ᠬᠠᠮᠳᠤᠷᠠᠯᠴᠠᠬᠤ ᠶᠢᠨ ᠦᠨ᠎ᠡ ᠦᠷᠳᠡᠭ
ᠨᠡᠶᠢᠲᠡᠯᠡᠭᠰᠡᠨ ᠴᠠᠭ᠄
2021/4/12
    ᠶᠠᠮᠠᠷ ᠴᠦ ᠬᠦᠮᠦᠨ᠂ ᠤᠭᠰᠠᠭ᠎ᠠ᠂ ᠦᠨᠳᠤᠰᠤᠳᠡᠨ ᠴᠦ ᠭᠡᠰᠡᠨ ᠦᠨ᠎ᠡ ᠦᠷᠳᠡᠭ ᠲᠠᠢ ᠬᠠᠮᠳᠤᠷᠠᠯᠴᠠᠬᠤ ᠪᠠᠷ ᠲᠠᠮᠵᠢᠨ ᠰᠠᠶ᠋ᠢ ᠤᠷᠤᠰᠢᠨ ᠲᠤᠭᠳᠠᠨᠢᠬᠤ ᠤᠷᠤᠨ ᠵᠠᠢ ᠪᠠᠨ ᠲᠡᠮᠡᠴᠡᠨ ᠤᠯᠵᠤ ᠲᠠᠶᠢᠯᠤᠨ᠎ᠡ᠃ ᠲᠤᠷᠤᠢ ᠭᠡᠰᠡᠨ ᠦᠭᠡᠢ ᠬᠦᠴᠦᠷᠭᠡᠭ ᠭᠡᠰᠡᠨ ᠦᠭᠡᠢ ᠬᠠᠮᠳᠤᠷᠠᠯᠴᠠᠪᠠᠯ ᠰᠠᠶ᠋ᠢ ᠢᠯᠠᠯᠳᠠ ᠶᠢ ᠤᠯᠵᠤ ᠲᠠᠶᠢᠯᠤᠨ᠎ᠠ᠃     ᠲᠡᠯᠡᠬᠡᠢ ᠲᠡᠭᠡᠷ᠎ᠡ ᠨᠢᠭᠡ ᠵᠦᠢᠯ ᠤᠨ ᠨᠢᠰᠳᠡᠭ ᠰᠢᠪᠡᠵᠢ ᠪᠠᠶᠢᠳᠠᠭ᠂ ᠲᠡᠭᠦᠨ ᠢ ᠵᠦᠭᠡᠢ ᠭᠡᠳᠡᠭ᠂ ᠲᠡᠳᠡ ᠵᠢᠵᠢᠭᠭᠡᠨ ᠪᠠᠭᠤᠷᠠᠢ ᠪᠤᠯᠪᠠᠴᠤ ᠠᠯᠢ ᠨᠢᠭᠡ ᠡᠳᠤᠷ ᠨᠢᠭᠡ ᠬᠤᠯᠤᠭᠠᠨ᠎ᠠ ᠡᠰᠡᠭᠦᠯ᠎ᠡ ᠨᠢᠭᠡ ᠮᠤᠭᠠᠢ᠂ ᠮᠠᠩ ᠮᠤᠭᠠᠢ ᠴᠦ ᠭᠡᠰᠡᠨ ᠦᠭᠡᠢ᠂ ᠬᠤᠤᠷᠳᠤ ᠮᠤᠭᠠᠢ ᠭᠡᠰᠡᠨ ᠦᠭᠡᠢ ᠲᠡᠳᠡᠨ ᠤ ᠬᠠᠮᠳᠤ ᠶᠢᠨ ᠭᠡᠷ — ᠮᠤᠳᠤᠨ ᠤᠷᠤᠢ ᠶᠢᠨ ᠡᠭᠦᠷ ᠢ ᠨᠢ ᠬᠠᠯᠳᠠᠪᠠᠯ ᠪᠦᠭᠦᠳᠡ ᠪᠠᠷ ᠢᠶᠠᠨ ᠬᠠᠷᠪᠤᠭᠰᠠᠨ ᠰᠤᠮᠤ ᠰᠢᠭ᠋ ᠢᠷᠡᠭᠰᠡᠨ ᠲᠠᠶᠢᠰᠤᠨ ᠢ ᠦᠴᠦᠭᠡᠨ ᠬᠤᠰᠢᠭᠤ ᠪᠠᠷ ᠢᠶᠠᠨ ᠵᠦᠭᠡᠢ ᠶᠢᠨ ᠡᠭᠦᠷ ᠪᠤᠯᠳᠠᠯ᠎ᠠ ᠲᠤᠭᠰᠢᠳᠠᠭ᠃ ᠡ᠊ᠨᠡ ᠴᠢᠨᠢ ᠶᠠᠮᠠᠷ ᠶᠡᠭᠡ ᠬᠦᠴᠦᠨ ᠪᠤᠢ︕ ᠨᠡᠩ ᠠᠶᠤᠮᠰᠢᠭᠲᠠᠢ ᠨᠢ ᠪᠢᠳᠡᠨ ᠤ ᠬᠦᠯ ᠲᠤᠤᠷᠠᠬᠢ ᠰᠢᠷᠭᠤᠯᠵᠢ ᠶᠢᠨ ᠬᠦᠴᠦᠨ ᠰᠢᠭᠡᠵᠢ ᠬᠤᠷᠤᠭᠤ ᠶᠢᠨ ᠬᠢᠷᠢ ᠪᠠᠶᠢᠬᠤ ᠦᠭᠡᠢ ᠳ᠋ᠠ᠂ ᠭᠡᠪᠡᠴᠦ ᠨᠢᠭᠡ ᠡᠭᠦᠷ ᠰᠢᠷᠭᠤᠯᠵᠢ ᠬᠠᠮᠵᠢᠯᠴᠠᠪᠠᠯ ᠨᠢᠭᠡᠨ ᠬᠦᠴᠦᠷᠭᠡᠭ ᠪᠠᠷᠰ ᠢ ᠨᠢᠳᠤᠨ ᠳᠤ ᠪᠠᠨ ᠬᠠᠪᠴᠢᠬᠤ ᠦᠭᠡᠢ ᠳ᠋ᠠ᠂ ︽ᠠᠷᠭᠠᠳᠤ ᠲᠠᠤᠯᠠᠢ ᠠᠷᠰᠯᠠᠨ ᠢ ᠲᠠᠶᠢᠯᠤᠨ᠎ᠡ︾ ᠭᠡᠳᠡᠭ ᠬᠠᠮᠤᠭ ᠤᠨ ᠤᠨᠤᠴᠠᠳᠠᠢ ᠭᠡᠷᠡᠴᠢ ᠰᠢᠤ︕     ᠠᠮᠢᠳᠠᠨ ᠤ ᠸᠠᠩ ᠠᠷᠰᠯᠠᠨ ᠪᠠᠶᠢᠳᠠᠯ᠎ᠠ ᠢᠳᠡᠰᠢ ᠤᠯᠵᠠᠯᠠᠬᠤ ᠪᠤᠶᠤ ᠤᠷᠤᠰᠢᠨ ᠲᠤᠭᠳᠠᠨᠢᠬᠤ ᠤᠷᠤᠨ ᠵᠠᠢ ᠪᠠᠨ ᠡᠵᠡᠯᠡᠬᠦ ᠦᠶ᠎ᠡ ᠳᠤ ᠴᠦ ᠬᠠᠮᠵᠢᠯᠴᠠᠵᠤ ᠪᠠᠶᠢᠭᠠᠳ ᠰᠠᠶ᠋ᠢ ᠪᠡᠶᠡᠯᠡᠭᠦᠯᠵᠤ ᠴᠢᠳᠠᠳᠠᠭ᠃ ᠭᠡᠪᠡᠴᠦ ᠨᠢᠭᠡ ᠰᠦᠷᠦᠭ ᠠᠷᠰᠯᠠᠨ ᠢ ᠭᠡᠨ ᠴᠦ ᠵᠢᠷᠤᠭᠡᠰᠢᠶᠡᠨ ᠪᠠᠶᠢᠵᠤ ᠵᠠᠶᠢᠯᠠᠵᠤ ᠶᠠᠪᠤᠳᠠᠭ ᠪᠢᠰᠢᠤ ᠤᠤ︖ ︽ᠭᠠᠭᠴᠠ ᠮᠤᠳᠤ ᠭᠠᠯ ᠪᠤᠯᠬᠤ ᠦᠭᠡᠢ᠂ ᠭᠠᠭᠴᠠ ᠬᠦᠮᠦᠨ ᠠᠶᠢᠯ ᠪᠤᠯᠬᠤ ᠦᠭᠡᠢ︾ ᠭᠡᠳᠡᠭ ᠢᠶᠠᠷ ᠠᠮᠢᠳᠠᠨ ᠤ ᠤᠷᠤᠰᠢᠨ ᠲᠤᠭᠳᠠᠨᠢᠬᠤ ᠳᠤ ᠬᠠᠮᠵᠢᠯᠴᠠᠭ᠎ᠠ ᠶᠢᠨ ᠬᠦᠴᠦᠨ ᠤ ᠮᠦᠩᠭᠡ ᠶᠢᠨ ᠶᠤᠰᠤ ᠶᠢ ᠬᠠᠷᠠᠭᠤᠯᠵᠤ ᠪᠠᠶᠢᠳᠠᠭ᠃ ᠬᠠᠮᠵᠢᠯᠴᠠᠭ᠎ᠠ ᠪᠠᠶᠢᠪᠠᠯ ᠰᠠᠶ᠋ᠢ ᠬᠦᠯ ᠲᠠᠢ ᠰᠢᠤ᠃     ᠪᠠᠯᠠᠷ ᠡᠷᠳᠡᠨ ᠤ ᠦᠶ᠎ᠡ ᠳᠤ᠂ ᠬᠦᠮᠦᠨ ᠲᠦᠷᠦᠯᠬᠢᠳᠡᠨ ᠠᠩᠬᠠᠨ ᠤ ᠵᠠᠮ ᠳᠤ ᠪᠠᠨ ᠪᠠᠶᠢᠬᠤ ᠳᠤ ᠪᠠᠨ ᠪᠠᠶᠢᠭᠠᠯᠢ ᠲᠡᠯᠡᠬᠡᠢ ᠶᠢ ᠡᠷᠭᠡᠰᠢᠶᠡᠵᠤ ᠲᠡᠶᠢᠯᠬᠦ ᠦᠭᠡᠢ ᠪᠠᠶᠢᠭᠠᠯᠢ ᠶᠢᠨ ᠡᠯ᠎ᠡ ᠵᠦᠢᠯ ᠤᠨ ᠭᠠᠢ ᠭᠠᠮᠰᠢᠭ ᠰᠠᠯᠬᠢ ᠪᠤᠷᠤᠭᠠᠨ᠂ ᠰᠢᠭᠤᠷᠭ᠎ᠠ ᠵᠤᠳ᠂ ᠬᠢᠯᠪᠠᠭᠠᠨ ᠠᠶᠤᠩᠭ᠎ᠠ᠂ ᠲᠦᠢᠮᠡᠷ ᠭᠠᠯ᠂ ᠡᠪᠡᠳᠴᠢᠨ ᠡᠮᠬᠡᠭ᠂ ᠠᠷᠢᠶᠠᠳᠠᠨ ᠠᠮᠢᠳᠠᠨ ᠤ ᠲᠠᠭᠠᠷᠢᠯᠳᠠ ᠶᠢᠨ ᠡᠮᠤᠨ᠎ᠡ ᠭᠠᠭᠴᠠᠬᠠᠨ ᠬᠦᠮᠦᠨ ᠤ ᠬᠦᠴᠦ ᠲᠡᠩᠴᠡᠯᠳᠤᠬᠦ ᠶᠢᠨ ᠠᠷᠭ᠎ᠠ ᠦᠭᠡᠢ ᠤᠷᠳᠤ ᠤᠳᠠᠭᠠᠨ ᠦᠷᠡᠭᠳᠡᠯ ᠰᠦᠢᠳᠠᠯ ᠤᠨ ᠲᠤᠮᠳᠠ ᠲᠡᠳᠡ ᠠᠭᠠᠵᠢᠮ ᠢᠶᠠᠷ ᠬᠠᠮᠳᠤᠷᠠᠯᠴᠬᠤ ᠶᠤᠰᠤ ᠶᠢ ᠲᠠᠨᠢᠵᠤ᠂ ᠬᠠᠮᠳᠤᠷᠠᠯᠴᠠᠵᠤ ᠡᠬᠢᠯᠡᠭᠰᠡᠨ ᠠᠴᠠ ᠢᠳᠡᠭ ᠢᠳᠡᠭ ᠢᠶᠠᠷ ᠠᠮᠢᠳᠤ ᠪᠤᠳᠠᠰ ᠤᠨ ᠢᠳᠡᠰᠢᠨ ᠭᠢᠨᠵᠢ ᠶᠢᠨ ᠤᠷᠤᠢ ᠲᠡᠭᠡᠷ᠎ᠡ ᠮᠠᠴᠤᠨ ᠭᠠᠷᠴᠦ ᠢᠷᠡᠭᠰᠡᠨ ᠶᠤᠮ᠃ᠲᠡᠤᠭᠡ ᠶᠢᠨ ᠬᠦᠭᠵᠢᠯᠳᠠ ᠶᠢ ᠬᠠᠮᠳᠤᠷᠠᠯᠴᠠᠬᠤ ᠶᠢ ᠰᠤᠷᠴᠦ ᠪᠠᠶᠢᠭ᠎ᠠ ᠵᠠᠮ ᠭᠡᠪᠡᠯ ᠨᠡᠩ ᠤᠨᠤᠴᠠᠳᠠᠢ ᠪᠠᠶᠢᠬᠤ ᠰᠢᠭ᠋᠃     ᠲᠡᠯᠡᠬᠡᠢ ᠶᠢᠨ ᠲᠡᠤᠭᠡ ᠶᠢ ᠡᠷᠭᠢᠴᠡᠭᠦᠯᠪᠡᠯ ᠰᠦᠷ ᠬᠦᠴᠦᠨ ᠲᠠᠢ ᠶᠠᠪᠤᠭᠰᠠᠨ᠂ ᠪᠠᠭᠠᠳᠤᠷᠯᠢᠭ ᠤᠮᠤᠷᠬᠠᠭᠯᠠᠵᠤ ᠶᠠᠪᠤᠭᠰᠠᠨ ᠦᠨᠳᠤᠰᠤᠳᠡᠨ ᠪᠤᠯ ᠮᠠᠨ ᠤ ᠮᠤᠩᠭᠤᠯ ᠦᠨᠳᠤᠰᠤᠳᠡᠨ ᠪᠤᠯᠬᠤ ᠨᠢ ᠭᠠᠷᠴᠠᠭ᠎ᠠ ᠦᠭᠡᠢ᠃ ᠮᠤᠩᠭᠤᠯ ᠡᠷ᠎ᠡ ᠶᠢᠨ ᠰᠢᠨᠳᠠᠰᠤ ᠬᠠᠳᠠᠭᠤ ᠵᠤᠷᠢᠭ ᠢᠶᠠᠷ ᠬᠠᠨᠳᠤᠭᠰᠠᠨ ᠵᠦᠭ ᠲᠤ ᠲᠠᠶᠢᠰᠤᠨ ᠦᠭᠡᠢ ᠬᠠᠷᠪᠤᠭᠰᠠᠨ ᠰᠤᠮᠤ ᠰᠢᠭ᠋ ᠭᠠᠪᠰᠢᠭᠠᠶᠢᠯᠠᠵᠤ ᠶᠠᠪᠤᠭᠰᠠᠨ ᠤᠯᠠ ᠮᠦᠷ ᠢ ᠰᠢᠨᠵᠢᠪᠡᠯ ︽ᠠᠯᠤᠩᠭᠤᠸ᠎ᠠ ᠡᠭᠡ ᠶᠢᠨ ᠲᠠᠪᠤᠨ ᠮᠦᠰᠦ ᠶᠢᠨ ᠰᠤᠷᠭᠠᠯ︾ ᠵᠢᠷᠤᠭᠡᠨ ᠳᠤ ᠨᠢ ᠰᠡᠶᠢᠯᠦᠭᠳᠡᠵᠤ᠂ ᠴᠢᠰᠤᠨ ᠳᠤ ᠨᠢ ᠰᠢᠩᠭᠡᠵᠤ ᠶᠠᠪᠤᠭᠰᠠᠨ ᠤ ᠬᠢ︕ ︽ᠬᠤᠷᠢᠨ ᠬᠦᠮᠦᠨ ᠡᠪᠳᠡᠷᠡᠪᠠᠯ ᠬᠤᠮᠠᠭ ᠰᠢᠷᠤᠢ ᠮᠡᠳᠤ᠂ ᠬᠤᠶᠠᠷ ᠬᠦᠮᠦᠨ ᠪᠦᠯᠬᠦᠮᠳᠡᠪᠡᠯ ᠲᠡᠮᠤᠷ ᠬᠡᠷᠡᠮ ᠮᠠᠳᠤ︾ ᠭᠡᠬᠦ ᠪᠠᠳᠤ ᠰᠤᠷᠭᠠᠯ ᠢ ᠲᠡᠮᠤᠵᠢᠨ ᠤᠯᠠᠮᠵᠢᠯᠠᠵᠤ ᠶᠠᠪᠤᠭᠰᠠᠨ ᠤ ᠬᠢ ᠪᠢᠰᠢᠤ︖     ᠲᠡᠤᠭᠡ ᠶᠢᠨ ᠤᠯᠠ ᠮᠦᠷ ᠠᠴᠠ ᠬᠠᠮᠳᠤᠷᠠᠯᠴᠠᠬᠤ ᠶᠢᠨ ᠦᠨ᠎ᠡ ᠦᠷᠳᠡᠭ ᠢ ᠦᠵᠡᠵᠤ ᠭᠠᠷᠬᠤ ᠶᠤᠮ᠃ ᠬᠠᠮᠵᠢᠯᠴᠠᠵᠤ ᠪᠠᠶᠢᠪᠠᠯ ᠰᠠᠶ᠋ᠢ ᠠᠮᠵᠢᠯᠳᠠ ᠤᠯᠵᠤ ᠲᠠᠶᠢᠯᠤᠨ᠎ᠡ᠂ ᠪᠢᠳᠡ ᠴᠢᠨ᠋ᠸ᠎ᠠ ᠶᠢᠨ ᠰᠦᠷᠦᠭ ᠠᠳᠠᠯᠢ ᠬᠠᠮᠵᠢᠯᠴᠠᠵᠤ ᠶᠠᠪᠤᠬᠤ ᠬᠡᠷᠡᠭᠲᠠᠢ᠃ ᠠᠯᠢ ᠦᠨᠳᠤᠰᠤᠳᠡᠨ ᠴᠦ ᠭᠡᠰᠡᠨ᠂ ᠠᠯᠢ ᠠᠷᠠᠰᠤᠳᠡᠨ ᠴᠤ ᠭᠡᠰᠡᠨ᠂ ᠠᠯᠢ ᠤᠯᠤᠰ ᠭᠡᠰᠡᠨ ᠴᠦ ᠨᠢᠭᠡ ᠲᠡᠭᠷᠢ ᠶᠢᠨ ᠲᠤᠤᠷ᠎ᠠ ᠪᠠᠶᠢᠭ᠎ᠠ ᠪᠢᠳᠡ ᠪᠦᠭᠦᠳᠡᠭᠡᠷ ᠢᠶᠠᠨ ᠬᠠᠮᠵᠢᠯᠴᠠᠵᠤ᠂ ᠡᠷᠳᠡ ᠴᠤ ᠭᠡᠰᠡᠨ᠂ ᠤᠳᠤ ᠴᠤ ᠭᠡᠰᠡᠨ᠂ ᠢᠷᠡᠭᠡᠳᠤᠢ ᠴᠤ ᠭᠡᠰᠡᠨ ᠰᠠᠶᠢᠬᠠᠨ ᠬᠠᠮᠵᠢᠯᠴᠠᠨ ᠶᠠᠪᠤᠵᠤ᠂ ᠨᠡᠩ ᠬᠢᠯᠠᠯᠵᠠᠮ᠎ᠠ ᠲᠡᠯᠡᠬᠡᠢ ᠶᠢᠨ ᠲᠡᠤᠭᠡ ᠶᠢ ᠪᠢᠴᠢᠭᠯᠡᠶ᠎ᠡ︕     ᠵᠤᠬᠢᠶᠠᠭᠴᠢ ᠶᠢᠨ ᠬᠠᠶ᠋ᠢᠭ᠄ ᠲᠦᠩ ᠰᠢᠨ ︵ᠡᠮᠤᠨᠡᠳᠤ ᠬᠤᠰᠢᠭᠤᠨ ᠤ ᠰᠤᠯᠤᠨ ᠰᠤᠷᠭᠠᠭᠤᠯᠢ ᠶᠢᠨ ᠠᠩᠬ᠎ᠠ ᠭᠤᠷᠪᠠᠳᠤᠭᠠᠷ ᠤᠨ︶     ᠵᠢᠯᠤᠭᠤᠳᠤᠭᠰᠠᠨ ᠪᠠᠭᠰᠢ᠄ ᠭᠦᠸᠧ ᠹᠧᠩ ᠯᠠᠨ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号