ᠵᠤᠯᠠ ᠶᠢᠨ ᠬᠤᠷᠢᠨ ᠲᠠᠪᠤᠨ
ᠨᠡᠶᠢᠲᠡᠯᠡᠭᠰᠡᠨ ᠴᠠᠭ᠄
2019-04-26
      ᠮᠤᠩᠭᠤᠯᠴᠤᠳ ᠡᠪᠤᠯ ᠤᠨ ᠲᠡᠷᠢᠬᠦᠨ ᠰᠠᠷ᠎ᠠ ᠶᠢᠨ ᠪᠢᠯᠢᠭ ᠤᠨ ᠤᠯᠠᠷᠢᠯ ᠤᠨ ᠬᠤᠷᠢᠨ ᠲᠠᠪᠤᠨ ᠤ ᠡᠳᠤᠷ ᠢ ᠵᠤᠯᠠ ᠶᠢᠨ ᠬᠤᠷᠢᠨ ᠲᠠᠪᠤᠨ᠂ ᠵᠤᠯᠠ ᠶᠢᠨ ᠪᠠᠶᠠᠷ ᠭᠡᠳᠡᠭ᠃ ᠵᠤᠯᠠ ᠶᠢᠨ ᠬᠤᠷᠢᠨ ᠲᠠᠪᠤᠨ ᠳᠤ ᠮᠤᠩᠭᠤᠯᠴᠤᠳ ᠪᠤᠶᠠᠨ ᠦᠢᠯᠡᠳᠴᠤ᠂ ᠨᠤᠮ ᠬᠤᠷᠠᠵᠤ᠂ ᠵᠤᠯᠠ ᠡᠷᠬᠦᠳᠡᠭ᠃ ᠵᠤᠯᠠ ᠶᠢᠨ ᠬᠤᠷᠢᠨ ᠲᠠᠪᠤᠨ ᠢ ᠽᠦᠩᠺᠡ᠊ ᠥ᠎ᠠ ᠪᠤᠷᠬᠠᠨ ᠤᠷᠴᠢᠯᠠᠩ ᠳᠤ ᠮᠡᠨᠳᠤᠯᠡᠵᠤ ᠮᠡᠯᠮᠡᠢ ᠬᠡᠶᠢᠭᠰᠡᠨ ᠡᠳᠤᠷ ᠭᠡᠳᠡᠭ᠃ ᠽᠦᠩᠺᠡ᠊ ᠥ᠎ᠠ ᠪᠤᠷᠬᠠᠨ 1357 ᠤᠨ ᠳᠤ ᠮᠡᠨᠳᠤᠯᠡᠵᠤ᠂ 63 ᠨᠠᠰᠤᠨ ᠳᠠᠭᠠᠨ ᠲᠠᠭᠠᠯᠠᠯ ᠲᠡᠬᠦᠰᠴᠠᠢ᠃ ᠲᠡᠷᠠ ᠴᠠᠭ ᠠᠴᠠ ᠬᠤᠶᠢᠰᠢ ᠵᠢᠯ ᠤᠨ ᠡ᠊ᠨᠠ ᠡᠳᠤᠷ ᠢ ᠵᠤᠯᠠ ᠶᠢᠨ ᠬᠤᠷᠢᠨ ᠲᠠᠪᠤᠨ ᠭᠡᠮᠡᠨ ᠲᠡᠮᠳᠡᠭᠯᠡᠵᠤ ︽ᠳ᠋ᠦᠩᠴᠢᠳ︾ ᠪᠤᠶᠤ ᠮᠢᠩᠭᠠᠨ ᠲᠠᠬᠢᠯ ᠤᠨ ᠵᠤᠯᠠ ᠬᠦᠵᠢ ᠡᠷᠬᠦᠵᠤ ᠶᠡᠭᠡ ᠬᠤᠷᠠᠯ ᠬᠤᠷᠠᠳᠠᠭ ᠪᠠᠶᠢᠨ᠎ᠠ᠃ ᠡ᠊ᠨᠠ ᠡᠳᠤᠷ ᠰᠦᠰᠥᠭᠳᠡᠨ ᠨᠠᠷ ᠮᠠᠴᠠᠭ ᠪᠠᠷᠢᠵᠤ ᠵᠤᠯᠠ ᠡᠷᠬᠦᠵᠤ᠂ ᠠᠷᠪᠠᠨ ᠬᠠᠷ᠎ᠠ ᠨᠢᠬᠦᠯ ᠢ ᠲᠡᠪᠴᠢᠨ᠂ ᠪᠡᠶ᠎ᠠ᠂ ᠬᠡᠯᠡ᠂ ᠰᠡᠳᠬᠢᠯ ᠢᠶᠠᠨ ᠠᠷᠢᠭᠤᠰᠬᠠᠨ ᠪᠤᠶᠠᠨ ᠦᠢᠯᠡᠳᠪᠡᠰᠤ ᠡᠷᠬᠦᠭᠰᠡᠨ ᠨᠢᠭᠡ ᠵᠤᠯᠠ ᠨᠢ ᠮᠢᠩᠭ᠎ᠠ ᠪᠤᠯᠵᠤ᠂ ᠤᠩᠰᠢᠭᠰᠠᠨ ᠨᠢᠭᠡ ᠮᠠᠨᠢ ᠨᠢ ᠲᠦᠮᠠ ᠪᠤᠯᠵᠤ ᠠᠷᠪᠢᠵᠢᠳᠠᠭ᠃ ᠡ᠊ᠨᠠ ᠡᠳᠤᠷ ᠢ ᠶᠡᠭᠡ ᠪᠤᠶᠠᠨ ᠬᠤᠷᠢᠶᠠᠨ᠎ᠠ ᠭᠡᠳᠡᠭ᠃ ᠪᠠᠰᠠ ᠨᠢᠭᠡᠨ ᠦᠢᠯᠠ ᠶᠠᠪᠤᠳᠠᠯ ᠢ ᠮᠤᠩᠭᠤᠯᠴᠤᠳ ᠡᠪᠤᠯ ᠢᠳᠡᠬᠦ ᠢᠳᠡᠰᠢ ᠪᠠᠨ ᠬᠤᠷᠢᠨ ᠲᠠᠪᠤᠨ ᠤ ᠡᠳᠤᠷ ᠠᠴᠠ ᠡᠮᠤᠨ᠎ᠠ ᠲᠦᠬᠦᠭᠡᠷᠴᠤ ᠲᠠᠭᠤᠰᠤᠭᠠᠳ ᠤᠯᠠᠨ ᠠᠮᠢᠳᠠᠨ ᠤ ᠠᠮᠢ ᠲᠠᠰᠤᠯᠤᠭᠰᠠᠨ ᠨᠢᠬᠦᠯ ᠢᠶᠠᠨ ᠨᠠᠮᠠᠨᠴᠢᠯᠠᠵᠤ ᠵᠤᠯᠠ ᠶᠢᠨ ᠬᠤᠷᠢᠨ ᠲᠠᠪᠤᠨ ᠤ ᠬᠤᠷᠠᠯ ᠢ ᠲᠠᠭᠠᠨ ᠪᠠᠶᠠᠰᠴᠤ᠂ ᠡᠨᠡᠬᠦ ᠦᠢᠯᠠ ᠠᠴᠠ ᠬᠤᠶᠢᠰᠢ ᠪᠠᠶᠢᠭᠠᠯᠢ ᠶᠢᠨ ᠠᠩ ᠠᠮᠢᠳᠠᠨ ᠢ ᠬᠦᠨᠤᠭᠡᠵᠤ ᠰᠦᠢᠳᠭᠡᠵᠤ ᠪᠤᠯᠳᠠᠭ ᠦᠭᠡᠢ ᠵᠠᠩᠰᠢᠯ ᠲᠠᠢ ᠪᠤᠯᠵᠠᠢ᠃ ᠮᠤᠩᠭᠤᠯᠴᠤᠳ ᠵᠤᠯᠠ ᠡᠷᠬᠦᠬᠦ ᠳᠡᠭᠡᠨ ᠦᠨᠤ ᠪᠠ ᠬᠤᠶᠢᠳᠤ ᠶᠢᠨ ᠪᠤᠶᠠᠨ ᠦᠭᠡᠳᠠ ᠪᠤᠯᠤᠭᠰᠠᠳ ᠢ ᠰᠠᠶᠢᠨ ᠲᠦᠷᠤᠯ ᠤᠯᠬᠤ ᠶᠢ ᠢᠷᠤᠭᠡᠵᠤ ᠵᠤᠯᠠ ᠡᠷᠬᠦᠳᠡᠭ᠃ ᠵᠤᠯᠠ ᠶᠢᠨ ᠭᠤᠥᠯ ᠤᠷᠢᠶᠠᠵᠤ ᠪᠤᠢ ᠦᠶ᠎ᠠ ᠳᠡᠭᠡᠨ ᠭᠤᠷᠪᠠᠨ ᠪᠤᠷᠬᠠᠨ ᠤ ᠵᠢᠷᠤᠭᠡᠨ ᠲᠠᠷᠨᠢ ᠪᠤᠶᠤ ︽ᠤᠮ ᠠᠷᠠ ᠪᠠ ᠵᠠ ᠨᠠ ᠳ᠋ᠢ︾ ︽ᠤᠮᠠ ᠪᠠᠽᠠᠷ ᠸᠠᠨᠢ ᠬᠤᠮ ᠫᠠᠳ︾ ᠵᠡᠷᠭᠡ ᠶᠢᠨ ᠲᠠᠷᠨᠢ ᠨᠤᠭᠤᠳ ᠢ ᠤᠩᠰᠢᠵᠤ ᠪᠠᠶᠢᠪᠠᠯ ᠰᠠᠶᠢᠨ ᠭᠡᠳᠡᠭ᠃ ᠵᠤᠯᠠ ᠡᠷᠬᠦᠬᠦ ᠳᠡᠭᠡᠨ ᠪᠠᠰᠠ ᠢᠳᠡᠰᠢᠨ ᠳᠤ ᠪᠠᠯᠠᠳᠬᠡᠭᠰᠡᠨ ᠮᠠᠯ ᠤᠨ ᠢᠶᠠᠨ ᠪᠠᠷᠠᠭᠤᠨ ᠪᠦᠭᠡᠷ᠎ᠠ ᠶᠢᠨ ᠦᠭᠡᠬᠦ ᠶᠢ ᠬᠠᠶᠢᠯᠭᠠᠨ ᠵᠤᠯᠠ ᠡᠷᠬᠦᠳᠡᠭ ᠵᠠᠩᠰᠢᠯ ᠪᠤᠢ᠃ ︵︽ᠪᠠᠶᠠᠨᠨᠠᠭᠤᠷ ᠮᠤᠩᠭᠤᠯ ᠰᠦᠯᠵᠢᠶ᠎ᠠ︾ ᠠᠴᠠ︶
 
ᠢᠷᠡᠯᠲᠡ᠄ ︽ᠪᠠᠶᠠᠨᠨᠠᠭᠤᠷ ᠮᠤᠩᠭᠤᠯ ᠰᠦᠯᠵᠢᠶ᠎ᠠ︾ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号