ᠪᠡᠶᠡᠷ ᠤᠨ ᠴᠢᠮᠡᠭᠡ ︵ᠬᠡᠦᠬᠡᠳ ᠤᠨ ᠵᠤᠬᠢᠶᠡᠯ︶
ᠨᠡᠶᠢᠲᠡᠯᠡᠭᠰᠡᠨ ᠴᠠᠭ᠄
2021/2/19
      ᠬᠦᠳᠡᠭᠡ ᠨᠤᠳᠤᠭ ᠲᠤ ᠨᠠᠮᠤᠷ ᠤᠨ ᠰᠢᠠᠵᠢ ᠮᠡᠳᠡᠷᠡᠭᠳᠡᠬᠡᠳ ᠭᠤᠪᠢ ᠬᠦᠠᠳᠡᠢ ᠨᠠᠯᠠᠭᠠᠷᠰᠢᠨ ᠤᠨᠢᠶᠠᠷᠳᠤᠨ᠎ᠠ᠃       ᠬᠤᠳᠠ ᠬᠦᠳᠡᠭᠡ ᠶᠢ ᠬᠤᠯᠪᠤᠭᠰᠠᠨ ᠴᠠᠷᠳᠠᠮᠠᠯ ᠵᠠᠮ ᠤᠨ ᠵᠠᠬ᠎ᠠ ᠶᠢ ᠪᠠᠷᠢᠵᠤ᠂ ᠢᠵᠢᠯ ᠵᠢᠰᠦᠮ ᠤᠨ ᠬᠠᠯᠢᠭᠤᠨ ᠮᠤᠷᠢ ᠪᠠᠷ ᠱᠤᠤᠮᠠᠰᠠ ᠲᠡᠩᠨᠡᠭᠡ ᠲᠠᠢ ᠠᠶᠠᠯᠠᠭ᠎ᠠ ᠠᠪᠤ ᠬᠦᠦ ᠬᠤᠶᠠᠷ ᠤᠨ ᠲᠦᠷᠦᠭᠡ ᠬᠠᠷᠰᠢᠭᠤᠯᠤᠨ ᠱᠤᠭᠰᠢᠭᠤᠯᠬᠤ ᠶᠢ ᠵᠠᠮ ᠢᠶᠠᠷ ᠵᠦᠷᠢᠬᠦ ᠮᠠᠰᠢᠨ ᠲᠡᠷᠭᠡ ᠲᠠᠢ ᠤᠯᠤᠰ ᠲᠤᠬᠤᠭᠤᠷᠬᠠᠨ ᠰᠤᠨᠢᠭᠤᠴᠢᠨ᠎ᠠ᠃       ᠪᠠᠶᠠᠨ ᠪᠦᠷᠢᠳᠤ ᠶᠢᠨ ︽ᠪᠦᠳᠦᠭᠦᠨ ᠠᠮᠪᠠ︾ ᠤᠮᠪᠤᠯ ᠭᠠᠩᠳᠤᠯᠭ᠎ᠠ ᠪᠠᠨ ᠰᠤᠷᠭᠠᠭᠤᠯᠢ ᠳᠤᠨᠢ ᠬᠦᠷᠬᠡᠬᠡ ᠨᠢ ᠡᠨᠡ ᠶᠤᠮ ᠪᠠᠶᠢᠨ᠎ᠠ᠃ ᠠᠮᠠ ᠬᠠᠭᠤᠷᠠᠢ ᠦᠭᠡᠢ ᠠᠶᠠᠯᠠᠬᠤ ᠳᠤ ᠬᠤᠨᠤᠭ ᠤᠨ ᠵᠠᠮ ᠬᠤᠮᠢᠭᠳᠠᠵᠤ ᠪᠠᠶᠢᠬᠤ ᠰᠢᠭ᠋ ᠡᠪᠬᠡᠭᠳᠡᠵᠤ ᠪᠠᠶᠢᠯ᠎ᠠ᠃       — ᠪᠦᠷᠢᠶ᠎ᠠ ᠳᠤᠤᠭᠠᠷᠭᠠᠨ ᠵᠦᠷᠢᠭᠰᠡᠨ ᠲᠡᠷᠭᠡᠨ ᠴᠤᠩᠬᠤ ᠪᠠᠷ ᠮᠠᠨ ᠤ ᠪᠠᠶᠢᠷᠢ ᠶᠢᠨ ᠮᠠᠩᠯᠠᠢ ᠭᠠᠷ ᠳᠠᠯᠠᠯᠤᠭᠰᠠᠨ ᠰᠢᠦ᠃       — ᠰᠤᠮᠤᠨ ᠤ ᠨᠠᠭᠠᠳᠤᠮ ᠳᠤ ᠪᠤᠷᠤᠯᠠᠭ ᠨᠢ ᠠᠮᠠᠨ ᠬᠦᠵᠤᠭᠦᠳᠡᠭᠡᠳ ︽ᠬᠤᠰᠢᠭᠤ ᠨᠠᠭᠠᠳᠤᠮ ᠳᠤ ᠯᠠᠪᠳᠠᠢ ᠲᠡᠷᠢᠭᠦᠯᠡᠨ᠎ᠡ︾ ᠭᠡᠳ ᠬᠤᠷᠤᠭᠤ ᠭᠤᠬᠠᠳᠠᠨ ᠠᠮᠠᠯᠳᠠᠵᠤ ᠪᠠᠶᠢᠭᠰᠠᠨ ᠲᠡᠪᠡᠭ ᠭᠡᠵᠢᠭᠡ ᠲᠠᠢ ᠰᠢᠷᠠᠮᠠᠨ ᠬᠦᠦ ᠤᠤ︖       — ᠮᠢᠨᠤ ︽ᠲᠡᠯ ᠲᠠᠢ ᠰᠢᠪᠠᠭᠤ︾ ᠶᠢ ᠵᠠᠶᠢᠳᠠᠯᠠᠵᠤ ᠶᠡᠭᠡ ᠨᠠᠶᠢᠷ ᠲᠤ ᠲᠡᠷᠢᠭᠦᠯᠡᠭᠡᠳ ︽ᠠᠪᠤ᠂ ᠨᠤᠳᠤᠭ ᠬᠤᠶᠠᠷ ᠲᠠᠢ ᠪᠠᠨ ᠬᠠᠮᠳᠦ ᠨᠡᠷ᠎ᠡ ᠪᠠᠨ ᠲᠠᠭᠤᠳᠠᠭᠤᠯᠤᠶ᠎ᠠ︾ ᠭᠡᠳ ᠠᠷᠭ᠎ᠠ ᠠᠯᠳᠠᠷᠠᠭᠠᠳᠠᠭ ᠳᠡᠷᠡ ᠰᠢᠳᠠ᠃       — ᠢᠷᠡᠬᠦ ᠵᠤᠨ ᠤ ᠨᠠᠭᠠᠳᠤᠮ ᠤᠳ ᠢᠶᠠᠷ ᠬᠦᠰᠡᠯ ᠢ ᠨᠢ ᠪᠡᠶᠡᠯᠡᠭᠦᠯᠵᠤ ᠦᠭ᠂ ᠠᠪᠤ᠂ ᠬᠦᠤ᠂ ᠨᠤᠳᠤᠭ ᠭᠤᠷᠪᠠ ᠠᠯᠳᠠᠷ ᠢᠶᠠᠨ ᠮᠠᠨᠳᠤᠭᠤᠯᠤᠭ ᠳ᠋ᠠ︕        ᠰᠢᠷ᠎ᠠ ᠪᠦᠷᠦᠢ ᠶᠢᠨ ᠦᠶ᠎ᠡ ᠪᠠᠷ ᠰᠤᠷᠭᠠᠭᠤᠯᠢ ᠶᠢᠨ ᠡᠭᠦᠳᠡᠨ ᠳᠤ ᠪᠠᠭᠤᠬᠤ ᠲᠠᠢ ᠵᠡᠷᠭᠡ ︽ᠪᠦᠳᠤᠭᠦᠨ ᠠᠮᠪᠠ︾ ᠲᠦᠷᠤᠭᠡ ᠪᠠᠨ ᠮᠤᠯᠳᠤᠯᠤᠮᠠᠭᠴᠠ ᠰᠦᠪᠡᠭᠡ ᠲᠤᠯᠤᠨ ᠭᠡᠳᠡᠶᠢᠨ ᠵᠤᠭᠰᠤᠪᠠ᠃ ᠨᠠᠶᠠ ᠶᠢᠨ ᠲᠠᠪᠠᠭ᠎ᠠ ᠶᠢ ᠦᠭᠰᠤᠭᠡ ᠬᠠᠳᠠᠭᠤ ᠶᠠᠰᠤᠳᠠᠨ ᠤ ᠪᠡᠶ᠎ᠡ ᠨᠢ ᠬᠠᠰᠢᠯᠨ ᠴᠢᠯᠠᠵᠠᠢ᠃ ᠬᠦᠭᠡᠷᠤᠭᠦᠢ︕        ᠭᠠᠩᠳᠤᠯᠭ᠎ᠠ ᠶᠢ ᠪᠠᠶᠢᠷᠢ ᠳᠤ ᠨᠢ ᠲᠦᠪᠬᠢᠨᠡᠭᠦᠯᠴᠢᠭᠡᠭᠡᠳ ᠪᠠᠯᠭᠠᠰᠤᠨ ᠲᠡᠭᠦᠷᠭᠡ ᠳᠠᠬᠢ ᠤᠳᠬᠤᠨ ᠬᠡᠤᠭᠡᠨ ᠤ ᠳᠡᠭᠡᠨ ᠤᠴᠢᠬᠤ ᠳᠤ ᠨᠢᠳᠤ ᠪᠠᠨ ᠬᠦᠰᠢᠳᠡᠯ᠎ᠡ ᠬᠦᠯᠢᠶᠡᠭᠰᠡᠨ ᠦᠬᠢᠨ ᠤ ᠬᠢᠨ ᠨᠠᠷᠠ ᠨᠢ ᠭᠠᠷᠴᠤ ᠪᠢᠯᠨ᠃       ᠨᠠᠬᠢᠶ᠎ᠠ᠄ ︽ᠠᠪᠤ᠂ ᠭᠡᠨ ᠨᠢᠭᠡᠨ ᠳᠤ ᠨᠢ ᠭᠡᠯᠨ ᠪᠤᠯᠬᠤ ᠳᠤ ᠭᠠᠩᠳᠤᠯᠭ᠎ᠠ ᠶᠢ ᠲᠤᠰᠴᠢᠬᠠᠨ᠎ᠠ ᠰᠢᠳᠡ᠃ ᠠᠯᠤᠰ ᠵᠠᠭᠤᠨ ᠤ ᠭᠠᠵᠠᠷ ᠢ ᠤᠨᠤᠭ᠎ᠠ ᠮᠤᠷᠢ ᠪᠠᠷ ᠲᠤᠭᠤᠯᠤᠨ᠎ᠠ ᠭᠡᠭᠴᠢ ᠠᠪᠤ ᠶᠢᠨ ᠮᠢᠨᠢ ᠯᠡ ᠵᠤᠷᠢᠭ ᠪᠠᠶᠢᠵᠠᠢ︾ ᠭᠡᠵᠤ ᠰᠡᠳᠬᠢᠯ ᠢ ᠨᠢ ᠵᠠᠰᠠᠭᠠᠳ ᠡᠨᠡ ᠲᠡᠷᠨ ᠪᠠᠨ ᠠᠬᠤᠶᠢᠯᠠᠨ᠎ᠠ᠃       ᠰᠤᠷᠭᠠᠭᠤᠯᠢ ᠶᠢᠨ ᠬᠦᠷᠢᠶᠡᠨ᠎ᠡ ᠭᠡᠷ ᠤᠨ ᠠᠬᠠᠮᠠᠳ ᠤᠨ ᠴᠤᠭᠯᠠᠭᠠᠨ ᠪᠤᠯᠵᠠᠢ᠃ ︽ᠪᠦᠳᠦᠭᠦᠨ ᠠᠮᠪᠠ︾ ᠡᠷᠬᠢᠯᠡᠭᠴᠢ ᠪᠠᠭᠰᠢ ᠳᠤ ᠨᠢ ︽ᠭᠠᠩᠳᠤᠯᠭ᠎ᠠ ᠶᠢᠨ ᠰᠤᠷᠤᠯᠭ᠎ᠠ᠂ ᠠᠮᠢᠳᠤᠷᠠᠯ ᠢ ᠬᠡᠵᠢᠶ᠎ᠡ᠂ ᠬᠠᠮᠢᠭ᠎ᠠ ᠴᠦ ᠴᠢᠩᠭ᠎ᠠ ᠱᠠᠭᠠᠷᠳᠠᠵᠤ ᠪᠠᠢ︕ ᠵᠠᠭᠡᠭᠰᠡᠨ ᠰᠢᠵᠢᠷᠠᠭᠤᠨ ᠭᠡᠤᠭᠡᠳ ᠰᠢᠤ᠃ ᠰᠤᠷᠭᠠᠭᠤᠯᠢ ᠳᠤ ᠤᠷᠤᠮᠠᠭᠴᠠ ᠪᠠᠶᠢᠷᠢ ᠳᠤ ᠰᠠᠭᠤᠭᠠᠳ ᠭᠠᠶᠢᠭᠤᠢ ᠲᠡᠰᠴᠢᠬᠠᠵᠠᠢ᠃ ᠪᠠᠶᠢᠷᠢ ᠶᠢᠨ ᠠᠮᠢᠳᠤᠷᠠᠯ ᠰᠤᠷᠤᠭᠴᠢ ᠶᠢ ᠪᠡᠶ᠎ᠡ ᠪᠠᠨ ᠲᠠᠭᠠᠭᠠᠬᠤ ᠴᠢᠳᠠᠪᠤᠷᠢ ᠲᠠᠢ ᠪᠤᠯᠭᠠᠨ ᠬᠦᠮᠤᠵᠢᠭᠦᠯᠳᠡᠭ ᠶᠤᠮ ᠪᠠᠶᠢᠨ᠎ᠠ︾ ᠭᠡᠵᠤ ᠤᠴᠢᠷᠯᠡᠨ ᠵᠠᠬᠢᠪᠠ᠃       ᠰᠤᠷᠤᠭᠴᠢᠳ᠂ ᠠᠩᠬᠢ ᠶᠢᠨ ᠭᠡᠷ ᠤᠨ ᠲᠡᠭᠡᠪᠤᠷ ᠢ ᠢᠷᠡᠵᠤ ᠬᠠᠶᠠᠮᠠᠷ ᠪᠠᠶᠠᠰᠤᠯᠴᠠᠨ ᠬᠦᠭᠡᠷᠤᠯᠳᠤᠭᠡᠳ᠂ ᠴᠢᠯᠤᠭᠡᠨ ᠤ ᠬᠤᠭᠤᠴᠠᠭᠠᠨ ᠤ ᠵᠤᠭᠤᠭ ᠲᠡᠯᠭᠡᠯᠴᠡᠨ᠂ ᠬᠦᠭᠵᠢᠶᠡᠨ ᠨᠠᠷᠬᠢᠶᠠᠨ ᠪᠢᠯᠬᠠᠷᠠᠨ᠎ᠠ᠃       — ᠬᠤᠰᠢᠭᠤ ᠨᠠᠶᠢᠷ ᠲᠡᠭᠡᠷ᠎ᠡ ︽ᠲᠡᠯ ᠲᠠᠢ ᠰᠢᠪᠠᠭᠤ︾ ᠲᠠᠢ ᠴᠢᠨᠢ ᠪᠠᠷᠢᠶᠠᠨ ᠤ ᠭᠠᠵᠠᠷ ᠵᠤᠤᠵᠠᠢ ᠬᠤᠯᠪᠤᠨ᠂ ᠲᠡᠷᠢᠭᠦᠨ᠂ ᠲᠡᠳ᠋ ᠮᠠᠳᠭᠡᠯᠴᠡᠮᠡᠷ ᠪᠠᠶᠢᠳᠠᠯ᠎ᠠ ᠬᠡᠨᠡᠳᠳᠡᠭᠡᠨ ᠬᠠᠳᠤᠤᠷᠠᠭᠠᠳ ᠠᠷᠠᠢ ᠴᠢᠮᠠᠢ ᠰᠡᠭᠦᠯᠴᠢ ᠶᠢᠨ ᠫᠠᠶᠢᠰᠠ ᠠᠳᠬᠤᠭᠠᠳ ᠲᠡᠷᠡ ᠬᠠᠷᠠᠮᠰᠠᠭᠰᠠᠨ ᠭᠡᠵᠢ︕ ᠡᠨᠡ ᠨᠢ ᠮᠠᠩᠯᠠᠢ ᠶᠢᠨ ᠴᠠᠶᠢᠯᠭᠠᠨ ᠬᠠᠷᠠᠮᠰᠠᠯ᠃       — ᠪᠢ᠂ ᠠᠪᠤ ᠪᠠᠨ ᠲᠠᠭᠠᠵᠤ ᠶᠡᠭᠡ ᠬᠤᠳᠠ ᠪᠠᠷ ᠬᠠᠨᠳᠠᠯ᠎ᠠ ᠲᠤᠭᠤᠷᠢᠭᠰᠠᠨ᠃ ᠨᠠᠶᠢᠷ ᠨᠠᠭᠠᠳᠤᠮ ᠳᠤ ᠤᠴᠢᠳᠠᠭ ᠴᠦ ᠦᠭᠡᠢ᠂ ᠮᠤᠷᠢᠨ ᠤᠷᠤᠯᠳᠤᠭᠠᠨ᠂ ᠪᠦᠭᠡ ᠶᠢᠨ ᠪᠠᠷᠢᠯᠳᠤᠭᠠᠨ ᠢ ᠰᠤᠨᠢᠷᠬᠠᠬᠤ ᠶᠠᠭ ᠲᠤᠷ᠎ᠠ ᠦᠭᠡᠢ᠃ ᠡᠨᠡ ᠨᠢ ᠬᠤᠳᠠ ᠶᠢᠨ ᠪᠤᠷᠤ ᠪᠠᠨᠳᠢ ᠶᠢᠨ ᠠᠳᠠᠭᠠᠷᠬᠠᠯ᠃       — ᠬᠦᠳᠡᠭᠡ ᠪᠠᠷ ᠵᠤᠭᠠᠴᠡᠨ ᠨᠠᠭᠠᠳᠤᠭᠰᠠᠨ᠃ ᠬᠤᠨᠢᠨ ᠮᠢᠬ᠎ᠠ᠂ ᠬᠤᠷᠤᠳ ᠵᠦᠭᠡᠭᠡᠢ ᠦᠨᠡᠭᠡᠷ ᠠᠮᠳᠠ ᠲᠠᠢ᠃ ᠬᠦᠮᠡᠯᠢ᠂ ᠲᠡᠮᠡᠭᠡᠨ ᠬᠦᠬᠦ ᠲᠡᠭᠦᠳᠡᠭ᠃ ᠮᠤᠷᠢ ᠤᠨᠤᠵᠤ᠂ ᠡᠪᠦᠭᠡ ᠲᠠᠢ ᠪᠠᠨ ᠬᠤᠯᠡᠭᠤᠷ ᠲᠤᠭᠤᠷᠢᠳᠠᠭ ᠃ ᠮᠠᠩᠬᠠᠨ ᠨᠤᠳᠤᠭ ᠰᠠᠶᠢᠬᠠᠨ᠂ ᠢᠷᠡᠬᠦ ᠵᠤᠨ ᠪᠠᠰᠠ ᠤᠴᠢᠨ᠎ᠠ᠃ ᠡᠨᠡ ᠨᠢ ᠪᠠᠰᠠ ᠨᠢᠬᠡ ᠬᠤᠳᠠ ᠶᠢᠨ ᠵᠢᠭᠠᠯ ᠤᠨ ᠦᠨᠡᠨᠴᠢᠭᠡᠨ ᠦᠴᠢᠯ᠃       — ᠡᠨᠡ ᠵᠤᠨ ᠤ ᠨᠠᠭᠠᠳᠤᠮ ᠳᠤ ᠮᠢᠨᠤ ᠤᠨᠤᠭᠰᠠᠨ ︽ᠲᠡᠯ ᠲᠠᠢ ᠰᠢᠪᠠᠭᠤ︾ ᠭᠤᠷᠪᠡᠨ ᠶᠡᠭᠡ ᠨᠠᠶᠢᠷ ᠲᠤ ᠲᠡᠷᠢᠭᠦᠯᠡᠭᠰᠡᠨ᠃ ᠱᠠᠩ ᠤᠨ ᠲᠠᠭ᠎ᠠ ᠪᠠᠨ ᠤᠨᠤᠵᠤ ᠰᠤᠷᠭᠠᠭᠰᠠᠨ᠃ ᠡᠨᠡ ᠨᠢ ᠭᠠᠩᠳᠤᠯᠭ᠎ᠠ ᠶᠢᠨ ᠤᠮᠤᠭᠰᠢᠯ᠃       ᠪᠤᠵᠢᠬᠢᠨᠠᠯᠳᠤᠨ ᠱᠤᠤᠬᠢᠯᠳᠤᠵᠤ ᠪᠠᠶᠢᠭᠰᠠᠨ ᠰᠤᠷᠤᠭᠴᠢᠳ ᠤᠨ ᠦᠢᠮᠡᠭᠡᠨ᠂ ᠴᠠᠬᠢᠯᠭᠠᠨ ᠵᠤᠭᠰᠤᠬᠤ ᠳᠤ ᠲᠠᠭᠤ ᠴᠢᠮᠡᠭᠡ ᠲᠠᠭᠵᠢᠷᠠᠳᠠᠭ ᠰᠢᠭ᠋ ᠬᠡᠨᠡᠤᠠᠳᠡ ᠨᠠᠮᠵᠢᠷᠠᠪᠠ᠃ ᠪᠠᠭᠰᠢ ᠨᠢ ᠤᠷᠤᠵᠤ ᠢᠷᠡᠭᠡᠳ ᠢᠨᠢᠶᠡᠮᠰᠦᠭᠯᠡᠨ ᠵᠤᠭᠰᠤᠵᠤ ᠪᠠᠶᠢᠯ᠎ᠠ᠃ ᠬᠢᠴᠢᠶᠡᠯ ᠤᠨ ᠬᠤᠩᠬ᠎ᠠ ᠲᠤᠤᠭᠠᠷᠪᠠ᠂ ᠰᠤᠷᠤᠭᠴᠢᠳ ᠤᠷᠤ ᠤᠷᠤᠨ ᠳᠠᠭᠠᠨ ᠲᠦᠪ ᠰᠠᠭᠤᠨ᠎ᠠ       ᠪᠠᠭᠰᠢ᠂ ᠰᠠᠮᠪᠠᠷ᠎ᠠ ᠶᠢᠨ ᠲᠠᠶᠢᠰᠠᠨ᠎ᠠ ︽ᠰᠤᠷᠤᠭᠴᠢᠳ ᠮᠠᠨᠢ ᠵᠤᠨ ᠤ ᠠᠮᠠᠷᠠᠯᠳᠠ ᠪᠠᠨ ᠰᠠᠶᠢᠬᠠᠨ ᠦᠩᠭᠡᠷᠡᠭᠡᠯ᠎ᠡ᠃ ᠭᠠᠩᠳᠤᠯᠭ᠎ᠠ ᠶᠢᠨ ᠤᠨᠤᠭᠰᠠᠨ ᠮᠤᠷᠢ ᠭᠤᠷᠪᠠᠨ ᠠᠶᠢᠮᠠᠭ᠂ ᠶᠢᠰᠤᠨ ᠬᠤᠰᠢᠭᠤᠨ ᠤ ᠵᠠᠭᠤᠨ ᠬᠦᠯᠦᠭ ᠤᠷᠤᠯᠳᠤᠭᠰᠠᠨ ᠬᠤᠰᠢᠭᠤ ᠨᠠᠭᠠᠳᠤᠮ ᠳᠤ ᠤᠳᠤᠯᠠᠨ ᠲᠡᠷᠢᠭᠦᠯᠡᠭᠡᠳ ᠨᠤᠳᠤᠭ ᠤᠰᠤᠨ ᠤ ᠠᠯᠳᠠᠷ ᠢ ᠡᠷᠬᠦᠵᠡᠢ᠃ ᠪᠦᠭᠦᠳᠡᠭᠡᠷ ᠪᠠᠶᠠᠷ ᠬᠦᠷᠭᠡᠶ᠎ᠡ︾ ᠭᠡᠬᠦ ᠲᠠᠢ ᠵᠡᠷᠭᠡ ᠠᠯᠠᠭ᠎ᠠ ᠲᠠᠰᠢᠯᠳᠠ ᠨᠢᠵᠢᠬᠢᠨᠡᠪᠡ᠃ ᠪᠠᠭᠰᠢ ᠪᠠᠰᠠ ︽ᠪᠦᠬᠦ ᠤᠷᠤᠨ ᠤ ᠪᠠᠭ᠎ᠠ ᠰᠤᠷᠭᠠᠭᠤᠯᠢ ᠨᠤᠭᠤᠳ ᠲᠤ ᠨᠡᠬᠦᠳᠡᠯ ᠠᠬᠤᠢ ᠶᠢᠨ ᠮᠡᠳᠡᠯᠬᠡ ᠶᠢᠨ ᠤᠷᠤᠯᠳᠤᠭᠠᠨ ᠬᠢᠬᠦ ᠪᠠᠷ ᠪᠤᠯᠤᠭᠰᠠᠨ᠃ ᠰᠤᠷᠤᠭᠴᠢᠳ ᠤᠨ ᠮᠠᠨᠢ ᠤᠶᠤᠨ ᠢᠶᠠᠨ ᠰᠤᠷᠢᠬᠤ ᠴᠠᠭ ᠢᠷᠡᠭᠰᠡᠨ ᠰᠢᠤ︾ ᠭᠡᠳ ᠭᠠᠩᠳᠤᠯᠭ᠎ᠠ ᠶᠢ ᠲᠦᠯᠭᠡᠭᠡᠨ ᠰᠢᠷᠳᠡᠪᠡ᠃        ᠁       ᠤᠷᠤᠯᠳᠤᠭᠠᠨ ᠲᠤᠭᠳᠠᠭᠰᠠᠨ ᠴᠠᠭ ᠲᠠᠭᠠᠨ ᠡᠷᠴᠢᠮᠯᠢᠭ ᠶᠠᠪᠤᠭᠳᠠᠪᠠ᠃ ᠰᠢᠯᠭᠠᠯᠳᠠ ᠲᠤᠰᠤᠭᠰᠠᠨ ᠰᠤᠷᠤᠭᠴᠢᠳ ᠤᠨ ᠤᠯᠠᠩᠬᠢ ᠨᠢ ᠲᠤᠯᠤᠭᠠᠢ ᠪᠠᠨ ᠮᠠᠭᠠᠵᠢᠨ᠎ᠠ᠃ ︽ᠲᠠᠪᠤᠨ ᠬᠤᠰᠢᠭᠤ ᠮᠠᠯ ᠤᠨ ᠲᠦᠯ ᠢ ᠨᠡᠷᠡᠯᠡᠵᠤ᠂ ᠦᠭᠦᠯᠡᠪᠤᠷᠢ ᠵᠤᠬᠢᠶᠠ︾᠂ ︽ᠬᠠᠰᠠᠭ ᠲᠡᠷᠭᠡ᠂ ᠡᠮᠡᠭᠡᠯ᠂ ᠲᠤᠬᠤᠰᠢ ᠶᠢᠨ ᠪᠦᠳᠦᠴᠡ ᠠᠴᠠ ᠲᠤᠰ ᠪᠦᠷᠢ ᠲᠠᠪᠤ ᠶᠢ ᠪᠢᠴᠢ︾ ᠭᠡᠬᠦ ᠰᠡᠳᠤᠪ ᠤᠳ ᠭᠠᠩᠳᠤᠯᠭ᠎ᠠ ᠳᠤ ᠪᠤᠯ ︽ᠬᠤᠷᠤᠭᠤᠨ ᠦᠵᠤᠭᠦᠷ ᠬᠤᠮ ᠫᠠᠳ︾᠂ ᠰᠡᠳᠤᠪ ᠢ ᠨᠢᠮᠪᠠᠶᠢᠯᠠᠨ ᠤᠩᠰᠢᠵᠤ᠂ ᠨᠡᠷ᠎ᠡ᠂ ᠠᠩᠬᠢ ᠪᠠᠨ ᠪᠢᠴᠢᠮᠡᠭᠴᠡ ᠪᠢᠷ ᠵᠢᠷᠢᠯᠵᠢᠭᠦᠯᠪᠡ᠃       ᠰᠠᠷ᠎ᠠ ᠶᠢᠨ ᠲᠠᠷᠠᠭ᠎ᠠ᠃       ᠰᠤᠷᠭᠠᠭᠤᠯᠢ ᠶᠢᠨ ᠴᠡᠩᠬᠡᠷ ᠠᠭᠠᠷ ᠲᠤ ︽ᠪᠦᠬᠦ ᠤᠷᠤᠨ ᠤ ᠠᠩᠬᠠᠳᠠᠭᠴᠢ ᠤᠳᠠᠭᠠᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠨᠡᠬᠦᠳᠡᠯ ᠠᠬᠤᠢ ᠶᠢᠨ ᠤᠷᠤᠯᠳᠤᠭᠠᠨ ᠳᠤ ᠮᠠᠨ ᠤ ᠰᠤᠷᠭᠠᠭᠤᠯᠢ ᠶᠢᠨ ᠭᠤᠷᠪᠠᠳᠤᠭᠠᠷ ᠤᠨ ᠤ ᠰᠤᠷᠤᠭᠴᠢ ᠭᠠᠩᠳᠤᠯᠭ᠎ᠠ ᠨᠢᠭᠡᠳᠤᠭᠡᠷ ᠲᠡᠰ ᠲᠤ ᠰᠢᠯᠭᠠᠷᠠᠵᠠᠢ᠃ ᠡᠨᠡ ᠪᠤᠯ ᠰᠤᠷᠭᠠᠭᠤᠯᠢ ᠶᠢᠨ ᠤᠮᠤᠭᠰᠢᠯ᠂ ᠪᠠᠭᠰᠢ᠂ ᠰᠤᠷᠤᠭᠴᠢᠳ ᠤᠨ ᠵᠤᠷᠢᠭᠵᠢᠯ᠂ ᠪᠠᠭ᠋ᠠᠷᠬᠠᠯ ᠪᠤᠯᠬᠤ ᠨᠢ ᠲᠠᠮᠵᠢᠭ ᠦᠭᠡᠢ︾ ᠬᠡᠰᠡᠨ ᠪᠠᠶᠠᠷ ᠤᠨ ᠴᠢᠮᠡᠭᠡ ᠢᠷᠠᠭᠤ ᠪᠦᠬᠡᠳ ᠬᠦᠭᠵᠢᠮᠯᠢᠭ ᠴᠤᠤᠷᠢᠶᠠᠳᠤᠪᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号