ ᠬᠤᠩᠰᠢᠶᠠᠷ ᠤᠨ | ᠲᠠᠯ᠎ᠠ ᠠᠴᠠ ᠡᠬᠢᠯᠡᠵᠦ ᠤᠶᠤᠨ᠎ᠠ᠃ ᠲᠠᠰᠤᠮ ᠢ ᠬᠤᠳᠠᠯᠳᠤᠭᠠᠨ ᠤ ᠭᠠᠵᠠᠷ ᠠᠴᠠ ᠠᠪᠳᠠᠭ᠃ ᠬᠤᠳᠠᠯᠳᠤᠭᠠᠨ ᠤ | ᠭᠠᠵᠠᠷ ᠠᠴᠠ ᠤᠯᠳᠠᠬᠤ ᠦᠭᠡᠢ ᠪᠠᠶᠢᠳᠠᠯ ᠲᠤᠤᠷ᠎ᠠ ᠡᠯᠵᠢᠭᠡᠨ ᠠᠷᠠᠰᠤ ᠶᠢ ᠡᠯᠳᠡᠵᠦ ᠪᠤᠯᠪᠠᠰᠤᠷᠠᠭᠤᠯᠤᠭᠠᠳ ᠬᠠᠷ᠎ᠠ | ᠪᠤᠳᠤᠭ ᠤᠷᠤᠭᠤᠯᠵᠤ ᠵᠠᠷᠤᠳᠠᠭ᠃ ᠭᠤᠳᠤᠯ ᠪᠤᠭᠤᠮᠠᠯᠠᠬᠤ ᠳᠤ ᠨᠡᠪᠳᠡᠭᠡᠯᠡᠬᠦ ᠤᠶᠤᠳᠠᠯ ᠢᠶᠠᠷ ᠤᠶᠤᠳᠠᠭ᠃ | ᠪᠤᠭᠤᠮᠠᠯᠠᠵᠤ ᠪᠠᠷᠠᠭᠰᠠᠨ ᠤ ᠲᠠᠷᠠᠭ᠎ᠠ ᠨᠡᠶᠢᠳᠡ ᠲᠦᠷᠪᠡᠨ ᠭᠡᠰᠡᠭ ᠪᠤᠯᠤᠭᠰᠠᠨ ᠵᠤᠯᠤᠭ ᠲᠦᠷᠡᠢ ᠶᠢᠨ ᠨᠠᠶᠢᠯᠡᠪᠦᠷᠢ ᠪᠠᠨ | ᠬᠤᠶᠠᠷ ᠬᠤᠶᠠᠷ ᠢᠶᠠᠷ ᠨᠢ ᠵᠠᠯᠭᠠᠵᠤ ᠨᠡᠶᠢᠯᠡᠬᠦᠯᠵᠦ ᠤᠶᠤᠬᠤ ᠳᠤ ᠪᠠᠨ ᠪᠤᠷᠪᠢ ᠲᠦᠷᠡᠢ ᠶᠢᠨ ᠭᠡᠰᠡᠭ ᠲᠤ | ᠤᠯᠠᠩᠬᠢ ᠳᠠᠭᠠᠨ ᠭᠤᠷᠪᠠ ᠭᠤᠷᠪᠠᠨ ᠲᠠᠰᠤᠮ ᠬᠢᠵᠦ ᠤᠶᠤᠨ᠎ᠠ᠃ ᠢᠩᠬᠢᠵᠦ ᠤᠶᠤᠬᠤ ᠶᠢ ᠭᠤᠳᠤᠯ ᠬᠠᠪᠴᠢᠬᠤ | ᠭᠡᠳᠡᠭ᠃ ᠭᠤᠷᠪᠠ ᠪᠠᠷ ᠪᠤᠭᠤᠮᠠᠯᠠᠭᠠᠳ ᠭᠤᠷᠪᠠ ᠪᠠᠷ ᠬᠠᠪᠴᠢᠬᠰᠠᠨ ᠭᠤᠳᠤᠯ ᠢ ᠦᠪᠴᠢ ᠭᠤᠷᠪᠠᠨ ᠬᠠᠪᠴᠢᠶᠠᠷᠢ ᠲᠠᠢ | ᠭᠤᠳᠤᠯ ᠭᠡᠳᠡᠭ᠃ ᠭᠤᠳᠤᠯ ᠬᠠᠪᠴᠢᠬᠤ ᠳᠤ ᠤᠯᠠᠯᠠᠬᠤ ᠤᠶᠤᠳᠠᠯ ᠢᠶᠠᠷ ᠤᠶᠤᠳᠠᠭ᠃ ᠲᠠᠰᠤᠮ ᠢᠶᠠᠨ | ᠬᠠᠪᠴᠢᠭᠤᠯᠬᠤ ᠳᠤ ᠪᠠᠨ ᠲᠠᠰᠤᠮ ᠤᠳ ᠤᠨ ᠵᠠᠪᠰᠠᠷ ᠲᠤ ᠨᠢ ᠨᠢᠭᠡ ᠤᠯᠤᠰᠤᠨ ᠤᠳᠠᠰᠤ ᠶᠢ ᠲᠡᠭᠰᠢᠭᠡᠨ ᠰᠠᠶᠢᠬᠠᠨ | ᠬᠠᠪᠴᠢᠭᠤᠯᠤᠨ᠎ᠠ᠃ ᠤᠯᠠᠨ ᠲᠠᠰᠤᠮ ᠬᠠᠪᠴᠢᠭᠤᠯᠵᠤ ᠤᠶᠤᠬᠤ ᠳᠤ ᠪᠠᠨ ᠲᠠᠰᠤᠮ ᠤᠳ ᠤᠨ ᠦᠷᠭᠡᠨ ᠨᠠᠷᠢᠨ ᠢ | ᠲᠦᠢᠯ ᠤᠨ ᠰᠠᠶᠢᠬᠠᠨ ᠲᠡᠭᠰᠢᠯᠡᠵᠦ ᠤᠶᠤᠬᠤ ᠭᠡᠷᠡᠭᠳᠡᠢ ᠪᠤᠯᠬᠤᠷ ᠤᠷᠢᠳᠠᠪᠠᠷ ᠬᠤᠯᠠ ᠬᠤᠯᠠ ᠰᠢᠳᠡᠵᠦ ᠲᠤᠭᠳᠠᠭᠠᠭᠠᠳ | ᠲᠠᠷᠠᠭ᠎ᠠ ᠳᠤ ᠨᠢ ᠰᠠᠶ᠋ᠢ ᠨᠢᠭᠳᠠᠯᠠᠵᠤ ᠤᠶᠤᠨ᠎ᠠ᠃ ᠭᠤᠳᠤᠯ ᠪᠤᠭᠤᠮᠠᠯᠠᠬᠤ ᠪᠤᠶᠤ ᠬᠠᠪᠴᠢᠬᠤ ᠳᠤ ᠭᠤᠳᠤᠯ ᠤᠨ | ᠵᠤᠯᠤᠭ ᠲᠦᠷᠡᠢ ᠶᠢᠨ ᠦᠩᠭᠡᠨ ᠲᠠᠯ᠎ᠠ ᠶᠢ ᠨᠢ ᠬᠠᠪᠰᠤᠷᠴᠤ ᠤᠯᠤᠰᠤᠨ ᠤᠳᠠᠰᠤ ᠪᠠᠷ ᠤᠶᠤᠳᠠᠭ ᠪᠤᠯᠬᠤᠷ ᠮᠠᠰᠢ | ᠬᠠᠳᠠᠭᠤ ᠪᠠᠶᠢᠳᠠᠭ᠃ ᠭᠤᠳᠤᠯ ᠬᠠᠪᠴᠢᠬᠤ ᠳᠤ ᠪᠠᠨ ᠪᠤᠭᠤᠮ᠎ᠠ ᠶᠢᠨ ᠭᠡᠰᠡᠭ ᠲᠠᠬᠢ ᠲᠠᠰᠤᠮ ᠤᠳ ᠢ ᠮᠠᠰᠢ ᠬᠢᠴᠢᠶᠡᠵᠦ | ᠲᠠᠪ ᠲᠡᠭᠰᠢᠭᠡᠨ ᠵᠤᠯᠭᠠᠭᠤᠯᠬᠤ ᠭᠡᠷᠡᠭᠳᠡᠢ᠃ ᠰᠠᠯᠠᠩ ᠡᠮᠡᠭᠳᠡᠢ ᠪᠤᠯ ᠲᠠᠰᠤᠮ ᠤᠳ ᠢ ᠲᠡᠭᠡᠭᠰᠢ ᠲᠤᠷᠤᠭᠰᠢ | ᠵᠦᠷᠢᠬᠦᠯᠴᠢᠭᠡᠳᠡᠭ ᠪᠤᠯᠬᠤ ᠪᠠᠷ ᠦᠵᠡᠬᠦ ᠳᠤ ᠮᠠᠭᠤᠬᠠᠢ ᠪᠤᠯᠳᠠᠭ᠃ ᠭᠤᠳᠤᠯ ᠤᠨ ᠬᠤᠩᠰᠢᠶᠠᠷ ᠲᠠᠯ᠎ᠠ ᠶᠢ ᠤᠷᠢᠳᠠᠪᠠᠷ | ᠬᠠᠪᠴᠢᠵᠤ ᠲᠠᠷᠠᠭ᠎ᠠ ᠳᠤ ᠨᠢ ᠰᠠᠶ᠋ᠢ ᠪᠤᠷᠪᠢ ᠶᠢᠨ ᠲᠠᠯ᠎ᠠ ᠶᠢ ᠨᠢ ᠬᠠᠪᠴᠢᠨ᠎ᠠ᠃ ᠭᠤᠳᠤᠯ ᠢᠶᠠᠨ ᠪᠤᠭᠤᠮᠠᠯᠠᠵᠤ᠂ | ᠬᠠᠪᠴᠢᠵᠤ ᠪᠠᠷᠠᠪᠠᠯ ᠪᠤᠭᠤᠮ᠎ᠠ ᠪᠤᠯᠤᠨ ᠬᠠᠪᠴᠢᠶᠠᠷᠢ ᠶᠢᠨ ᠤᠶᠤᠳᠠᠯ ᠤᠨ ᠭᠡᠰᠡᠭ ᠢ ᠴᠢᠬᠢᠭᠳᠡᠭᠡᠵᠦ ᠭᠤᠳᠤᠯ ᠢᠶᠠᠨ | ᠬᠦᠷᠪᠡᠬᠦᠯᠦᠨᠠ᠃ ᠭᠤᠳᠤᠯ ᠬᠦᠷᠪᠡᠬᠦᠯᠬᠦ ᠪᠤᠯ ᠮᠠᠰᠢ ᠶᠡᠭᠡ ᠬᠦᠴᠦ ᠴᠢᠳᠠᠯ ᠭᠡᠷᠡᠭᠰᠡᠳᠡᠭ ᠠᠵᠢᠯ ᠪᠤᠯᠤᠨ᠎ᠠ᠃ ᠬᠦᠴᠦ | ᠴᠢᠳᠠᠯ ᠮᠠᠭᠤ ᠡᠮᠡᠭᠳᠡᠢ ᠬᠦᠮᠦᠨ ᠬᠦᠷᠪᠡᠬᠦᠯᠵᠦ ᠲᠡᠶᠢᠯᠳᠡᠭ ᠠᠵᠤ ᠪᠢᠰᠢ ᠤᠴᠢᠷ ᠠᠴᠠ ᠤᠯᠠᠩᠬᠢ ᠳᠠᠭᠠᠨ ᠡᠷᠡᠭᠳᠡᠢ | ᠬᠦᠮᠦᠨ ᠢᠶᠠᠷ ᠭᠤᠳᠤᠯ ᠬᠦᠷᠪᠡᠬᠦᠯᠬᠦ ᠠᠵᠢᠯ ᠢ ᠬᠢᠯᠭᠡᠳᠡᠭ᠃ ᠢᠯᠠᠩᠭᠤᠶ᠎ᠡ ᠡᠷᠡᠭᠳᠡᠢ ᠬᠦᠮᠦᠨ ᠤ ᠠᠵᠢᠯ ᠤᠨ ᠭᠤᠳᠤᠯ | ᠨᠡᠩ ᠵᠤᠵᠠᠭᠠᠨ ᠪᠦᠭᠡᠳ ᠬᠠᠳᠠᠭᠤ ᠪᠠᠬᠢ ᠪᠠᠶᠢᠳᠠᠭ ᠪᠤᠯᠬᠤᠷ ᠬᠦᠴᠦ ᠴᠢᠳᠠᠯ ᠮᠠᠭᠤᠳᠠᠢ ᠡᠮᠡᠭᠳᠡᠢ ᠬᠦᠮᠦᠨ | ᠬᠦᠢᠴᠡᠳᠭᠡᠵᠦ ᠲᠡᠶᠢᠯᠳᠡᠭ ᠦᠬᠡᠢ᠃ ᠭᠤᠳᠤᠯ ᠢᠶᠠᠨ ᠬᠦᠷᠪᠡᠬᠦᠯᠦᠭᠰᠡᠨ ᠤ ᠬᠤᠶᠢᠨ᠎ᠠ ᠬᠠᠪᠴᠢᠶᠠᠷᠢ ᠪᠤᠯᠤᠨ | ᠪᠤᠭᠤᠮ᠎ᠠ ᠶᠢᠨ ᠴᠢᠬᠢᠭᠳᠡᠭᠡᠭᠰᠡᠨ ᠭᠡᠰᠡᠭ ᠤᠨ ᠤᠶᠤᠳᠠᠯ ᠢ ᠬᠤᠶᠠᠷ ᠲᠡᠶᠢᠰᠢ ᠲᠡᠯᠭᠡᠨ ᠢᠷᠠᠵᠤ ᠰᠦᠭᠡ ᠶᠢᠨ ᠲᠤᠬᠤ ᠪᠠᠷ | ᠲᠡᠭᠰᠢᠷᠡᠳᠡᠯᠡ ᠲᠡᠮᠳᠡᠢ ᠰᠠᠶᠢᠬᠠᠨ ᠵᠠᠨᠴᠢᠨ᠎ᠠ᠃ ᠲᠡᠭᠰᠢ ᠰᠠᠶᠢᠬᠠᠨ ᠪᠤᠯᠭᠠᠵᠤ ᠲᠡᠶᠢᠯᠬᠦ ᠦᠭᠡᠢ ᠪᠤᠯ ᠬᠦᠮᠦᠨ ᠤ ᠬᠦᠯ ᠢ | ᠡᠪᠡᠳᠭᠡᠨᠠ᠃ ᠭᠡᠳᠦ ᠬᠦᠴᠦᠳᠡᠢ ᠵᠠᠨᠴᠢᠪᠠᠯ ᠭᠤᠳᠤᠯ ᠤᠨ ᠦᠩᠭᠡ ᠡᠯᠡᠭᠳᠡᠴᠢᠭᠡᠬᠦ ᠪᠤᠶᠤ ᠤᠶᠤᠭᠰᠠᠨ ᠤᠳᠠᠰᠤ ᠨᠢ | ᠲᠠᠰᠤᠷᠠᠴᠢᠬᠠᠬᠤ ᠠᠴᠠ ᠬᠢᠴᠢᠶᠡᠬᠦ ᠭᠡᠷᠡᠭᠳᠡᠢ᠃ ᠭᠤᠳᠤᠯ ᠤᠨ ᠲᠡᠭᠡᠷ᠎ᠡ ᠲᠦᠷᠡᠢ ᠶᠢᠨ ᠲᠡᠭᠡᠷ᠎ᠡ ᠬᠦᠪᠡᠭᠡ ᠶᠢ | ᠤᠯᠠᠩᠬᠢ ᠳᠤ ᠪᠠᠨ ᠬᠤᠷᠭᠤᠢ ᠪᠤᠶᠤ ᠪᠦᠭᠡ ᠵᠤᠵᠠᠭᠠᠯᠢᠭ ᠪᠦᠰ ᠢᠶᠠᠷ ᠴᠢᠮᠬᠢᠵᠦ ᠬᠦᠪᠡᠭᠡᠯᠡᠵᠦ ᠤᠶᠤᠨ᠎ᠠ᠃ ᠭᠡᠬᠦ ᠳᠡᠭᠡᠨ | ᠂ ᠦᠩᠭᠡ ᠪᠤᠳᠤᠭ ᠵᠤᠬᠢᠴᠠᠭᠤᠯᠤᠨ ᠭᠤᠶᠤ ᠰᠠᠶᠢᠬᠠᠨ ᠪᠤᠯᠭᠠᠬᠤ ᠶᠢ ᠮᠠᠰᠢ ᠠᠩᠬᠠᠷᠴᠤ ᠤᠯᠠᠭᠠᠨ᠂ ᠨᠤᠭᠤᠭᠠᠨ᠂ | ᠶᠠᠭᠠᠨ ᠮᠡᠳᠦ ᠶᠢᠨ ᠢᠯᠠ ᠲᠠᠢ ᠦᠩᠭᠡ ᠶᠢᠨ ᠪᠦᠰ ᠪᠤᠶᠤ ᠬᠤᠷᠭᠤᠢ ᠶᠢ ᠰᠤᠩᠭᠤᠨ᠎ᠠ᠃ ᠲᠦᠷᠡᠢ ᠶᠢᠨ ᠬᠦᠪᠡᠭᠡ ᠳᠤ | ᠰᠠᠶᠢᠯᠪᠤᠷᠢ ᠤᠶᠤᠬᠤ ᠬᠦᠮᠦᠰ ᠴᠤ ᠪᠤᠢ᠃ ᠭᠤᠳᠤᠯ ᠢᠶᠠᠨ ᠬᠦᠷᠪᠡᠬᠦᠯᠵᠦ ᠬᠠᠪᠴᠢᠶᠠᠷᠢ ᠪᠤᠯᠤᠨ ᠪᠤᠭᠤᠮ᠎ᠠ ᠶᠢᠨ | ᠤᠶᠤᠳᠠᠯ ᠤᠨ ᠭᠡᠰᠡᠭ ᠢ ᠲᠡᠭᠰᠢᠯᠡᠵᠦ ᠪᠠᠷᠠᠭᠰᠠᠨ ᠬᠤᠶᠢᠨ᠎ᠠ ᠤᠯᠠᠯᠠᠬᠤ ᠪᠠᠷ ᠪᠡᠯᠡᠳᠭᠡᠨ᠎ᠡ᠃ ᠭᠤᠳᠤᠯ ᠤᠯᠠᠯᠠᠬᠤ | ᠶᠠᠪᠤᠴᠠ ᠭᠤᠳᠤᠯ ᠤᠯᠠᠯᠠᠬᠤ ᠳᠤ ᠬᠤᠶᠠᠷ ᠦᠵᠦᠬᠦᠷ ᠲᠠᠢ ᠲᠠᠮᠤᠭᠰᠠᠨ ᠤᠨᠴᠠᠭᠠᠢ ᠰᠠᠶᠢᠨ ᠤᠯᠤᠰᠤᠨ ᠤᠳᠠᠰᠤ᠂ | ᠭᠤᠷᠪᠠᠯᠵᠢᠨ ᠰᠢᠪᠦᠭᠡ ᠶᠢ ᠪᠡᠯᠡᠳᠭᠡᠵᠦ ᠵᠤᠯᠤᠭ ᠢᠶᠠᠨ ᠤᠯᠠᠯᠠᠬᠤ ᠭᠡᠰᠡᠭ ᠢᠶᠠᠷ ᠨᠢ ᠴᠢᠬᠢᠭᠳᠡᠭᠡᠵᠦ ᠲᠤᠳᠤᠭᠰᠢ | ᠤᠯᠠᠯᠠᠬᠤ ᠭᠡᠮᠵᠢᠶ᠎ᠡ ᠪᠠᠨ ᠦᠵᠡᠵᠦ ᠨᠤᠭᠤᠯᠤᠭᠠᠳ ᠯᠠᠪᠳᠠᠭᠤᠨ ᠮᠦᠷ ᠤᠷᠤᠭᠤᠯᠤᠨ᠎ᠠ᠃ ᠲᠠᠷᠠᠭ᠎ᠠ ᠳᠤ ᠨᠢ | ᠭᠤᠳᠤᠯ ᠤᠨ ᠵᠤᠯᠤᠭ ᠤᠨ ᠬᠤᠩᠰᠢᠶᠠᠷ ᠤᠨ ᠲᠠᠯ᠎ᠠ ᠶᠢ ᠤᠯᠠ ᠵᠤᠯᠤᠭ ᠤᠨ ᠭᠤᠤᠯ ᠳᠤ ᠨᠢ ᠲᠠᠭᠠᠷᠠᠭᠤᠯᠵᠤ | ᠠᠰᠯᠠᠭᠤᠯᠵᠤ ᠪᠠᠶᠢᠭᠠᠳ ᠲᠤᠪᠬᠢᠵᠦ ᠲᠤᠭᠳᠠᠭᠠᠨ᠎ᠠ᠃ ᠲᠡᠭᠡᠭᠡᠳ ᠪᠤᠷᠪᠢ ᠶᠢᠨ ᠲᠠᠯ᠎ᠠ ᠠᠴᠠ ᠡᠬᠢᠯᠡᠵᠦ ᠤᠯᠠᠯᠠᠨᠠ᠃ | ᠭᠤᠳᠤᠯ ᠤᠯᠠᠯᠠᠬᠤ ᠳᠤ ᠤᠳᠠᠰᠤᠨ ᠤ ᠦᠵᠦᠬᠦᠷ ᠲᠤ ᠵᠡᠬᠦᠦ ᠰᠦᠪᠡᠯᠡᠳᠡᠭ ᠦᠭᠡᠢ᠃ ᠤᠷᠢᠳᠠᠪᠠᠷ ᠰᠢᠪᠦᠭᠡ ᠶᠢᠨ | ᠨᠦᠭᠡ ᠪᠠᠷ ᠭᠠᠳᠠᠨ᠎ᠠ ᠲᠠᠯ᠎ᠠ ᠠᠴᠠ ᠨᠢ ᠨᠢᠭᠡ ᠤᠳᠠᠰᠤᠨ ᠰᠦᠪᠡᠭᠴᠢ ᠪᠠᠨ ᠲᠤᠳᠤᠭᠰᠢ ᠲᠠᠳᠠᠵᠤ ᠤᠷᠤᠭᠤᠯᠤᠭᠠᠳ | ᠭᠠᠳᠠᠨ᠎ᠠ ᠲᠤᠳᠤᠨᠠᠬᠢ ᠤᠳᠠᠰᠤᠨ ᠤ ᠭᠡᠮᠵᠢᠶ᠎ᠡ ᠶᠢ ᠲᠡᠩᠴᠡᠬᠦᠤ ᠪᠤᠯᠭᠠᠵᠤ ᠲᠠᠳᠠᠨ᠎ᠠ᠃ ᠲᠠᠬᠢᠨ ᠭᠠᠳᠠᠨ᠎ᠠ ᠦᠯᠡᠳᠡᠭᠰᠡᠨ | ᠤᠳᠠᠰᠤ ᠶᠢ ᠤᠷᠤᠭᠰᠢᠯᠡᠭᠤᠯᠵᠦ ᠬᠠᠳᠬᠤᠭᠰᠠᠨ ᠰᠢᠪᠦᠭᠡ ᠶᠢᠨ ᠨᠦᠭᠡ ᠪᠠᠷ ᠲᠤᠳᠤᠭᠰᠢ ᠭᠠᠷᠭᠠᠭᠠᠳ᠂ ᠲᠤᠳᠤᠷ | ᠲᠠᠯ᠎ᠠ ᠠᠴᠠ ᠨᠢ ᠵᠤᠬᠢᠬᠤ ᠤᠷᠳᠤ ᠪᠠᠷ ᠴᠢᠩᠭᠠᠭᠠᠵᠤ ᠭᠠᠷᠭᠠᠨ ᠤᠳᠠᠰᠤᠨ ᠤ ᠡᠷᠴᠢᠮ ᠢ ᠨᠢᠭᠡ ᠭᠡᠰᠡᠭ ᠲᠤ ᠨᠢ | ᠰᠤᠯᠠᠯᠠᠵᠤ ᠨᠦᠬᠦᠭᠡ ᠲᠤᠳᠤᠷ ᠲᠠᠯ᠎ᠠ ᠳᠠᠬᠢ ᠤᠳᠠᠰᠤᠨ ᠰᠦᠪᠡᠭᠴᠢ ᠪᠠᠨ ᠰᠤᠯᠠᠳᠬᠠᠭᠰᠠᠨ ᠡᠷᠴᠢᠮ ᠤᠨ ᠵᠠᠪᠰᠠᠷ ᠲᠤ | ᠬᠠᠪᠴᠢᠭᠤᠯᠤᠭᠠᠳ ᠭᠠᠳᠠᠨ᠎ᠠ ᠲᠠᠯ᠎ᠠ ᠶᠢᠨ ᠤᠳᠠᠰᠤ ᠪᠠᠨ ᠭᠡᠳᠡᠷᠬᠦ ᠪᠠᠨ ᠲᠠᠳᠠᠪᠠᠯ ᠰᠠᠶ᠋ᠢ ᠶᠢᠨ ᠲᠤᠳᠤᠷ ᠲᠠᠯ᠎ᠠ ᠳᠤ | ᠬᠠᠪᠴᠢᠭᠤᠯᠤᠭᠳᠠᠭᠰᠠᠨ ᠤᠳᠠᠰᠤᠨ ᠰᠦᠪᠡᠭᠴᠢ ᠭᠡᠳᠡᠷᠬᠦ ᠲᠠᠳᠠᠭᠰᠠᠨ ᠤᠳᠠᠰᠤ ᠶᠢ ᠲᠠᠭᠠᠵᠤ ᠭᠤᠳᠤᠯ ᠤᠨ ᠭᠠᠳᠠᠨ᠎ᠠ | ᠲᠠᠯ᠎ᠠ ᠳᠤ ᠭᠠᠷᠴᠤ ᠢᠷᠡᠳᠡᠭ᠃ ᠲᠡᠭᠡᠭᠰᠡᠨ ᠤ ᠬᠤᠶᠢᠨ᠎ᠠ ᠭᠠᠳᠠᠨ᠎ᠠ ᠲᠤᠳᠤᠨᠠᠬᠢ ᠬᠤᠶᠠᠷ ᠰᠦᠪᠡᠭᠴᠢ ᠶᠢ ᠡᠰᠡᠷᠬᠦ ᠪᠠᠷ | ᠵᠡᠷᠭᠡ ᠳᠤ ᠨᠢ ᠬᠤᠶᠠᠷ ᠲᠡᠶᠢᠰᠢ ᠴᠢᠩᠭᠠᠭᠠᠵᠤ ᠴᠢᠩᠭᠠᠯᠠᠳᠠᠭ᠃ ᠡᠨᠡ ᠮᠡᠳᠦ ᠪᠠᠷ ᠲᠠᠬᠢᠨ ᠲᠠᠪᠳᠠᠨ ᠬᠦᠢᠴᠡᠳᠭᠡᠵᠦ | ᠬᠢᠨ᠎ᠡ᠃ ᠭᠤᠳᠤᠯ ᠭᠡᠯᠪᠢᠬᠦ ᠪᠠ ᠤᠶᠢᠮᠦᠰᠦ ᠤᠶᠤᠬᠤ ᠤᠯᠠᠯᠠᠵᠤ ᠪᠠᠷᠠᠭᠰᠠᠨ ᠤ ᠲᠠᠷᠠᠭ᠎ᠠ ᠭᠤᠳᠤᠯ ᠢᠶᠠᠨ ᠴᠢᠬᠢᠭ ᠲᠠᠢ | ᠪᠠᠶᠢᠬᠤ ᠶᠢ ᠵᠠᠪᠳᠤᠭᠤᠯᠤᠨ ᠬᠠᠭᠠᠰ ᠭᠤᠳᠤᠯ ᠬᠤᠮᠠᠭ ᠬᠢᠵᠦ ᠲᠤᠰᠬᠠᠶᠢᠯᠠᠨ ᠪᠡᠯᠡᠳᠭᠡᠭᠰᠡᠨ ᠬᠡᠯᠪᠢᠬᠦᠷ ᠮᠤᠳᠤ ᠪᠠᠷ | ᠨᠦᠳᠦᠵᠦ ᠭᠤᠳᠤᠯ ᠢᠶᠠᠨ ᠶᠠᠩᠵᠤ ᠤᠷᠤᠭᠤᠯᠵᠤ ᠭᠡᠯᠪᠢᠨᠡ᠃ ᠡᠪᠤᠯ ᠤᠨ ᠭᠤᠳᠤᠯ ᠳᠤ ᠪᠤᠯ ᠢᠰᠡᠭᠡᠢ ᠤᠶᠢᠮᠤᠰᠤ | ᠬᠢᠬᠦ ᠪᠤᠶᠤ ᠬᠦᠪᠦᠩ ᠲᠠᠢ ᠤᠶᠢᠮᠤᠰᠤ ᠤᠶᠤᠵᠤ ᠬᠢᠨ᠎ᠡ᠃ ᠢᠰᠡᠭᠡᠢ ᠤᠶᠢᠮᠦᠰᠦ ᠶᠢ ᠪᠤᠯ ᠦᠪᠡᠷ ᠢᠶᠠᠨ ᠦᠯᠢᠭᠡᠷ | ᠭᠡᠪ ᠤᠨ ᠶᠠᠩᠵᠤ ᠪᠠᠷ ᠢᠶᠠᠨ ᠬᠢᠭᠡᠳ ᠭᠠᠷᠭᠠᠴᠢᠬᠠᠳᠠᠭ᠃ ᠬᠦᠪᠦᠩ ᠲᠠᠢ ᠤᠶᠢᠮᠦᠰᠦ ᠶᠢ ᠪᠤᠯ ᠦᠯᠢᠭᠡᠷ ᠬᠡᠪ ᠤᠨ | ᠶᠤᠰᠤᠭᠠᠷ ᠤᠯᠠ ᠪᠤᠯᠤᠨ ᠲᠦᠷᠡᠢ ᠶᠢ ᠨᠢ ᠡᠰᠭᠡᠵᠦ ᠠᠪᠤᠭᠠᠳ ᠬᠦᠪᠦᠩ ᠲᠠᠯᠪᠢᠵᠦ ᠤᠶᠤᠵᠤ ᠪᠦᠳᠦᠭᠡᠨ᠎ᠡ᠃ | ᠵᠠᠷᠢᠮ ᠳᠠᠭᠠᠨ ᠢᠰᠡᠭᠡᠢ ᠪᠤᠶᠤ ᠬᠦᠪᠦᠩ ᠤᠶᠢᠮᠦᠰᠦ ᠶᠢ ᠭᠤᠳᠤᠯ ᠤᠨ ᠲᠦᠷᠡᠢ ᠠᠴᠠ ᠲᠡᠭᠡᠭᠰᠢ ᠬᠤᠶᠠᠷ ᠬᠤᠷᠤᠭᠤ | ᠭᠠᠷᠭᠠᠵᠤ ᠤᠶᠢᠮᠦᠰᠦᠨ ᠲᠦᠷᠡᠢ ᠪᠠᠨ ᠬᠤᠷᠭᠤᠢ ᠪᠠᠷ ᠴᠢᠮᠡᠵᠦ ᠤᠶᠤᠳᠠᠭ᠃ ᠢᠩᠬᠢᠵᠦ ᠴᠢᠮᠡᠭᠰᠡᠨ ᠭᠡᠰᠡᠭ ᠢ | ᠤᠶᠢᠮᠦᠰᠦᠨ ᠤᠮᠤᠭ ᠭᠡᠳᠡᠭ᠃ ︵ᠳᠤᠰ ᠨᠢᠭᠤᠷ ᠤᠨ ᠡᠭᠡ ᠪᠢᠴᠢᠭ ᠢ ︽ᠲᠤᠮᠳᠠᠳᠤ ᠤᠯᠤᠰ ᠤᠨ ᠮᠤᠩᠭᠤᠯ ᠬᠡᠯᠡᠨ ᠤ | ᠰᠤᠨᠢᠨ ᠮᠡᠳᠡᠭᠡ ᠶᠢᠨ ᠰᠦᠯᠵᠢᠶ᠎ᠡ︾ ᠠᠴᠠ ᠪᠠᠭᠤᠯᠭᠠᠵᠤ᠂ ᠭᠡᠷᠡᠯ ᠵᠢᠷᠤᠬ ᠢ ᠰᠦᠯᠵᠢᠶᠡᠨ ᠠᠴᠠ ᠰᠢᠯᠵᠢᠬᠦᠯᠪᠡ︶ | ᠬᠠᠮᠢᠶ᠎ᠠ ᠪᠦᠬᠦᠢ ᠬᠤᠯᠪᠤᠭᠠᠰᠦ᠄ ᠮᠤᠩᠭᠤᠯ ᠭᠤᠳᠤᠯ ᠤᠨ ᠳᠦᠷᠤᠯ ᠵᠦᠢᠯ ᠪᠤᠯᠤᠨ ᠬᠤᠯᠪᠤᠭᠳᠠᠬᠤ ᠨᠡᠷᠡᠶᠢᠳᠤᠯ ᠤᠳ | ᠮᠤᠩᠭᠤᠯ ᠭᠤᠳᠤᠯ ᠤᠨ ᠲᠦᠷᠦᠯ ᠵᠦᠢᠯ ᠮᠤᠩᠭᠤᠯ ᠭᠤᠳᠤᠯ ᠢ ᠶᠡᠷᠦᠩᠬᠡᠢ ᠳᠤᠨᠢ ᠠᠷᠠᠰᠤᠨ ᠭᠤᠳᠤᠯ᠂ ᠢᠰᠡᠬᠡᠢ | ᠭᠤᠳᠤᠯ᠂ ᠪᠦᠰ ᠭᠤᠳᠤᠯ ᠬᠡᠵᠦ ᠭᠤᠷᠪᠡ ᠬᠤᠪᠢᠶᠡᠳᠠᠬ᠃ ᠬᠡᠯᠪᠡᠷᠢ ᠪᠠᠶᠢᠳᠠᠯ ᠢᠶᠠᠷ ᠨᠢ ᠪᠠᠰᠠ ᠰᠦᠬᠦᠬᠡᠢ ᠭᠤᠳᠤᠯ᠂ | ᠦᠭᠡᠳᠡᠩ ᠭᠤᠳᠤᠯ᠂ ᠰᠤᠭᠰᠤᠯ ᠭᠤᠳᠤᠯ᠂ ᠪᠤᠶᠢᠳᠤᠬ᠂ ᠰᠦᠪᠦᠬᠡᠷ ᠭᠤᠳᠤᠯ᠂ ᠪᠠᠶᠢᠪᠠᠭ᠂ ᠲᠡᠯᠳᠧ᠂ ᠦᠨᠳᠡᠬᠡᠨ | ᠬᠠᠮᠠᠷᠳᠦ ᠭᠤᠳᠤᠯ ᠬᠡᠵᠦ ᠢᠯᠭᠠᠳᠠᠭ᠃ ᠮᠤᠩᠭᠤᠯ ᠭᠤᠳᠤᠯ ᠤᠨ ᠶᠡᠷᠦᠩᠬᠡᠢ ᠤᠨᠴᠠᠯᠢᠬ ᠬᠡᠪᠡᠯ ᠲᠦᠷᠡᠢ ᠦᠨᠳᠦᠷ | ᠪᠠᠶᠢᠳᠠᠭ᠃ ᠦᠨᠳᠦᠷ ᠲᠦᠷᠡᠢ ᠲᠠᠢ ᠭᠤᠳᠤᠯ ᠡᠮᠦᠰᠪᠡᠯ ᠮᠤᠷᠢ ᠤᠨᠤᠬᠤ ᠳᠤ ᠲᠦᠷᠦᠬᠡᠨ ᠰᠤᠷ ᠲᠤ ᠱᠠᠭ᠎ᠠ | ᠭᠤᠯᠭᠤᠬᠤ ᠦᠬᠡᠢ ᠪᠠᠶᠢᠳᠠᠭ᠃ ᠠᠷᠠᠰᠤᠨ ᠭᠤᠳᠤᠯ ᠢ ᠪᠠᠰᠠ ᠪᠤᠯᠢᠭᠠᠷᠢ ᠭᠤᠳᠤᠯ᠂ ᠰᠢᠷᠢ ᠭᠤᠳᠤᠯ᠂ ᠬᠦᠮ | ᠭᠤᠳᠤᠯ᠂ ᠲᠡᠭᠳᠡᠢ ᠭᠤᠳᠤᠯ᠂ ᠪᠠᠭᠠᠷᠳᠠᠭ ᠭᠤᠳᠤᠯ ᠬᠡᠵᠦ ᠢᠯᠭᠠᠨ᠎ᠠ᠃ ᠠᠷᠠᠰᠤᠨ ᠭᠤᠳᠤᠯ ᠤᠨ ᠤᠯᠨ ᠵᠤᠯᠤᠭ᠂ | ᠲᠦᠷᠡᠢ ᠶᠢ ᠦᠬᠡᠷ ᠤᠨ ᠠᠷᠠᠰᠦ ᠪᠠᠷ ᠬᠢᠳᠡᠭ᠃ ᠮᠤᠷᠢᠨ ᠠᠷᠠᠰᠦ᠂ ᠢᠮᠠᠭᠠᠨ ᠠᠷᠠᠰᠦ ᠪᠠᠷ ᠤᠶᠤᠳᠠᠭ ᠴᠤ ᠪᠤᠢ᠃ | ᠠᠷᠠᠰᠤᠨ ᠭᠤᠳᠤᠯ ᠪᠤᠯ ᠮᠠᠯᠴᠢᠳ ᠤᠨ ᠵᠤᠨ ᠡᠪᠦᠯ ᠬᠡᠰᠡᠨ ᠦᠬᠡᠢ᠂ ᠬᠦᠭᠰᠢᠨ ᠵᠠᠯᠠᠭᠤ ᠬᠡᠰᠡᠨ ᠦᠬᠡᠢ ᠴᠦᠮ | ᠡᠮᠦᠰᠳᠡᠭ᠃ ᠪᠠᠭᠠᠷᠳᠠᠭ ᠭᠤᠳᠤᠯ ᠪᠤᠯ ᠠᠳᠤᠭᠤ ᠶᠢᠨ ᠰᠢᠷᠢ ᠪᠠᠷ ᠬᠢᠭᠰᠡᠨ ᠭᠤᠳᠤᠯ ᠮᠦᠨ᠃ ᠶᠡᠷᠦ ᠳᠡᠭᠡᠨ | ᠪᠦᠰᠡᠳᠡᠶᠢᠴᠤᠳ ᠬᠡᠬᠡᠷ᠎ᠠ ᠬᠦᠳᠡᠭᠡ ᠠᠵᠢᠯ ᠳᠤ ᠶᠠᠪᠤᠬᠤ ᠳᠤ ᠡᠮᠦᠰᠳᠡᠭ᠃ ᠲᠡᠷᠡ ᠨᠢ ᠲᠤᠯᠠᠭᠠᠨ᠂ ᠬᠦᠩᠬᠡᠨ ᠪᠦᠬᠡᠳ | ᠬᠦᠯ ᠳᠤ ᠲᠤᠬᠢᠳᠠᠢ ᠪᠠᠶᠢᠳᠠᠭ᠃ ᠢᠰᠡᠬᠡᠢ ᠭᠤᠳᠤᠯ ᠳᠤ ᠤᠶᠤᠮᠠᠯ ᠪᠠ ᠪᠤᠯᠭᠤᠮᠠᠯ ᠭᠤᠳᠤᠯ ᠬᠡᠬᠦ ᠬᠤᠶᠡᠷ ᠵᠦᠢᠯ ᠪᠤᠢ | ᠃ ᠤᠶᠤᠮᠠᠯ ᠢᠰᠡᠬᠡᠢ ᠭᠤᠳᠤᠯ ᠢ ᠶᠡᠷᠦ ᠳᠡᠭᠡᠨ ᠠᠷᠠᠰᠤᠨ ᠭᠤᠳᠤᠯ ᠤᠨ ᠵᠤᠯᠤᠬ ᠲᠠᠢ ᠬᠠᠮᠳᠤᠷᠠᠭᠤᠯᠤᠨ ᠤᠶᠤᠳᠠᠭ ᠨᠢ | ᠤᠯᠠᠨ ᠪᠤᠢ᠃ ᠢᠰᠡᠬᠡᠢ ᠭᠤᠳᠤᠯ ᠢ ᠡᠪᠦᠯ ᠡᠮᠦᠰᠬᠦ ᠳᠤ ᠲᠤᠯᠠᠭᠠᠨ ᠮᠦᠷᠳᠡᠬᠡᠨ ᠬᠦᠡᠭᠬᠡᠨ ᠪᠠᠶᠢᠳᠠᠭ᠃ ᠢᠰᠡᠬᠡᠢ ᠪᠠᠷ | ᠰᠢᠭᠤᠳ ᠵᠤᠯᠠᠵᠦ ᠪᠤᠯᠭᠤᠬᠰᠠᠨ ᠭᠤᠳᠤᠯ ᠢ ᠪᠤᠶᠢᠳᠤᠭ ᠬᠡᠵᠦ ᠨᠡᠷᠡᠯᠡᠨ᠎ᠠ᠃ ᠲᠤᠮᠦ ᠬᠦᠮᠦᠨ ᠪᠤᠶᠢᠳᠤᠬ ᠡᠮᠦᠰᠬᠦ ᠨᠢ | ᠶᠡᠭᠡ ᠬᠤᠪᠤᠷ᠂ ᠬᠠᠷᠢᠨ ᠬᠡᠤᠭᠡᠳ ᠢᠯᠡᠩᠭᠤᠶ᠎ᠠ ᠨᠢᠯᠬ᠎ᠠ ᠬᠡᠤᠭᠡᠳ ᠲᠤ ᠡᠮᠦᠰᠬᠡᠬᠦ ᠨᠢ ᠤᠯᠠᠨ᠃ ᠪᠤᠶᠢᠳᠤᠭ ᠤᠨ | ᠲᠦᠷᠡᠢ ᠶᠢ ᠪᠦᠴᠡ ᠪᠠᠷ ᠪᠦᠴᠡᠯᠠᠨ ᠤᠶᠠᠨ᠎ᠠ᠃ ᠪᠦᠰ ᠭᠤᠳᠤᠯ ᠢ ᠦᠬᠡᠳᠡᠩ ᠭᠤᠳᠤᠯ᠂ ᠤᠷᠢᠶᠡᠮᠡᠯ ᠭᠤᠳᠤᠯ᠂ | ᠬᠠᠳᠬᠤᠮᠠᠯ ᠭᠤᠳᠤᠯ᠂ ᠰᠢᠷᠢᠮᠡᠯ ᠭᠤᠳᠤᠯ ᠬᠡᠬᠦ ᠮᠡᠳᠦ ᠪᠠᠷ ᠢᠯᠭᠠᠵᠦ ᠨᠠᠷᠠᠯᠠᠨ᠎ᠠ᠃ ᠪᠦᠰ ᠭᠤᠳᠤᠯ ᠪᠤᠯ ᠲᠦᠷᠡᠢ᠂ | ᠵᠤᠯᠤᠬ᠂ ᠤᠯᠠ᠂ ᠬᠠᠪᠴᠢᠶᠡᠷᠢ᠂ ᠬᠤᠨᠭ᠍ᠰᠢᠶᠡᠷ ᠵᠡᠷᠬᠡ ᠪᠠᠷ ᠪᠦᠷᠢᠯᠳᠦᠨ᠎ᠠ᠃ ᠲᠦᠷᠡᠢ᠂ ᠵᠤᠯᠠᠭ᠂ ᠤᠯᠠ ᠶᠢ ᠤᠯᠠᠨ | ᠲᠠᠪᠬᠤᠷ ᠪᠦᠰ ᠢᠶᠠᠷ ᠨᠠᠭᠠᠵᠦ᠂ ᠭᠠᠳᠠᠷᠯᠠᠵᠦ ᠲᠤᠳᠤᠷᠯᠠᠭᠠᠳ ᠤᠶᠤᠵᠦ ᠪᠦᠳᠦᠬᠡᠳᠡᠭ᠃ ᠭᠤᠳᠤᠯ ᠤᠶᠤᠬᠤ ᠳᠤ | ᠬᠡᠷᠡᠭᠯᠡᠬᠦ ᠵᠦᠢᠯ ᠮᠤᠩᠭᠤᠯ ᠭᠤᠳᠤᠯ ᠤᠶᠤᠬᠤ ᠳᠤ ᠭᠤᠤᠯᠳᠠᠭᠤ ᠲᠠᠪᠤᠨ ᠬᠤᠰᠢᠭᠤ ᠮᠠᠯ ᠤᠨ ᠠᠷᠠᠰᠤ ᠶᠢ ᠢᠳᠡᠭᠡᠯᠡᠨ | ᠡᠯᠳᠡᠵᠤ ᠪᠤᠯᠪᠠᠰᠤᠷᠠᠭᠤᠯᠤᠨ ᠬᠢᠭᠰᠡᠨ ᠪᠤᠯᠢᠭᠠᠷᠢ᠂ ᠰᠢᠷᠢ᠂ ᠰᠠᠷᠢᠰᠤ᠂ ᠢᠯᠡᠭᠡ᠂ ᠰᠤᠷ ᠪᠠ ᠪᠤᠳᠠ ᠮᠠᠯ ᠤᠨ | ᠰᠢᠷᠪᠤᠰᠤ ᠶᠢ ᠬᠡᠷᠡᠭᠯᠡᠨ᠎ᠡ᠃ ᠪᠠᠰᠠ ᠨᠠᠷᠢᠨ ᠳᠠᠰᠮᠠ ᠰᠤᠷ᠂ ᠬᠢᠯᠭᠠᠰᠤ᠂ ᠤᠯᠤᠰᠤ᠂ ᠳᠦᠷᠡᠰᠤ᠂ ᠮᠢᠨᠳᠠᠰᠤ ᠵᠡᠷᠭᠡ ᠶᠢ | ᠬᠡᠷᠡᠭᠯᠡᠨ᠎ᠡ᠃ ᠭᠤᠳᠤᠯ ᠤᠨ ᠡᠯ᠎ᠡ ᠭᠡᠰᠡᠭ ᠤᠨ ᠨᠡᠷᠡᠶᠢᠳᠤᠯ ᠳᠦᠷᠡᠢ᠄ ᠭᠤᠳᠤᠯ ᠤᠨ ᠵᠤᠯᠤᠭ ᠤᠨ ᠳᠡᠭᠡᠷ᠎ᠡ ᠵᠠᠯᠭᠠᠬᠤ | ᠭᠡᠰᠡᠭ ᠢ ᠳᠦᠷᠡᠢ ᠭᠡᠨ᠎ᠡ᠃ ᠵᠤᠯᠤᠭ᠄ ᠭᠤᠳᠤᠯ ᠤᠨ ᠳᠦᠷᠡᠢ ᠶᠢᠨ ᠳᠤᠤᠷ᠎ᠠ ᠵᠠᠯᠭᠠᠬᠤ ᠭᠡᠰᠡᠭ ᠢ ᠵᠤᠯᠤᠭ ᠭᠡᠨ᠎ᠡ᠃ | ᠬᠠᠪᠴᠢᠶᠠᠷᠢ᠄ ᠭᠤᠳᠤᠯ ᠤᠨ ᠳᠦᠷᠡᠢ ᠪᠤᠯᠤᠨ ᠵᠤᠯᠤᠭ᠂ ᠳᠦᠷᠡᠢ ᠪᠤᠯᠤᠨ ᠳᠦᠷᠡᠢ ᠶᠢᠨ ᠵᠠᠯᠭᠠᠬᠤ ᠭᠡᠰᠡᠭ ᠲᠤ | ᠬᠠᠪᠴᠢᠭᠤᠯᠵᠤ ᠤᠶᠤᠬᠤ ᠭᠤᠷᠪᠠᠨ ᠮᠦᠷ ᠬᠠᠪᠳᠠᠭᠠᠢᠢᠯᠠᠵᠤ ᠵᠤᠰᠦᠭᠰᠡᠨ ᠰᠠᠷᠢᠰᠤ ᠶᠢ ᠬᠠᠪᠴᠢᠶᠠᠷᠢ ᠭᠡᠵᠤ ᠭᠡᠯᠡᠨ᠎ᠡ᠃ | ᠵᠠᠤᠵᠠᠢ᠄ ᠭᠤᠳᠤᠯ ᠤᠨ ᠦᠰᠤᠭᠡᠢ ᠶᠢᠨ ᠳᠤᠳᠤᠷ᠎ᠠ ᠲᠠᠯ᠎ᠠ ᠳᠤ ᠤᠶᠤᠬᠤ ᠰᠢᠷᠢ ᠶᠢ ᠬᠡᠯᠡᠨ᠎ᠡ᠃ ᠭᠤᠳᠤᠯ ᠤᠨ | ᠳᠦᠷᠡᠶᠢᠪᠴᠢ᠄ ᠭᠤᠳᠤᠯ ᠤᠨ ᠳᠦᠷᠡᠢ ᠶᠢᠨ ᠬᠦᠪᠡᠭᠡᠨ ᠳᠤ ᠳᠡᠭᠡᠭᠰᠢ ᠢᠯᠡᠬᠦᠤ ᠭᠠᠷᠭᠠᠵᠤ ᠤᠶᠤᠬᠤ ᠪᠠ | ᠦᠢᠮᠤᠰᠤᠨ ᠤ ᠳᠦᠷᠡᠢ ᠳᠤ ᠬᠠᠳᠠᠬᠤ ᠬᠦᠪᠡᠭᠡ ᠶᠢ ᠬᠡᠯᠡᠨ᠎ᠡ᠃ ᠭᠤᠳᠤᠯ ᠤᠨ ᠤᠯᠠ ᠶᠢᠨ ᠨᠡᠷᠡᠶᠢᠳᠤᠯ ᠶᠡᠭᠡ ᠤᠯᠠ | ᠭᠡᠳᠡᠭ ᠨᠢ ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ ᠭᠡᠳᠤᠨ ᠳᠠᠪᠬᠤᠷ ᠰᠢᠷᠢ ᠪᠠᠷ ᠳᠠᠪᠬᠤᠷᠯᠠᠭᠰᠡᠨ | ᠪᠠᠭ᠎ᠠ ᠤᠯᠠ ᠶᠢᠨ ᠳᠤᠤᠷ᠎ᠠ ᠳᠠᠪᠬᠤᠷᠯᠠᠬᠤ ᠭᠡᠰᠡᠭ ᠢ ᠶᠡᠭᠡ ᠤᠯᠠ ᠭᠡᠨ᠎ᠡ᠃ ᠪᠠᠭ᠎ᠠ ᠤᠯᠠ ᠭᠡᠳᠡᠭ ᠨᠢ ᠶᠡᠭᠡ | ᠤᠯᠠ ᠠᠴᠠ ᠪᠠᠭ᠎ᠠ ᠨᠢᠮᠭᠡᠨ ᠪᠤᠶᠤ ᠠᠳᠠᠯᠢ ᠵᠤᠵᠠᠭᠠᠨ ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ | ᠭᠡᠳᠤᠨ ᠳᠠᠪᠬᠤᠷ ᠰᠢᠷᠢ ᠶᠢᠨ ᠭᠡᠰᠡᠭ ᠢ ᠪᠠᠭ᠎ᠠ ᠤᠯᠠ ᠭᠡᠨ᠎ᠡ᠃ ᠪᠠᠭ᠎ᠠ ᠤᠯᠠ ᠶᠢᠨ ᠬᠦᠪᠡᠭᠡ ᠭᠡᠳᠡᠭ ᠨᠢ ᠪᠠᠭ᠎ᠠ | ᠤᠯᠠ ᠶᠢᠨ ᠬᠦᠪᠡᠭᠡ ᠶᠢ ᠳᠤᠭᠤᠷᠢᠭᠤᠯᠤᠨ ᠬᠦᠪᠡᠭᠡᠯᠡᠵᠤ ᠤᠶᠤᠭᠰᠡᠨ ᠰᠢᠷᠢ ᠪᠤᠶᠤ ᠰᠠᠷᠢᠰᠤ ᠶᠢ ᠬᠡᠯᠡᠨ᠎ᠡ᠃ | ᠭᠤᠳᠤᠯ ᠤᠨ ᠤᠯᠠ ᠭᠡᠳᠡᠭ ᠨᠢ ᠶᠡᠭᠡ ᠤᠯᠠ ᠶᠢᠨ ᠳᠡᠭᠡᠷ᠎ᠡ ᠨᠢ ᠪᠠᠭ᠎ᠠ ᠤᠯᠠ ᠪᠠᠨ ᠳᠠᠪᠬᠤᠷᠯᠠᠵᠤ ᠨᠠᠭᠠᠭᠠᠳ | ᠰᠢᠷᠢᠭᠰᠡᠨ ᠭᠡᠰᠡᠭ ᠢ ᠭᠤᠳᠤᠯ ᠤᠨ ᠤᠯᠠ ᠭᠡᠨ᠎ᠡ᠃ ᠭᠤᠳᠤᠯ ᠤᠶᠤᠬᠤ ᠬᠡᠷᠡᠭᠰᠡᠯ ᠵᠦᠰᠤᠬᠦᠷ᠂ ᠰᠡᠶᠢᠯᠤᠬᠦᠷ᠂ ᠵᠡᠬᠦᠤ᠂ | ᠳᠠᠪᠠᠨᠡ᠂ ᠪᠠᠬᠢ ᠦᠢᠯᠡ ᠶᠢᠨ ᠬᠠᠶᠢᠴᠢ᠂ ᠭᠠᠨᠭ᠌ ᠰᠢᠪᠦᠭᠡ᠂ ᠵᠤᠭᠤᠳᠠᠭ ᠵᠡᠷᠭᠡ ᠶᠢᠨ ᠪᠠᠭᠠᠵᠢ ᠶᠢ ᠬᠡᠷᠡᠭᠯᠡᠨ᠎ᠡ᠃ | ᠪᠠᠰᠠ ᠠᠶᠢᠯ ᠪᠦᠷᠢ ᠳᠤ ᠶᠡᠭᠡ ᠪᠠᠭ᠎ᠠ ᠬᠦᠮᠤᠨ ᠤ ᠡᠮᠤᠰᠬᠦ ᠬᠤᠪᠴᠠᠰᠤ ᠬᠤᠨᠠᠷ᠂ ᠭᠤᠳᠤᠯ ᠤᠨ ᠡᠯ᠎ᠡ ᠭᠡᠰᠡᠭ ᠤᠨ | ᠤᠯᠠᠨ ᠬᠡᠯᠪᠡᠷᠢ ᠶᠢᠨ ᠦᠯᠢᠭᠡᠷ ᠵᠬᠠᠪᠤᠷ ᠵᠡᠷᠭᠡ ᠵᠦᠢᠯ ᠢ ᠳᠡᠭᠡᠳᠤᠰ ᠠᠴᠠ ᠪᠠᠨ ᠤᠯᠠᠮᠵᠢᠯᠠᠨ ᠦᠯᠡᠳᠡᠭᠡᠭᠰᠡᠨ ᠪᠠᠶᠢᠳᠠᠭ | ᠶᠤᠮ᠃ |