ᠦᠯᠦᠭᠡᠢ ᠣᠯᠠᠮᠵᠢᠯᠠᠬᠤ ᠶᠤᠰᠤᠠ ᠭᠡᠵᠦ ᠠᠪᠤ ᠳᠡᠭᠡᠳᠦᠰ ᠤᠨ ᠦᠶ᠎ᠡ ᠳᠡᠭᠡᠨ ᠬᠡᠷᠡᠭᠯᠡᠵᠦ ᠪᠠᠶᠢᠭᠰᠠᠨ | ᠦᠯᠦᠭᠡᠢ ᠪᠠᠨ ᠬᠡᠥᠬᠡᠳ ᠤᠨ ᠦᠶ᠎ᠡ ᠳᠡᠭᠡᠨ ᠣᠯᠠᠮᠵᠢᠯᠠᠨ ᠬᠡᠷᠡᠭᠯᠡᠬᠦ ᠶᠢ ᠬᠡᠯᠡᠵᠦ ᠪᠠᠶᠢᠨ᠎ᠠ᠃ ᠰᠢᠨ᠎ᠡ ᠪᠠᠷ ᠪᠦᠲᠦᠭᠡᠭᠰᠡᠨ | ᠦᠯᠦᠭᠡᠢ ᠪᠠᠨ ᠮᠣᠩᠭᠤᠯᠴᠣᠳ ᠡᠪᠳᠡᠯᠡᠵᠦ ᠬᠠᠭᠠᠯᠬᠤ ᠦᠭᠡᠢ ᠬᠠᠳᠠᠭᠠᠯᠠᠵᠣ ᠲᠠᠯᠪᠢᠳᠠᠭ ᠪᠣᠯᠬᠤᠷ ᠵᠠᠷᠢᠮ ᠨᠢᠭᠡ | ᠦᠯᠦᠭᠡᠢ ᠶᠢ ᠭᠤᠷᠪᠠ ᠳᠦᠷᠪᠡᠨ ᠦᠶ᠎ᠡ ᠵᠠᠷᠣᠭᠰᠠᠨ ᠲᠡᠦᠬᠡ ᠲᠠᠢ ᠴᠦ ᠪᠠᠶᠢᠳᠠᠭ᠃ ᠬᠡᠷᠪᠡ ᠣᠯᠠᠮᠵᠢᠯᠠᠬᠤ ᠦᠯᠦᠭᠡᠢ | ᠦᠭᠡᠢ ᠪᠣᠶᠣ ᠰᠢᠨ᠎ᠡ ᠦᠯᠦᠭᠡᠢ ᠬᠢᠵᠦ ᠵᠠᠪᠳᠣᠬᠤ ᠦᠭᠡᠢ ᠪᠣᠯ ᠳᠠᠷᠣᠢ ᠬᠠᠭᠤᠴᠢᠨ ᠦᠯᠦᠭᠡᠢ ᠶᠢ ᠵᠢᠭᠡᠯᠡᠨ᠎ᠡ᠃ | ᠦᠯᠦᠭᠡᠢ ᠵᠢᠭᠡᠯᠡᠬᠦ ᠳᠡᠭᠡᠨ ᠪᠠᠰᠠ ᠰᠣᠩᠭᠤᠵᠣ ᠵᠢᠭᠡᠯᠡᠨ᠎ᠡ᠃ ᠦᠯᠦᠭᠡᠢ ᠵᠢᠭᠡᠯᠡᠬᠦ ᠠᠴᠠ ᠡᠮᠦᠨ᠎ᠡ ᠠᠪᠤ ᠡᠵᠢ ᠨᠢ ᠬᠡᠨ ᠤ | ᠦᠯᠦᠭᠡᠢ ᠨᠢ ᠶᠠᠮᠠᠷ ᠶᠠᠮᠠᠷ ᠬᠡᠦᠬᠡᠳ ᠢ ᠠᠮᠣᠷ ᠮᠡᠨᠳᠦ ᠦᠰᠬᠡᠭᠰᠡᠨ ᠭᠡᠵᠦ ᠬᠤᠷᠣᠭᠤ ᠳᠠᠷᠣᠵᠣ ᠬᠢᠮᠣᠰᠣ ᠨᠢᠰᠠᠯᠵᠣ | ᠪᠠᠶᠢᠭᠠᠳ ᠰᠠᠶ᠋ᠢ ᠵᠢᠭᠡᠯᠡᠬᠦ ᠦᠯᠦᠭᠡᠢ ᠪᠠᠨ ᠲᠣᠭᠲᠠᠭᠠᠳᠠᠭ ᠶᠣᠮ᠃ ᠦᠯᠦᠭᠡᠢ ᠵᠢᠭᠡᠯᠡᠬᠦ ᠳᠡᠭᠡᠨ ᠬᠦᠦ ᠬᠦᠰᠡᠵᠦ | ᠪᠠᠶᠢᠬᠤ ᠨᠢ ᠬᠦᠦ ᠠᠷᠪᠢᠨ ᠦᠰᠭᠡᠭᠰᠡᠨ ᠦᠯᠦᠭᠡᠢ ᠶᠢ ᠵᠢᠭᠡᠯᠡᠵᠦ᠂ ᠦᠬᠢᠨ ᠬᠦᠰᠡᠵᠦ ᠪᠠᠶᠢᠬᠤ ᠨᠢ ᠦᠬᠢᠨ ᠠᠷᠪᠢᠨ | ᠬᠦᠮᠦᠨ ᠤ ᠦᠯᠦᠭᠡᠢ ᠶᠢ ᠵᠢᠭᠡᠯᠡᠳᠡᠭ᠃ ᠦᠯᠦᠭᠡᠢ ᠪᠠᠰᠠ ᠠᠳᠠᠯᠢ ᠦᠭᠡᠢ᠃ ᠵᠠᠷᠢᠮ ᠦᠯᠦᠭᠡᠢ ᠳᠤ ᠬᠡᠪᠲᠡᠭᠰᠡᠨ | ᠬᠡᠦᠬᠡᠳ ᠨᠢ ᠬᠡᠳᠦ᠋ᠢᠢᠪᠡᠷ ᠡᠪᠡᠳᠴᠢᠨ ᠦᠭᠡᠢ ᠪᠣᠯᠪᠠᠴᠣ ᠴᠠᠶᠢᠯᠵᠠᠵᠣ ᠪᠦᠭᠡᠯᠵᠢᠭᠡᠳ ᠯᠡ ᠪᠠᠶᠢᠳᠠᠭ᠃ ᠵᠠᠷᠢᠮ | ᠦᠯᠦᠭᠡᠢ ᠳᠤᠨᠢ ᠬᠡᠦᠬᠡᠳ ᠬᠡᠪᠲᠡᠭᠰᠡᠭᠡᠷ ᠯᠡ ᠡᠪᠡᠳᠴᠢᠨ ᠠᠷᠬᠠᠭ ᠲᠣᠬᠲᠠᠳᠠᠭ᠃ ᠡᠶᠢᠮᠦ ᠦᠯᠦᠭᠡᠢ ᠶᠢ ᠪᠣᠯ | ᠰᠡᠵᠢᠭᠯᠡᠭᠡᠳ ᠵᠢᠭᠡᠯᠡᠳᠡᠭ ᠦᠭᠡᠢ ᠪᠠᠶᠢᠳᠠᠭ᠃ ᠬᠡᠷᠪᠡ ᠠᠷᠪᠢᠨ ᠬᠡᠦᠬᠡᠳ ᠢ ᠠᠮᠣᠷ ᠲᠦᠪᠰᠢᠨ ᠦᠰᠬᠡᠭᠰᠡᠨ | ᠦᠯᠦᠭᠡᠢ ᠶᠢ ᠪᠣᠯ ᠬᠦᠮᠦᠰ ᠪᠣᠯᠢᠶᠠᠯᠳᠣᠵᠣ ᠪᠠᠶᠢᠭᠠᠳ ᠵᠢᠭᠡᠯᠡᠵᠦ ᠪᠠᠶᠢᠳᠠᠭ᠃ ᠡᠨᠡ ᠪᠣᠯ ᠬᠡᠦᠬᠡᠳ ᠢᠶᠠᠨ ᠠᠮᠣᠷ | ᠲᠦᠪᠰᠢᠨ ᠦᠰᠬᠡᠬᠦ ᠶᠢ ᠪᠣᠳᠣᠵᠣ ᠪᠠᠶᠢᠨ᠎ᠠ᠃ ᠬᠤᠶᠠᠷ ᠲᠤ᠂ ᠰᠢᠷ᠎ᠠ ᠶᠢᠨ ᠱᠠᠰᠢᠨ ᠤ ᠨᠦᠯᠦᠭᠡ ᠪᠠᠷ ᠬᠡᠦᠬᠡᠳ | ᠬᠠᠵᠠᠭᠰᠠᠨ ᠦᠯᠦᠭᠡᠢ ᠪᠣᠯ ᠪᠠᠰᠠ ᠬᠡᠦᠬᠡᠳ ᠬᠠᠵᠠᠬᠤ ᠵᠠᠩ ᠲᠠᠢ ᠭᠡᠳᠡᠭ ᠵᠣᠷᠰᠢᠯ ᠠᠴᠠ ᠪᠣᠯᠵᠣ ᠪᠠᠶᠢᠨ᠎ᠠ᠃ | ᠦᠯᠦᠭᠡᠶᠢᠳᠡᠬᠦ ᠬᠡᠦᠬᠡᠳ ᠲᠤ ᠰᠠᠶᠢᠨ ᠲᠠᠢ ᠲᠠᠯ᠎ᠠ ᠪᠠᠶᠢᠬᠤ ᠳᠤ ᠡᠮᠵᠡᠭ ᠲᠠᠢ ᠲᠠᠯ᠎ᠠ ᠪᠠᠰᠠ ᠪᠠᠶᠢᠵᠣ ᠪᠠᠶᠢᠨ᠎ᠠ᠃ | ᠵᠢᠱᠢᠶᠡᠯᠡᠪᠡᠯ᠄ ᠬᠡᠲᠦᠷᠬᠡᠢ ᠪᠠᠷᠢᠵᠣ ᠣᠶᠠᠭᠰᠠᠨ ᠠᠴᠠ ᠪᠣᠯᠵᠣ ᠪᠣᠭᠤᠭᠳᠠᠭᠠᠳ ᠪᠡᠶ᠎ᠡ ᠨᠢ ᠦᠰᠬᠦ ᠦᠭᠡᠢ ᠪᠣᠯᠬᠤ ᠪᠣᠶᠣ | ᠬᠦᠴᠦᠲᠡᠢ ᠠᠷᠭᠠᠳᠠᠭᠰᠠᠨ ᠠᠴᠠ ᠪᠣᠯᠵᠣ ᠬᠡᠦᠬᠡᠳ ᠨᠢ ᠲᠣᠯᠣᠭᠠᠢ ᠡᠪᠡᠳᠬᠦ ᠡᠪᠡᠳᠴᠢᠨ ᠲᠠᠢ ᠪᠣᠯᠣᠭᠰᠠᠨ ᠵᠡᠷᠭᠡ | ᠦᠵᠡᠭᠳᠡᠯ ᠣᠷᠣᠰᠢᠵᠣ ᠪᠠᠶᠢᠳᠠᠭ᠃ ᠭᠡᠪᠡᠴᠦ ᠮᠣᠩᠭᠤᠯ ᠦᠯᠦᠭᠡᠢ ᠶᠢᠨ ᠵᠠᠩ ᠦᠢᠯᠡ ᠠᠴᠠ ᠪᠢᠳᠡ ᠮᠣᠩᠭᠤᠯ | ᠦᠯᠦᠭᠡᠢ ᠨᠢ ᠮᠣᠩᠭᠤᠯᠴᠣᠳ ᠲᠤ ᠵᠣᠬᠢᠬᠤ ᠬᠡᠮᠵᠢᠶᠡᠨ ᠤ ᠦᠢᠯᠡᠳᠦᠯ ᠢᠶᠠᠨ ᠦᠵᠡᠭᠦᠯᠵᠦ ᠪᠠᠶᠢᠭᠰᠠᠨ ᠢ ᠮᠡᠳᠡᠵᠦ | ᠪᠣᠯᠬᠤ ᠪᠦᠭᠡᠳ ᠦᠯᠦᠭᠡᠢ ᠶᠢᠨ ᠪᠠᠶᠢᠷᠢ ᠰᠠᠭᠤᠷᠢ ᠶᠠᠮᠠᠷ ᠵᠡᠷᠭᠡ ᠪᠠᠶᠢᠭᠰᠠᠨ ᠢ ᠣᠶᠢᠯᠠᠭᠠᠵᠣ ᠪᠣᠯᠣᠨ᠎ᠠ᠃ ᠣᠳᠣ ᠮᠠᠨ ᠤ | ᠦᠨᠳᠦᠰᠦᠲᠡᠨ ᠤ ᠵᠠᠩ ᠦᠢᠯᠡ ᠶᠢᠨ ᠲᠣᠬᠠᠢ ᠰᠣᠳᠣᠯᠭᠠᠨ ᠤ ᠠᠵᠢᠯ ᠲᠣᠩ ᠪᠠᠭᠤᠷᠠᠢ ᠶᠠᠪᠣᠭᠳᠠᠵᠣ ᠪᠠᠶᠢᠨ᠎ᠠ᠃ | ᠭᠤᠣᠯ ᠰᠢᠯᠲᠠᠭᠠᠨ ᠨᠢ ᠦᠨᠳᠦᠰᠦᠲᠡᠨ ᠤ ᠲᠦᠷᠦ ᠶᠢᠨ ᠪᠣᠳᠣᠯᠭ᠎ᠠ ᠶᠢ ᠲᠡᠶᠢᠮᠦ ᠰᠠᠶᠢᠨ ᠲᠣᠣᠱᠯᠠᠭᠤᠯᠣᠨ | ᠬᠡᠷᠡᠭᠵᠢᠭᠦᠯᠵᠦ ᠪᠠᠶᠢᠬᠤ ᠦᠭᠡᠢ ᠳᠤ ᠣᠷᠣᠰᠢᠨ᠎ᠠ᠃ ᠵᠠᠷᠢᠮ ᠦᠶ᠎ᠡ ᠳᠤ ᠭᠡᠯᠡᠬᠦ ᠶᠢᠨ ᠳᠠᠳᠤᠢ ᠭᠡᠯᠡᠭᠡᠤᠨ ᠪᠣᠲᠠᠲᠠᠢ | ᠠᠵᠢᠯ ᠤᠨ ᠨᠦᠬᠦᠴᠡᠯ ᠢ ᠪᠦᠷᠢᠯᠳᠦᠭᠦᠯᠦᠨ ᠦᠭᠬᠦ ᠦᠭᠡᠢ᠃ ᠨᠡᠩ ᠴᠢᠬᠤᠯᠠ ᠨᠢ ᠵᠠᠷᠢᠮ ᠰᠣᠶᠣᠯ ᠳᠣᠷᠣᠢ | ᠣᠳᠣᠷᠢᠳᠣᠯᠭ᠎ᠠ ᠪᠠ ᠳᠠᠷᠤᠭ᠎ᠠ ᠨᠠᠷ ᠦᠨᠳᠦᠰᠦᠲᠡᠨ ᠤ ᠵᠠᠩ ᠦᠢᠯᠡ ᠶᠢ ᠬᠦᠨᠳᠦᠳᠬᠡᠨ ᠦᠵᠡᠬᠦ ᠦᠭᠡᠢ ᠪᠦᠭᠡᠳ | ᠦᠨᠳᠦᠰᠦᠲᠡᠨ ᠤ ᠵᠠᠩ ᠦᠢᠯᠡ ᠶᠢ ᠴᠢᠬᠤᠯᠠᠴᠢᠯᠠᠨ ᠦᠵᠡᠬᠦ ᠵᠢᠭᠠᠪᠣᠷᠢ ᠶᠢ ᠬᠠᠰᠢ ᠶᠠᠰᠢ ᠪᠠᠷ ᠪᠡᠶᠡᠯᠡᠭᠦᠯᠵᠦ | ᠪᠠᠶᠢᠬᠤ ᠠᠴᠠ ᠪᠣᠯᠵᠠᠢ᠃ ᠮᠠᠨ ᠤ ᠵᠠᠷᠢᠮ ᠰᠡᠭᠡᠭᠡᠲᠡᠨ ᠪᠠ ᠣᠶᠣᠲᠠᠨ ᠨᠠᠷ ᠴᠦ ᠪᠠᠶᠢᠷᠢ ᠰᠠᠭᠤᠷᠢ ᠡᠷᠬᠡ ᠠᠰᠢᠭ ᠢ | ᠪᠣᠳᠣᠯᠬᠢᠯᠠᠳᠠᠭ ᠠᠴᠠ ᠪᠢᠰᠢ᠂ ᠦᠨᠳᠦᠰᠦᠲᠡᠨ ᠤ ᠪᠠᠨ ᠵᠠᠩ ᠵᠠᠩᠰᠢᠯ ᠢ ᠬᠠᠶᠠᠭᠠᠨ ᠳᠠᠭᠠᠨ ᠬᠠᠶᠠᠵᠣ ᠳᠡᠮᠡᠢ ᠢᠯᠡ ᠲᠠᠢ | ᠠᠵᠢᠯ ᠪᠢᠰᠢ ᠭᠡᠵᠦ ᠦᠵᠡᠭᠰᠡᠨ ᠠᠴᠠ ᠰᠢᠨᠵᠢᠯᠡᠬᠦ ᠣᠬᠠᠭᠠᠨ ᠤ ᠬᠦᠷᠢᠶ᠎ᠡ ᠬᠡᠪᠴᠢᠶᠡᠨ ᠳᠤ ᠲᠣᠭᠠᠴᠠᠭᠳᠠᠬᠤ ᠦᠭᠡᠢ | ᠪᠣᠯᠵᠣ ᠪᠠᠶᠢᠨ᠎ᠠ᠃ ᠬᠡᠷᠪᠡ ᠡᠨᠡ ᠮᠣᠩᠭᠤᠯ ᠦᠯᠦᠭᠡᠢ ᠶᠢ ᠦᠭᠡᠷᠡᠴᠢᠯᠡᠭᠡᠳ ᠴᠠᠬᠢᠯᠭᠠᠨ ᠬᠦᠳᠡᠯᠪᠣᠷᠢ ᠲᠠᠢ ᠪᠣᠯᠭᠠᠨ᠂ | ᠴᠠᠭ ᠤᠨ ᠴᠣᠬᠢᠯᠭ᠎ᠠ ᠮᠡᠲᠦ ᠨᠠᠰᠢ ᠴᠠᠰᠢ ᠠᠶᠢᠵᠠᠮ ᠴᠣᠬᠢᠯᠭ᠎ᠠ ᠲᠠᠢ᠂ ᠪᠠᠰᠠ ᠳᠡᠭᠡᠷ᠎ᠡ ᠨᠢ ᠪᠦᠪᠡᠢ ᠶᠢᠨ ᠳᠠᠭᠤᠣ ᠲᠠᠢ | ᠪᠣᠯᠭᠠᠪᠠᠯ ᠨᠡᠩ ᠰᠢᠨᠵᠢᠯᠡᠬᠦ ᠣᠬᠠᠭᠠᠨᠴᠢ᠂ ᠨᠡᠩ ᠣᠳᠣᠬᠢᠴᠢᠯᠠᠭᠰᠠᠨ ᠪᠠᠶᠢᠵᠣ ᠪᠣᠯᠣᠨ᠎ᠠ᠃ ᠭᠡᠲᠡᠯ᠎ᠡ ᠦᠯᠦᠭᠡᠢ ᠶᠢᠨ | ᠠᠴᠢ ᠲᠣᠰᠠ᠂ ᠬᠡᠷᠡᠭᠴᠡᠭᠡ ᠶᠢ ᠡᠳᠦᠭᠡ ᠪᠣᠯᠲᠠᠯ᠎ᠠ ᠰᠣᠳᠣᠯᠬᠤ ᠬᠦᠮᠦᠨ ᠦᠭᠡᠢ ᠪᠠᠶᠢᠬᠤ ᠨᠢ ᠦᠨᠳᠦᠰᠦᠲᠡᠨ ᠤ ᠪᠠᠨ | ᠵᠠᠩ ᠦᠢᠯᠡ ᠶᠢ ᠰᠣᠳᠣᠯᠵᠣ ᠪᠠᠶᠢᠭ᠎ᠠ ᠬᠦᠮᠦᠰ ᠪᠠᠭ᠎ᠠ ᠪᠠᠶᠢᠬᠤ ᠶᠢ ᠭᠡᠷᠡᠴᠢᠯᠡᠵᠦ ᠪᠠᠶᠢᠨ᠎ᠠ᠃ ᠡᠶᠢᠮᠦ ᠠᠴᠠ | ᠮᠣᠩᠭᠤᠯᠴᠣᠳ ᠦᠨᠳᠦᠰᠦᠲᠡᠨ ᠤ ᠪᠠᠨ ᠵᠠᠩ ᠦᠢᠯᠡ ᠶᠢ ᠰᠣᠳᠣᠯᠣᠨ ᠰᠢᠨᠵᠢᠯᠡᠵᠦ ᠵᠠᠯᠭᠠᠮᠵᠢᠯᠠᠨ ᠬᠦᠭᠵᠢᠭᠦᠯᠬᠦ ᠶᠢᠨ | ᠲᠦᠯᠦᠭᠡ ᠴᠢᠷᠮᠠᠶᠢᠬᠤ ᠬᠡᠷᠡᠭᠲᠡᠢ ᠭᠡᠰᠡᠨ ᠡᠭᠦᠷᠭᠡ ᠬᠦᠮᠦᠨ ᠪᠦᠬᠦᠨ ᠳᠤ ᠲᠣᠯᠭᠠᠷᠠᠵᠣ ᠪᠠᠶᠢᠨ᠎ᠠ᠃ ︵ᠨᠠᠮᠵᠢᠯᠳᠣᠷᠵᠢ᠂ | ᠨ᠊ · ᠪᠦᠬᠡᠬᠠᠳᠠ︶ |