ᠡᠷᠳᠡ ᠬᠠᠪᠤᠷ ᠤᠨ ᠦᠷᠯᠦᠭᠡ
ᠨᠡᠶᠢᠲᠡᠯᠡᠭᠰᠡᠨ ᠴᠠᠭ᠄
2021/2/4
     ᠢ᠊ · ᠴᠡᠩᠭᠡᠷᠬᠠᠯᠢᠯ ᠬᠠᠳᠠᠨ ᠳᠤ ᠮᠠᠴᠤᠵᠤ ᠪᠠᠶᠢᠬᠰᠠᠨ ᠰᠠᠷᠠᠨᠬᠠᠯᠳᠤᠷᠢᠵᠦ ᠤᠶᠢᠴᠢᠭᠠᠳ ᠠᠷᠦ ᠶᠢᠨ ᠨᠠᠭᠤᠷ ᠲᠤ ᠫᠢᠯ ᠬᠢᠳᠡᠯ᠎ᠡ ᠤᠨᠠᠨ᠎ᠠᠬᠦᠯᠳᠡᠭᠰᠡᠨ ᠭᠤᠤᠯ ᠮᠦᠷᠡᠨ ᠡᠬᠢᠯᠡᠨ ᠪᠤᠰᠤᠭ᠎ᠠ ᠪᠠᠷ ᠰᠢᠷᠬᠢᠭᠯᠡᠵᠦᠬᠦᠯ ᠲᠠᠯᠪᠢᠬᠰᠠᠭᠠᠷ ᠴᠦᠮᠦᠷᠡᠭᠡᠳ ᠤᠷᠤᠴᠢᠬᠠᠮ᠎ᠠ ᠨᠡᠮᠡᠯᠵᠡᠨ᠎ᠡᠬᠦᠩᠬᠡᠨ ᠵᠡᠷᠭᠡᠯᠬᠡᠨ ᠵᠦ᠋ ᠲᠠᠯ᠎ᠠ ᠶᠢ ᠢᠯᠪᠢᠨ ᠠᠯᠢᠶᠠᠯᠠᠬᠤ ᠨᠢᠬᠡᠤᠬᠡᠨ ᠤ ᠲᠤᠷᠭᠤᠮᠰᠤᠭ ᠤᠷᠤᠭᠤᠯ ᠢ ᠰᠠᠨᠠᠬᠳᠠᠭᠤᠯᠤᠨ᠎ᠠᠦᠷ ᠤᠨ ᠪᠤᠯᠵᠤᠮᠤᠷ ᠤᠨ ᠡᠭᠡᠰᠢᠭᠯᠢᠭ ᠢᠶᠠᠷᠦᠨᠦᠬᠢ ᠠᠶᠢᠯ ᠬᠤᠯᠠᠩ ᠤᠨ ᠤᠳᠤᠭ᠎ᠠ ᠪᠠᠷ ᠢᠶᠠᠨ ᠡᠪᠰᠢᠶᠡᠵᠦ ᠰᠤᠨᠢᠶᠠᠨ᠎ᠠᠠᠪᠠ ᠶᠢᠨ ᠨᠤᠬᠠᠳ ᠤᠨ ᠠᠷᠬᠢᠷᠠᠬᠰᠠᠨ ᠲᠠᠭᠤᠨ ᠢᠠᠶᠢᠯ ᠤᠨ ᠡᠪᠦᠭᠡ ᠲᠠᠮᠠᠬᠢᠨ ᠭᠠᠩᠰᠡᠨ ᠳᠤ ᠪᠠᠨ ᠨᠢᠢᠳᠭᠡᠵᠦ ᠫᠤᠬᠰᠢᠨ᠎ᠠᠱᠤᠩ ᠤᠨ ᠲᠡᠷᠭᠡᠳᠡ ᠤᠶᠠᠭᠠᠨ ᠤ ᠮᠤᠷᠢᠳ ᠤᠳᠤᠳ ᠤᠨ ᠭᠡᠭᠡ ᠶᠢ ᠰᠡᠭᠰᠦᠷᠦᠨ ᠲᠡᠪᠬᠡᠴᠡᠬᠦ ᠳᠤᠰᠢᠨ᠎ᠡ ᠨᠢᠭᠡᠨ ᠡᠳᠦᠷ ᠤᠨ ᠬᠦᠭᠵᠢᠯᠳᠡᠢ ᠵᠢᠷᠤᠭ ᠤᠳᠠᠯ ᠦᠭᠡᠢ ᠲᠡᠯᠭᠡᠭᠳᠡᠨ᠎ᠡᠲᠠᠯ᠎ᠠ ᠶᠢᠨ ᠮᠠᠨᠠᠨ ᠢ ᠠᠶᠠᠷᠬᠠᠨ ᠢᠷᠠᠵᠤᠲᠠᠯ᠎ᠠ ᠬᠠᠴᠠᠷ ᠢᠶᠠᠨ ᠤᠯᠠᠶᠢᠯᠭᠠᠬᠰᠠᠭᠠᠷ ᠨᠠᠷᠠᠨ ᠭᠡᠶᠢᠭᠦᠨ᠎ᠡᠬᠡᠳᠦᠨ ᠡᠷᠪᠡᠬᠡᠢ ᠰᠢᠭᠦᠳᠡᠷᠢ ᠶᠢᠨ ᠤᠰᠤᠨ ᠳᠤ ᠠᠯᠢᠶᠠᠯᠠᠵᠤᠬᠡᠬᠡᠨᠴᠡᠷ ᠵᠢᠰᠦ ᠪᠠᠨ ᠲᠤᠯᠢᠳᠠᠨ ᠨᠠᠭᠠᠳᠤᠨ᠎ᠠᠬᠤᠨᠢ ᠢᠮᠠᠭ᠎ᠠ ᠮᠠᠶᠢᠯᠠᠯᠳᠤᠬᠰᠠᠨ ᠲᠠᠭᠤᠨ ᠳᠤᠬᠤᠷᠭᠤᠢ ᠡᠮᠵᠢᠶᠡᠷᠳᠦ ᠲᠠᠯ᠎ᠠ ᠨᠢᠳᠦ ᠠᠯᠳᠠᠮ᠎ᠠ ᠲᠡᠨᠢᠭᠡᠷᠳᠦᠨ᠎ᠡᠬᠠᠯᠢᠨ ᠳᠡᠭᠦᠯᠢᠬᠦ ᠬᠠᠷᠢᠶᠠᠴᠠᠢ ᠶᠢᠨ ᠵᠢᠭᠦᠷ ᠢᠬᠠᠨ ᠲᠡᠭᠷᠢ ᠭᠦᠩᠭᠡᠬᠡᠨ ᠱᠦᠷᠭᠦᠭᠡᠵᠦ ᠬᠦᠩᠭᠦ᠋ᠢᠨ᠎ᠡᠰᠠᠭᠠᠬᠰᠠᠨ ᠰᠦ ᠰᠠᠭᠤᠯᠭ᠎ᠠ ᠬᠦᠭᠵᠢᠮᠳᠡᠬᠦ ᠪᠠᠷᠰᠠᠶᠢᠷᠠᠮ ᠤᠨ ᠤᠰᠤᠨ ᠠᠷ ᠲᠠᠳᠠᠨ ᠵᠣᠣᠮᠠᠯᠵᠠᠨ᠎ᠠᠮᠤᠰᠬᠢᠷᠠᠨ ᠤᠷᠭᠤᠬᠰᠠᠨ ᠱᠠᠩᠰᠢᠵᠦᠭ ᠪᠦᠷᠢ ᠶᠢᠨ ᠰᠠᠯᠬᠢᠨ ᠢ ᠤᠬᠳᠤᠨᠵᠣ ᠲᠠᠯ᠎ᠠ ᠶᠢᠨ ᠬᠦᠪᠡᠭᠡ ᠪᠠᠷ ᠭᠡᠵᠢᠭᠡ ᠤᠨᠵᠢᠭᠤᠯᠤᠨ ᠯᠠᠬᠰᠠᠶᠢᠨ᠎ᠠᠬᠦᠷᠦᠰᠦᠳᠦ ᠭᠠᠵᠠᠷ ᠤᠨ ᠳᠡᠭᠡᠷ᠎ᠡ ᠵᠤᠷᠢᠭ ᠪᠤᠰᠤᠭ᠎ᠠᠬᠦᠬᠡ ᠲᠡᠭᠷᠢ ᠶᠢᠨ ᠲᠤᠤᠷ᠎ᠠ ᠰᠦᠷ ᠪᠤᠰᠤᠭ᠎ᠠᠴᠠᠭ ᠬᠤᠭᠤᠴᠠᠭ᠎ᠠ ᠲᠡᠭᠦᠨ ᠢᠭᠡᠵᠢᠭᠡᠨ ᠠᠴᠠ ᠨᠢ ᠲᠤᠭᠤᠬᠰᠢ ᠴᠢᠩᠭᠠᠭᠠᠵᠦ ᠦᠰᠭᠡᠨ᠎ᠡᠤᠷᠭᠤᠬᠤ ᠪᠠᠷ ᠢᠶᠠᠨ ᠤᠷᠭᠤᠵᠤ ᠮᠣᠰᠬᠢᠷᠠᠨ ᠮᠣᠰᠬᠢᠷᠠᠭᠰᠠᠭᠠᠷᠤᠳᠠᠭᠠᠨ ᠵᠢᠯ ᠪᠤᠯᠤᠭᠠᠳ ᠱᠠᠩᠰᠢᠯᠠᠵᠠᠢᠬᠠᠨᠠᠨ ᠳᠤ ᠡᠯᠭᠦᠭᠡ ᠮᠤᠷᠢᠨ ᠬᠤᠭᠤᠷᠡᠯᠦᠨᠴᠡ ᠶᠢᠨ ᠦᠶ᠎ᠡ ᠠᠴᠠ ᠣᠯᠠᠮᠵᠢᠯᠠᠭᠰᠠᠨᠡᠪᠦᠭᠡ ᠶᠢᠨ ᠦᠶ᠎ᠡ ᠳᠤ ᠬᠠᠩᠬᠢᠨᠠᠭᠤᠯᠤᠬᠰᠠᠨᠡᠳᠦᠭᠡ ᠪᠤᠯᠤᠭᠠᠳ ᠬᠠᠨᠠᠨ ᠳᠤ ᠡᠯᠭᠦᠭᠳᠡᠭᠰᠡᠨᠢᠷᠡᠬᠦ ᠮᠠᠷᠭᠠᠰᠢ ᠳᠤ ᠬᠦᠰᠡᠯ ᠲᠠᠯᠪᠢᠭᠤᠯᠤᠬᠰᠠᠨᠲᠤᠪ ᠲᠤᠭᠤᠢ ᠪᠠᠶᠢᠪᠠᠴᠤᠲᠤᠳᠤᠷ᠎ᠠ ᠪᠠᠨ ᠲᠤᠭ᠎ᠠ ᠲᠠᠢᠲᠤᠯᠤᠭᠠᠢ ᠨᠢ ᠮᠤᠷᠢ ᠪᠤᠯᠬᠤᠷᠲᠤᠪᠳᠤᠯᠬᠤ ᠰᠤᠪᠢᠩ ᠲᠠᠢᠬᠠᠨᠠᠨ ᠳᠤ ᠡᠯᠭᠦᠭᠡ ᠡᠨᠡ ᠬᠤᠭᠤᠷᠬᠡᠨ ᠢ ᠬᠦᠯᠢᠶᠡᠭᠡᠳ ᠲᠠᠭᠤᠯᠠᠬᠤ ᠦᠭᠡᠢ ᠪᠠᠶᠢᠬᠤ ᠪᠤᠯ︖ᠲᠡᠨᠡᠭᠲᠡᠨᠡᠭᠴᠤᠤᠯ ᠤᠨ ᠲᠤᠷᠠᠰᠬᠠᠯ ᠤᠨ ᠡᠳᠦᠷᠲᠡᠨᠡᠭ ᠶᠠᠪᠤᠬᠰᠠᠨ ᠮᠢᠨᠢ ᠪᠤᠳᠤᠬᠳᠠᠨ᠎ᠠᠲᠡᠭᠷᠢ ᠨᠤᠷᠠᠬᠰᠠᠨ ᠰᠢᠭ᠋ᠲᠡᠰᠭᠡᠯ ᠦᠭᠡᠢ ᠡᠮᠢᠶᠡᠵᠦ ᠪᠠᠰᠠ ᠲᠤᠬᠳᠤᠯᠵᠤ ᠠᠪᠳᠠᠭ᠃ᠲᠡᠨᠡᠭ ᠢᠶᠠᠷ ᠤᠪᠯᠠᠬᠤ ᠨᠢ ᠶᠡᠭᠡ ᠵᠦᠭᠡᠷ ᠰᠠᠨᠠᠬᠳᠠᠨ᠎ᠠᠤᠴᠢᠷ ᠲᠠᠢ ᠤᠴᠢᠷ ᠦᠭᠡᠢ ᠵᠦᠢᠯ ᠳᠤ ᠤᠷᠢᠶᠠᠬᠳᠠᠬᠤᠨ ᠢᠶᠠᠷ ᠦᠭᠡᠢᠬᠡᠳᠦᠷᠬᠡᠢ ᠮᠡᠷᠭᠡᠯᠡᠯ᠎ᠡ ᠭᠡᠵᠦ ᠬᠡᠯᠡᠭᠳᠡᠬᠦᠨ ᠢᠶᠠᠷ ᠦᠭᠡᠢᠬᠡ ᠪᠠᠨ ᠪᠠᠷᠠᠴᠢᠬᠠᠯ᠎ᠠ ᠭᠡᠵᠦ ᠬᠠᠷᠢᠶᠠᠬᠳᠠᠬᠤᠨ ᠢᠶᠠᠷ ᠦᠭᠡᠢᠬᠡᠨ ᠨᠢ ᠪᠠᠰᠠ ᠨᠢᠭᠡ ᠨᠠᠰᠤᠨ ᠳᠤ ᠪᠠᠨᠬᠡᠳᠦᠨ ᠲᠡᠨᠡᠭ ᠶᠠᠪᠤᠳᠠᠯ ᠬᠢᠬᠦ ᠦᠭᠡᠢ ᠪᠤᠢ︖ᠬᠠᠶᠠ ᠨᠢᠭᠡ ᠲᠡᠨᠡᠭ ᠶᠠᠪᠤᠳᠠᠯ ᠨᠢ ᠵᠢᠷᠦᠭᠡ ᠰᠡᠳᠬᠢᠯ ᠢ ᠰᠢᠮᠰᠢᠷᠡᠭᠦᠯᠬᠦ ᠳᠤᠬᠠᠶᠠ ᠨᠢᠭᠡ ᠲᠡᠨᠡᠭ ᠶᠠᠪᠤᠳᠠᠯ ᠨᠢ ᠬᠡᠭᠦᠳᠡᠭ ᠴᠡᠭᠡᠵᠢ ᠶᠢ ᠠᠭᠤᠵᠢᠷᠠᠭᠤᠯᠳᠠᠭᠶᠠᠮᠠᠷ ᠲᠡᠨᠡᠭ ᠶᠠᠪᠤᠳᠠᠯ ᠬᠢᠭᠰᠡᠨ ᠪᠤᠯ ᠭᠡᠵᠦ ᠲᠠ ᠪᠢᠳᠡᠬᠢ ᠠᠰᠠᠭᠤᠶᠠᠷᠢᠭᠠᠳ ᠦᠭᠬᠦᠪᠡᠯ ᠶᠠᠮᠠᠷ ᠴᠦ ᠤᠳᠬ᠎ᠠ ᠦᠭᠡᠢ ᠪᠤᠯᠴᠢᠬᠠᠨ᠎ᠠᠶᠠᠭᠠᠷᠠᠬᠤ ᠦᠭᠡᠢ ᠪᠤᠳᠤᠯᠬᠢᠯᠠᠪᠠᠯ ᠲᠠ ᠶᠠᠭᠠᠬᠢᠬᠰᠠᠨ ᠴᠦ ᠮᠡᠳᠡᠴᠢᠬᠡᠨ᠎ᠡᠶᠠᠭ ᠦᠨᠡᠨ ᠳᠤ ᠪᠠᠨ ᠴᠢ ᠪᠢᠳᠡᠨ ᠦᠭᠡᠷ᠎ᠡ ᠴᠦ ᠦᠦ ᠳ᠋ᠠᠲᠡᠨᠡᠭ ᠪᠤᠯᠬᠤ ᠦᠭᠡᠢ ᠶᠢᠨ ᠲᠦᠯᠦᠭᠡ      ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠡᠭᠤᠨ ᠭᠠᠷᠣᠨ‌‍ᠲ᠋ᠤᠮᠳᠠᠳᠤ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ
 
ᠢᠷᠡᠯᠲᠡ᠄ ᠬᠢᠩᠭᠠᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号