ᠡᠷᠲᠡᠨ ᠤ ᠮᠤᠩᠭᠤᠯ ᠤᠨ ᠬᠠᠥᠯᠢ ᠴᠠᠭᠠᠵᠠ
ᠨᠡᠶᠢᠲᠡᠯᠡᠭᠰᠡᠨ ᠴᠠᠭ᠄
2019-04-26
     ᠮᠣᠩᠭᠤᠯᠴᠣᠳ ᠪᠣᠯ ᠡᠷᠳᠡᠨ ᠤ ᠮᠣᠩᠭᠤᠯ ᠠᠶᠢᠮᠠᠭ ᠢᠶᠠᠷ ᠰᠠᠭᠤᠷᠢᠯᠠᠵᠣ᠂ ᠪᠠᠷᠤᠭ ᠨᠠᠶᠢᠳᠡ ᠶᠢᠨ ᠣᠨ ᠲᠣᠭᠠᠯᠠᠯ ᠤᠨ 8 ᠳ᠋ᠣᠭᠠᠷ ᠵᠠᠭᠤᠨ ᠤ ᠲᠣᠮᠳᠠᠴᠢ ᠪᠠᠷ ᠡᠷᠭᠦᠨ᠎ᠠ ᠭᠤᠣᠯ ᠤᠨ ᠰᠠᠪᠠ ᠭᠠᠵᠠᠷ ᠠᠴᠠ ᠮᠣᠩᠭᠤᠯ ᠤᠨ ᠦᠨᠳᠦᠷᠯᠢᠭ ᠤᠨ ᠲᠦᠪ ᠣᠷᠣᠨ ᠵᠦᠭ ᠨᠡᠭᠦᠳᠡᠯᠯᠡᠵᠣ᠂ ᠮᠣᠩᠭᠤᠯ ᠤᠨ ᠦᠨᠳᠦᠷᠯᠢᠭ ᠤᠨ ᠦᠷᠭᠡᠨ ᠠᠭᠤᠳᠠᠮ ᠨᠤᠳᠤᠭ ᠢᠶᠠᠷ ᠦᠶ᠎ᠠ ᠣᠯᠠᠷᠢᠨ ᠣᠷᠣᠰᠢᠨ ᠠᠮᠢᠳᠣᠷᠠᠭᠰᠠᠭᠠᠷ ᠢᠷᠡᠵᠡᠢ᠃ ᠪᠠᠶᠢᠭᠠᠯᠢ ᠠᠬᠤᠢ ᠪᠠᠨ ᠲᠦᠰᠢᠨ᠂ ᠨᠠᠭᠦᠳᠡᠯᠯᠡᠨ ᠠᠮᠢᠳᠣᠷᠠᠬᠤ ᠪᠠᠷ ᠭᠤᠣᠯ ᠠᠷᠭ᠎ᠠ ᠪᠠᠷᠢᠯ ᠢᠶᠠᠨ ᠪᠣᠯᠭᠠᠭᠰᠠᠨ ᠮᠣᠩᠭᠤᠯᠴᠣᠳ ᠡᠷᠳᠡ ᠲᠡᠭᠡᠳᠦ ᠠᠴᠠ ᠪᠠᠨ ᠪᠠᠶᠢᠭᠠᠯᠢ ᠶᠢᠷᠳᠢᠨᠴᠦ ᠯᠦᠭᠡ ᠡᠶ᠎ᠡ ᠨᠠᠶᠢᠷᠠᠮᠳᠠᠭᠤ ᠣᠷᠣᠰᠢᠵᠣ᠂ ᠪᠠᠶᠢᠭᠠᠯᠢ ᠶᠢᠨ ᠣᠷᠴᠢᠨ ᠲᠣᠭᠤᠷᠢᠨ ᠢᠶᠠᠨ ᠬᠠᠮᠠᠭᠠᠯᠠᠵᠣ᠂ ᠠᠵᠣ ᠠᠮᠢᠳᠣᠷᠠᠯ ᠢᠶᠠᠨ ᠦᠭᠡᠳᠡᠯᠡᠭᠦᠯᠦᠭᠰᠡᠭᠡᠷ ᠢᠷᠡᠭᠰᠡᠨ ᠪᠠᠶᠢᠨ᠎ᠠ᠃ ᠶᠠᠭ ᠡᠶᠢᠮᠣ ᠠᠴᠠ ᠮᠣᠩᠭᠤᠯ ᠤᠨ ᠡᠷᠳᠡᠨ ᠤ ᠬᠠᠥᠯᠢ ᠲᠦᠷᠢᠮ ᠳᠤ ᠪᠠᠶᠢᠭᠠᠯᠢ ᠶᠢᠨ ᠣᠷᠴᠢᠨ ᠲᠣᠭᠤᠷᠢᠨ ᠢᠶᠠᠨ ᠬᠠᠮᠠᠭᠠᠯᠠᠬᠤ᠂ ᠪᠠᠶᠢᠭᠠᠯᠢ ᠶᠢᠷᠳᠢᠨᠴᠣ ᠯᠦᠭᠡ ᠡᠶ᠎ᠡ ᠨᠠᠶᠢᠷᠳᠠᠢ ᠣᠷᠣᠰᠢᠬᠤ ᠣᠬᠠᠮᠰᠠᠷ ᠨᠡᠶᠢᠳᠡᠮ ᠲᠣᠣᠱᠯᠠᠭᠤᠯᠤᠭᠳᠠᠵᠤ ᠪᠤᠢ᠃ ᠮᠣᠩᠭᠤᠯ ᠤᠨ ᠡᠷᠳᠡᠨ ᠤ ᠬᠠᠥᠯᠢ ᠲᠦᠷᠢᠮ ᠤᠨ ᠣᠯᠠᠷᠢᠯ ᠬᠦᠭᠵᠢᠯ ᠤᠨ ᠠᠩᠬᠠᠨ ᠤ ᠱᠠᠳᠣ ᠦᠶ᠎ᠠ ᠪᠣᠯ ᠨᠡᠶᠢᠳᠡ ᠶᠢᠨ ᠣᠨ ᠲᠣᠭᠠᠯᠠᠯ ᠤᠨ 8 ᠳ᠋ᠣᠭᠠᠷ ᠵᠠᠭᠤᠨ ᠤ ᠰᠡᠭᠦᠯᠴᠢ ᠠᠴᠠ 12 ᠳ᠋ᠣᠭᠠᠷ ᠵᠠᠭᠤᠨ ᠬᠦᠷᠳᠡᠯᠡᠬᠢ ︽ᠶᠣᠰᠣᠨ︾ ᠤ ᠴᠠᠭ ᠦᠶ᠎ᠠ ᠪᠣᠯᠣᠨ᠎ᠠ᠃ ᠶᠣᠰᠣᠨ ᠭᠡᠳᠡᠭ ᠨᠢ ᠮᠣᠩᠭᠤᠯᠴᠣᠳ ᠤᠨ ᠣᠷᠳᠣ ᠬᠤᠭᠤᠴᠠᠭᠠᠨ ᠤ ᠲᠣᠷᠰᠢ ᠰᠠᠬᠢᠨ ᠵᠢᠷᠣᠮᠯᠠᠭᠰᠠᠭᠠᠷ ᠢᠷᠡᠭᠰᠡᠨ ᠬᠡᠪ ᠠᠵᠢᠯᠯᠠᠭᠠᠨ ᠤ ᠲᠦᠷᠢᠮᠵᠢᠯ ᠪᠣᠯᠬᠤ ᠵᠠᠩᠰᠢᠯ ᠤᠨ ᠴᠡᠭᠡᠷ ᠴᠠᠭᠠᠵᠠ ᠪᠣᠯᠣᠨ᠎ᠠ᠃ 12 ᠳ᠋ᠣᠭᠠᠷ ᠵᠠᠭᠤᠨ ᠤ ᠡᠬᠢᠨ ᠳᠤ ᠬᠠᠪᠣᠯ ᠬᠠᠨ ᠬᠠᠮᠤᠭ ᠮᠣᠩᠭᠤᠯ ᠣᠯᠣᠰ ᠤᠨ ᠬᠠᠨ ᠣᠷᠣ ᠶᠢ ᠵᠠᠯᠭᠠᠮᠵᠢᠯᠠᠬᠤ ᠦᠶ᠎ᠠ ᠳᠤ ᠡᠳᠡᠭᠡᠷ ᠲᠦᠷᠢᠮᠵᠢᠯ ᠨᠢ ᠨᠢᠭᠡᠨᠳᠡ ᠮᠣᠩᠭᠤᠯ ᠤᠨ ᠪᠣᠭᠤᠯ ᠤᠨ ᠡᠵᠡᠨ ᠠᠩᠬᠢ ᠶᠢᠨ ᠠᠰᠢᠭ ᠲᠣᠰᠠ ᠶᠢ ᠲᠦᠯᠦᠭᠡᠯᠡᠭᠰᠡᠨ ᠵᠠᠩᠰᠢᠯ ᠤᠨ ᠬᠠᠥᠯᠢ ᠪᠣᠯᠣᠭᠰᠠᠨ ᠪᠠᠶᠢᠨ᠎ᠠ᠃ ︽ᠶᠣᠰᠣᠨ︾ ᠳᠤ ᠬᠡᠭᠡᠷ᠎ᠠ ᠶᠢᠨ ᠠᠮᠢᠳᠠᠨ ᠣᠷᠭᠤᠮᠠᠯ ᠢ ᠬᠠᠮᠠᠭᠠᠯᠠᠵᠣ᠂ ᠲᠦᠯ ᠮᠠᠯ ᠢ ᠠᠯᠠᠳᠠᠭ ᠦᠭᠡᠢ᠂ ᠨᠣᠳᠤᠭ ᠪᠡᠯᠴᠢᠭᠡᠷ ᠢ ᠬᠠᠮᠠᠭᠠᠯᠠᠨ᠂ ᠭᠠᠯ ᠲᠦᠢᠮᠡᠷ ᠲᠠᠯᠪᠢᠬᠤ ᠪᠣᠶᠣ ᠠᠳᠠᠷ ᠬᠠᠭᠠᠯᠪᠣᠷᠢᠯᠠᠬᠤ ᠶᠢ ᠴᠢᠩᠭ᠎ᠠ ᠴᠠᠭᠠᠵᠠᠯᠠᠳᠠᠭ᠃ ᠣᠰᠣᠨ ᠤ ᠰᠣᠷᠪᠣᠯᠵᠢ ᠶᠢ ᠬᠠᠮᠠᠭᠠᠯᠠᠵᠣ᠂ ᠣᠰᠣ ᠪᠣᠬᠢᠷᠳᠣᠭᠤᠯᠬᠤ ᠶᠢ ᠡᠰᠡ ᠵᠦᠪᠰᠢᠶᠡᠷᠡᠵᠣ᠂ ᠠᠶᠢᠯ ᠬᠤᠳᠠ᠂ ᠬᠤᠷᠣᠭᠠᠨ ᠤ ᠪᠣᠬᠢᠷᠳᠣᠯ ᠢ ᠴᠠᠭᠠᠵᠠᠯᠠᠳᠠᠭ ᠪᠠᠶᠢᠵᠠᠢ᠃ ︽ᠰᠣᠳᠣᠷ ᠤᠨ ᠴᠣᠭᠯᠠᠭᠠᠨ︾ ᠳᠤ ᠲᠡᠮᠳᠡᠭᠯᠡᠭᠰᠡᠨ ᠠᠴᠠ ᠦᠵᠡᠪᠡᠯ ᠨᠢᠭᠡ ᠪᠦᠯᠦᠭ ᠵᠠᠯᠠᠶᠢᠷᠴᠣᠳ ᠠᠯᠳᠠᠨ ᠣᠯᠣᠰ ᠲᠠᠢ ᠪᠠᠶᠢᠯᠳᠣᠵᠦ ᠢᠯᠠᠭᠳᠠᠭᠠᠳ ᠦᠯᠦᠰᠴᠦ ᠦᠯᠪᠡᠷᠬᠦ ᠳᠡᠭᠡᠨ ᠴᠢᠩᠬᠢᠰ ᠬᠠᠭᠠᠨ ᠤ ᠲᠣᠯᠣᠳᠣᠭᠠᠷ ᠦᠶ᠎ᠡ ᠶᠢᠨ ᠡᠪᠦᠭᠡ ᠮᠠᠨᠠᠨ ᠲᠣᠳᠣᠨ ᠤ ᠡᠬᠡᠨᠡᠷ ᠨᠡᠮᠣᠯᠣᠨ ᠬᠠᠳᠣᠨ ᠤ ᠨᠣᠳᠤᠭ ᠲᠤ ᠬᠦᠷᠴᠦ᠂ ᠪᠡᠯᠴᠢᠭᠡᠷ ᠤᠨ ᠰᠦᠳᠦᠨ ᠤ ᠦᠨᠳᠦᠰᠦ ᠶᠢ ᠮᠠᠯᠳᠠᠵᠣ᠂ ᠮᠣᠷᠢ ᠲᠠᠪᠬᠢᠬᠤ ᠲᠠᠯᠠᠪᠠᠢ ᠶᠢ ᠡᠪᠳᠡᠭᠰᠡᠨ ᠠᠴᠠ ᠬᠤᠶᠠᠷ ᠲᠠᠯ᠎ᠠ ᠪᠠᠷ ᠢᠶᠠᠨ ᠵᠦᠷᠢᠴᠡᠯ ᠡᠭᠦᠰᠴᠦ ᠠᠯᠠᠯᠳᠣᠭᠰᠠᠨ ᠲᠡᠮᠳᠡᠭᠯᠡᠯ ᠪᠣᠢ᠃ ᠲᠣᠰᠠᠯᠠᠬᠤ ᠦᠢᠯᠡᠳᠪᠦᠷᠢᠯᠡᠯ ᠪᠣᠯᠵᠣ ᠪᠠᠶᠢᠭᠰᠠᠨ ᠠᠩ ᠠᠩᠨᠠᠬᠤ ᠲᠣᠬᠠᠢ ᠮᠣᠩᠭᠤᠯ ᠤᠨ ᠶᠣᠰᠣᠨ ᠳᠤ ︽ᠡᠪᠣᠯ ᠤᠨ ᠠᠩᠬ᠎ᠠ ᠶᠡᠭᠡ ᠴᠠᠰᠣᠨ ᠠᠴᠠ ᠡᠬᠢᠯᠡᠨ ᠲᠠᠷᠠᠭ᠎ᠠ ᠬᠠᠪᠣᠷ ᠤᠨ ᠨᠣᠭᠤᠭ᠎ᠠ ᠰᠣᠶᠣᠭᠠᠯᠠᠳᠠᠯ᠎ᠠ᠂ ᠶᠡᠭᠡ ᠠᠪᠠ ᠲᠠᠯᠪᠢᠵᠣ ᠪᠦᠬᠦᠭ᠂ ᠪᠣᠭᠤ᠂ ᠴᠢᠬᠢᠳᠡᠢ ᠵᠡᠷᠭᠡ ᠵᠡᠷᠯᠢᠭ ᠠᠷᠢᠶᠠᠳᠠᠨ ᠢ ᠠᠪᠠᠯᠠᠵᠣ ᠪᠣᠯᠣᠨ᠎ᠠ︾ ᠭᠡᠵᠣ ᠲᠣᠭᠳᠠᠭᠠᠭᠰᠠᠨ ᠨᠢ ᠠᠮᠢᠳᠠᠨ ᠠᠷᠢᠶᠠᠳᠠᠨ ᠤ ᠦᠷᠡᠵᠢᠯ ᠲᠦᠯᠵᠢᠯ ᠤᠨ ᠬᠤᠭᠤᠴᠠᠭ᠎ᠠ ᠠᠴᠠ ᠵᠠᠶᠢᠯᠠᠰᠭᠢᠵᠣ᠂ ᠣᠭ ᠦᠨᠳᠦᠰᠦ ᠶᠢ ᠲᠠᠰᠣᠯᠬᠤ ᠠᠴᠠ ᠬᠢᠴᠢᠶᠡᠭᠰᠡᠨ ᠶᠠᠪᠣᠳᠠᠯ ᠶᠣᠮ᠃ 12 ᠳ᠋ᠣᠭᠠᠷ ᠵᠠᠭᠤᠨ ᠤ ᠰᠡᠭᠦᠯᠴᠢ᠂ 13 ᠳ᠋ᠣᠭᠠᠷ ᠵᠠᠭᠤᠨ ᠤ ᠡᠬᠢᠨ ᠢᠶᠠᠷ ᠮᠣᠩᠭᠤᠯᠴᠣᠳ ᠬᠦᠴᠣᠷᠭᠡᠭᠵᠢᠵᠣ᠂ ᠴᠢᠩᠬᠢᠰ ᠬᠠᠭᠠᠨ ᠮᠣᠩᠭᠤᠯ ᠤᠨ ᠦᠨᠳᠦᠷᠯᠢᠭ ᠢ ᠨᠢᠭᠡᠳᠭᠡᠵᠣ᠂ ᠨᠠᠶᠢᠳᠡ ᠶᠢᠨ ᠣᠨ ᠲᠣᠭᠠᠯᠠᠯ ᠤᠨ 1206 ᠣᠨ ᠳᠤ ᠶᠡᠭᠡ ᠮᠣᠩᠭᠤᠯ ᠣᠯᠣᠰ ᠢ ᠪᠠᠶᠢᠭᠤᠯᠣᠭᠰᠠᠨ ᠠᠴᠠ ᠮᠣᠩᠭᠤᠯ ᠦᠨᠳᠦᠰᠦᠳᠡᠨ ᠤ ᠬᠠᠣᠯᠢ ᠲᠦᠷᠢᠮ ᠤᠨ ᠲᠡᠥᠬᠡᠨ ᠳᠠᠬᠢ ᠴᠢᠩᠬᠢᠰ ᠬᠠᠭᠠᠨ ᠤ ᠶᠡᠭᠡ ᠵᠠᠰᠠᠭ ᠤᠨ ᠦᠶ᠎ᠠ ᠡᠬᠢᠯᠡᠵᠣ᠂ 13 ᠳ᠋ᠣᠭᠠᠷ ᠵᠠᠭᠤᠨ ᠤ ᠲᠣᠮᠳᠠᠴᠢ ᠦᠶ᠎ᠠ ᠬᠦᠷᠳᠡᠯ᠎ᠠ ᠲᠠᠪᠢᠭᠠᠳ ᠵᠢᠯ ᠦᠷᠭᠦᠯᠵᠢᠯᠡᠭᠰᠡᠨ ᠪᠠᠶᠢᠨ᠎ᠠ᠃ 1206 ᠣᠨ ᠳᠤ ᠴᠢᠩᠬᠢᠰ ᠬᠠᠭᠠᠨ ᠰᠢᠬᠢᠬᠤᠳᠤᠭ ᠢ ᠶᠡᠭᠡ ᠮᠣᠩᠭᠤᠯ ᠣᠯᠣᠰ ᠤᠨ ᠶᠡᠭᠡ ᠵᠠᠷᠭᠤᠴᠢ ᠨᠣᠶᠠᠨ ᠤ ᠲᠣᠰᠢᠶᠠᠯ ᠳᠤ ᠲᠣᠮᠢᠯᠠᠵᠣ᠂ ᠬᠠᠥᠯᠢ ᠵᠦᠢᠯ ᠤᠨ ᠬᠡᠷᠡᠭ᠂ ᠡᠵᠡᠨ ᠴᠢᠩᠬᠢᠰ ᠤᠨ ᠵᠦᠪᠰᠢᠶᠡᠷᠡᠭᠰᠡᠨ ᠡᠯ᠎ᠠ ᠵᠦᠢᠯ ᠤᠨ ᠲᠦᠷᠢᠮ ᠲᠣᠭᠳᠠᠭᠠᠯ ᠢ ︽ᠬᠦᠬᠡ ᠲᠡᠪᠳᠡᠷ︾ ᠲᠤ ᠲᠡᠮᠳᠡᠭᠯᠡᠭᠦᠯᠦᠭᠰᠠᠨ ᠪᠠᠶᠢᠨ᠎ᠠ᠃ ︽ᠴᠢᠩᠬᠢᠰ ᠤᠨ ᠶᠡᠭᠡ ᠵᠠᠰᠠᠭ︾ ᠤᠨ ᠣᠭ ᠡᠬᠡ ᠨᠢ ᠨᠢᠭᠡᠨᠳᠡ ᠭᠡᠭᠡᠭᠳᠡᠭᠰᠡᠨ ᠪᠣᠯᠪᠠᠴᠣ ᠵᠠᠷᠢᠮ ᠠᠭᠤᠯᠭ᠎ᠠ ᠨᠢ ︽ᠮᠣᠩᠭᠤᠯ ᠤᠨ ᠨᠢᠭᠤᠴᠠ ᠲᠣᠪᠴᠢᠶᠠᠨ︾ ᠢᠶᠠᠷ ᠲᠠᠮᠵᠢᠨ ᠣᠳᠣ ᠪᠣᠯᠳᠠᠯ᠎ᠠ ᠣᠯᠠᠮᠵᠢᠯᠠᠭᠳᠠᠵᠣ ᠢᠷᠡᠵᠡᠢ᠃ ︽ᠴᠢᠩᠬᠢᠰ ᠤᠨ ᠶᠡᠭᠡ ᠵᠠᠰᠠᠭ︾ ᠲᠤ ᠡᠷᠳᠡᠨ ᠤ ︽ᠶᠣᠰᠣᠨ︾ ᠤ ᠠᠭᠤᠯᠭ᠎ᠠ ᠶᠢ ᠶᠡᠬᠡᠪᠡᠷ ᠰᠢᠩᠭᠡᠭᠡᠨ᠂ ᠠᠮᠢ ᠠᠬᠤᠢ ᠶᠢᠨ ᠲᠠᠩᠴᠠᠭᠦᠷᠢ ᠶᠢ ᠲᠦᠢᠯ ᠢᠶᠠᠷ ᠠᠩᠬᠠᠷᠣᠭᠰᠠᠨ ᠪᠠᠶᠢᠪᠠ᠃ ︽ᠴᠢᠩᠬᠢᠰ ᠤᠨ ᠶᠡᠭᠡ ᠵᠠᠰᠠᠭ︾ ᠲᠤ ︽ᠡᠪᠡᠰᠦ ᠨᠣᠭᠤᠭᠠᠷᠠᠭᠰᠠᠨ ᠬᠤᠶᠢᠨ᠎ᠠ ᠭᠠᠵᠠᠷ ᠨᠦᠬᠡᠯᠡᠭᠰᠡᠨ ᠪᠠ ᠭᠠᠯ ᠠᠯᠳᠠᠵᠣ ᠪᠡᠯᠴᠢᠭᠡᠷ ᠰᠢᠳᠠᠭᠠᠭᠰᠠᠳ ᠤᠨ ᠨᠢᠭᠡᠨ ᠭᠡᠷ ᠢ ᠠᠯᠠᠮᠣᠢ︾ ᠭᠡᠵᠣ ᠲᠣᠭᠳᠠᠭᠠᠭᠰᠠᠨ ᠨᠢ ᠬᠠᠥᠯᠢ ᠪᠠᠷ ᠨᠣᠳᠤᠭ ᠪᠡᠯᠴᠢᠭᠡᠷ ᠢ ᠬᠠᠮᠠᠭᠠᠯᠠᠵᠣ᠂ ᠲᠦᠢᠮᠠᠷ ᠭᠠᠷᠬᠤ ᠪᠠ ᠠᠳᠠᠷ ᠬᠠᠭᠠᠯᠪᠣᠷᠢᠯᠠᠬᠤ ᠶᠢ ᠴᠢᠩᠭ᠎ᠠ ᠴᠠᠭᠠᠵᠠᠯᠠᠭᠰᠠᠨ ᠶᠠᠪᠣᠳᠠᠯ ᠶᠣᠮ᠃ ᠠᠩ ᠠᠪᠠ ᠶᠢᠨ ᠲᠦᠷᠢᠮ ᠳᠤ ᠡᠷᠳᠡᠨ ᠤ ᠶᠣᠰᠦᠨ ᠢ ᠴᠢᠩᠭ᠎ᠠ ᠵᠢᠷᠣᠮᠯᠠᠨ᠂ ᠬᠡᠭᠡᠷ᠎ᠠ ᠶᠢᠨ ᠠᠮᠢᠳᠠᠨ ᠢ ᠶᠡᠬᠡᠪᠡᠷ ᠬᠤᠷᠣᠭᠠᠬᠤ ᠶᠢ ᠴᠠᠭᠠᠵᠠᠯᠠᠭᠰᠠᠨ ᠪᠠᠶᠢᠨ᠎ᠠ᠃ ᠡᠨᠡ ᠨᠢ ᠮᠣᠩᠭᠤᠯᠴᠣᠳ ᠤᠨ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠣᠷᠠᠯ ᠤᠨ ᠦᠢᠯᠡᠳᠦᠯᠭᠡ ᠪᠠᠷ ᠢᠶᠠᠨ ᠨᠣᠳᠤᠭ ᠪᠡᠯᠴᠢᠭᠡᠷ᠂ ᠮᠠᠯ ᠰᠦᠷᠦᠭ ᠪᠣᠯᠣᠨ ᠬᠡᠭᠡᠷ᠎ᠠ ᠶᠢᠨ ᠠᠮᠢᠳᠠᠳ ᠤᠨ ᠬᠤᠭᠤᠷᠣᠨᠳᠣᠬᠢ ᠬᠠᠷᠢᠴᠠᠭ᠎ᠠ ᠶᠢ ᠲᠣᠲᠣᠷᠬᠠᠢ ᠲᠠᠨᠢᠵᠣ᠂ ᠬᠠᠥᠯᠢ ᠪᠠᠷ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠣᠬᠠᠮᠰᠠᠷ ᠲᠠᠢ ᠪᠣᠯᠣᠭᠰᠠᠨ ᠢ ᠬᠠᠷᠠᠭᠤᠯᠵᠣ ᠪᠣᠢ᠃ ᠮᠦᠨᠴᠣ ᠲᠡᠯᠡᠬᠡᠢ ᠶᠢᠨ ᠣᠯᠣᠰ ᠦᠨᠳᠦᠰᠦᠳᠡᠨ ᠤ ᠲᠣᠳᠣᠷ᠎ᠠ ᠠᠮᠢ ᠠᠬᠤᠢ ᠶᠢᠨ ᠲᠡᠩᠴᠡᠭᠦᠷᠢ ᠶᠢ ᠪᠠᠳᠣᠯᠠᠬᠤ ᠶᠢ ᠶᠠᠭᠤᠨ ᠤ ᠣᠷᠢᠳ ᠬᠠᠥᠯᠢ ᠳᠤ ᠪᠢᠴᠢᠵᠣ ᠣᠷᠣᠭᠤᠯᠣᠭᠰᠠᠨ ᠶᠠᠪᠣᠳᠠᠯ ᠪᠣᠯᠬᠤ ᠶᠣᠮ᠃ ᠶᠣᠸᠠᠨ ᠣᠯᠣᠰ ᠤᠨ ᠦᠶ᠎ᠡ ᠬᠦᠷᠦᠭᠡᠳ ᠮᠣᠩᠭᠤᠯ ᠣᠷᠣᠨ᠎ᠠ ︽ᠴᠢᠩᠬᠢᠰ ᠤᠨ ᠶᠡᠭᠡ ᠵᠠᠰᠠᠭ︾ ᠢ ᠦᠷᠬᠦᠯᠵᠢᠯᠠᠨ ᠬᠡᠷᠡᠭᠵᠢᠭᠦᠯᠦᠭᠰᠡᠨ ᠤ ᠵᠡᠷᠭᠡᠪᠡᠷ ᠬᠡᠭᠡᠷ᠎ᠠ ᠶᠢᠨ ᠠᠮᠢᠳᠠᠨ ᠢ ᠬᠠᠮᠠᠭᠠᠯᠠᠵᠣ ᠂ ᠬᠡᠭᠡᠯ ᠲᠠᠢ ᠭᠦᠷᠦᠭᠡᠰᠦ ᠶᠢ ᠠᠯᠠᠬᠤ ᠶᠢ ᠴᠠᠭᠠᠵᠠᠯᠠᠬᠤ ᠮᠣᠩᠭᠤᠯ ᠦᠨᠳᠦᠰᠦᠳᠠᠨ ᠤ ᠣᠯᠠᠮᠵᠢᠯᠠᠯᠳᠤ ᠬᠠᠥᠯᠢ ᠲᠦᠷᠢᠮ ᠢ ᠪᠦᠬᠦ ᠣᠯᠣᠰ ᠤᠨ ᠬᠡᠪᠴᠢᠶᠠᠨ᠎ᠠ ᠲᠡᠯᠭᠡᠷᠡᠭᠦᠯᠦᠨ ᠭᠡᠷᠡᠭᠵᠢᠬᠦᠯᠦᠭᠰᠠᠨ ᠪᠠᠶᠢᠨ᠎ᠠ᠃ ᠲᠣᠮᠳᠠᠳᠣ ᠣᠷᠣᠨ ᠢ ᠨᠢᠭᠡᠳᠭᠡᠬᠦ ᠠᠴᠠ ᠡᠮᠦᠨ᠎ᠠ ᠮᠦᠩᠬᠡ ᠬᠠᠭᠠᠨ᠄ ︽ᠴᠠᠭᠠᠨ ᠰᠠᠷ᠎ᠠ ᠠᠴᠠ ᠵᠢᠷᠭᠤᠭᠠᠨ ᠰᠠᠷ᠎ᠠ ᠬᠦᠷᠳᠡᠯ᠎ᠠ ᠬᠡᠬᠡᠯ ᠲᠠᠢ ᠠᠷᠢᠶᠠᠳᠠᠨ ᠢ ᠠᠯᠠᠵᠣ ᠪᠣᠯᠬᠤ ᠦᠭᠡᠢ︾ ᠭᠡᠵᠣ ᠵᠠᠷᠯᠢᠭ ᠪᠠᠭᠤᠯᠭᠠᠵᠣ ᠦᠩᠭᠡᠷᠡᠪᠡ᠂ ᠬᠤᠪᠢᠯᠠᠢ ᠬᠠᠭᠠᠨ ᠠᠪᠠᠯᠠᠬᠤ ᠴᠠᠭ ᠣᠯᠠᠷᠢᠯ ᠢ ᠴᠢᠩᠭ᠎ᠠ ᠲᠣᠭᠳᠠᠭᠠᠵᠠᠢ᠃ ︽ᠶᠣᠸᠠᠨ ᠣᠯᠣᠰ ᠤᠨ ᠲᠡᠥᠬᠡ᠂ ᠡᠷᠡᠭᠦᠥ ᠶᠢᠨ ᠬᠠᠥᠯᠢ ᠶᠢᠨ ᠲᠡᠮᠳᠡᠭᠯᠡᠯ ︾ ᠳᠤ᠄ ︽ᠰᠠᠷ᠎ᠠ ᠪᠦᠷᠢ ᠶᠢᠨ ᠰᠢᠨ᠎ᠠ ᠶᠢᠨ ᠨᠢᠭᠡᠨ᠂ ᠠᠷᠪᠠᠨ ᠲᠠᠪᠣᠨ ᠤ ᠡᠳᠦᠷ ᠠᠯᠢᠪᠠ ᠴᠠᠭ ᠠᠷᠢᠶᠠᠳᠠᠨ ᠠᠯᠠᠬᠤ ᠶᠢ ᠬᠤᠷᠢᠭᠯᠠᠮᠣᠢ᠃ ᠵᠢᠶᠦ᠋ᠨ ᠰᠢᠶᠠᠨ ᠪᠦᠷᠢ ᠴᠠᠭᠠᠨ ᠰᠠᠷ᠎ᠠ ᠪᠣᠯᠭᠠᠨ ᠳᠤ ᠠᠷᠪᠠᠨ ᠡᠳᠣᠷ ᠠᠩᠨᠠᠬᠤ ᠶᠢ ᠴᠠᠭᠠᠵᠠᠯᠠᠨ᠎ᠠ︾ ᠭᠡᠵᠣ ᠲᠡᠮᠳᠡᠭᠯᠡᠵᠣ ᠪᠣᠢ᠃ ᠬᠤᠪᠢᠯᠠᠢ ᠬᠠᠭᠠᠨ ᡁᠢ ᠶᠣᠸᠠᠨ ᠤ ᠬᠤᠷᠢᠨ ᠲᠦᠷᠪᠠᠨ ᠣᠨ ︵ᠨᠠᠶᠢᠳᠡ ᠶᠢᠨ ᠤᠨ ᠲᠤᠭᠠᠯᠠᠯ ᠤᠨ 1287︶ ᠤ ᠬᠤᠶᠠᠳᠣᠭᠠᠷ ᠰᠠᠷ᠎ᠠ ᠳᠤ᠄ ︽ᠣᠢᠢᠭᠤᠷ ᠲᠤ ᠵᠢᠭᠦᠷᠳᠡᠨ ᠠᠷᠢᠶᠠᠳᠠᠨ ᠬᠡᠭᠡᠯᠳᠦᠵᠣ ᠦᠷᠡᠵᠢᠬᠦ ᠴᠠᠭ ᠲᠤ ᠠᠩᠨᠠᠬᠤ ᠶᠢ ᠬᠤᠷᠢᠭᠯᠠᠨ᠎ᠠ︾ ᠬᠡᠵᠣ᠂ ᠲᠠᠷᠠᠭ᠎ᠠ ᠵᠢᠯ ᠨᠢ ︽ᠯᠢᠶᠣᠣᠨᠢᠩ ᠳᠤ ᠵᠢᠭᠠᠰᠣ ᠠᠩᠨᠠᠬᠤ ᠬᠤᠷᠢᠭ᠎ᠠ ᠶᠢ ᠲᠠᠶᠢᠯᠵᠣ᠂ ᠭᠠᠭᠴᠠ ᠬᠡᠭᠡᠯᠳᠣ ᠠᠮᠢᠳᠠᠨ ᠢ ᠠᠩᠨᠠᠵᠣ ᠦᠯᠦ ᠪᠣᠯᠣᠮᠣᠢ︾ ᠭᠡᠵᠣ ᠵᠠᠷᠯᠢᠭ ᠪᠠᠭᠤᠯᠭᠠᠭᠰᠠᠨ ᠪᠠᠶᠢᠨ᠎ᠠ᠃ ︽ᠶᠣᠸᠠᠨ ᠣᠯᠣᠰ ᠤᠨ ᠬᠠᠥᠯᠢ ᠲᠦᠷᠢᠮ︾ ᠳᠤ ᠳ᠋ᠨ ᠳ᠋ᠧ ᠶᠢᠨ ᠠᠷᠪᠠᠨ ᠣᠨ ᠳᠤ ᠦᠯᠵᠡᠶᠢᠳᠣ ᠬᠠᠭᠠᠨ ᠵᠠᠷᠯᠢᠭ ᠪᠠᠭᠤᠯᠭᠠᠵᠣ᠄ ︽᠁ ᠁ ᠡᠳᠦᠭᠡ ᠠᠴᠠ ᠡᠬᠢᠯᠡᠨ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠠᠴᠠ ᠲᠣᠯᠣᠭᠠᠨ ᠰᠠᠷ᠎ᠠ ᠶᠢᠨ ᠬᠤᠷᠢᠨ ᠤ ᠡᠳᠦᠷ ᠬᠦᠷᠳᠡᠯ᠎ᠡ ᠬᠡᠨ ᠴᠦ ᠠᠳᠣᠭᠠᠢ ᠠᠩᠨᠠᠨ ᠠᠪᠠᠯᠠᠵᠣ ᠪᠣᠯᠬᠤ ᠦᠭᠡᠢ᠂ ᠠᠪᠠᠯᠠᠬᠤ ᠬᠦᠮᠦᠰ ᠢ ᠶᠠᠯᠠᠳᠤᠭᠠᠢ︾ ᠭᠡᠵᠦ ᠵᠠᠷᠯᠢᠭ ᠪᠠᠭᠤᠯᠭᠠᠭᠰᠠᠨ ᠲᠡᠮᠳᠡᠭᠯᠡᠯ ᠪᠣᠢ᠃ ᠶᠣᠸᠠᠨ ᠣᠯᠣᠰ ᠤᠨ ᠦᠶ᠎ᠡ ᠳᠤ ᠬᠤᠪᠢᠯᠠᠢ ᠬᠠᠭᠠᠨ ᠠᠴᠠ ᠡᠬᠢᠯᠡᠨ ᠪᠦᠷ ᠯᠡ ᠬᠡᠭᠡᠷ᠎ᠠ ᠶᠢᠨ ᠠᠮᠢᠳᠠᠨ ᠢ ᠬᠠᠮᠠᠭᠠᠯᠠᠬᠤ ᠵᠠᠷᠯᠢᠭ ᠪᠠᠭᠤᠯᠭᠠᠭᠰᠠᠨ ᠪᠦᠭᠡᠳ ᠠᠪᠠ ᠬᠤᠷᠢᠭᠠᠨ ᠤ ᠭᠠᠵᠠᠷ ᠣᠯᠠᠨ ᠭᠠᠷᠭᠠᠵᠣ᠂ ᠬᠡᠭᠡᠷ᠎ᠠ ᠶᠢᠨ ᠭᠠᠭ᠋ᠠᠢ᠂ ᠬᠤᠯᠠᠨ ᠲᠠᠬᠢ᠂ ᠪᠣᠭᠤ᠂ ᠠᠷᠳᠣ᠂ ᠲᠠᠥᠯᠠᠢ᠂ ᠬᠤᠨ ᠭᠠᠯᠠᠭᠤ᠂ ᠨᠣᠭᠤᠰᠣ᠂ ᠲᠣᠭᠤᠷᠣᠥ᠂ ᠪᠦᠷᠭᠦᠳ᠂ ᠬᠦᠰᠦᠨ ᠲᠠᠰ᠂ ᠣᠰᠣᠨ ᠲᠠᠰ᠂ ᠡᠮᠦᠨᠡᠴᠢ ᠰᠢᠪᠠᠭᠤ᠂ ᠪᠦᠳᠦᠨ᠎ᠠ ᠵᠡᠷᠭᠡ ᠠᠷᠢᠶᠠᠳᠡᠨ ᠵᠢᠭᠦᠷᠳᠡᠨ ᠢ ᠬᠠᠮᠠᠭᠠᠯᠠᠵᠣ ᠪᠠᠶᠢᠪᠠ᠃ ᠲᠣᠮᠳᠠᠳᠣ ᠣᠯᠣᠰ ᠤᠨ ᠬᠠᠭᠠᠨᠳᠣ ᠲᠦᠷᠦ ᠶᠢᠨ ᠲᠡᠥᠬᠡᠨ ᠳᠤ ᠬᠡᠭᠡᠷ᠎ᠠ ᠶᠢᠨ ᠠᠮᠢᠳᠠᠨ ᠠᠷᠢᠶᠠᠳᠠᠨ ᠢ ᠬᠠᠮᠠᠭᠠᠯᠠᠬᠤ ᠲᠠᠯ᠎ᠠ ᠪᠠᠷ ᠶᠣᠸᠠᠨ ᠣᠯᠣᠰ ᠬᠠᠮᠤᠭ ᠤᠨ ᠲᠣᠪᠤᠶᠢᠮ᠎ᠠ ᠵᠢᠳᠭᠦᠯ ᠭᠠᠷᠭᠠᠭᠰᠠᠨ ᠢ ᠡᠨᠡᠬᠦ ᠬᠠᠥᠯᠢ ᠲᠦᠷᠢᠮ ᠤᠨ ᠲᠣᠭᠳᠠᠭᠠᠯ ᠬᠡᠷᠡᠴᠢᠯᠡᠵᠣ ᠪᠣᠢ᠃ ᠶᠤᠸᠠᠨ ᠤᠯᠤᠰ ᠤᠨ ᠳᠤᠮᠳᠠᠳᠤ ᠤᠷᠤᠨ ᠳᠠᠬᠢ ᠨᠤᠶᠠᠷᠬᠠᠯ ᠳᠠᠭᠤᠰᠤᠬᠰᠠᠨ ᠤ ᠳᠠᠷᠠᠭ᠎ᠠ᠂ ᠮᠤᠩᠭᠤᠯᠴᠤᠳ ᠪᠤᠭᠤᠮᠳᠠ ᠶᠢᠨ ᠭᠠᠳᠠᠨ᠎ᠠ ᠤᠬᠤᠷᠢᠨ ᠭᠠᠷᠴᠥ᠂ ᠤᠮᠠᠷᠠᠳᠤ ᠶᠤᠸᠠᠨ ᠤᠯᠤᠰ ᠤᠨ ᠳᠡᠤᠬᠡ ᠡᠬᠢᠯᠡᠭᠰᠡᠨ ᠶᠤᠮ᠃ ᠡᠨᠡᠬᠦ ᠱᠠᠳᠤᠨ ᠳᠤ ᠮᠤᠩᠭᠤᠯ ᠤᠨ ᠨᠠᠶᠢᠬᠡᠮ ᠤᠷᠳᠤ ᠬᠤᠭᠤᠴᠠᠭ᠎ᠠ ᠪᠠᠷ ᠹᠸᠤᠳᠠᠯ ᠤᠨ ᠬᠡᠰᠡᠭᠯᠡᠨ ᠡᠵᠡᠮᠰᠢᠭᠰᠡᠨ ᠪᠠᠶᠢᠳᠠᠯ ᠳᠤ ᠤᠷᠤᠰᠢᠵᠥ᠂ ᠹᠸᠤᠳᠠᠯ ᠤᠨ ᠨᠤᠶᠠᠷᠬᠠᠬᠴᠢᠳ ᠬᠡᠰᠡᠭᠯᠡᠨ ᠡᠵᠡᠮᠰᠢᠭᠰᠡᠨ ᠤᠷᠤᠨ ᠳᠠᠭᠠᠨ ᠦᠪᠡᠷ ᠦᠪᠡᠷ ᠤᠨ ᠬᠠᠤᠯᠢ ᠳᠦᠷᠢᠮ ᠳᠤᠬᠳᠠᠭᠠᠨ ᠬᠡᠷᠡᠭᠵᠢᠬᠦᠯᠵᠥ ᠪᠠᠶᠢᠪᠠ᠃ ᠡᠬᠦᠨ ᠳᠤ ᠨᠡᠯᠢᠶᠡᠳ ᠲᠥᠯᠥᠬᠡᠯᠡᠬᠦ ᠴᠢᠨᠠᠷ ᠲᠠᠢ ᠨᠢ ︽ᠠᠯᠳᠠᠨ ᠬᠠᠭᠠᠨ ᠤ ᠴᠠᠭᠠᠵᠠ︾᠂ ︽ᠬᠠᠯᠬ᠎ᠠ ᠲᠤᠯᠤᠭᠠᠨ ᠬᠤᠰᠢᠭᠤᠨ ᠤ ᠴᠠᠭᠠᠵᠠ︾᠂ ︽ᠮᠤᠩᠭᠤᠯ — ᠤᠢᠢᠷᠠᠳ ᠤᠨ ᠴᠠᠭᠠᠵᠠ ᠶᠢᠨ ᠪᠢᠴᠢᠭ︾ ᠪᠤᠯᠬᠤ ᠶᠤᠮ᠃ ᠠᠮᠢᠳᠤᠷᠠᠯ ᠠᠬᠤᠢ ᠨᠢ ᠮᠠᠯ ᠠᠵᠦ ᠠᠬᠤᠢ ᠪᠠ ᠠᠩ ᠠᠩᠨᠠᠯ ᠤᠨ ᠤᠢᠢᠯᠡᠰ ᠢᠶᠠᠷ ᠭᠤᠤᠯᠯᠠᠵᠦ ᠪᠠᠶᠢᠭᠰᠠᠨ ᠢᠶᠠᠷ ᠪᠠᠶᠢᠭᠠᠯᠢ ᠶᠢᠨ ᠤᠷᠴᠢᠨ ᠲᠤᠭᠤᠷᠢᠨ ᠢᠶᠠᠨ ᠬᠠᠮᠠᠭᠠᠯᠠᠨ᠂ ᠪᠠᠶᠢᠭᠠᠯᠢ ᠶᠢᠷᠳᠢᠨᠴᠤ ᠯᠦᠭᠡ ᠡᠶ᠎ᠡ ᠵᠤᠬᠢᠴᠠᠯ ᠲᠠᠢ ᠲᠨᠩᠴᠡᠬᠦᠷᠢᠳᠤ ᠬᠠᠷᠢᠴᠠᠭ᠎ᠠ ᠶᠢ ᠪᠠᠳᠤᠯᠠᠬᠤ ᠪᠤᠯ ᠮᠤᠩᠭᠤᠯᠴᠤᠳ ᠤᠨ ᠤᠷᠤᠰᠢᠯ ᠲᠤᠭᠳᠠᠨᠢᠯ ᠳᠤ ᠬᠤᠯᠪᠤᠭᠳᠠᠬᠤ ᠲᠤᠮᠤ ᠤᠴᠢᠷ ᠪᠤᠯᠵᠦ ᠪᠠᠶᠢᠵᠠᠢ᠃ ᠡᠨᠡ ᠨᠢ ᠤᠮᠠᠷᠠᠳᠤ ᠶᠤᠸᠠᠨ ᠤ ᠥᠶ᠎ᠠ ᠶᠢᠨ ᠬᠠᠤᠯᠢ ᠲᠥᠷᠢᠮ ᠳᠤ ᠲᠤᠳᠤᠬᠠᠨ ᠢᠯᠡᠷᠡᠭᠰᠡᠨ ᠪᠠᠶᠢᠨ᠎ᠠ᠃ ︽ᠠᠯᠳᠠᠨ ᠬᠠᠭᠠᠨ ᠤ ᠴᠠᠭᠠᠵᠠ︾ ᠠᠴᠠ ᠥᠵᠡᠬᠦ ᠳᠤ ᠬᠡᠬᠡᠷ᠎ᠠ ᠶᠢᠨ ᠠᠮᠢᠳᠠᠨ ᠢ ᠬᠠᠮᠠᠭᠠᠯᠠᠬᠤ ᠵᠦᠢᠯ ᠵᠤᠷᠪᠤᠰ ᠢ ᠤᠨᠴᠠᠭᠠᠢ ᠨᠠᠷᠢᠨ ᠲᠤᠳᠤᠷᠬᠠᠢ ᠲᠤᠭᠳᠠᠭᠠᠵᠦ᠂ ᠬᠤᠯᠠᠨ ᠲᠠᠬᠢ᠂ ᠵᠡᠭᠡᠷ᠎ᠠ᠂ ᠪᠤᠭᠤ᠂ ᠪᠤᠳᠤᠩ ᠭᠠᠭ᠋ᠠᠢ᠂ ᠲᠠᠷᠪᠠᠭ᠎ᠠ᠂ ᠲᠠᠤᠯᠠᠢ ᠵᠡᠷᠬᠡ ᠠᠮᠢᠳᠠᠨ ᠢ ᠲᠤᠷᠠᠪᠡᠷ ᠠᠩᠨᠠᠬᠤ ᠶᠢ ᠴᠠᠭᠠᠵᠠᠯᠠᠵᠦ᠂ ᠡᠳᠡᠬᠡᠷ ᠠᠮᠢᠳᠠᠨ ᠢ ᠠᠯᠠᠪᠠᠯ ᠲᠤᠷᠭᠠᠬᠤ ᠲᠥᠷᠢᠮ ᠲᠤᠭᠳᠠᠭᠠᠯ ᠢ ᠴᠤ ᠨᠠᠷᠢᠨ ᠲᠤᠳᠤᠷᠬᠠᠢ ᠲᠤᠭᠳᠠᠭᠠᠵᠦ᠂ ᠡᠯᠢᠶ᠎ᠠ᠂ ᠬᠡᠷᠢᠶ᠎ᠠ᠂ ᠱᠠᠭᠠᠵᠠᠭᠠᠢ᠂ ᠵᠢᠭᠠᠰᠤ ᠵᠡᠷᠬᠡ ᠠᠮᠢᠳᠠᠨ ᠢ ᠯᠡ ᠠᠯᠠᠬᠤ ᠶᠢ ᠵᠥᠪᠰᠢᠶᠡᠷᠡᠭᠰᠡᠨ ᠪᠠᠶᠢᠨ᠎ᠠ᠃ ︽ᠬᠠᠯᠬ᠎ᠠ ᠶᠢᠨ ᠲᠤᠯᠤᠭᠠᠨ ᠬᠤᠰᠢᠭᠤᠨ ᠤ ᠴᠠᠭᠠᠵᠠ︾ ᠳᠤ ᠲᠦᠢᠮᠡᠷ ᠠᠯᠳᠠᠵᠦ ᠨᠤᠳᠤᠭ ᠪᠡᠯᠴᠢᠭᠡᠷ ᠰᠢᠳᠠᠭᠠᠭᠰᠠᠳ ᠢ ᠨᠢᠬᠡ ᠲᠠᠪᠤ ︵ᠮᠠᠯ︶ ᠪᠠᠷ ᠲᠤᠷᠭᠠᠵᠦ᠂ ᠬᠦᠮᠦᠨ ᠥᠬᠦᠬᠦᠯᠦᠭᠰᠡᠳ ᠢ ᠠᠮᠢᠨ ᠬᠡᠷᠡᠭ ᠢᠶᠠᠷ ᠰᠢᠢᠳᠪᠦᠷᠢᠯᠡᠨ᠎ᠠ᠃ ᠬᠤᠯᠠᠳᠠᠢ ︵ᠬᠤᠯᠠᠨ ᠲᠠᠬᠢ︶ ᠶᠢ ᠠᠯᠠᠪᠠᠰᠤ ᠴᠠᠭᠠᠵᠠ ᠪᠠᠷ ᠰᠢᠳᠬᠡᠨ᠎ᠠ ᠬᠡᠵᠦ ᠲᠤᠭᠳᠠᠭᠠᠭᠰᠠᠨ ᠪᠠᠶᠢᠳᠠᠭ᠃ ︽ᠮᠤᠩᠭᠤᠯ — ᠤᠢᠢᠷᠠᠳ ᠤᠨ ᠴᠠᠭᠠᠵᠠ ᠶᠢᠨ ᠪᠢᠴᠢᠭ︾ ᠤᠨ 60 ᠳ᠋ᠤᠭᠠᠷ ᠵᠤᠷᠪᠤᠰ ᠲᠤ᠄ ︽ᠨᠡᠬᠦᠭᠰᠡᠨ ᠤᠳᠤᠭ ᠠᠴᠠ ᠭᠠᠯ ᠤᠨᠳᠠᠷᠠᠭᠠᠬᠤᠯ᠎ᠠ ᠬᠤᠨᠢ ᠠᠪ︾ ᠬᠡᠵᠦ ᠲᠤᠭᠳᠠᠭᠠᠵᠦ᠂ 61 ᠳ᠋ᠤᠬᠡᠷ ᠵᠤᠷᠪᠤᠰ ᠲᠤ᠄ ︽ᠥᠰᠢᠵᠦ ᠲᠦᠢᠮᠡᠷ ᠲᠠᠯᠪᠢᠬᠤᠯ᠎ᠠ ᠶᠡᠭᠡ ᠪᠡᠷᠬᠡ ᠪᠠᠷ ᠪᠤᠯᠳᠤᠭᠠᠢ︾ ︵ᠪᠡᠷᠬᠡ — ᠮᠠᠯ ᠢᠶᠠᠷ ᠲᠤᠷᠭᠠᠬᠤ ᠲᠥᠷᠢᠮ︶ ᠬᠡᠵᠦ ᠲᠤᠭᠳᠠᠭᠠᠭᠰᠠᠨ ᠪᠠᠶᠢᠨ᠎ᠠ᠃ ᠮᠤᠩᠭᠤᠯᠴᠤᠳ ᠴᠢᠩ ᠤᠯᠤᠰ ᠲᠤ ᠲᠠᠭᠠᠭᠰᠠᠨ ᠨᠠᠶᠢᠳᠡ ᠶᠢᠨ ᠤᠨ ᠲᠤᠭᠠᠯᠠᠯ ᠤᠨ 1709 ᠠᠴᠠ 1770 ᠤᠨ ᠤ ᠬᠤᠭᠤᠷᠤᠨᠳᠤ ᠬᠠᠯᠬ᠎ᠠ ᠶᠢᠨ ᠭᠤᠷᠪᠠᠨ ᠬᠠᠨ ᠠᠶᠢᠮᠠᠭ ᠤᠨ ᠬᠠᠨ ᠨᠤᠶᠠᠳ ᠴᠢᠭᠤᠯᠭᠠᠨ ᠬᠤᠷᠠᠬᠤ ᠪᠠᠷ ᠲᠠᠮᠵᠢᠨ 18 ᠢᠵᠢ ᠬᠠᠤᠯᠢ ᠲᠥᠷᠢᠮ ᠲᠤᠭᠳᠠᠭᠠᠭᠰᠠᠨ ᠢ ᠲᠡᠤᠬᠡᠨ᠎ᠠ ᠬᠤᠷᠢᠶᠠᠩᠭᠤᠢᠢᠯᠠᠭᠠᠳ ︽ᠬᠠᠯᠬ᠎ᠠ ᠵᠢᠷᠤᠮ︾ ᠬᠡᠳᠡᠭ᠃ ︽ᠬᠠᠯᠬ᠎ᠠ ᠵᠢᠷᠤᠮ︾ ᠳᠤ ᠬᠡᠬᠡᠷ᠎ᠠ ᠶᠢᠨ ᠠᠮᠢᠳᠠᠨ ᠢ ᠬᠠᠮᠠᠭᠠᠯᠠᠬᠤ ᠪᠠᠷ ᠥᠯᠥ ᠪᠠᠷᠠᠮ᠂ ᠤᠷᠢᠳᠦ ᠶᠢᠨ ᠬᠠᠤᠯᠢ ᠲᠥᠷᠢᠮ ᠳᠤ ᠶᠡᠷᠤ ᠥᠵᠡᠭᠳᠡᠭᠡ ᠥᠬᠡᠢ ᠤᠢ ᠮᠤᠳᠤ ᠬᠠᠮᠠᠭᠠᠯᠠᠬᠤ ᠲᠥᠷᠢᠮ ᠢ ᠤᠯᠠᠨ ᠲᠤᠭᠳᠠᠭᠠᠭᠰᠠᠨ ᠪᠠᠶᠢᠨ᠎ᠠ᠃ ᠡᠨᠡ ᠲᠤᠬᠠᠢ ᠬᠡᠳᠤᠨ ᠵᠦᠢᠯ ᠵᠤᠷᠪᠤᠰ ᠢ ᠰᠡᠶᠢᠷᠡᠭᠦᠯᠪᠡᠯ ᠄ ︽ᠪᠠᠰᠠ ᠬᠦᠷᠢᠶ᠎ᠠ ᠵᠠᠰᠠᠭᠰᠠᠨ ᠭᠠᠵᠠᠷ᠎ᠠ᠃ ᠬᠦᠷᠢᠶᠡᠨ ᠠᠴᠠ ᠲᠤᠳᠤᠭᠰᠢ ᠬᠠᠭᠤᠷᠠᠢ ᠨᠦᠢᠳᠠᠨ ᠠᠯᠢ ︵ᠴᠢᠬᠢ︶ ᠮᠤᠳᠤ ᠤᠭᠳᠤᠯᠬᠤ ᠥᠬᠡᠢ᠃ ᠬᠦᠷᠢᠶᠡᠨ ᠤ ᠵᠠᠬ᠎ᠠ ᠠᠴᠠ ᠭᠠᠳᠠᠭᠰᠢ ᠬᠠᠷᠠᠪᠠᠯ ᠤᠨ ᠲᠤᠰᠴᠤ ᠬᠦᠷᠬᠦ ᠠᠴᠠ ᠢᠨᠠᠭᠰᠢ ᠨᠦᠢᠳᠠᠨ ᠮᠤᠳᠤ ᠤᠭᠳᠤᠯᠬᠤ ᠥᠬᠡᠢ᠃ ᠬᠡᠨ ᠬᠦᠮᠦᠨ ᠤᠭᠳᠤᠯᠤᠬᠤᠯ᠎ᠠ ᠪᠠᠭᠠᠵᠢ ᠶᠢ ᠲᠤᠨᠤᠭ ᠢ ᠢᠨᠤ ᠴᠥᠮ ᠠᠪᠬᠤ ᠃ ᠲᠡᠷᠡ ᠲᠤᠨᠤᠭ ᠢ ᠬᠡᠨ ᠥᠵᠡᠭᠰᠡᠨ ᠬᠦᠮᠦᠨ ᠠᠪᠬᠤ ᠁ ᠮᠥᠴᠢᠷ ᠤᠨ ᠲᠤᠰ ᠨᠦᠢᠳᠠᠨ ᠮᠥᠴᠢᠷ ᠨᠦᠢᠳᠠᠨ ᠮᠤᠳᠤᠨ ᠤ ᠶᠤᠰᠤᠭᠠᠷ᠃ ᠬᠠᠭᠤᠷᠠᠢ ᠮᠥᠴᠢᠷ ᠬᠠᠭᠤᠷᠠᠢ ᠮᠤᠳᠤᠨ ᠤ ᠴᠠᠬᠠᠵᠠ ᠪᠠᠷ ᠪᠤᠯᠬᠤ ᠁ ᠬᠠᠭᠤᠷᠠᠢ ᠮᠤᠳᠤ ᠤᠭᠳᠤᠯᠤᠭᠰᠠᠨ᠂ ᠨᠦᠢᠳᠠᠨ ᠮᠤᠳᠤᠨ ᠢ ᠬᠤᠭᠤ ᠲᠠᠬᠠᠷᠢᠬᠤᠯᠠ᠂ ᠰᠢᠯᠤᠷᠥᠭᠰᠡᠨ ᠢ ᠴᠠᠬᠠᠵᠠ ᠪᠠᠷ ᠰᠥᠬᠡᠨ ᠢ ᠠᠪ︾᠂ ︽ᠡᠮᠭᠡᠭ ᠥᠬᠡᠢ ᠮᠤᠷᠢ᠂ ᠬᠤᠩᠬᠤᠷ ᠬᠠᠯᠬᠤ᠂ ᠮᠤᠭᠠᠢ᠂ ᠮᠡᠨᠡᠭᠡᠢ᠂ ᠠᠭᠬᠢᠷ᠂ ᠨᠢᠯᠬ᠎ᠠ ᠢᠨᠵᠠᠭ᠎ᠠ᠂ ᠪᠠᠯᠵᠤᠮᠤᠷ᠂ ᠨᠠᠬᠠᠢ ᠡᠳᠡᠨ ᠢ ᠪᠤᠤ ᠠᠯᠠ᠂ ᠠᠯᠠᠭᠰᠠᠨ ᠢ ᠬᠡᠨ ᠬᠦᠮᠦᠨ ᠥᠵᠡᠪᠡᠰᠥ ᠮᠤᠷᠢ ᠠᠪ︾ ᠬᠡᠬᠦ ᠵᠡᠷᠬᠡ ᠪᠠᠷ ᠲᠤᠭᠳᠠᠭᠠᠭᠰᠠᠨ ᠪᠠᠶᠢᠨ᠎ᠠ᠃ ᠮᠤᠩᠭᠤᠯ ᠤᠨ ᠡᠷᠳᠡᠨ ᠤ ᠬᠠᠤᠯᠢ ᠲᠥᠷᠢᠮ ᠤᠨ ᠬᠡᠬᠡᠷ᠎ᠠ ᠶᠢᠨ ᠠᠮᠢᠳᠠᠨ ᠢ ᠬᠠᠮᠠᠭᠠᠯᠠᠬᠤ ᠲᠡᠤᠭᠡᠨ ᠤᠯᠠᠮᠵᠢᠯᠠᠯ ᠤᠨ ᠠᠭᠤᠯᠭ᠎ᠠ ︽ᠬᠠᠯᠬ᠎ᠠ ᠵᠢᠷᠤᠮ︾ ᠳᠤ ᠥᠷᠭᠡᠳᠴᠤ᠂ ᠪᠤᠯᠵᠤᠮᠤᠷ᠂ ᠨᠤᠬᠠᠢ ᠶᠢ ᠬᠦᠷᠳᠡᠯ᠎ᠠ ᠬᠠᠮᠠᠭᠠᠯᠠᠬᠤ ᠪᠤᠯᠤᠭᠰᠠᠨ ᠨᠢ ᠰᠢᠷ᠎ᠠ ᠶᠢᠨ ᠱᠠᠰᠢᠨ ᠤ ᠠᠮᠢᠨ ᠥᠯᠥ ᠲᠠᠰᠤᠯᠬᠤ ᠴᠡᠭᠡᠷᠯᠡᠯ ᠤᠨ ᠨᠥᠯᠥᠬᠡ ᠠᠴᠠ ᠪᠤᠯᠤᠭᠰᠠᠨ ᠠᠪᠠᠴᠤ ᠬᠡᠬᠡᠷ᠎ᠠ ᠶᠢᠨ ᠠᠮᠢᠳᠠᠨ ᠢ ᠬᠠᠮᠠᠭᠠᠯᠠᠬᠤ ᠳᠤ ᠢᠳᠡᠪᠬᠢᠳᠠᠢ ᠤᠢᠢᠯᠡᠳᠤᠯ ᠥᠵᠡᠬᠦᠯᠦᠭᠰᠡᠨ ᠪᠠᠶᠢᠨ᠎ᠠ᠃ ᠲᠤᠰ ᠬᠠᠤᠯᠢ ᠶᠢᠨ 185 ᠳ᠋ᠤᠭᠠᠷ ᠵᠤᠷᠪᠤᠰ ᠲᠤ ᠨᠤᠳᠤᠭ ᠰᠤᠩᠭᠤᠨ ᠨᠡᠭᠦᠳᠡᠯᠯᠡᠵᠦ ᠪᠠᠭᠤᠬᠤ ᠳᠠᠭᠠᠨ ᠲᠦᠢᠮᠡᠷ ᠠᠯᠳᠠᠬᠤ ᠶᠢ ᠴᠢᠩᠭ᠎ᠠ ᠴᠠᠭᠠᠵᠡᠯᠠᠵᠦ᠂ ᠨᠡᠬᠦᠭᠰᠡᠨ ᠨᠤᠳᠤᠭ ᠲᠤ ᠲᠦᠢᠮᠡᠷ ᠠᠯᠳᠠᠬᠤ ᠬᠠᠷᠢᠭᠤᠴᠠᠯᠭ᠎ᠠ ᠶᠢᠨ ᠲᠥᠷᠢᠮ ᠲᠤᠭᠳᠠᠭᠠᠯ ᠢ ᠲᠤᠭᠳᠠᠭᠠᠭᠰᠠᠨ ᠪᠠᠶᠢᠨ᠎ᠠ᠃ ᠮᠤᠩᠭᠤᠯᠴᠤᠳ ᠤᠨ ᠠᠮᠢ ᠠᠬᠤᠢ ᠪᠠᠨ ᠬᠠᠮᠠᠭᠠᠯᠠᠬᠤ ᠤᠬᠠᠮᠰᠠᠷ ᠨᠢ ᠥᠨᠳᠤᠰᠤᠨ ᠳᠡᠭᠡᠨ ᠮᠤᠩᠭᠤᠯ ᠥᠨᠳᠤᠰᠤᠳᠡᠨ ᠪᠦᠷᠢᠯᠳᠤᠬᠦ ᠯᠦᠭᠡ ᠵᠡᠷᠭᠡᠪᠡᠷ ᠪᠤᠢ ᠪᠤᠯᠵᠦ᠂ ᠠᠭᠠᠵᠢᠮ ᠳᠠᠭᠠᠨ ᠮᠤᠩᠭᠤᠯ ᠤᠨ ᠨᠡᠶᠢᠬᠡᠮ ᠤᠨ ᠵᠠᠩᠰᠢᠯ ᠤᠨ ᠬᠠᠤᠯᠢ — ︽ᠶᠤᠰᠤᠨ︾ ᠪᠤᠯᠵᠦ ᠲᠥᠯᠥᠪᠰᠢᠷᠡᠨ᠂ ᠮᠤᠩᠭᠤᠯ ᠤᠨ ᠨᠡᠶᠢᠬᠡᠮ ᠠᠩᠬᠢᠳᠤ ᠨᠡᠶᠢᠭᠡᠮ ᠳᠤ ᠰᠢᠯᠵᠢᠬᠦ ᠶᠢ ᠲᠠᠭᠠᠯᠳᠤᠨ ᠠᠯᠪᠠᠳᠡᠯᠭ᠎ᠠ ᠶᠢᠨ ᠬᠦᠴᠦᠨ ᠪᠦᠬᠦᠢ ᠬᠠᠤᠯᠢ ᠴᠠᠭᠠᠵᠠ ᠬᠠᠤᠯᠢ ᠲᠥᠷᠢᠮ ᠪᠤᠯᠤᠭᠰᠠᠨ ᠪᠠᠶᠢᠨ᠎ᠠ᠃ ᠮᠤᠩᠭᠤᠯ ᠤᠨ ᠡᠷᠳᠡᠨ ᠤ ᠬᠠᠤᠯᠢ ᠳᠤ ᠲᠤᠤᠱᠯᠠᠭᠳᠠᠭᠰᠠᠨ ᠡᠨᠡᠬᠦ ᠤᠬᠠᠮᠰᠠᠷ ᠨᠢ ᠤᠳᠤ ᠴᠤ ᠬᠡᠰᠡᠨ ᠵᠠᠩ ᠤᠢᠢᠯᠡ᠂ ᠴᠡᠬᠡᠷ ᠶᠤᠰᠤᠨ ᠤ ᠬᠡᠯᠪᠡᠷᠢ ᠪᠠᠷ ᠮᠤᠩᠭᠤᠯᠴᠤᠳ ᠤᠨ ᠠᠮᠢᠳᠤᠷᠠᠯ ᠳᠤ ᠴᠢᠬᠤᠯᠠ ᠨᠥᠯᠥᠬᠡ ᠥᠵᠡᠬᠦᠯᠵᠦ ᠪᠠᠶᠢᠭ᠎ᠠ ᠶᠤᠮ᠃ ᠮᠤᠩᠭᠤᠯᠴᠤᠳ ᠤᠨ ᠪᠠᠶᠢᠭᠠᠯᠢ ᠠᠬᠤᠢ ᠪᠠᠨ ᠬᠠᠮᠠᠭᠠᠯᠠᠬᠤ ᠤᠬᠠᠮᠰᠠᠷ ᠨᠢ ᠮᠤᠩᠭᠤᠯᠴᠤᠳ ᠤᠨ ᠠᠮᠢᠳᠤᠷᠠᠨ ᠤᠷᠤᠰᠢᠵᠦ ᠪᠠᠶᠢᠭ᠎ᠠ ᠤᠷᠴᠢᠨ ᠲᠤᠭᠤᠷᠢᠨ᠂ ᠠᠵᠦ ᠲᠥᠷᠥᠵᠤ ᠪᠠᠶᠢᠭ᠎ᠠ ᠮᠠᠯᠵᠢᠯ᠂ ᠠᠩᠨᠠᠯ ᠤᠨ ᠠᠵᠦ ᠠᠬᠤᠢ ᠯᠤᠭ᠎ᠠ ᠰᠠᠯᠵᠦ ᠪᠤᠯᠤᠰᠢ ᠥᠬᠡᠢ ᠬᠤᠯᠪᠤᠭ᠎ᠠ ᠲᠠᠢ ᠪᠢᠯᠡ᠃ ᠤᠷᠳᠤ ᠤᠳᠠᠭᠠᠨ ᠬᠤᠭᠤᠴᠠᠭ᠎ᠠ ᠪᠠᠷ ᠮᠤᠩᠭᠤᠯ ᠤᠨ ᠥᠨᠳᠦᠷᠯᠢᠭ ᠲᠤ ᠮᠠᠯᠵᠢᠯ᠂ ᠠᠩᠨᠠᠯ ᠤᠨ ᠠᠵᠦ ᠠᠬᠤᠢ ᠡᠷᠬᠢᠯᠡᠭᠰᠡᠨ ᠨᠢ ᠮᠤᠩᠭᠤᠯᠴᠤᠳ ᠤᠨ ᠪᠠᠶᠢᠭᠠᠯᠢ ᠪᠠᠨ ᠬᠠᠮᠠᠭᠠᠯᠠᠬᠤ ᠤᠬᠠᠮᠰᠠᠷ ᠢ ᠪᠤᠢ ᠪᠤᠯᠭᠠᠵᠦ᠂ ᠡᠨᠡ ᠨᠢ ᠮᠤᠩᠭᠤᠯ ᠤᠨ ᠥᠨᠳᠦᠷᠯᠢᠭ ᠤᠨ ᠪᠠᠶᠢᠭᠠᠯᠢ ᠠᠬᠤᠢ ᠶᠢᠨ ᠤᠩᠭᠤᠨ ᠲᠥᠷᠬᠦ ᠤᠯᠠᠨ ᠵᠠᠭᠤᠨ ᠤ ᠲᠤᠷᠰᠢ ᠲᠡᠷᠡ ᠬᠡᠪ ᠢᠶᠠᠷ ᠢᠶᠠᠨ ᠬᠠᠳᠠᠭᠠᠯᠠᠭᠳᠠᠭᠰᠠᠭᠠᠷ ᠢᠷᠡᠬᠦ ᠳᠤ ᠲᠦᠢᠯ ᠤᠨ ᠴᠢᠬᠤᠯᠠ ᠤᠢᠢᠯᠡᠳᠤᠯ ᠥᠵᠡᠬᠦᠯᠦᠭᠰᠡᠨ ᠬᠡᠵᠦ ᠬᠡᠯᠡᠵᠦ ᠪᠤᠯᠤᠨ᠎ᠠ᠃ ︵︽ᠪᠠᠶᠠᠨᠨᠠᠭᠤᠷ ᠮᠤᠩᠭᠤᠯ ᠰᠦᠯᠵᠢᠶ᠎ᠠ︾ ᠠᠴᠠ ᠰᠢᠯᠵᠢᠬᠦᠯᠪᠡ︶
 
ᠢᠷᠡᠯᠲᠡ᠄ ︽ᠪᠠᠶᠠᠨᠨᠠᠭᠤᠷ ᠮᠤᠩᠭᠤᠯ ᠰᠦᠯᠵᠢᠶ᠎ᠠ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号