ᠨᠤᠳᠤᠭ ᠤᠨ ᠮᠢᠨᠢ ᠰᠦᠯᠳᠡ — ᠪᠠᠳᠣᠴᠠᠭᠠᠨ
ᠨᠡᠶᠢᠲᠡᠯᠡᠭᠰᠡᠨ ᠴᠠᠭ᠄
2021/2/4
                 ● ᠲ᠊ · ᠨᠠᠮᠢᠶᠠᠨ      ᠵᠢᠯ ᠪᠦᠷᠢ ᠶᠢᠨ ᠠᠷᠪᠠᠨ ᠰᠠᠷ᠎ᠠ ᠶᠢᠨ ᠲᠤᠮᠳᠠᠴᠢ ᠪᠠᠷ᠂ ᠲᠦᠰᠢᠶᠡᠳᠣ ᠨᠤᠳᠤᠭ ᠤᠨ ᠮᠢᠨᠢ ᠴᠢᠮᠡᠭ ᠪᠤᠯᠤᠭᠰᠠᠨ᠂ ᠲᠦᠮᠡᠨ ᠤᠯᠠᠨ ᠤ ᠪᠠᠨ ᠪᠠᠭ᠋ᠠᠷᠬᠠᠯ ᠪᠤᠯᠤᠭᠰᠠᠨ ᠪᠠᠳᠣᠴᠠᠭᠠᠨ ᠤ ᠬᠠᠮᠤᠭ ᠤᠨ ᠭᠤᠶᠤ ᠤᠯᠠᠷᠢᠯ ᠪᠤᠯᠳᠠᠭ ᠰᠠᠨ︕ ᠡᠨᠡ ᠦᠶ᠎ᠡ ᠠᠷᠪᠠᠨ ᠰᠠᠷ᠎ᠠ ᠶᠢᠨ ᠠᠯᠳᠠᠨ ᠭᠠᠷᠠᠭ ᠲᠠᠢ ᠶᠠᠭ ᠴᠠᠪ ᠲᠤᠬᠢᠶᠠᠬᠤ ᠲᠤᠯᠠ ᠲᠦᠷᠪᠡᠨ ᠵᠦᠭ ᠨᠠᠢᠮᠠᠨ ᠵᠤᠪᠬᠢᠰ ᠠᠴᠠ ᠬᠦᠷᠦᠯᠴᠡᠨ ᠢᠷᠡᠭᠰᠡᠨ ᠵᠤᠭᠠᠴᠠᠬᠰᠡᠳ ᠵᠢᠷᠤᠭ ᠰᠢᠭ᠋ ᠵᠢᠵᠢᠭᠭᠡᠨ ᠤᠢ ᠶᠢ ᠬᠦᠭᠵᠢᠯ ᠤᠨ ᠲᠠᠭᠤᠨ ᠢᠶᠠᠷ ᠪᠢᠯᠬᠠᠭᠤᠯᠤᠨ᠎ᠠ᠃      ᠪᠠᠳᠣᠴᠠᠭᠠᠨ ᠰᠢᠭᠤᠢᠢᠷᠠᠬᠰᠠᠨ ᠤᠢ ᠭᠤᠤᠯᠳᠠᠭᠤ ᠬᠤᠰᠢᠭᠤᠨ ᠲᠦᠪ — ᠪᠠᠶᠠᠨᠬᠤᠰᠢᠭᠤ ᠪᠠᠯᠭᠠᠰᠣᠨ ᠠᠴᠠ ᠵᠡᠭᠦᠨ ᠬᠤᠶᠢᠰᠢ ᠬᠤᠷᠢᠭᠠᠳ ᠺᠢᠯᠦᠮᠧᠲᠷ ᠵᠠᠢ ᠲᠠᠢ ᠲᠠᠶᠢᠴᠢᠨᠳᠠᠯ᠎ᠠ ᠰᠣᠮᠣ ᠶᠢᠨ ᠪᠠᠷᠠᠭᠤᠨᠳᠡᠬᠢ ᠵᠢᠷᠦᠭᠡᠨ ᠠᠭᠤᠯᠠ᠂ ᠲᠠᠪᠤᠨ ᠲᠤᠯᠤᠭᠠᠶᠢᠳᠣ ᠭᠡᠬᠦ ᠬᠤᠶᠠᠷ ᠨᠠᠮᠬᠠᠨ ᠠᠭᠤᠯᠠ ᠶᠢᠨ ᠬᠤᠭᠤᠷᠤᠨᠳᠣᠬᠢ ᠨᠠᠷᠢᠬᠠᠨ ᠵᠢᠯᠠᠭ᠎ᠠ ᠪᠠᠷ ᠦᠷᠭᠦᠯᠵᠢᠯᠡᠵᠦ ᠬᠡᠪᠴᠢᠶ᠎ᠡ ᠪᠠᠭ᠎ᠠ᠂ ᠲᠤᠭ᠎ᠠ ᠪᠠᠷ ᠴᠦᠭᠡᠨ ᠪᠤᠯᠪᠠᠴᠦ ᠤᠨᠴᠠ ᠲᠠᠰᠣᠷᠬᠠᠢ ᠦᠩᠭᠡ᠂ ᠤᠭᠤ ᠰᠠᠶᠢᠬᠠᠨ ᠭᠠᠯᠪᠢᠷ ᠢᠶᠠᠷ ᠢᠶᠠᠨ ᠮᠤᠳᠣᠳ ᠤᠨ ᠲᠤᠳᠣᠷᠠᠬᠢ ︽ᠢᠯᠠᠭᠤᠭᠰᠠᠨ ᠨᠢᠭᠡᠨ︾ ᠳᠤ ᠲᠤᠭᠠᠴᠠᠭᠳᠠᠵᠦ᠂ ︽ᠲᠦᠰᠢᠶᠡᠳᠣ ᠶᠢᠨ ᠰᠦᠯᠳᠡ ᠮᠤᠳᠣ︾ ︽ᠤᠯᠤᠰ ᠤᠨ ᠲᠡᠰ ᠤᠨ ᠦᠵᠡᠮᠵᠢ ᠶᠢᠨ ᠤᠢ︾ ᠭᠡᠵᠦ ᠬᠤᠯᠠ ᠤᠶᠢᠷ᠎ᠠ ᠳᠤ ᠪᠠᠨ ᠠᠯᠳᠠᠷᠰᠢᠵᠠᠢ᠃ ᠬᠡᠷᠪᠡ ᠲᠠ ᠮᠢᠨᠦ ᠨᠤᠲᠤᠭ ᠲᠦᠰᠢᠶᠡᠳᠣ ᠪᠠᠷ ᠠᠶᠢᠯᠴᠢᠯᠠᠵᠦ ᠢᠷᠡᠳᠡᠭ ᠯᠠ ᠪᠤᠯ ᠪᠠᠳᠣᠴᠠᠭᠠᠨ ᠲᠠᠯᠠᠪᠠᠢ᠂ ᠪᠠᠳᠣᠴᠠᠭᠠᠨ ᠰᠡᠳᠭᠦᠯ᠂ ᠪᠠᠳᠣᠴᠠᠭᠠᠨ ᠬᠠᠮᠳᠣᠯᠢᠭ᠂ ᠪᠠᠳᠣᠴᠠᠭᠠᠨ ᠴᠠᠭᠠᠨ ᠢᠳᠡᠭᠡᠨ ᠤ ᠦᠢᠯᠡᠳᠪᠤᠷᠢ ᠮᠡᠳᠣ ᠶᠢᠨ ᠪᠠᠳᠣᠴᠠᠭᠠᠨ ᠢᠶᠠᠷ ᠨᠡᠷᠡᠯᠡᠭᠰᠡᠨ ᠵᠦᠢᠯᠡᠰ ᠲᠠᠢ ᠵᠦᠩᠳᠡᠭᠡᠨ ᠲᠤᠬᠢᠶᠠᠯᠳᠤᠵᠦ ᠦᠪᠡᠷ ᠤᠨ ᠡᠷᠭᠡ ᠦᠭᠡᠢ ᠪᠠᠳᠣᠴᠠᠭᠠᠨ ᠤ ᠲᠤᠬᠠᠢ ᠰᠣᠨᠢᠷᠬᠠᠯ ᠳᠤ ᠠᠪᠳᠠᠨ ᠪᠠᠲᠤᠴᠠᠭᠠᠨ ᠤᠢ ᠬᠦᠷᠭᠦ ᠪᠠᠷ ᠶᠠᠭᠠᠷᠠᠨ ᠲᠡᠮᠡᠦᠯᠡᠬᠦ ᠶᠤᠮ ᠡ︕      ᠦᠨᠡᠨᠳᠡᠭᠡᠨ ᠪᠠᠳᠣᠴᠠᠭᠠᠨ ᠨᠠᠷᠠᠰᠣ ᠮᠠᠶᠢᠯᠠᠰᠣ ᠰᠢᠭ᠋ ᠡᠭᠦᠯᠡ ᠰᠠᠮᠠᠯᠮ᠎ᠠ ᠦᠨᠳᠦᠷ ᠰᠢᠯᠤᠭᠤᠨ ᠪᠢᠰᠢ᠂ ᠨᠤᠳᠤᠭ ᠤᠨ ᠬᠠᠶᠢᠯᠠᠰᠣ ᠰᠢᠭ᠋ ᠠᠮᠳᠠᠳᠣ ᠵᠤᠭ᠎ᠠ᠂ ᠠᠰᠢᠭᠳᠣ ᠲᠤᠷᠤᠰᠣ ᠲᠠᠢ ᠴᠦ ᠪᠢᠰᠢ᠂ ᠴᠠᠭᠠᠨ ᠤᠯᠢᠶᠠᠰᠣ ᠮᠡᠳᠦ ᠮᠦᠴᠢᠷ ᠨᠠᠪᠴᠢ ᠨᠢ ᠲᠡᠭᠷᠢ ᠲᠡᠮᠡᠦᠯᠡᠭᠰᠡᠨ ᠶᠡᠭᠡᠮᠰᠦᠭ ᠤᠪᠤᠷ ᠲᠠᠢ ᠪᠢᠰᠢ᠂ ᠤᠨᠵᠢᠭᠠᠷ ᠤᠳᠠ ᠮᠡᠳᠦ ᠤᠶᠠᠨ ᠵᠦᠭᠡᠯᠡᠨ᠂ ᠡᠶᠡᠯᠰᠡᠭ ᠪᠤᠯᠪᠠᠷᠠᠢ ᠵᠠᠩ ᠠᠷᠠᠨᠰᠢᠨ ᠲᠠᠢ ᠴᠦ ᠪᠢᠰᠢ᠂ ᠵᠦᠪᠭᠡᠨ ᠭᠠᠵᠠᠷ ᠠᠴᠠ ᠬᠡᠨᠡᠳᠲᠡ ᠤᠷᠭᠤᠵᠦ ᠪᠤᠰᠣᠭᠰᠠᠨ ᠴᠡᠯ ᠨᠤᠭᠤᠭᠠᠨ ᠴᠢᠬᠢᠷᠠᠭ ᠲᠤᠮᠤ ᠮᠦᠬᠦ ᠮᠡᠳᠦ ᠰᠠᠬᠤᠯᠢᠭ ᠨᠠᠪᠴᠢ᠂ ᠨᠠᠮᠬᠠᠨ ᠨᠢᠷᠤᠭᠤ ᠲᠠᠢ ᠯᠠ ᠲᠡᠳᠦᠢ ᠃ ᠭᠡᠳᠡᠯ᠎ᠡ ᠭᠠᠶᠢᠬᠠᠮᠰᠢᠭ ᠲᠠᠢ ᠨᠢ ᠰᠡᠷᠢᠭᠦᠨ ᠨᠠᠮᠤᠷ ᠬᠦᠯᠭᠡᠯᠡᠭᠰᠡᠨ ᠴᠠᠭᠠᠨ ᠰᠢᠭᠦᠳᠡᠷᠢ ᠠᠬᠠᠢ ᠰᠡᠪ ᠰᠡᠮᠭᠡᠨ ᠲᠡᠪᠳᠡᠷᠢᠵᠦ ᠪᠠᠭᠤᠭᠠᠳ ᠰᠢᠳᠢᠳᠦ ᠮᠤᠳᠣᠷ ᠢᠶᠠᠷ ᠢᠶᠠᠨ ᠬᠦᠪ ᠬᠦᠩᠭᠡᠭᠡᠨ ᠢᠯᠪᠢᠨ᠂ ᠰᠢᠩᠬᠤᠨ ᠤᠷᠤᠭᠤᠯ ᠢᠶᠠᠷ ᠢᠶᠠᠨ ᠵᠦᠪ ᠵᠦᠭᠡᠯᠡᠭᠡᠨ ᠲᠠᠭᠠᠯᠠᠮᠠᠭᠴᠠ ᠴᠡᠯᠭᠡᠮ᠎ᠡ ᠨᠤᠭᠤᠭᠠᠨ ᠪᠠᠶᠢᠳᠠᠭ ᠪᠠᠳᠣᠴᠠᠭᠠᠨ ᠤ ᠨᠠᠪᠴᠢᠰ ᠠᠴᠠ ᠨᠢᠯᠭᠢᠮ᠎ᠠ ᠤᠯᠠᠭᠠᠨ ᠰᠣᠷ᠂ ᠨᠤᠴᠤᠬᠤ ᠭᠠᠯ ᠤᠨ ᠲᠦᠯᠦ ᠪᠠᠳᠠᠷᠠᠵᠦ ᠠᠯᠣᠰ ᠠᠴᠠ ᠪᠠᠷᠠᠯᠠᠬᠤᠶ᠎ᠡ ᠠᠰᠠᠭᠠᠭᠠᠳ ᠲᠠᠯᠪᠢᠭᠰᠠᠨ ᠲᠤᠭ᠎ᠠ ᠲᠤᠮᠰᠢ ᠦᠭᠡᠢ ᠭᠠᠯ ᠪᠠᠮᠪᠠᠷ ᠠᠭᠤᠯᠠ ᠲᠠᠯ᠎ᠠ ᠶᠢ ᠪᠦᠷᠭᠦᠳᠡᠯ᠎ᠡ ᠤᠴᠢᠯᠠᠨ ᠲᠦᠷᠡᠯᠵᠡᠬᠦ ᠮᠡᠳᠦ ᠦᠵᠡᠰᠭᠦᠯᠡᠩ ᠰᠦᠷᠵᠢᠭᠦᠨ᠂ ᠤᠶᠢᠷᠠᠳᠴᠦ ᠠᠵᠢᠬᠤᠶ᠎ᠡ ᠠᠷᠪᠠᠨ ᠦᠩᠭᠡ ᠶᠢᠨ ᠰᠣᠯᠣᠩᠭᠠᠨ ᠪᠦᠮᠪᠦᠭᠡ ᠶᠢ ᠠᠯᠳᠠᠨ ᠭᠠᠳᠠᠰᠣ ᠪᠠᠷ ᠠᠷᠭᠠᠮᠵᠢᠭᠠᠳ ᠲᠠᠯᠪᠢᠴᠢᠬᠠᠭᠰᠠᠨ ᠮᠡᠳᠦ ᠠᠰᠣᠷᠤ ᠷᠤᠮᠠᠨᠲ᠋ᠢᠭ ᠪᠠᠶᠢᠳᠠᠭ ᠢᠶᠠᠷ ᠢᠶᠠᠨ ᠦᠵᠡᠭᠴᠢ ᠲᠦᠮᠡᠨ ᠤ ᠪᠠᠭ᠋ᠠᠷᠬᠠᠯ ᠢ ᠲᠠᠳᠠᠵᠦ᠂ ᠰᠣᠨᠣᠰᠣᠭᠴᠢ ᠪᠦᠭᠦᠨ ᠤ ᠰᠡᠳᠭᠢᠯ ᠢ ᠬᠦᠪᠰᠦᠯᠵᠡᠭᠦᠯᠦᠨ᠎ᠡ᠃      ᠪᠠᠳᠣᠴᠠᠭᠠᠨ ᠤ ︽ᠲᠦᠷᠭᠦᠮ︾ ᠢ ᠨᠢ ᠬᠡᠯᠡᠪᠡᠯ ᠲᠦᠷᠦ ᠶᠢᠨ ᠨᠠᠶᠢᠰᠯᠠᠯ ᠪᠡᠭᠡᠵᠢᠩ ᠬᠤᠳᠠ ᠶᠢᠨ ᠲᠡᠯᠡᠭᠡᠢ ᠳᠤ ᠠᠯᠳᠠᠷᠰᠢᠭᠰᠠᠨ ᠰᠢᠶᠠᠩ ᠱᠠᠨ ᠠᠭᠤᠯᠠᠨ ᠤ ᠤᠯᠠᠭᠠᠨ ᠨᠠᠪᠴᠢ ᠪᠤᠯᠤᠨ᠎ᠠ᠃ ᠤᠳᠣ ᠠᠴᠠ ᠪᠠᠷᠤᠭ ᠲᠠᠪᠤᠨ ᠵᠠᠭᠤ ᠰᠢᠬᠠᠮ ᠵᠢᠯ ᠤᠨ ᠡᠮᠦᠨ᠎ᠡ ᠴᠢᠩ ᠤᠯᠤᠰ ᠤᠨ ᠡᠶᠡᠪᠡᠷ ᠵᠠᠰᠠᠭᠴᠢ ᠬᠠᠭᠠᠨ ᠲᠤᠮᠳᠠᠳᠣ ᠬᠦᠷᠦᠨ ᠢ ᠡᠵᠡᠯᠡᠭᠡᠳ ᠰᠠᠭᠤᠳᠠᠯ ᠨᠢ ᠬᠠᠯᠠᠭᠠᠳᠣᠢ ᠰᠠᠨᠳᠣᠷᠴᠦ ᠪᠠᠶᠢᠭᠰᠠᠨ ᠦᠶᠡᠰ ᠲᠤ ᠪᠠᠨ ᠲᠦᠷᠦ ᠶᠢᠨ ᠠᠯᠳᠠᠨ ᠵᠢᠯᠤᠭᠤ ᠪᠠᠨ ᠪᠠᠬᠢᠵᠢᠭᠦᠯᠬᠦ ᠶᠢᠨ ᠲᠦᠯᠦᠭᠡ ᠲᠡᠭᠦᠨ ᠤ ᠦᠭᠡᠷ᠎ᠡ ᠡᠭᠡ ᠠᠴᠠ ᠲᠦᠷᠦᠭᠰᠡᠨ ᠦᠬᠢᠨ ᠲᠡᠭᠦᠦ ᠠᠮᠤᠷᠯᠢᠩᠭᠤᠢ ᠡᠷᠬᠢᠮ ᠬᠦᠩᠵᠦ ᠶᠢ ᠲᠦᠰᠢᠶᠡᠳᠣ ᠴᠢᠨ ᠸᠠᠩ ᠪᠠᠶᠠᠰᠬᠤᠯᠠᠩ ᠳᠤ ᠪᠤᠭᠳᠣᠯᠣᠨ ᠦᠭᠴᠡᠢ᠃ ᠠᠯᠳᠠᠨ ᠰᠢᠬᠢᠳᠭᠡᠷᠲᠤ ᠮᠦᠩᠭᠦᠨ ᠮᠠᠯᠠᠭᠠᠢ ᠤᠯᠵᠦ ᠵᠡᠭᠦᠭᠰᠡᠨ ᠪᠠᠶᠠᠰᠬᠤᠯᠠᠩ ᠴᠢᠨ ᠸᠠᠩ ᠤᠴᠢᠷ ᠦᠭᠡᠢ ᠤᠯᠵᠠᠷᠬᠠᠨ ᠬᠦᠭᠡᠷᠴᠦ ᠠᠮᠤᠷᠯᠢᠩᠭᠤᠢ ᠡᠷᠭᠢᠮ ᠬᠦᠩᠵᠦ ᠶᠢ ᠠᠯᠠᠭᠠᠨ ᠳᠤ ᠪᠠᠨ ᠲᠠᠯᠪᠢᠪᠠᠯ ᠪᠦᠮᠪᠦᠷᠢᠮᠡᠷ ᠠᠮᠠᠨ ᠳᠤ ᠪᠠᠨ ᠬᠢᠪᠡᠯ ᠬᠠᠶᠢᠯᠤᠮᠠᠷ ᠡᠩᠭᠦᠷᠡᠶᠢᠯᠡᠨ ᠬᠠᠶᠢᠷᠠᠯᠠᠭᠰᠠᠨ ᠪᠤᠯᠪᠠᠴᠦ ᠬᠠᠰᠢᠯᠠ ᠬᠦᠮᠦᠨ ᠤ ᠬᠡᠦᠭᠡᠨ ᠦᠷ᠎ᠡ ᠲᠤᠯᠠ ᠦᠰᠴᠦ ᠲᠦᠷᠦᠭᠰᠡᠨ ᠪᠡᠭᠡᠵᠢᠩ ᠬᠤᠳᠠ᠂ ᠦᠵᠡᠰᠭᠦᠯᠡᠩᠳᠣ ᠭᠤᠶᠤ ᠬᠠᠭᠠᠨ ᠤ ᠤᠷᠳᠣᠨ ᠢᠶᠠᠨ ᠦᠶ᠎ᠡ ᠦᠶ᠎ᠡ ᠦᠭᠡᠶᠢᠯᠡᠨ ᠲᠤᠷᠠᠰᠴᠦ ᠬᠠᠶᠠ ᠬᠠᠶᠠ ᠬᠠᠯᠠᠭᠤᠨ ᠨᠢᠯᠪᠤᠰᠣ ᠠᠰᠬᠠᠷᠠᠭᠤᠯᠤᠭᠠᠳ ᠪᠠᠶᠢᠬᠤ ᠲᠤᠯᠠ ᠵᠠᠷᠤᠴᠠ ᠠᠯᠪᠠᠲᠤ ᠪᠠᠨ ᠵᠠᠬᠢᠵᠦ ᠨᠠᠶᠢᠰᠯᠠᠯ ᠬᠤᠳᠠ ᠶᠢᠨ ᠪᠡᠯᠭᠡᠳᠡᠯ ᠪᠤᠯᠤᠭᠰᠠᠨ᠂ ᠨᠠᠮᠢᠶᠠᠨ ᠲᠠᠢ ᠬᠠᠳᠣᠨ ᠤ ᠪᠠᠨ ᠮᠦᠷᠦᠭᠡᠳᠦᠯ ᠪᠤᠯᠤᠭᠰᠠᠨ ᠰᠢᠶᠠᠩ ᠱᠠᠨ ᠠᠭᠤᠯᠠᠨ ᠤ ᠤᠯᠠᠭᠠᠨ ᠨᠠᠪᠴᠢ ᠶᠢ ᠠᠪᠴᠢᠷᠠᠭᠤᠯᠵᠦ ᠦᠷᠭᠦᠭᠡᠨ ᠤ ᠪᠠᠨ ᠤᠷᠴᠢᠨ᠂ ᠤᠷᠳᠣᠨ ᠤ ᠪᠠᠨ ᠬᠠᠪᠢ ᠳᠤ ᠰᠠᠭᠤᠯᠭᠠᠨ ᠠᠰᠠᠷᠠᠭᠤᠯᠵᠠᠢ ᠃ ᠤᠮᠠᠷᠠᠳᠣ ᠤᠷᠤᠨ ᠤ ᠬᠠᠯᠠᠭᠤᠨ ᠬᠦᠷᠦᠰᠣ ᠰᠢᠮ᠎ᠠ ᠰᠠᠶᠢᠳᠠᠢ ᠠᠴᠠ ᠪᠤᠯᠤᠭᠰᠠᠨ ᠶᠤᠮ ᠤᠤ᠂ ᠡᠷᠦᠭᠡ ᠭᠡᠷ ᠢᠶᠠᠨ ᠦᠭᠡᠶᠢᠯᠡᠵᠦ ᠮᠦᠷᠦᠭᠡᠳᠦᠭᠰᠡᠨ ᠡᠩᠭᠦᠷᠡᠢ ᠬᠠᠳᠣᠨ ᠤ ᠰᠡᠳᠭᠢᠯ ᠬᠦᠨᠳᠣ ᠠᠴᠠ ᠪᠤᠯᠤᠭᠰᠠᠨ ᠶᠤᠮ ᠤᠤ ᠪᠤᠤ ᠮᠡᠳᠡ᠂ ᠤᠯᠠᠭᠠᠨ ᠨᠠᠪᠴᠢ ᠤᠷᠭᠤᠵᠦ ᠲᠦᠯᠵᠢᠬᠦ ᠶᠠᠪᠤᠴᠠ ᠳᠤ ᠪᠠᠨ ᠤᠤᠯ ᠨᠢ ᠪᠠᠶᠢᠭᠰᠠᠨ ᠭᠤᠷᠪᠠᠨ ᠰᠠᠯᠠᠭᠠᠳᠣ ᠨᠠᠪᠴᠢ ᠨᠢ ᠭᠠᠷ ᠤᠨ ᠲᠠᠪᠤᠨ ᠬᠤᠷᠤᠭᠤ ᠰᠢᠭ᠋ ᠡᠳᠡᠭᠡᠳ ᠪᠤᠯᠵᠦ ᠤᠨᠳᠣᠣᠰᠢᠭᠠᠳ ᠤᠳᠣ ᠤᠷᠴᠢᠯᠠᠩ ᠳᠤ ᠬᠤᠪᠤᠷᠬᠠᠨ ᠲᠠᠪᠤᠨ ᠰᠠᠯᠠᠭᠠᠳᠣ ᠤᠯᠠᠭᠠᠨ ᠨᠠᠪᠴᠢ — ᠪᠠᠳᠣᠴᠠᠭᠠᠨ ᠪᠤᠯᠵᠠᠢ ᠭᠡᠨ᠎ᠡ᠃      ᠡᠨᠡ ᠬᠡᠳᠦ᠋ᠢᠪᠡᠷ ᠦᠯᠢᠭᠡᠷ ᠲᠤᠮᠤᠭ ᠬᠡᠳᠡᠭ ᠪᠤᠯᠪᠠᠴᠦ ᠤᠳᠣ ᠶᠢᠨ ᠪᠠᠳᠣᠴᠠᠭᠠᠨ ᠤᠢ ᠳᠠᠬᠢ ᠬᠠᠮᠤᠭ ᠪᠤᠭᠤᠷᠤᠯ ᠪᠠᠳᠣᠴᠠᠭᠠᠨ ᠤ ᠪᠠᠶᠢᠳᠠᠯ ᠠᠴᠠ ᠰᠢᠨᠵᠢᠪᠡᠯ ᠦᠨᠡᠭᠡᠷ ᠲᠠᠪᠤᠨ ᠵᠠᠭᠤ ᠰᠢᠬᠠᠮ ᠵᠢᠯ ᠤᠨ ᠤᠯᠪᠠᠭ᠎ᠠ ᠲᠠᠢ ᠪᠦᠭᠡᠳ ᠭᠤᠤᠯ ᠠᠴᠠ ᠪᠠᠨ ᠬᠦᠨᠳᠡᠶᠢᠷᠡᠵᠦ ᠬᠠᠳᠠᠵᠦ ᠬᠤᠷᠪᠤᠶᠢᠬᠤ ᠰᠢᠨᠵᠢ ᠤᠷᠤᠭᠰᠠᠨ ᠠᠳᠠᠯ᠎ᠠ ᠮᠦᠴᠢᠷ ᠨᠠᠪᠴᠢ ᠪᠠᠨ ᠲᠡᠩᠭᠡᠭᠡ ᠮᠡᠳᠡᠨ ᠪᠦᠭᠦᠯᠵᠡᠭᠦᠯᠬᠦ ᠨᠢ ᠨᠠᠷᠠᠨ ᠳᠤ ᠭᠤᠩᠬᠤᠨ᠂ ᠰᠠᠷᠠᠨ ᠳᠤ ᠭᠤᠨᠢᠶᠠᠨ᠂ ᠰᠠᠯᠬᠢᠨ ᠳᠤ ᠰᠢᠪᠰᠢᠭᠦᠯᠦᠨ᠂ ᠴᠠᠰᠣ ᠪᠤᠷᠤᠭᠠᠨ ᠢ ᠦᠡᠭᠭᠡᠷᠡᠭᠦᠯᠦᠭᠰᠡᠨ ᠁ ᠮᠠᠷᠳᠠᠭᠳᠠᠰᠢ ᠦᠭᠡᠢ ᠤᠨ ᠰᠠᠷ᠎ᠠ᠂ ᠮᠤᠷᠢᠨ ᠨᠢᠷᠤᠭᠤᠨ ᠲᠡᠭᠡᠷᠡᠬᠢ ᠲᠤᠮᠤᠭ ᠢᠶᠠᠨ ᠤᠶᠢᠳᠬᠠᠷᠳᠠᠶᠢᠬᠠᠨ ᠬᠦᠦᠷᠨᠢᠬᠦ ᠮᠡᠳᠦ᠃      ᠪᠠᠲᠤᠴᠠᠭᠠᠨ ᠭᠤᠷᠪᠠᠨ ᠰᠠᠷ᠎ᠠ ᠳᠤ ᠴᠡᠴᠡᠭᠯᠡᠵᠦ᠂ ᠠᠷᠬᠠᠶᠢᠭᠰᠠᠨ ᠴᠦᠢᠳᠡᠩ ᠤᠨ ᠲᠤᠯᠤᠭᠠᠢ ᠮᠡᠳᠦ ᠵᠢᠵᠢᠭᠭᠡᠨ ᠰᠢᠷ᠎ᠠ ᠴᠡᠴᠡᠭ ᠨᠢ ᠲᠡᠯᠭᠡᠷᠡᠵᠦ ᠬᠦᠢᠴᠡᠭᠰᠡᠨ ᠤ ᠲᠠᠷᠠᠭ᠎ᠠ ᠰᠠᠶ᠋ᠢ ᠨᠠᠪᠴᠢᠯᠠᠨ᠎ᠠ᠃ ᠨᠠᠮᠤᠷ ᠪᠤᠯᠵᠦ ᠨᠠᠪᠴᠢ ᠵᠤᠯᠭᠠᠷᠠᠬᠤ ᠠᠴᠠ ᠤᠷᠢᠳ ᠦᠷ᠎ᠡ ᠨᠢ ᠬᠡᠳᠦ᠋ᠢᠨ ᠪᠤᠯᠪᠠᠰᠤᠷᠠᠴᠢᠬᠠᠳᠠᠭ᠃ ᠬᠡᠷᠪᠡ ᠵᠤᠯ ᠢᠶᠠᠷ ᠪᠠᠲᠤᠴᠠᠭᠠᠨ ᠤ ᠤᠢ ᠪᠠᠷ ᠵᠤᠭᠠᠴᠠᠳᠠᠭ ᠶᠤᠮ ᠪᠤᠯ ᠮᠤᠳᠣᠳ ᠤᠨ ᠲᠤᠤᠭᠤᠷᠬᠢ ᠵᠢᠵᠢᠭᠭᠡᠨ ᠬᠤᠪᠤᠭᠤ ᠰᠢᠭ᠋ ᠬᠡᠳᠦᠨ ︽ᠤᠨᠠᠭᠤᠯᠢ︾ ᠰᠣᠨᠢᠭᠤᠴᠢ ᠰᠡᠳᠭᠢᠯᠭᠡ ᠶᠢ ᠴᠢᠨᠢ ᠭᠡᠵᠢᠭᠡᠳᠡᠨ ᠰᠣᠨᠢᠷᠬᠠᠯ ᠲᠠᠭᠠᠮᠠᠭ ᠦᠯᠡᠳᠡᠭᠡᠳᠡᠭ᠃ ᠨᠢᠭᠡ ᠤᠳᠠᠭ᠎ᠠ ᠪᠢ ᠪᠠᠳᠣᠴᠠᠭᠠᠨ ᠤ ᠤᠢ ᠪᠠᠷ ᠵᠤᠭᠠᠴᠠᠬᠤ ᠳᠤ ᠪᠠᠨ ᠦᠨᠦᠭᠢ ︽ᠤᠨᠠᠭᠤᠯᠢ︾ ᠲᠤᠳᠣᠷ᠎ᠠ ᠠᠴᠠ ᠠᠳᠬᠤ ᠦᠷ᠎ᠡ ᠬᠠᠷᠮᠠᠵᠦ ᠠᠪᠤᠭᠠᠳ ︽ᠰᠣᠷᠭᠠᠭᠤᠯᠢ ᠶᠢᠨ ᠬᠦᠷᠢᠶ᠎ᠡ ᠪᠠᠨ ᠭᠠᠩᠭᠠᠯᠠᠶ᠎ᠡ︾ ᠭᠡᠰᠡᠨ ᠴᠢᠨᠢ ᠬᠠᠮᠳᠣ ᠠᠶᠠᠯᠠᠭ᠎ᠠ ᠨᠤᠳᠤᠭ ᠤᠨ ᠠᠬᠠᠮᠠᠳ ᠬᠠᠭ᠋ᠠᠯᠠᠨ ᠢᠨᠢᠶᠡᠭᠰᠡᠭᠡᠷ ︽ᠪᠠᠳᠣᠴᠠᠭᠠᠨ ᠪᠠᠷᠤᠭ ᠤᠨ ᠬᠦᠷᠦᠰᠦᠨ ᠳᠤ ᠨᠠᠭᠢᠶᠠᠯᠠᠳᠠᠭ ᠦᠭᠡᠢ᠂ ᠨᠠᠬᠢᠶᠠᠯᠠᠵᠦ ᠤᠷᠭᠤᠭᠰᠠᠨ ᠴᠦ ᠦᠰᠴᠦ ᠬᠦᠷᠪᠡᠵᠢᠭᠦ ᠨᠢ ᠦᠨᠡᠭᠡᠷ ᠮᠢᠨᠳᠠᠭ ᠲᠠᠢ ᠰᠢᠦ᠂ ᠠᠶᠠᠭᠠᠨ ᠴᠢᠨᠡᠭᠡᠨ ᠪᠦᠳᠦᠭᠦᠨ ᠵᠤᠯᠵᠠᠭ᠎ᠠ ᠨᠢ ᠴᠦ ᠠᠳᠠᠭ ᠲᠤ ᠪᠠᠨ ᠵᠠᠭᠤ ᠭᠠᠷᠤᠢ ᠵᠢᠯ ᠤᠨ ᠲᠡᠦᠭᠡ ᠲᠠᠢ᠂ ᠠᠵᠢᠯ ᠠᠴᠠ ᠪᠠᠨ ᠠᠮᠠᠷᠠᠳᠠᠯ᠎ᠠ ᠲᠠ ᠰᠢᠯᠪᠢᠭᠦᠷ ᠤᠨ ᠡᠰᠢ ᠯᠠ ᠤᠰᠣᠯᠠᠨ᠎ᠠ ᠳ᠋ᠠ︾ ᠭᠡᠰᠡᠨ ᠳᠤ ᠪᠢ ᠰᠠᠶ᠋ᠢ ᠠᠭᠤᠯᠠ ᠵᠤ ᠶᠢ ᠪᠦᠷᠭᠦᠳᠡᠯ᠎ᠡ ᠤᠷᠭᠤᠨ ᠴᠡᠴᠡᠭᠯᠡᠭᠰᠡᠨ ᠡᠭᠡᠯ ᠵᠢᠷ ᠤᠨ ᠪᠠᠳᠣᠴᠠᠭᠠᠨ ᠤ ᠤᠢ ᠳᠤ ᠮᠠᠨᠢ ᠬᠡᠳᠦᠨ ᠦᠶ᠎ᠡ ᠶᠢᠨ ᠬᠦᠮᠦᠰ ᠤᠨ ᠤᠶᠢᠭ᠎ᠠ ᠦᠭᠡᠢ ᠵᠢᠳᠭᠦᠯ᠂ ᠤᠨᠳᠠᠷᠠᠰᠢ ᠦᠭᠡᠢ ᠬᠠᠶᠢᠷ᠎ᠠ ᠰᠢᠩᠭᠡᠵᠦ ᠪᠠᠶᠢᠬᠤ ᠶᠢ ᠮᠡᠳᠡᠭᠡᠳ ᠲᠡᠪᠴᠢᠶᠡᠷᠢ ᠶᠡᠭᠡᠳᠡᠢ ᠪᠠᠳᠣᠴᠠᠭᠠᠨ ᠢᠶᠠᠨ ᠤᠯᠠᠮ ᠬᠠᠶᠢᠷᠠᠯᠠᠵᠦ᠂ ᠲᠡᠰᠪᠤᠷᠢ ᠰᠠᠶᠢᠳᠠᠢ ᠨᠤᠳᠤᠭ ᠤᠨ ᠬᠦᠮᠦᠰ ᠢᠶᠠᠨ ᠨᠡᠩ ᠪᠢᠰᠢᠷᠡᠭᠦ ᠪᠤᠯᠤᠭᠰᠠᠨ ᠰᠠᠨ︕      ᠪᠠᠳᠤᠴᠠᠭᠠᠨ ᠮᠤᠳᠣᠳ ᠤᠨ ᠲᠤᠳᠣᠷᠠᠬᠢ ︽ᠠᠯᠳᠠᠨ ᠤᠷᠤᠭᠳᠠᠨ︾ ᠶᠤᠮ᠃ ᠪᠢᠨᠳᠣ ᠨᠠᠶᠢᠷᠠᠮᠳᠠᠭᠤ ᠭᠤᠸ᠎ᠠ ᠦᠵᠡᠰᠭᠦᠯᠡᠩ ᠮᠦᠷᠳᠡᠭᠡᠨ ᠪᠤᠷᠤᠩᠬᠠᠶᠢᠯᠠᠨ ᠬᠠᠳᠣᠷᠠᠭᠰᠠᠳ ᠲᠤ ᠰᠦᠭᠦᠷᠡᠯ ᠦᠭᠡᠢ ᠡᠷᠡᠯᠬᠡᠭ ᠵᠢᠪᠬᠤᠭᠠᠳᠠᠢ ᠪᠠᠶᠢᠳᠠᠭ᠃ ᠲᠠᠴᠢᠷ ᠠᠭᠤᠯᠠᠨ ᠪᠡᠯ ᠭᠡᠵᠦ ᠭᠤᠯᠤᠬᠤ ᠦᠭᠡᠢ᠂ ᠲᠠᠩᠰᠤᠭ ᠭᠠᠵᠠᠷ ᠠᠴᠠ ᠢᠷᠠᠯ᠎ᠠ ᠬᠡᠵᠦ ᠲᠡᠭᠡᠷᠡᠩᠬᠦ᠋ᠢᠯᠡᠬᠦ ᠦᠭᠡᠢ᠂ ᠤᠷᠤᠨ ᠵᠠᠢ ᠪᠤᠯᠢᠶᠠᠯᠳᠣᠵᠦ ᠢᠪᠢᠯᠴᠡᠳᠡᠭ ᠦᠭᠡᠢ᠂ ᠤᠯᠠᠭᠠᠨ ᠰᠢᠭᠤᠷᠭ᠎ᠠ ᠲᠠᠭᠠᠷᠢᠭᠰᠠᠨ ᠴᠦ ᠪᠦᠭᠦᠯᠵᠠᠳᠡᠭ ᠦᠭᠡᠢ᠂ ᠮᠤᠩᠭᠤᠯ ᠨᠤᠳᠤᠭ ᠤᠨ ᠢᠶᠠᠨ ᠤᠭᠤᠷᠠᠭ ᠰᠢᠮ᠎ᠠ ᠶᠢ ᠬᠦᠯᠬᠦᠵᠦ᠂ ᠮᠠᠯᠴᠢᠨ ᠠᠷᠠᠳ ᠤᠨ ᠢᠶᠠᠨ ᠤᠶᠤᠨ ᠰᠦᠨᠡᠰᠦ ᠶᠢ ᠪᠠᠭᠴᠠᠯᠠᠨ᠂ ᠤᠴᠠᠷᠠᠭᠰᠠᠨ ᠪᠦᠭᠦᠨ ᠳᠤ ᠤᠷᠠᠨ ᠠᠮᠢᠳᠣᠷᠠᠬᠤᠢ ᠶᠢᠨ ᠮᠦᠷᠦᠭᠡᠳᠦᠯ ᠤᠯᠭᠤᠵᠦ᠂ ᠬᠠᠷᠠᠭᠰᠠᠨ ᠪᠦᠭᠦᠨ ᠳᠤ ᠬᠦᠭᠵᠢᠵᠦ ᠪᠠᠳᠠᠷᠠᠬᠤ ᠶᠢᠨ ᠵᠦᠩ ᠪᠢᠯᠢᠭ ᠢᠶᠠᠨ ᠢᠪᠡᠭᠡᠵᠦ ᠪᠠᠶᠢᠳᠠᠭ ᠡ︕      ᠪᠠᠳᠣᠴᠠᠭᠠᠨ ᠤ ᠦᠷ᠎ᠡ ᠶᠢ ᠨᠢ ᠴᠠᠢ ᠮᠡᠳᠦ ᠴᠢᠢᠯᠡᠭᠡᠳ ᠤᠳᠠᠭᠠᠨ ᠤᠤᠭᠤᠪᠠᠯ ᠲᠠᠮᠢᠷ ᠨᠦᠭᠦᠨ᠎ᠠ᠃ ᠮᠣᠳᠣᠨ ᠤ ᠰᠢᠷᠭᠡᠭ ᠨᠢ ᠨᠢᠭᠳᠠ ᠪᠤᠯᠪᠠᠴᠦ ᠶᠠᠰᠣᠯᠢᠭ ᠪᠤᠯᠬᠤᠷ ᠨᠠᠷᠢᠨ ᠵᠦᠢᠯᠡᠰ ᠤᠷᠠᠯᠠᠵᠦ ᠱᠣᠭᠤᠬᠤ ᠳᠤ ᠲᠤᠬᠢᠷᠠᠮᠵᠢ ᠦᠭᠡᠢ ᠬᠠᠷᠢᠨ ᠠᠮᠪᠠᠨ ᠬᠢᠪᠠᠯ ᠴᠠᠪᠴᠢᠭᠳᠠᠵᠦ ᠬᠠᠭᠠᠷᠠᠬᠤ ᠦᠭᠡᠢ᠂ ᠬᠢᠰᠠ ᠳᠤ ᠲᠦᠯᠡᠪᠡᠯ ᠨᠦᠢᠳᠠᠨ ᠨᠢ ᠪᠤᠯᠪᠠᠴᠦ ᠲᠦᠷᠴᠢᠭᠢᠨᠡᠳᠡᠯ᠎ᠡ ᠨᠤᠴᠤᠵᠦ ᠨᠡᠭᠦᠷᠡᠰᠣ ᠮᠡᠳᠦ ᠬᠠᠲᠠᠭᠤ ᠲᠦᠯᠦ ᠪᠠᠳᠠᠷᠠᠳᠠᠭ᠃ ᠡᠳᠡᠭᠡᠷ ᠨᠢ ᠲᠡᠭᠦᠨ ᠤ ᠭᠠᠳᠠᠨ᠎ᠠ ᠪᠠᠨ ᠵᠦᠭᠡᠯᠡᠨ ᠴᠦ ᠲᠤᠳᠣᠷ᠎ᠠ ᠪᠠᠨ ᠬᠠᠳᠠᠭᠤ᠂ ᠭᠠᠯ ᠪᠤᠯᠵᠦ ᠪᠠᠳᠠᠷᠠᠬᠤ ᠠᠴᠠ ᠪᠢᠰᠢ ᠬᠠᠶᠢᠯ ᠪᠤᠯᠵᠦ ᠤᠷᠤᠰᠬᠤ ᠦᠭᠡᠢ ᠲᠠᠮᠢᠷᠯᠢᠭ ᠨᠢᠷᠤᠭᠤ᠂ ᠲᠦᠷᠦᠯᠬᠢ ᠠᠷᠠᠨᠰᠢᠨ ᠢ ᠬᠦᠢᠴᠡᠳ ᠢᠯᠡᠷᠡᠭᠦᠯᠵᠦ ᠪᠠᠶᠢᠭ᠎ᠠ ᠪᠢᠰᠢᠤ ᠤᠤ︖      ᠬᠤᠷᠢᠨ ᠨᠢᠭᠡᠳᠦᠭᠡᠷ ᠵᠠᠭᠤᠨ ᠤ ᠡᠬᠢᠨ ᠳᠠᠬᠢ ᠨᠢᠭᠡᠨ ᠨᠠᠮᠤᠷ ᠲᠤᠮᠳᠠᠳᠤ ᠬᠤᠰᠢᠭᠤᠨ ᠤ ᠮᠠᠰᠢ ᠤᠯᠠᠨ ᠰᠣᠷᠭᠠᠭᠤᠯᠢ ᠶᠢᠨ ᠬᠡᠦᠭᠡᠳ ᠠᠶᠠᠯᠠᠷ᠎ᠠ ᠢᠷᠡᠭᠡᠳ ᠤᠢ ᠶᠢᠨ ᠲᠤᠮᠳᠠᠭᠤᠷ ᠠᠯᠳᠠᠨ ᠪᠤᠯᠵᠤᠮᠤᠷ ᠰᠢᠭ᠋ ᠱᠤᠯᠤᠭᠠᠨᠠᠯᠳᠣᠵᠦ ᠪᠠᠶᠢᠳᠠᠯ᠎ᠠ ᠬᠡᠨᠡᠳᠳᠡ ᠬᠡᠬᠡᠨ ᠡᠳᠦᠷ ᠢᠶᠠᠷ ᠠᠶᠤᠩᠭ᠎ᠠ ᠲᠠᠴᠢᠬᠢᠨᠠᠵᠦ ᠬᠦᠢᠳᠡᠨ ᠮᠦᠨᠳᠦᠷ ᠬᠠᠶᠢᠷ᠎ᠠ ᠨᠠᠶᠢᠷ ᠦᠭᠡᠢ ᠴᠢᠳᠬᠤᠯᠠᠯ᠎ᠠ᠃ ᠪᠠᠭᠰᠢ ᠨᠠᠷ᠂ ᠬᠡᠷ ᠤᠨ ᠠᠬᠠᠮᠠᠳ ᠰᠣᠴᠢᠨ ᠲᠦᠪᠡᠭᠳᠡᠵᠦ ᠬᠡᠦᠭᠡᠳ ᠢᠶᠠᠨ ᠬᠤᠷᠮᠦ᠋ᠢᠯᠠᠬᠤ ᠨᠢ ᠬᠤᠷᠮᠦ᠋ᠢᠯᠠᠵᠦ᠂ ᠲᠡᠷᠭᠡᠨ ᠲᠡᠷᠭᠡᠳᠡ ᠪᠠᠨ ᠲᠠᠯᠳᠠᠯᠠᠬᠤ ᠶᠢ ᠨᠢ ᠲᠠᠯᠳᠠᠯᠠᠭᠰᠠᠨ ᠪᠤᠯᠪᠠᠴᠦ ᠬᠠᠰᠢᠯᠠ ᠤᠯᠠᠩᠭᠢ ᠬᠡᠦᠭᠡᠳ ᠪᠠᠳᠣᠴᠠᠭᠠᠨ ᠤ ᠨᠦᠮᠦᠷᠢ ᠳᠤ ᠯᠠ ᠬᠤᠷᠭᠤᠳᠠᠬᠤ ᠬᠡᠷᠡᠭ ᠲᠠᠢ ᠪᠤᠯᠵᠠᠢ᠃ ᠡᠨᠡ ᠦᠶ᠎ᠡ ᠳᠤ ᠭᠠᠩᠭᠠᠩ ᠨᠠᠶᠢᠷᠠᠮᠳᠠᠭᠤ ᠪᠠᠳᠣᠴᠠᠭᠠᠨ ᠮᠠᠨᠢ ᠬᠤᠯᠴᠢᠢᠵᠦ ᠰᠢᠷᠭᠢᠭᠰᠡᠨ ᠦᠭᠡᠢ᠂ ᠰᠢᠯᠢ ᠶᠢᠨ ᠰᠠᠶᠢᠨ ᠡᠷ᠎ᠡ ᠮᠡᠳᠦ ᠴᠡᠭᠡᠵᠢ ᠲᠦᠷᠢᠨ ᠪᠤᠰᠴᠦ ᠭᠠᠴᠢᠭᠳᠠᠵᠦ ᠲᠦᠪᠡᠭᠳᠡᠭᠰᠡᠨ ᠨᠢᠯᠬ᠎ᠠ ᠪᠠᠯᠴᠢᠷ ᠬᠡᠦᠭᠡᠳ ᠤᠳ ᠢ ︽ᠲᠡᠷᠯᠢᠭ ᠤᠨ ᠬᠤᠷᠮᠤᠢ︾ ᠪᠠᠷ ᠢᠶᠠᠨ ᠲᠠᠰᠣ ᠬᠠᠯᠬᠠᠯᠠᠵᠦ ᠤᠭᠳᠣ ᠱᠠᠪᠰᠢᠭᠤᠯᠵᠦ ᠰᠢᠷᠬᠠᠳᠣᠭᠤᠯᠤᠭ᠎ᠠ ᠦᠭᠡᠢ᠃ ᠠᠶᠤᠮᠰᠢᠭᠲᠤ ᠴᠠᠭ ᠠᠭᠤᠷ ᠨᠠᠮᠬᠠᠷᠠᠭᠰᠠᠨ ᠤ ᠲᠠᠷᠠᠭ᠎ᠠ ᠡᠷᠡᠭᠦᠯ ᠪᠦᠳᠦᠨ ᠦᠯᠡᠳᠡᠭᠰᠡᠨ ᠬᠦᠮᠦᠰ ᠰᠠᠯᠠᠭ᠎ᠠ ᠨᠠᠮᠠᠭ᠎ᠠ ᠨᠢ ᠲᠠᠮᠳᠤᠭ ᠪᠤᠯᠳᠠᠯ᠎ᠠ ᠴᠤᠬᠢᠭᠳᠠᠵᠦ᠂ ᠰᠠᠨᠠᠮᠰᠠᠷ ᠦᠭᠡᠢ ᠵᠠᠳᠠᠷᠠᠨ ᠰᠦᠢᠷᠡᠬᠦ ᠰᠢᠬᠠᠭᠰᠠᠨ ᠪᠠᠳᠣᠴᠠᠭᠠᠨ ᠢᠶᠠᠨ ᠬᠠᠷᠠᠭᠠᠳ ᠡᠯᠢᠭᠡ ᠵᠢᠷᠦᠭᠡ ᠨᠢ ᠡᠮᠳᠡᠷᠡᠨ᠂ ᠡᠰ ᠪᠦᠭᠦᠨ ᠨᠢ ᠰᠢᠮᠰᠢᠷᠡᠵᠦ᠂ ᠨᠢᠳᠣᠨ ᠠᠴᠠ ᠪᠠᠨ ᠨᠢᠯᠪᠤᠰᠣ ᠪᠢᠰᠢ ᠴᠢᠰᠦ ᠲᠤᠰᠣᠯᠠᠭᠤᠯᠵᠦ ᠪᠠᠶᠢᠪᠠ᠃ ᠭᠡᠳᠡᠯ᠎ᠡ ᠪᠠᠲᠤᠴᠠᠭᠠᠨ ᠮᠠᠨᠢ ᠲᠦᠮᠡᠨ ᠲᠠᠪᠬᠤᠷ ᠠᠰᠠᠷ ᠢ ᠲᠠᠰᠣ ᠨᠢᠷᠭᠡᠳᠡᠭ ︽ᠲᠡᠭᠷᠢ ᠶᠢᠨ ᠰᠣᠮᠣ︾ ᠴᠦ ︽ᠴᠠᠭᠠᠨ ᠲᠤᠯᠤᠭᠠᠶᠢᠳᠣ︾ ᠶᠢᠨ ᠢᠶᠠᠨ ᠡᠩᠭᠡᠷ ᠲᠤ ᠦᠨᠳᠣᠰᠣ ᠬᠠᠳᠬᠤᠨ ᠤᠷᠭᠤᠵᠦ ᠴᠡᠴᠡᠭᠯᠡᠭᠰᠡᠨ ︽ᠪᠠᠳᠣᠴᠠᠭᠠᠨ︾ ᠢ ᠲᠠᠰᠣ ᠨᠢᠷᠭᠡᠵᠦ ᠴᠢᠳᠠᠬᠤ ᠦᠭᠡᠢ ᠬᠡᠰᠡᠨ ᠰᠢᠭ ᠠᠶᠤᠩᠭ᠎ᠠ ᠴᠠᠬᠢᠯᠭᠠᠨ ᠢ ᠰᠦᠷᠦᠨ ᠠᠵᠢᠭ ᠦᠭᠡᠢ ᠵᠤᠭᠰᠣᠭᠰᠠᠭᠠᠷ ᠁      ᠵᠢᠯ ᠪᠦᠷᠢ ᠶᠢᠨ ︽ᠠᠷᠪᠠᠨ ᠰᠠᠷ᠎ᠠ ᠶᠢᠨ ᠠᠯᠳᠠᠨ ᠭᠠᠷᠠᠭ︾ ᠢᠶᠠᠷ ︽ᠪᠠᠳᠣᠴᠠᠭᠠᠨ ᠤᠢ︾ ᠳᠤ ᠮᠢᠨᠢ ᠵᠠᠪᠠᠯ ᠠᠶᠠᠯᠠᠵᠦ ᠢᠷᠡᠭᠡᠷᠡᠢ᠂ ᠭᠠᠩᠭᠠᠩ ᠲᠦᠷᠭᠦ ᠨᠢ ᠤᠢ ᠪᠢᠯᠢᠭ ᠢ ᠴᠢᠨᠢ ᠤᠷᠮᠠᠰᠢᠭᠤᠯᠤᠨ ᠰᠡᠷᠭᠦᠭᠡᠵᠦ᠂ ᠭᠠᠩ ᠵᠤᠷᠢᠭ ᠨᠢ ᠴᠢᠮ᠎ᠠ ᠶᠢ ᠵᠢᠩᠭᠢᠨᠢ ᠶᠠᠰᠣ ᠲᠠᠢ᠂ ᠮᠦᠰᠦ ᠲᠠᠢ ᠮᠤᠩᠭᠤᠯ ᠬᠦᠮᠦᠨ ᠪᠤᠯᠭᠠᠨ ᠱᠤᠭᠤᠵᠤ ᠪᠦᠲᠦᠭᠡᠬᠦ ᠨᠢ ᠯᠠᠪᠳᠠᠢ ᠶᠤᠮ ᠡ︕      ᠪᠠᠲᠤᠴᠠᠭᠠᠨ — ᠮᠤᠩᠭᠤᠯ ᠨᠤᠳᠤᠭ ᠤᠨ ᠮᠢᠨᠢ ᠴᠢᠮᠡᠭ ᠪᠤᠯᠵᠦ ᠲᠠᠪᠤᠨ ᠲᠤᠯᠤᠭᠠᠶᠢᠳᠣ ᠶᠢᠨ ᠢᠶᠠᠨ ᠡᠩᠭᠡᠷ ᠲᠤ ᠵᠤᠯᠭᠠᠷᠠᠰᠢ ᠦᠭᠡᠢ ᠰᠠᠭᠦ᠋ᠢᠨ᠎ᠡ︕      ᠪᠠᠳᠣᠴᠠᠭᠠᠨ — ᠮᠤᠩᠭᠤᠯ ᠶᠠᠰᠣᠳᠠᠨ ᠤ ᠮᠢᠨᠢ ᠰᠦᠯᠳᠡ ᠪᠤᠯᠵᠤ ︽ᠴᠠᠭᠠᠨ ᠲᠤᠯᠤᠭᠠᠶᠢᠳᠣ︾ ᠶᠢᠨ ᠢᠶᠠᠨ ᠡᠩᠭᠡᠷ ᠲᠤ ᠮᠦᠭᠦᠰᠢ ᠦᠭᠡᠢ ᠰᠦᠮᠪᠤᠷᠯᠠᠨ᠎ᠠ︕      ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠣᠨ ᠲᠤᠮᠳᠠᠳᠤ ᠬᠤᠰᠢᠭᠤᠨ ᠤ ᠪᠠᠶᠠᠨᠬᠤᠰᠢᠭᠤ ᠲᠦᠷᠪᠡᠳᠦᠭᠡᠷ ᠲᠤᠮᠳᠠᠳᠣ ᠰᠤᠷᠭᠠᠭᠤᠯᠢ
 
ᠢᠷᠡᠯᠲᠡ᠄ ᠬᠢᠩᠭᠠᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号