ᠣᠳᠣᠮᠰᠢᠯᠲᠣ ᠵᠠᠩ ᠦᠢᠯᠡ ᠪᠠᠨ ᠣᠯᠠᠮᠵᠢᠯᠠᠨ ᠲᠡᠯᠭᠡᠷᠡᠭᠦᠯᠬᠦ ᠲᠤᠬᠠᠢ ᠲᠠᠯᠠᠯᠭ᠎ᠠ
ᠨᠡᠶᠢᠲᠡᠯᠡᠭᠰᠡᠨ ᠴᠠᠭ᠄
2021/2/4
              ● ᠬᠠᠰᠪᠠᠭᠠᠨ᠎ᠠ      ᠮᠠᠨ ᠤ ᠣᠷᠣᠨ ᠳᠤ ᠡᠯᠡᠰᠦᠨ ᠰᠢᠭᠤᠷᠭ᠎ᠠ ᠨᠢᠭᠡ ᠤᠳᠠᠭ᠎ᠠ ᠳᠡᠭᠳᠡᠪᠡᠯ ᠮᠣᠩᠭᠤᠯ ᠨᠣᠳᠤᠭ ᠤᠨ ᠡᠪᠡᠰᠦ ᠣᠷᠭᠤᠮᠠᠯ ᠨᠢᠭᠡ ᠬᠡᠰᠡᠭ ᠲᠠᠴᠢᠷᠳᠠᠬᠤ ᠲᠠᠢ ᠠᠳᠠᠯᠢ ᠪᠠᠷ ᠮᠠᠨ ᠤ ᠮᠤᠩᠭᠤᠯᠴᠤᠳ ᠤᠨ ᠬᠤᠳᠠᠴᠢᠯᠠᠯᠳᠠ ᠶᠢ ᠲᠠᠭᠠᠯᠳᠤᠨ ᠂ ᠮᠤᠩᠭᠤᠯ ᠵᠠᠩ ᠦᠢᠯᠡ ᠡᠳᠦᠷ ᠠᠴᠠ ᠡᠳᠦᠷ ᠬᠠᠶᠠᠭᠳᠠᠵᠤ᠂ ᠮᠤᠩᠭᠤᠯ ᠲᠦᠮᠡᠨ ᠤ ᠪᠠᠨ ᠤᠯᠠᠮᠵᠢᠯᠠᠨ ᠬᠦᠭᠵᠢᠬᠦᠯᠬᠦ ᠶᠢ ᠬᠦᠰᠡᠨ ᠲᠠᠭᠠᠳᠬᠠᠬᠰᠠᠭᠠᠷ ᠁      ᠨᠣᠳᠤᠭ ᠤᠰᠤ ᠪᠠᠨ ᠭᠡᠰᠡᠨ ᠡᠮᠡᠭᠡ ᠶᠢᠨ ᠮᠢᠨᠢ ᠰᠦ ᠰᠠᠴᠤᠯᠢ ᠡᠷᠬᠦᠬᠦ ᠪᠠᠷ ᠶᠠᠪᠣᠬᠤ ᠳᠤ ᠪᠠᠨ ᠳᠠᠭᠠᠭᠤᠯᠤᠭᠰᠠᠨ ᠬᠡᠨᠵᠡ ᠬᠤᠷᠠᠭ᠎ᠠ᠂ ᠬᠦᠯᠦᠭᠡ ᠨᠤᠬᠠᠢ ᠪᠣᠯᠤᠨ ᠵᠢᠭᠠᠯ ᠬᠦᠤ ᠶᠢᠨ ᠳᠦᠷᠢ ᠬᠦᠷᠦᠭ᠂ ᠦᠨᠡᠨ ᠤᠴᠠᠷᠠᠯ ᠠᠴᠠ ᠪᠠᠨ ᠵᠠᠶᠢᠳᠠᠵᠤ ᠦᠯᠢᠭᠡᠷ ᠳᠤᠮᠤᠭ ᠯᠠ ᠪᠤᠯᠵᠣ ᠬᠤᠴᠤᠷᠴᠤ ᠤᠳᠤᠨ᠎ᠠ᠃      ᠦᠨᠦᠴᠢᠨ ᠵᠡᠭᠡᠷ᠎ᠡ ᠰᠢᠭ ᠤᠶᠠᠷᠠᠵᠤ ᠶᠠᠪᠤᠭᠰᠠᠨ ᠮᠤᠩᠭᠤᠯ ᠡᠷ᠎ᠡ᠂ ᠦᠷᠦᠪᠴᠢᠬᠡᠨ ᠰᠡᠳᠬᠢᠯ ᠳᠤ ᠪᠠᠨ ᠶᠠᠭᠤ ᠪᠦᠬᠦᠨ ᠢᠶᠠᠨ ︽ᠮᠤᠩᠭᠤᠯ ᠢᠶᠠᠷ ᠢᠶᠠᠨ ᠪᠠᠶᠢᠭᠠᠰᠠᠢ︾ ᠭᠡᠵᠦ ᠤᠶᠠᠷᠠᠵᠤ ᠬᠡᠮᠬᠡᠷᠡᠲᠡᠯ᠎ᠡ ᠬᠢᠩᠰᠢᠵᠤ ᠶᠠᠪᠤᠬᠤ ᠪᠤᠯᠪᠠᠴᠣ ᠲᠠᠴᠢᠷᠳᠠᠭᠰᠠᠨ ᠲᠠᠯ᠎ᠠ ᠨᠢ᠂ ᠲᠠᠨ᠎ᠠ ᠴᠠᠭᠠᠨ ᠮᠤᠩᠭᠤᠯ ᠭᠡᠷ ᠨᠢ ᠲᠡᠷᠡᠴᠢᠯᠡᠨ ᠬᠤᠲᠤᠭᠤᠷ ᠳᠦᠭᠦᠷᠦᠭᠰᠡᠨ ᠠᠳᠣᠭᠤᠨ ᠰᠦᠷᠦᠭ ᠨᠢ ᠬᠦᠷᠲᠡᠯ᠎ᠡ ᠵᠠᠶᠢᠳᠠᠯᠠᠵᠤ ᠶᠠᠪᠤᠭᠰᠠᠨ ᠪᠣᠷᠭᠠᠰᠤᠨ ᠮᠤᠷᠢ ᠲᠠᠢ ᠠᠳᠠᠯᠢ ᠬᠤᠯᠠ ᠳᠤ ᠪᠠᠨ ᠨᠢᠭᠡ ᠯᠡ ᠲᠠᠶᠠᠭᠳᠠᠵᠤ᠂ ᠬᠦᠷᠦᠭ ᠵᠢᠷᠤᠭ ᠲᠤ ᠯᠠ ᠪᠠᠶᠠᠨ ᠲᠡᠨᠢᠭᠡᠷ ᠢᠶᠠᠨ ᠭᠠᠶᠢᠬᠠᠭᠤᠯᠤᠨ᠎ᠠ᠃      ᠮᠤᠩᠭᠤᠯᠴᠤᠳ ᠤᠨ ᠲᠤᠮᠳᠠ ᠠᠯᠢ ᠡᠷᠳᠡ ᠠᠴᠠ ᠤᠯᠠᠮᠵᠢᠯᠠᠵᠤ ᠢᠷᠡᠭᠰᠡᠨ ᠮᠤᠩᠭᠤᠯ ᠰᠢᠳᠠᠷ᠎ᠠ᠂ ᠪᠤᠭᠤ ᠶᠢᠨ ᠵᠢᠷᠭᠢᠭᠡ᠂ ᠱᠠᠭ᠎ᠠ ᠲᠤᠬᠯᠠᠭᠠᠮ ᠤᠳ ᠦᠯᠦᠭᠡᠢ ᠪᠠᠨ ᠮᠦᠷᠦᠭᠡᠳᠦᠨ ᠡᠮᠭᠡᠨᠢᠪᠡᠴᠤ ᠬᠠᠶᠠ ᠵᠠᠷᠢᠮ ᠳᠤ ᠪᠠᠨ ᠯᠠ ᠬᠠᠪᠣᠷ ᠤᠨ ᠰᠡᠭᠦᠯᠴᠢ ᠶᠢᠨ ᠰᠠᠯᠬᠢ ᠰᠢᠭ᠋ ᠡᠷᠴᠢ ᠪᠠᠨ ᠠᠯᠳᠠᠵᠤ᠂ ᠠᠷᠠᠳ ᠤᠨ ᠠᠮᠠᠨ ᠦᠯᠢᠭᠡᠷ ᠲᠤ ᠯᠠ ᠬᠠᠶᠠ ᠨᠢᠭᠡ ᠶᠠᠷᠢᠭᠳᠠᠵᠤ ᠬᠦᠴᠦ ᠨᠢ ᠰᠣᠯᠠᠷᠠᠨ ᠰᠠᠷᠨᠢᠯ ᠪᠤᠯᠤᠨ᠎ᠠ᠃      ᠦᠴᠦᠭᠡᠳᠦᠷ ᠰᠦᠨᠢ ᠪᠢ ᠵᠡᠭᠦᠳᠦᠯᠡᠪᠡ᠂ ᠲᠡᠷᠡ ᠮᠦᠷᠲᠡᠬᠡᠨ ᠵᠡᠭᠦᠳᠦᠨ ᠳᠤ ᠪᠠᠨ ᠢᠰᠭᠦᠴᠢᠵᠦ ᠯᠠ ᠪᠠᠶᠢᠯ᠎ᠠ᠃ ︽ᠬᠠ ᠯᠸᠤ᠂ ok᠂ ᠪᠠᠢ ᠪᠠᠢ︾ ᠨᠠᠷ ᠬᠠᠪᠤᠷ ᠤᠨ ᠬᠠᠮᠬᠤᠤᠯ ᠰᠢᠭ᠋ ᠢᠶᠠᠷ ᠮᠢᠨᠦ ᠨᠣᠳᠤᠭ ᠲᠤ ᠪᠦᠮᠪᠦᠷᠢᠵᠦ ᠬᠠ ᠶᠠ ᠦᠬᠡᠢ ᠦᠷ᠎ᠡ ᠰᠠᠴᠤᠵᠤ ᠶᠠᠪᠤᠨ᠎ᠠ᠃ ᠬᠠᠶᠢᠷᠠᠲᠠᠢ ᠮᠢᠨᠦ ᠡᠬᠡ ᠬᠡᠯᠡᠨ ᠤ ︽ᠲᠠ ᠰᠠᠶᠢᠨ᠂ ᠲᠠᠶᠠᠭᠠᠷ ᠠᠮᠤᠭᠤᠯᠠᠩ ᠂ ᠲᠠᠷᠬᠠᠨ ᠨᠣᠳᠤᠭ ᠤᠨ ᠬᠡᠶᠢᠮᠤᠷᠢ ᠮᠠᠨᠳᠣᠳᠣᠭᠠᠢ︾ ᠲᠠᠢ ᠬᠡᠷᠡᠬᠦᠯ ᠪᠤᠯᠵᠤ ᠦᠷᠢᠰᠦᠯᠳᠦᠵᠦ ᠡᠬᠢᠯᠡᠪᠡ ᠭᠡᠨ᠎ᠡ᠃ ᠵᠣᠯ ᠢᠶᠠᠷ ᠪᠠᠭᠰᠢ ᠯᠠᠮᠠ ᠠᠯᠢ ᠵᠠᠪ ᠲᠤ ᠨᠢ ᠮᠤᠷᠢᠯᠠᠵᠤ ᠢᠷᠡᠭᠰᠡᠨ ᠢ ᠮᠡᠳᠡᠬᠦ ᠦᠭᠡᠢ ︽ᠵᠠᠭᠠᠮ᠎ᠠ ᠵᠠᠬ᠎ᠠ ᠪᠠᠷ ᠵᠠᠶᠢᠯᠠ︕ ᠪᠠᠭᠰᠢ ᠨᠢ ᠪᠠᠶᠢᠭᠰᠠᠨ ᠴᠠᠭ ᠴᠡᠴᠡᠭ ᠤᠨ ᠦᠷ᠎ᠡ ᠮᠠᠨᠢ ᠲᠠᠰᠣᠷᠠᠬᠤ ᠦᠭᠡᠢ ᠁︾ ᠭᠡᠵᠤ ᠶᠠᠭᠤ ᠨᠢᠭᠡ ᠶᠢ ᠣᠩᠰᠢᠵᠤ ᠲᠦᠪᠰᠢᠳᠭᠡᠪᠡ ᠭᠡᠨ᠎ᠡ ᠪᠢᠯᠡ᠃      ᠮᠦᠷᠦ ᠠᠭᠤᠵᠢᠮ ᠡᠪᠦᠷ ᠬᠠᠯᠠᠭᠤᠬᠠᠨ᠂ ᠡᠩᠭᠡᠷ ᠠᠭᠤᠵᠢᠮᠬᠠᠨ ᠮᠤᠩᠭᠤᠯ ᠬᠤᠪᠴᠠᠰᠤ ᠪᠤᠯᠤᠨ ᠴᠢᠮᠪᠠᠢ ᠬᠠᠳᠤᠨ ᠤ ᠦᠪᠯᠡᠭᠰᠡᠨ ᠬᠠᠨᠴᠤᠢ ᠦᠭᠡᠢ ᠮᠤᠩᠭᠤᠯ ᠬᠤᠪᠴᠠᠰᠤ ᠬᠠᠶᠠ ᠳᠤ ᠪᠠᠨ ᠨᠢᠭᠡ ᠵᠠᠰᠠᠯ ᠤᠨ ᠦᠩᠭᠡ ᠪᠠᠷ ᠬᠤᠷᠢᠮ ᠨᠠᠶᠢᠷ ᠬᠤᠷᠠᠯ ᠴᠤᠭᠯᠠᠭᠠᠨ ᠳᠤ ᠢᠯᠡᠷᠡᠪᠡᠴᠦ ᠭᠠᠳᠠ ᠮᠠᠶᠢᠷᠠᠨ ᠤ ᠳᠠᠭᠤᠤ ᠲᠠᠢ ᠬᠠᠮᠲᠤ ᠨᠠᠶᠢᠷ ᠤᠨ ᠰᠢᠷᠡᠭᠡᠨ ᠤ ᠲᠦᠷᠡᠯᠭᠡ ᠲᠠᠢ ᠪᠠᠨ ᠴᠤᠭ ᠬᠤᠯᠠ ᠶᠢᠨ ᠬᠤᠯᠠ ᠴᠤᠤᠷᠢᠶ᠎ᠠ ᠪᠤᠯᠵᠤ ᠬᠡᠰᠡᠭ ᠲᠤ ᠪᠠᠨ ᠲᠣᠳᠣᠷᠠᠨ ᠬᠡᠰᠡᠭ ᠲᠤ ᠪᠠᠨ ᠪᠠᠯᠠᠷᠠᠨ ᠴᠠᠭᠠᠰᠢᠯᠠᠨ᠎ᠠ᠃      ᠲᠠᠪᠣᠨ ᠮᠦᠰᠦ ᠶᠢᠨ ᠰᠣᠷᠭᠠᠯ ᠬᠢᠴᠢᠶᠡᠯ ᠤᠨ ᠨᠣᠮ ᠳᠤ ᠯᠠ ᠬᠡᠪᠯᠡᠭᠳᠡᠭᠰᠡᠨ ᠢᠶᠠᠷ ᠲᠠᠯ᠎ᠠ ᠶᠢᠨ ᠠᠶᠢᠯ ᠤᠨ ᠲᠠᠷᠭᠤᠨ ᠬᠡᠣᠬᠡᠳ ᠤᠨ ᠲᠠᠪᠤᠨ ᠬᠤᠷᠤᠭᠤᠨ ᠤ ᠵᠠᠩᠭᠢᠳᠣᠭᠰᠠᠨ ᠨᠢᠳᠣᠷᠭ᠎ᠠ ᠪᠤᠯᠵᠤ ᠬᠠᠶᠠ ᠳᠤ ᠪᠠᠨ ᠨᠢᠭᠡ ᠡᠪᠯᠡᠷᠡᠨ᠎ᠡ      ᠤᠳᠤᠮᠰᠢᠯᠲᠤ ᠮᠤᠩᠭᠤᠯ ᠤᠨ ᠵᠠᠩ ᠦᠢᠯᠡ ᠮᠢᠨᠢ ᠰᠦᠨᠢ ᠶᠢᠨ ᠣᠳᠣᠳ ᠤᠨ ᠰᠦᠮᠡᠯᠵᠡᠭᠡᠨ ᠰᠢᠭ ᠮᠢᠨᠦ ᠵᠢᠷᠦᠬᠡᠨ ᠳᠤ ᠶᠠᠭᠤ ᠨᠢᠭᠡ ᠶᠢ ᠣᠴᠢᠯᠠᠵᠤ ᠴᠤᠬᠢᠯᠠᠭᠰᠠᠨ ᠪᠣᠯᠪᠠᠴᠤ ᠪᠠᠯᠠᠷ ᠲᠦᠨᠡᠷ ᠤᠨ ᠳᠣᠮᠳᠠ ᠨᠢᠭᠡ ᠡᠷᠭᠢᠴᠡᠭᠦᠯᠬᠦ ᠳᠤ ᠡᠭᠡᠳᠡᠷᠡᠭᠡᠨ ᠲᠠᠢ ᠯᠠ ᠰᠠᠷᠨᠢᠭᠰᠠᠨ ᠪᠠᠶᠢᠯ᠎ᠠ᠃      ᠪᠤᠰᠤᠭ᠎ᠠ ᠬᠡᠯᠡ ᠪᠣᠰᠤᠭ᠎ᠠ ᠦᠰᠦᠭ ᠪᠤᠰᠤᠭ᠎ᠠ ᠤᠮᠤᠭ ᠲᠠᠢ ᠪᠠᠨ ᠬᠠᠮᠲᠤ ᠪᠤᠳᠣᠯᠭ᠎ᠠ ᠪᠤᠯᠵᠤ ᠮᠤᠩᠭᠤᠯ ᠵᠠᠩ ᠦᠢᠯᠡ ᠪᠠᠨ ᠡᠷᠭᠢᠴᠡᠭᠦᠯᠵᠤ ᠰᠠᠭᠤᠬᠤ ᠳᠤ ᠬᠠᠳᠠ ᠪᠠᠨ ᠴᠢᠨᠣᠷᠠᠲᠠᠯ᠎ᠠ ᠬᠠᠰᠭᠢᠷᠤᠭᠰᠠᠨ ᠪᠣᠯᠪᠠᠴᠤ ᠬᠠᠶᠢᠷ᠎ᠠ ᠶᠢᠨ ᠴᠤᠤᠷᠢᠶ᠎ᠠ ᠮᠢᠨᠢ ᠠᠷᠭᠠᠯ ᠤᠨ ᠭᠠᠯ ᠤᠨ ᠴᠤᠭ ᠲᠡᠳᠦᠢ ᠯᠠ ᠲᠡᠨᠳᠡ ᠪᠠᠨ ᠬᠤᠴᠤᠷᠣᠨ᠎ᠠ᠃      ᠲᠦᠳᠡᠭ ᠭᠠᠯ ᠲᠦᠷᠡᠯᠵᠡᠪᠡᠯ ᠲᠦᠢᠮᠡᠷ ᠤᠨ ᠭᠠᠯ ᠣᠴᠢ ᠪᠣᠯᠴᠢᠬᠠᠬᠤ ᠨᠢ ᠶᠠᠭᠤ ᠮᠠᠭᠠᠳ ᠭᠡᠵᠦ ᠲᠦᠮᠡᠨ ᠣᠯᠡᠨ ᠮᠤᠩᠭᠤᠯᠴᠤᠳ ᠲᠤ ᠪᠠᠨ ᠲᠥᠬᠦᠭᠡ ᠤᠬᠠᠭᠠᠨ ᠤ ᠳᠠᠯᠠᠯᠭ᠎ᠠ ᠪᠤᠯᠭᠠᠵᠣ ᠮᠤᠩᠭᠤᠯ ᠨᠠᠶᠢᠷᠠᠭ ᠢᠶᠠᠨ ᠮᠤᠩᠭᠤᠯ ᠵᠠᠩ ᠦᠢᠯᠡ ᠲᠠᠢ ᠨᠢ ᠬᠠᠮᠲᠤ ᠰᠡᠷᠭᠦᠭᠡᠬᠦ ᠴᠤᠭ ᠢ ᠢᠩᠭᠢᠵᠦ ᠯᠠ ᠲᠦᠷᠡᠯᠵᠡᠭᠦᠯᠵᠦ ᠳᠠᠯᠠᠯᠤᠯ᠎ᠠ᠃ ᠣᠳᠣᠮᠰᠢᠯᠳᠣ ᠮᠤᠩᠭᠤᠯ ᠥᠪ ᠣᠯᠠᠮᠵᠢᠯᠠᠯ ᠮᠢᠨᠢ ᠬᠤᠷᠤᠢ︕ ᠬᠤᠷᠤᠢ︕ ᠬᠤᠷᠤᠢ︕      ᠵᠤᠬᠢᠶᠠᠬᠴᠢ ᠶᠢᠨ ᠬᠠᠶ᠋ᠢᠭ᠄ ᠵᠠᠯᠠᠶᠢᠳ ᠬᠤᠰᠢᠭᠤᠨ ᠤ ᠴᠣᠣᠯ ᠭᠤᠣᠯ ᠪᠠᠭ᠎ᠠ ᠰᠣᠷᠭᠠᠭᠤᠯᠢ
 
ᠢᠷᠡᠯᠲᠡ᠄ ᠬᠢᠩᠭᠠᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号