ᠲᠤᠷᠠᠰᠤᠯ ᠤᠨ ᠠᠯᠳᠠᠨ ᠬᠤᠷᠤᠮ
ᠨᠡᠶᠢᠲᠡᠯᠡᠭᠰᠡᠨ ᠴᠠᠭ᠄
2021/1/5
   — ᠯᠦ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ ᠤᠨ ᠬᠠᠮᠳᠤ ᠰᠤᠷᠤᠯᠭᠠᠳᠠᠨ ᠨᠠᠷ ᠲᠤ ᠪᠠᠨ                      ● ᠴᠢ᠊ · ᠲᠤᠯᠬᠢᠶᠠᠨ       ᠨᠢᠭᠡ       2020 ᠤᠨ ᠤ ᠯᠥ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ ᠤᠨ 35 ᠳ᠋ᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠦᠰᠦᠳᠡᠨ ᠤ ᠤᠳᠬ᠎ᠠ ᠵᠤᠬᠢᠶᠠᠯ ᠤᠨ ᠵᠤᠬᠢᠶᠠᠨ ᠪᠦᠳᠦᠭᠡᠬᠦ ᠠᠩᠭᠢ ︵ᠦᠪᠦᠷ ᠮᠤᠩᠭᠤᠯ ᠤᠨ ᠠᠩᠭᠢ︶ ᠳᠤ ᠰᠤᠷᠤᠯᠴᠠᠬᠤ ᠠᠵᠠ ᠵᠠᠪᠰᠢᠶᠠᠨ ᠢ ᠤᠯᠤᠭᠰᠠᠨ ᠳᠤ ᠪᠠᠨ ᠪᠢ ᠬᠦᠯ ᠭᠠᠵᠠᠷ ᠬᠦᠷᠬᠦ ᠦᠭᠡᠢ ᠪᠠᠶᠠᠷᠯᠠᠪᠠ᠃ ᠨᠢᠳᠤᠨᠤᠨ ᠤ 2 ᠰᠠᠷ᠎ᠠ ᠶᠢᠨ 17 ᠤ ᠡᠳᠦᠷ ᠰᠤᠷᠤᠯᠭ᠎ᠠ ᠡᠬᠢᠯᠡᠬᠦ ᠭᠡᠵᠦ ᠪᠠᠶᠢᠭᠰᠠᠨ᠃ ᠭᠡᠪᠡᠴᠦ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠡᠪᠡᠳᠴᠢᠨ ᠠᠴᠠ ᠪᠤᠯᠵᠤ ᠬᠤᠶᠢᠰᠢᠯᠠᠪᠠ᠃ ᠬᠤᠵᠢᠮ ᠨᠢ ᠰᠦᠯᠵᠢᠶ᠎ᠡ ᠪᠠᠷ ᠬᠢᠴᠢᠶᠡᠯᠯᠡᠬᠦ ᠭᠡᠵᠦ ᠰᠠᠨᠠᠯ ᠬᠤᠷᠢᠶᠠᠪᠠ᠃ ᠭᠡᠪᠡᠴᠦ ᠤᠯᠠᠭᠤᠯᠠ ᠪᠠᠨ ᠯᠥ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ ᠳᠤ ᠬᠦᠷᠴᠦ ᠰᠤᠷᠤᠯᠴᠠᠵᠤ ᠲᠡᠶᠢᠯᠬᠦ ᠦᠭᠡᠢ ᠪᠤᠯ ᠲᠤᠩ ᠬᠠᠷᠠᠮᠰᠠᠯ ᠲᠠᠢ ᠭᠡᠵᠦ ᠭᠤᠶᠤᠴᠢᠯᠠᠯ ᠭᠠᠷᠭᠠᠭᠰᠠᠨ ᠳᠤ᠂ ᠦᠪᠦᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠵᠤᠬᠢᠶᠠᠯᠴᠢᠳ ᠤᠨ ᠨᠡᠶᠢᠭᠡᠮᠯᠢᠭ ᠠᠴᠠ ᠬᠡᠳᠦᠨᠳᠡ ᠴᠢᠷᠮᠠᠶᠢᠵᠤ ᠪᠠᠶᠢᠭᠠᠳ ᠠᠷᠠᠢ ᠭᠡᠵᠦ ᠡᠨᠡ ᠰᠤᠷᠤᠯᠴᠠᠬᠤ ᠵᠠᠪᠰᠢᠶᠠᠨ ᠢ ᠤᠯᠭᠤᠵᠤ ᠪᠢᠯᠡ᠃        ᠪᠢ 2020 ᠤᠨ ᠤ 9 ᠰᠠᠷ᠎ᠠ ᠶᠢᠨ 13 ᠤ ᠡᠳᠦᠷ ᠭᠡᠷ ᠠᠴᠠ ᠪᠠᠨ ᠭᠠᠷᠴᠤ᠂ ᠭᠠᠯᠳᠤ ᠲᠡᠷᠭᠡ ᠪᠠᠷ ᠲᠠᠪᠬᠢᠭᠤᠯᠤᠭᠰᠠᠭᠠᠷ᠂ 14 ᠤ ᠡᠳᠦᠷ ᠤᠨ ᠦᠷᠯᠦᠭᠡ ᠤᠨᠢᠶᠠᠷ ᠬᠦᠳᠡᠩᠳᠦ ᠪᠡᠭᠡᠵᠢᠩ ᠬᠤᠳᠠᠨ ᠳᠤ ᠬᠦᠷᠪᠡ᠃ ᠨᠠᠮ᠎ᠠ ᠶᠢ ᠭᠠᠯᠳᠤ ᠲᠡᠷᠭᠡᠨ ᠠᠴᠠ ᠪᠠᠭᠤᠬᠤ ᠳᠤ᠂ ᠪᠡᠭᠡᠵᠢᠩ ᠬᠤᠳᠠᠨ᠎ᠠ ᠰᠠᠩᠰᠠᠨ ᠪᠤᠷᠤᠭᠠᠨ ᠤᠷᠤᠵᠤ ᠪᠠᠶᠢᠪᠠ᠃ ᠯᠥ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ ᠳᠤ ᠬᠦᠷᠬᠦ ᠳᠤ᠂ ᠵᠡᠭᠦᠨᠰᠢ ᠬᠠᠨᠳᠤᠭᠰᠠᠨ ᠡᠬᠦᠳᠡᠨ ᠲᠡᠭᠡᠷ᠎ᠡ ᠨᠢ ︽ᠯᠥ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ︾ ᠭᠡᠬᠦ ᠦᠰᠦᠭ ᠬᠢᠯᠠᠯᠵᠠᠵᠤ᠂ ᠯᠥ ᠰᠢᠶᠦ᠋ᠨ ᠤ ᠬᠠᠭᠠᠰ ᠪᠡᠶ᠎ᠡ ᠶᠢᠨ ᠬᠦᠷᠦᠭ ᠡᠭᠦᠳᠡᠨ ᠤ ᠬᠠᠵᠠᠭᠤ ᠳᠤ ᠬᠠᠳᠠᠭᠠᠰᠤᠳᠠᠢ᠃ ᠶᠡᠭᠡ ᠡᠭᠦᠳᠡ ᠨᠢ ᠬᠠᠭᠠᠵᠤ ᠪᠠᠶᠢᠪᠠ᠃ ᠪᠢ ᠵᠢᠵᠢᠭ ᠬᠠᠭᠠᠯᠭ᠎ᠠ ᠪᠠᠷ ᠨᠢ ᠲᠤᠳᠤᠭᠰᠢ ᠤᠷᠤᠬᠤ ᠳᠤ᠂ ᠠᠮᠤᠷ ᠢ ᠬᠠᠮᠠᠭᠠᠯᠠᠭᠴᠢ ᠨᠢ ᠤᠭᠳᠤᠨ ᠠᠪᠴᠤ᠂ ᠮᠢᠨᠦ ᠨᠡᠷ᠎ᠡ ᠶᠢ ᠠᠰᠠᠭᠤᠭᠠᠳ᠂ ︽ᠠᠮᠠᠪᠴᠢ ᠪᠠᠨ ᠰᠤᠯᠢᠬᠤ ᠤᠤ︖︾ ᠭᠡᠵᠦ ᠰᠢᠷᠡᠭᠡᠨ ᠲᠡᠭᠡᠷᠡᠬᠢ ᠤᠭᠤᠳᠠ ᠲᠠᠢ ᠠᠮᠠᠪᠴᠢ ᠪᠠᠨ ᠵᠢᠭᠠᠪᠠ᠃ ᠲᠡᠷᠡᠭᠡᠨ ᠬᠤᠭᠤᠷᠤᠨᠳᠤ ᠡᠨᠡ ᠰᠤᠷᠭᠠᠭᠤᠯᠢ ᠶᠢᠨ ᠬᠠᠯᠠᠭᠤᠨ ᠪᠦᠯᠢᠶᠡᠨ ᠳᠤ ᠰᠡᠳᠬᠢᠯ ᠢᠭᠳᠦᠯᠪᠡ᠃       ᠶᠡᠭᠡ ᠡᠭᠦᠳᠡ ᠪᠠᠷ ᠲᠤᠳᠤᠭᠰᠢ ᠵᠠᠭᠤᠨ ᠮᠧᠲᠷ ᠬᠢᠷᠢ ᠶᠠᠪᠤᠮᠠᠭᠴᠠ ᠭᠤᠤᠯ ᠠᠰᠠᠷ ᠲᠤ ᠬᠦᠷᠴᠦ ᠲᠤᠳᠤᠭᠰᠢ ᠤᠷᠤᠬᠤ ᠳᠤ ᠬᠡᠳᠦᠨ ᠪᠠᠭᠰᠢ ᠨᠢᠭᠡ ᠮᠦᠷ ᠢᠶᠠᠷ ᠰᠠᠭᠤᠵᠤ᠂ ᠨᠡᠷ᠎ᠡ ᠮᠡᠳᠡᠭᠦᠯᠤᠨ ᠠᠪᠴᠤ ᠪᠠᠶᠢᠪᠠ᠃ ᠬᠠᠮᠤᠭ ᠲᠦᠷᠦᠭᠦᠦ ᠪᠤᠰᠤᠭᠠᠳ ᠡᠯ᠎ᠡ ᠵᠦᠢᠯ ᠤᠨ ᠮᠠᠲ᠋ᠧᠷᠢᠶᠠᠯ ᠢ ᠬᠢᠨᠠᠮᠠᠭᠠᠢ ᠪᠠᠷ ᠬᠤᠷᠢᠶᠠᠨ ᠠᠪᠴᠤ ᠢᠯᠭᠠᠨ ᠰᠠᠯᠭᠠᠵᠤ ᠴᠠᠭᠠᠰᠤᠨ ᠬᠠᠶᠢᠷᠴᠠᠭ ᠲᠤ ᠬᠢᠵᠦ ᠪᠠᠶᠢᠭᠰᠠᠨ ᠨᠢ ᠮᠠᠨ ᠤ ᠠᠩᠭᠢ ᠶᠢᠨ ᠡᠷᠬᠢᠯᠡᠭᠴᠢ ᠴᠧᠩ ᠶᠤᠸᠠᠨ ᠲᠦ᠋ ᠪᠠᠭᠰᠢ ᠪᠠᠶᠢᠵᠠᠢ᠃ ᠬᠦᠮᠦᠨ ᠪᠦᠷᠢ ᠠᠮᠠᠪᠴᠢ ᠵᠡᠭᠦᠭᠰᠡᠨ ᠪᠦᠭᠡᠳ ᠠᠩᠬ᠎ᠠ ᠠᠭᠤᠯᠵᠠᠵᠤ ᠪᠠᠶᠢᠬᠤ ᠲᠤᠯᠠ ᠬᠤᠶᠠᠷ ᠡᠳᠦᠷ ᠤᠨ ᠲᠠᠷᠠᠭ᠎ᠠ ᠰᠠᠶ᠋ᠢ ᠠᠩᠭᠢ ᠶᠢᠨ ᠡᠷᠬᠢᠯᠡᠭᠴᠢ ᠪᠠᠨ ᠲᠠᠨᠢᠵᠠᠢ᠃ ᠮᠠᠨ ᠤ ᠠᠩᠭᠢ ᠶᠢᠨ ᠡᠷᠬᠢᠯᠡᠭᠴᠢ ᠴᠧᠩ ᠪᠠᠭᠰᠢ ᠦᠨᠳᠦᠷ ᠪᠡᠶ᠎ᠡ ᠲᠠᠢ᠂ ᠴᠠᠭᠠᠬᠠᠨ ᠴᠢᠷᠠᠢ ᠲᠠᠢ᠂ ᠡᠴᠡᠩᠭᠢ ᠴᠦ ᠪᠢᠰᠢ ᠮᠠᠷᠢᠶ᠎ᠠ ᠲᠠᠢ ᠴᠦ ᠪᠢᠰᠢ᠂ ᠵᠠᠯᠠᠭᠤᠬᠠᠨ ᠪᠠᠭᠰᠢ ᠪᠠᠶᠢᠵᠠᠢ᠃      14 ᠤ ᠡᠳᠦᠷ ᠤᠨ ᠦᠳᠡ ᠶᠢᠨ ᠡᠮᠦᠨ᠎ᠡ ᠨᠡᠷ᠎ᠡ ᠮᠡᠳᠡᠭᠦᠯᠦᠭᠡᠳ 307 ᠦᠷᠦᠭᠡᠨ ᠳᠤ ᠪᠠᠨ ᠤᠷᠤᠵᠤ ᠰᠠᠭᠤᠪᠠ᠃ ᠪᠢᠳᠡ ᠬᠤᠶᠠᠷ ᠬᠤᠨᠤᠭ ᠦᠷᠦᠭᠡᠨ ᠳᠤ ᠪᠠᠨ ᠲᠤᠰᠠᠭᠠᠷᠯᠠᠵᠤ᠂ ᠤᠤᠭᠤᠬᠤ ᠷᠠᠰᠢᠶᠠᠨ ᠤᠰᠤ ᠶᠢ ᠪᠡᠯᠡᠳᠭᠡᠨ ᠦᠭᠴᠦ᠂ ᠪᠠᠰᠠ ᠦᠵᠡᠬᠦ ᠨᠤᠮ ᠲᠡᠪᠳᠡᠷ ᠨᠢᠭᠡ ᠤᠪᠤᠭ᠎ᠠ ᠲᠠᠯᠪᠢᠵᠦ ᠦᠭᠪᠡ᠃ ᠡᠳᠦᠷ ᠤᠨ ᠭᠤᠷᠪᠠᠨ ᠡᠷᠢᠨ ᠤ ᠬᠤᠭᠤᠯᠠ ︵ᠵᠢᠮᠢᠰ ᠪᠠ ᠤᠮᠳᠠᠭᠠᠨ ᠲᠠᠢ︶ ᠶᠢ ᠦᠢᠯᠡᠴᠢᠯᠡᠭᠴᠢ ᠲᠤᠭᠳᠠᠭᠰᠠᠨ ᠴᠠᠭ ᠲᠤ ᠬᠦᠷᠭᠡᠵᠦ ᠢᠷᠡᠨ᠎ᠡ᠃ ᠪᠢᠳᠡ ᠪᠠᠰᠠ ᠡ᠊ᠨᠳᠡ ᠪᠠᠶᠢᠬᠤ ᠬᠤᠭᠤᠴᠠᠭᠠᠨ ᠳᠤ ᠪᠠᠨ ᠦᠷᠯᠦᠭᠡ ᠤᠷᠤᠢ ᠡᠳᠦᠷ ᠤᠨ ᠬᠤᠶᠠᠷ ᠤᠳᠠᠭ᠎ᠠ ᠪᠡᠶ᠎ᠡ ᠶᠢᠨ ᠬᠠᠯᠠᠭᠤᠨ ᠢᠶᠠᠨ ᠮᠡᠳᠡᠭᠳᠡᠨ᠎ᠡ᠃ ᠦᠨᠦ ᠬᠤᠶᠠᠷ ᠬᠤᠨᠤᠭ ᠲᠤ ᠪᠢ ᠠᠩᠭᠢ ᠶᠢᠨ ᠰᠣᠷᠤᠭᠴᠢ ᠶᠢᠨ ᠢᠶᠠᠨ ᠡᠯ᠎ᠡ ᠵᠦᠢᠯ ᠤᠨ ᠬᠦᠰᠦᠨᠦᠭᠳᠦ ᠶᠢ ᠲᠠᠭᠯᠠᠭᠰᠠᠨ ᠪᠦᠭᠡᠳ ᠨᠤᠮ ᠤᠷᠪᠠᠭᠤᠯᠵᠤ ᠰᠠᠭᠤᠪᠠ᠃ ᠡ᠊ᠨᠳᠡᠬᠢ ᠦᠷᠦᠬᠡ ᠪᠦᠷᠢ ᠳᠤ ᠨᠢ ᠲᠧᠯᠸᠢᠰ᠂ ᠺᠤᠮᠫᠢᠥ᠋ᠲ᠋ᠧᠷ ᠪᠠᠶᠢᠬᠤ ᠨᠢ ᠦᠨᠡᠬᠡᠷ ᠲᠦᠭᠦᠮ᠃ ᠪᠢ ᠺᠤᠮᠫᠢᠦ᠋ᠲ᠋ᠧᠷ ᠲᠡᠭᠡᠷ᠎ᠡ ᠡᠯ᠎ᠡ ᠵᠦᠢᠯ ᠤᠨ ᠬᠦᠰᠦᠨᠦᠭᠳᠦ ᠶᠢ ᠲᠠᠭᠯᠠᠵᠤ᠂ ᠪᠠᠰᠠ 9 ᠰᠠᠷ᠎ᠠ ᠶᠢᠨ 30 ᠤ ᠡᠳᠦᠷ ᠠᠴᠠ ᠡᠮᠦᠨ᠎ᠡ ᠰᠤᠷᠤᠯᠴᠠᠵᠤ ᠲᠠᠭᠤᠰᠬᠠᠬᠤ ᠤᠯᠤᠰ ᠤᠨ ᠪᠤᠯᠪᠠᠰᠤᠷᠠᠯ ᠤᠨ ᠠᠭᠤᠯᠭ᠎ᠠ ᠪᠠᠨ ᠰᠤᠷᠤᠯᠴᠠᠪᠠ᠃ ᠪᠠᠰᠠ ︽ᠦᠨᠢᠳᠡ ᠶᠢᠨ ᠯᠦ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ︾ ᠭᠡᠬᠦ ᠨᠤᠮ ᠢ ᠤᠷᠪᠠᠭᠤᠯᠵᠤ᠂ ᠡ᠊ᠨᠳᠡ ᠰᠤᠷᠤᠯᠴᠠᠵᠤ ᠦᠩᠭᠡᠷᠡᠭᠰᠡᠨ ᠵᠤᠬᠢᠶᠠᠯᠴᠢᠳ ᠤᠨ ᠲᠤᠷᠠᠰᠤᠮᠵᠢ ᠶᠢ ᠤᠩᠰᠢᠨ ᠰᠤᠨᠢᠷᠬᠠᠵᠤ᠂ ᠲᠡᠳᠡᠨ ᠲᠠᠢ ᠬᠠᠮᠳᠤ ᠤᠶᠠᠷᠠᠵᠤ ᠲᠤᠭᠳᠤᠯᠵᠤ ᠬᠤᠶᠠᠷ ᠬᠤᠨᠤᠭ ᠢ ᠨᠦᠭᠴᠢᠭᠡᠪᠡ᠃       ᠬᠤᠶᠠᠷ ᠬᠤᠨᠤᠭ ᠦᠷᠦᠭᠡᠨ ᠳᠤ ᠪᠠᠨ ᠲᠤᠰᠠᠭᠠᠷᠯᠠᠭᠳᠠᠭᠰᠠᠨ ᠪᠤᠯᠪᠠᠴᠤ ᠬᠢᠬᠦ ᠠᠵᠢᠯ ᠲᠠᠢ ᠲᠤᠯᠠ ᠨᠠᠳᠠ ᠳᠤ ᠲᠡᠶᠢᠮᠦ ᠯᠠ ᠤᠶᠢᠳᠬᠠᠷ ᠲᠠᠢ ᠰᠠᠨᠠᠭᠳᠠᠭᠰᠠᠨ ᠦᠭᠡᠢ᠃ ᠵᠦᠪᠬᠡᠨ ᠪᠠᠳᠠᠭᠠᠨ᠎ᠠ ᠳᠤ ᠬᠠᠵᠠᠭᠳᠠᠵᠤ᠂ ᠬᠦᠯ ᠭᠠᠷ ᠬᠠᠴᠠᠷ ᠪᠦᠷ ᠡ᠊ᠨᠳᠡ ᠲᠡᠨᠳᠡ ᠤᠯᠠᠶᠢᠵᠦ ᠬᠠᠪᠤᠳᠪᠠ᠃ ᠡᠨᠡ ᠪᠠᠶᠢᠳᠠᠯ ᠢ ᠮᠡᠳᠡᠭᠡᠳ᠂ ᠠᠩᠭᠢ ᠶᠢᠨ ᠪᠠᠭᠰᠢ ᠪᠢᠳᠡᠨ ᠳᠤ ᠪᠠᠳᠠᠭᠠᠨ᠎ᠠ ᠬᠦᠭᠡᠭᠡᠬᠦ ᠬᠦᠵᠢ ᠠᠪᠴᠢᠷᠠᠵᠤ ᠦᠭᠪᠡ᠃       ᠮᠠᠨ ᠤ ᠠᠩᠭᠢ ᠶᠢᠨ ᠭᠡᠷ ᠡᠨᠡ ᠭᠤᠤᠯ ᠠᠰᠠᠷ ᠤᠨ ᠲᠠᠪᠤᠳᠤᠭᠠᠷ ᠲᠠᠪᠬᠤᠷᠯᠢᠭ ᠲᠤ ᠪᠠᠶᠢᠨ᠎ᠠ᠃ 16 ᠤ ᠡᠳᠦᠷ ᠤᠨ ᠦᠳᠡ ᠶᠢᠨ ᠬᠤᠶᠢᠨ᠎ᠠ᠂ ᠪᠢᠳᠡ ᠠᠩᠭᠢ ᠶᠢᠨ ᠭᠡᠷ ᠲᠤ ᠪᠠᠨ ᠴᠤᠭᠯᠠᠷᠠᠵᠤ᠂ ᠠᠩᠭᠢ ᠶᠢᠨ ᠬᠤᠷᠠᠯ ᠬᠢᠪᠡ᠃ ᠯᠥ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ ᠤᠨ ᠪᠠᠭᠰᠢ ᠨᠠᠷ ᠠᠴᠠ ᠰᠤᠷᠤᠯᠴᠠᠯᠭ᠎ᠠ ᠶᠢᠨ ᠬᠤᠭᠤᠴᠠᠭᠠᠨ ᠳᠠᠬᠢ ᠲᠦᠷᠢᠮ ᠲᠤᠭᠳᠠᠭᠠᠯ ᠢ ᠠᠬᠢᠨ ᠲᠠᠬᠢᠨ ᠶᠠᠷᠢᠨ ᠦᠭᠴᠦ᠂ ᠪᠢᠳᠡᠨ ᠳᠤ ᠠᠮᠤᠷ ᠲᠦᠪᠰᠢᠨ ᠢᠶᠠᠷ ᠰᠤᠷᠤᠯᠴᠠᠬᠤ ᠶᠢ ᠠᠩᠬᠠᠷᠤᠭᠤᠯᠪᠠ᠃ ᠲᠠᠷᠠᠭ᠎ᠠ ᠨᠢ ᠮᠠᠨ ᠤ ᠠᠩᠭᠢ ᠶᠢᠨ 36 ᠰᠤᠷᠤᠯᠭᠠᠳᠠᠨ ᠠᠴᠠ ᠵᠠᠬ᠎ᠠ ᠲᠠᠷᠠᠭᠠᠯᠠᠨ ᠦᠪᠡᠷ ᠢ ᠪᠠᠨ ᠲᠠᠨᠢᠯᠴᠠᠭᠤᠯᠪᠠ᠃ ᠶᠠᠷᠢᠶᠠᠨ ᠦᠭᠡᠢ ᠦᠨᠦ ᠦᠳᠡ ᠶᠢᠨ ᠬᠤᠶᠢᠨᠠᠬᠢ ᠪᠦᠬᠦ ᠶᠠᠪᠤᠴᠠ ᠳᠤ ᠠᠮᠠᠪᠴᠢ ᠵᠡᠭᠦᠵᠦ ᠪᠠᠶᠢᠭ᠎ᠠ ᠪᠦᠭᠡᠳ ᠡᠭᠦᠨ ᠠᠴᠠ ᠬᠤᠶᠢᠰᠢ ᠶᠢᠨ ᠰᠤᠷᠤᠯᠴᠠᠯᠭ᠎ᠠ ᠳᠤ ᠴᠦ ᠠᠮᠠᠪᠴᠢ ᠵᠡᠭᠦᠭᠡᠷᠡᠢ ᠭᠡᠵᠦ ᠨᠡᠷ᠎ᠡ ᠮᠡᠳᠡᠭᠦᠯᠬᠦ ᠦᠶᠡᠰ ᠲᠤ ᠪᠢᠳᠡᠨ ᠳᠤ ᠬᠦᠮᠦᠨ ᠪᠦᠷᠢ ᠳᠤ ᠬᠤᠷᠢᠨ ᠠᠮᠠᠪᠴᠢ ᠦᠭᠪᠡ᠃       17 ᠤ ᠡᠳᠦᠷ ᠤᠨ ᠦᠳᠡ ᠶᠢᠨ ᠡᠮᠦᠨ᠎ᠡ ᠰᠤᠷᠤᠯᠭ᠎ᠠ ᠡᠬᠢᠯᠡᠬᠦ ᠶᠤᠰᠤᠯᠠᠯ ᠶᠠᠪᠤᠭᠳᠠᠵᠤ᠂ ᠬᠠᠮᠳᠤ ᠶᠢᠨ ᠰᠡᠭᠦᠳᠡᠷ ᠲᠠᠳᠠᠪᠠ᠃ ᠪᠠᠭᠰᠢ ᠪᠠ ᠨᠦᠬᠦᠳ ᠤᠨ ᠢᠶᠠᠨ ᠬᠠᠯᠠᠭᠤᠬᠠᠨ ᠲᠤᠯᠠᠭᠠᠬᠠᠨ ᠨᠢᠭᠤᠷ ᠴᠢᠷᠠᠢ ᠶᠢ ᠰᠠᠶ᠋ᠢ ᠯᠠ ᠰᠠᠶᠢᠬᠠᠨ ᠤᠯᠵᠤ ᠬᠠᠷᠠᠪᠠ᠃ 17 ᠤ ᠡᠳᠦᠷ ᠤᠨ ᠦᠳᠡ ᠶᠢᠨ ᠬᠤᠶᠢᠨ᠎ᠠ ᠠᠴᠠ ᠰᠤᠷᠤᠯᠴᠠᠯᠭ᠎ᠠ ᠵᠢᠩᠭᠢᠨᠢ ᠪᠠᠷ ᠡᠬᠢᠯᠡᠪᠡ᠃       ᠴᠢᠦ ᠬᠤᠸᠠ ᠳ᠋ᠦᠩ᠂ ᠪᠠᠢ ᠶᠧ᠂ ᠵᠠᠩ ᠯᠢ᠂ ᠫᠧᠩ ᠰᠢᠦᠸᠠᠢ ᠮᠢᠩ ᠵᠡᠷᠭᠡ ᠠᠯᠳᠠᠷᠳᠤ ᠵᠤᠬᠢᠶᠠᠯᠴᠢ ᠪᠤᠶᠤ ᠨᠠᠶᠢᠷᠠᠭᠤᠯᠤᠭᠴᠢ ᠪᠠᠭᠰᠢ ᠨᠠᠷ ᠬᠦᠮᠦᠨ ᠪᠦᠷᠢ ᠬᠠᠭᠠᠰ ᠡᠳᠦᠷ ᠤᠨ ᠬᠢᠴᠢᠶᠡᠯ ᠤᠷᠤᠪᠠ᠃ ᠤᠯᠠᠨ ᠪᠠᠭᠰᠢ ᠶᠢᠨ ᠠᠳᠠᠯᠢ ᠪᠤᠰᠤ ᠬᠠᠷᠠᠭᠠᠰᠤ ᠠᠴᠠ᠂ ᠠᠳᠠᠯᠢ ᠪᠤᠰᠤ ᠰᠡᠳᠬᠢᠴᠡ ᠠᠴᠠ ᠵᠤᠬᠢᠶᠠᠨ ᠪᠢᠴᠢᠬᠦ ᠲᠤᠬᠠᠢ ᠲᠤᠷᠰᠢᠯᠭ᠎ᠠ ᠪᠠᠨ ᠶᠠᠷᠢᠵᠤ᠂ ᠪᠢᠳᠡᠨ ᠳᠤ ᠴᠤᠬᠤᠮ ᠬᠦ ᠦᠨᠳᠦᠷ ᠦᠨ᠎ᠡ ᠦᠷᠳᠡᠭ ᠪᠦᠬᠦᠢ ᠬᠢᠴᠢᠶᠡᠯ ᠤᠷᠤᠪᠠ᠃ ᠡᠭᠦᠨ ᠳᠤ ᠤᠯᠠᠨ ᠵᠤᠬᠢᠶᠠᠯ ᠤᠩᠰᠢᠭᠰᠠᠨ ᠵᠤᠬᠢᠶᠠᠯᠴᠢ ᠭᠡᠵᠦ ᠠᠯᠳᠠᠷᠰᠢᠭᠰᠠᠨ ᠲᠤᠮᠳᠠᠳᠤ ᠤᠯᠤᠰ ᠤᠨ ᠵᠤᠬᠢᠶᠠᠯᠴᠢᠳ ᠤᠨ ᠨᠡᠶᠢᠭᠡᠮᠯᠢᠭ ᠤᠨ ᠱᠦᠵᠢ ᠶᠢᠨ ᠭᠠᠵᠠᠷ ᠤᠨ ᠱᠦᠵᠢ᠂ ᠵᠤᠬᠢᠶᠠᠯᠴᠢ ᠴᠢᠦ ᠬᠤᠸᠠ ᠳ᠋ᠦᠩ ᠪᠠᠭᠰᠢ ᠶᠢᠨ ︽ᠶᠡᠭᠡ ᠵᠤᠬᠢᠶᠠᠯᠴᠢ ᠶᠢᠨ ᠵᠤᠬᠢᠶᠠᠮᠠᠯ ᠪᠤᠰᠤ ᠵᠤᠬᠢᠶᠠᠨ ᠪᠦᠳᠦᠭᠡᠯᠭᠡ︾ ᠭᠡᠬᠦ ᠰᠡᠳᠦᠪᠳᠦ ᠬᠢᠴᠢᠶᠡᠯ᠂ ᠪᠡᠭᠡᠵᠢᠩ ᠶᠡᠭᠡ ᠰᠤᠷᠭᠠᠭᠤᠯᠢ ᠶᠢᠨ ᠫᠷᠤᠹᠧᠰᠰᠤᠷ᠂ ᠳ᠋ᠤᠺᠲ᠋ᠤᠷ ᠤᠨ ᠵᠢᠯᠤᠭᠤᠳᠤᠭᠴᠢ ᠪᠠᠭᠰᠢ᠂ ᠠᠯᠳᠠᠷᠳᠤ ᠬᠡᠦᠬᠡᠳ ᠤᠨ ᠵᠤᠬᠢᠶᠠᠯᠴᠢ ᠼᠤᠤ ᠸᠧᠨ ᠰᠢᠤᠸᠠᠨ ᠪᠠᠭᠰᠢ ᠶᠢᠨ ︽ᠰᠠᠵᠢᠯᠠᠯᠳᠠ — ᠲᠤᠭᠤᠵᠢᠰ ᠤᠨ ᠬᠦᠳᠡᠯᠭᠡᠬᠦ ᠬᠦᠴᠦ︾ ᠭᠡᠬᠦ ᠰᠡᠳᠦᠪᠳᠦ ᠬᠢᠴᠢᠶᠡᠯ᠂ ᠪᠡᠭᠡᠵᠢᠩ ᠤᠨ ᠵᠤᠬᠢᠶᠠᠯᠴᠢᠳ ᠤᠨ ᠨᠡᠶᠢᠭᠡᠮᠯᠢᠭ ᠤᠨ ᠲᠡᠳ᠋ ᠲᠡᠷᠢᠭᠦᠯᠡᠭᠴᠢ᠂ ᠠᠯᠳᠠᠷᠳᠤ ᠲᠤᠭᠤᠵᠢᠰ ᠤᠨ ᠵᠤᠬᠢᠶᠠᠯᠴᠢ ᠯᠢᠦ ᠴᠢᠩ ᠪᠠᠩ ᠪᠠᠭᠰᠢ ᠶᠢᠨ ︽ᠨᠠᠷᠢᠨ ᠵᠦᠢᠯᠡᠰ ᠤᠨ ᠰᠠᠶᠢᠬᠠᠨ︾ ᠭᠡᠬᠦ ᠰᠡᠳᠦᠪᠳᠦ ᠬᠢᠴᠢᠶᠡᠯ ᠮᠢᠨᠦ ᠤᠷᠮ᠎ᠠ ᠶᠢ ᠤᠨᠴᠠ ᠲᠠᠳᠠᠪᠠ᠃ ᠪᠠᠰᠠ ᠶᠠᠩ ᠰᠢ ᠪᠠᠭᠰᠢ ᠶᠢᠨ ︽ᠶᠠᠳᠤᠭ᠎ᠠ ᠶᠢᠨ ᠰᠤᠨᠢᠷᠬᠠᠯ︾ ᠭᠡᠬᠦ ᠬᠢᠴᠢᠶᠡᠯᠯᠡᠭᠡ᠂ ᠶᠠᠳᠠᠷᠠᠵᠤ ᠪᠠᠶᠢᠭᠰᠠᠨ ᠪᠡᠶ᠎ᠡ ᠰᠡᠳᠬᠢᠯ ᠢ ᠤᠷᠮᠠᠰᠢᠭᠤᠯᠪᠠ᠃       ᠡᠬᠦᠨ ᠳᠤ ᠬᠤᠶᠠᠷ ᠤᠳᠠᠭᠠᠨ ᠤ ᠤᠳᠬ᠎ᠠ ᠵᠤᠬᠢᠶᠠᠯ ᠤᠨ ᠶᠠᠷᠢᠯᠴᠠᠭ᠎ᠠ ᠪᠠ ᠬᠤᠶᠠᠷ ᠤᠳᠠᠭᠠᠨ ᠤ ᠲᠤᠭᠤᠶᠢᠯᠠᠩ ᠬᠤᠪᠢᠶᠠᠵᠤ ᠶᠠᠷᠢᠯᠴᠠᠬᠤ ᠬᠦᠳᠡᠯᠭᠡᠭᠡᠨ ᠶᠠᠪᠤᠭᠤᠯᠪᠠ᠃ ᠤᠳᠬ᠎ᠠ ᠵᠤᠬᠢᠶᠠᠯ ᠤᠨ ᠶᠠᠷᠢᠯᠴᠠᠭ᠎ᠠ ᠳᠤ᠂ ᠶᠦᠸᠧ ᠸᠧᠨ᠂ ᠯᠢᠦ ᠳ᠋ᠢᠩ ᠵᠡᠷᠭᠡ ︽ᠠᠷᠠᠳ ᠤᠨ ᠤᠳᠬ᠎ᠠ ᠵᠤᠬᠢᠶᠠᠯ︾᠂ ︽ᠦᠨᠳᠦᠰᠦᠳᠡᠨ ᠤ ᠤᠳᠬ᠎ᠠ ᠵᠤᠬᠢᠶᠠᠯ ︾᠂ ︽ᠲᠤᠮᠳᠠᠳᠤ ᠤᠯᠤᠰ ᠤᠨ ᠵᠤᠬᠢᠶᠠᠯᠴᠢ︾ ᠵᠡᠷᠭᠡ ᠰᠡᠳᠭᠦᠯ ᠤᠨ ᠨᠠᠶᠢᠷᠠᠭᠤᠯᠤᠭᠴᠢ ᠪᠠᠭᠰᠢ ᠨᠠᠷ ᠤᠷᠤᠯᠴᠠᠪᠠ᠃       ᠪᠠᠭ᠎ᠠ ᠲᠤᠭᠤᠶᠢᠯᠠᠩ ᠤᠨ ᠶᠠᠷᠢᠯᠴᠠᠭ᠎ᠠ ᠪᠠᠷ ᠲᠠᠮᠵᠢᠵᠤ᠂ ᠵᠤᠬᠢᠶᠠᠨ ᠪᠦᠳᠦᠭᠡᠯᠭᠡ ᠶᠢᠨ ᠢᠶᠠᠨ ᠲᠤᠬᠠᠢ ᠶᠠᠷᠢᠯᠴᠠᠵᠤ᠂ ᠲᠤᠭᠤᠶᠢᠯᠠᠩ ᠤᠨ ᠨᠦᠬᠦᠳ ᠤᠨ ᠬᠤᠭᠤᠷᠤᠨᠳᠤᠬᠢ ᠤᠶᠢᠯᠠᠭᠠᠯᠴᠠᠯ᠂ ᠨᠦᠬᠦᠷᠯᠡᠯ ᠢᠶᠠᠨ ᠭᠦᠨᠵᠡᠭᠡᠶᠢᠷᠡᠭᠦᠯᠪᠡ᠃       ᠬᠤᠶᠠᠷ       ᠮᠠᠨ ᠤ ᠰᠤᠷᠤᠯᠴᠠᠯᠭ᠎ᠠ ᠶᠢ ᠪᠢᠳᠡᠭᠦᠮᠵᠢᠯᠡᠵᠦ ᠬᠠᠮᠢᠶᠠᠷᠬᠤ ᠲᠤᠯᠠ ᠰᠤᠷᠭᠠᠭᠤᠯᠢ ᠶᠢᠨ ᠬᠦᠷᠢᠶᠡᠨ ᠠᠴᠠ ᠭᠠᠷᠴᠤ ᠪᠤᠯᠬᠤ ᠦᠭᠡᠢ᠃ ᠬᠤᠭᠤᠯᠠᠨ ᠤ ᠲᠠᠷᠠᠭ᠎ᠠ ᠵᠢᠵᠢᠭᠬᠡᠨ ᠬᠦᠷᠢᠶᠡᠯᠡᠩ ᠢᠶᠠᠷ ᠨᠢᠭᠡᠨ ᠵᠡᠷᠭᠡ ᠰᠤᠯᠠ ᠠᠯᠬᠤᠯᠠᠨ᠎ᠠ᠃ ᠰᠤᠷᠭᠠᠭᠤᠯᠢ ᠶᠢᠨ ᠬᠦᠷᠢᠶᠡᠨ ᠳᠤ ᠵᠠᠭᠤᠨ ᠮᠧᠲᠷ ᠤᠷᠳᠤ ᠬᠢᠷᠢ ᠯᠠ ᠭᠠᠭᠴᠠ ᠵᠤᠷᠪᠤᠰ ᠵᠠᠮ ᠲᠠᠢ᠃ ᠲᠡᠪᠡᠷᠢ ᠪᠦᠳᠦᠭᠦᠨ ᠬᠡᠳᠦᠨ ᠮᠤᠳᠤ ᠯᠠ ᠲᠡᠭᠷᠢ ᠶᠢ ᠪᠠᠭᠠᠨᠠᠳᠠᠨ ᠰᠦᠨᠳᠡᠷᠯᠡᠵᠦ᠂ ᠡᠨᠡ ᠬᠦᠷᠢᠶᠡᠯᠡᠩ ᠤᠨ ᠦᠨᠢ ᠤᠳᠠᠭᠠᠨ ᠪᠦᠭᠡᠳ ᠰᠦᠷ ᠰᠦᠯᠳᠡ ᠲᠠᠢ ᠭᠡᠳᠡᠭ ᠢ ᠮᠡᠳᠡᠷᠡᠬᠦᠯᠵᠦ᠂ ᠠᠭᠤᠤ ᠶᠡᠭᠡ ᠤᠳᠬ᠎ᠠ ᠵᠤᠬᠢᠶᠠᠯᠴᠢ᠂ ᠪᠤᠳᠤᠯᠭᠠᠳᠠᠨ᠂ ᠠᠷᠠᠳᠴᠢᠯᠠᠭᠰᠠᠨ ᠦᠵᠡᠯ ᠤᠨ ᠪᠠᠶᠢᠯᠳᠤᠭᠴᠢ ᠯᠥ ᠰᠢᠶᠦ᠋ᠨ ᠤ ᠬᠦᠷᠦᠭ ᠪᠠ ᠰᠡᠭᠦᠳᠡᠷ ᠵᠢᠷᠤᠭ ᠤᠳ ᠡᠨᠡ ᠬᠦᠷᠢᠶᠡᠯᠡᠩ ᠢ ᠡᠴᠢᠨ᠎ᠡ ᠬᠦᠨ ᠤᠳᠬ᠎ᠠ ᠲᠡᠭᠦᠯᠳᠡᠷ ᠪᠤᠳᠤᠭᠯᠠᠵᠤ᠂ ᠦᠪᠡᠷ ᠤᠨ ᠡᠷᠭᠡ ᠦᠭᠡᠢ ᠪᠢᠰᠢᠷᠡᠨ ᠬᠦᠨᠳᠦᠳᠭᠡᠬᠦ ᠰᠡᠳᠬᠢᠯᠬᠡ ᠤᠷᠬᠢᠯᠤᠭᠤᠯᠳᠠᠭ᠃       ᠲᠤᠰ ᠤᠳᠠᠭᠠᠨ ᠤ ᠬᠠᠮᠳᠤ ᠰᠤᠷᠤᠯᠭᠠᠳᠡᠳ ᠪᠤᠯ ᠦᠪᠦᠷ ᠮᠤᠩᠭᠤᠯ ᠤᠨ ᠠᠷᠪᠠᠨ ᠬᠤᠶᠠᠷ ᠠᠶᠢᠮᠠᠭ ᠬᠤᠳᠠ ᠠᠴᠠ ᠬᠦᠷᠦᠯᠴᠡᠨ ᠢᠷᠡᠭᠰᠡᠨ 36 ᠨᠡᠷᠡᠰ ᠤᠷᠠᠨ ᠵᠤᠬᠢᠶᠠᠯ ᠤᠨ ᠲᠤᠷ᠎ᠠ ᠪᠠᠭ᠋ᠠᠳᠠᠨ ᠢᠶᠠᠷ ᠪᠦᠷᠢᠯᠳᠦᠪᠡ᠃ ᠡᠭᠦᠨ ᠳᠤ ᠰ᠊ · ᠡᠷᠬᠢᠮᠪᠡᠶᠠᠷ᠂ ᠬᠠ · ᠠᠯᠳᠠᠨᠪᠤᠯᠠᠭ᠂ ᠠ᠊ · ᠵᠢᠷᠤᠮᠳᠤ᠂ ᠭᠤ · ᠠᠯᠮᠠᠰ᠂ ᠤᠷᠢᠶᠠᠩᠬᠠᠢ ᠪᠤᠶᠠᠨᠳᠤ ᠵᠡᠷᠭᠡ ᠬᠠᠮᠳᠤ ᠰᠤᠷᠤᠯᠭᠠᠳᠠᠨ ᠨᠠᠷ ᠲᠠᠢ ᠪᠠᠨ ᠨᠠᠷᠬᠢᠵᠤ ᠶᠠᠪᠤᠭᠰᠠᠨ ᠮᠢᠨᠢ ᠨᠠᠨᠳᠢᠨ ᠲᠤᠷᠠᠰᠤᠯ ᠪᠤᠯᠵᠤ ᠬᠤᠴᠤᠷᠵᠠᠢ᠃ ᠪᠢᠳᠡ ᠠᠷᠪᠠᠨ ᠭᠤᠷᠪᠠᠭᠤᠯᠠ ᠪᠠᠨ ᠤᠷᠤᠢ ᠶᠢᠨ ᠬᠤᠭᠤᠯᠠᠨ ᠤ ᠲᠠᠷᠠᠭ᠎ᠠ ᠡᠳᠦᠷ ᠤᠨ ᠲᠠᠰᠬᠠᠯ ᠢᠶᠠᠨ ᠪᠡᠶᠡᠯᠡᠬᠦᠯᠵᠦ ᠪᠠᠷᠠᠪᠠᠯ ᠨᠢᠭᠡ ᠪᠠᠶᠢᠷᠢ ᠳᠤ ᠨᠢ ᠴᠤᠭᠯᠠᠷᠠᠭᠠᠳ ᠤᠷᠠᠨ ᠵᠤᠬᠢᠶᠠᠯ ᠤᠨ ᠲᠤᠬᠠᠢ᠂ ᠠᠮᠢᠳᠤᠷᠠᠯ ᠤᠨ ᠲᠤᠬᠠᠢ᠂ ᠲᠠᠨᠢᠳᠠᠭ ᠮᠡᠳᠡᠳᠡᠭ ᠬᠦᠮᠦᠰ ᠤᠨ ᠲᠤᠬᠠᠢ ᠨᠠᠷᠭᠢᠶ᠎ᠠ ᠵᠤᠭᠤᠭ ᠡᠭᠦᠰᠭᠡᠵᠦ ᠦᠳᠡᠰᠢ ᠶᠢᠨ ᠴᠠᠭ ᠢ ᠨᠦᠭᠴᠢᠭᠡᠳᠡᠭ᠃       ᠯᠤ᠋ ᠰᠢᠶᠦ᠋ᠨ ᠤᠳᠬ᠎ᠠ ᠵᠤᠬᠢᠶᠠᠯ ᠤᠨ ᠬᠦᠷᠢᠶᠡᠯᠡᠩ ᠤᠨ ᠠᠷᠪᠠᠨ ᠭᠤᠷᠪᠠᠨ ᠬᠤᠨᠤᠭ ᠲᠤ᠂ ᠪᠢᠳᠡᠨ ᠠᠷᠪᠠᠨ ᠭᠤᠷᠪᠠᠭᠤᠯᠠ ᠪᠠᠨ ᠠᠷᠪᠠᠨ ᠭᠤᠷᠪᠠᠳᠤᠭᠠᠷ ᠵᠠᠭᠤᠨ ᠠᠴᠠ ᠤᠳᠤ᠂ ᠢᠷᠡᠭᠡᠳᠦᠢ ᠬᠦᠷᠳᠡᠯ᠎ᠡ ᠵᠤᠭᠤᠭᠳᠠᠵᠤ᠂ ᠤᠷᠠᠨ ᠵᠤᠬᠢᠶᠠᠯ ᠤᠨ ᠢᠳᠡᠭᠡᠯ ᠪᠢᠰᠢᠷᠡᠯ ᠢᠶᠠᠨ ᠨᠡᠮᠡᠭᠳᠡᠭᠦᠯᠵᠦ᠂ ᠤᠶᠤᠨ ᠪᠢᠯᠢᠭ ᠢᠶᠠᠨ ᠬᠤᠷᠴᠠᠯᠠᠵᠤ ᠨᠠᠷᠭᠢᠭᠰᠠᠨ ᠰᠠᠨ᠃ ᠠᠷᠪᠠᠨ ᠭᠤᠷᠪᠠᠨ ᠬᠦᠮᠦᠨ ᠤ ᠬᠤᠯᠪᠤᠭᠠᠨ ᠳᠤ ᠪᠠᠨ ᠬᠠᠶᠠ ᠬᠠᠶᠠ ᠨᠠᠷᠬᠢᠶ᠎ᠠ ᠰᠢᠯᠦᠭ ᠢᠯᠡᠭᠡᠵᠦ᠂ ᠨᠦᠰᠡᠷ ᠬᠦᠨᠳᠦ ᠰᠤᠷᠤᠯᠴᠠᠯᠭ᠎ᠠ ᠶᠢᠨ ᠲᠠᠷᠤᠭᠠᠰᠤ ᠪᠠᠨ ᠬᠦᠩᠭᠡᠷᠡᠬᠦᠯᠵᠦ᠂ ᠨᠢᠭᠡᠨ ᠨᠢᠭᠡᠨ ᠢᠶᠠᠨ ᠭᠠᠳᠠᠷ ᠦᠩᠭᠡ ᠵᠢᠰᠦ᠂ ᠪᠡᠶ᠎ᠡ ᠪᠢᠯᠳᠠᠷ ᠠᠴᠠ ᠨᠢ ᠲᠤᠳᠤᠭᠠᠳᠤ ᠰᠡᠳᠬᠢᠯᠭᠡ ᠳᠤ ᠨᠢ ᠬᠦᠷᠳᠡᠯ᠎ᠡ ᠤᠶᠢᠯᠠᠭᠠᠭᠰᠠᠨ ᠪᠦᠬᠦᠨ ᠢᠶᠠᠨ ᠵᠢᠷᠤᠭᠯᠠᠵᠤ ᠬᠠᠷᠢᠯᠴᠠᠨ ᠪᠠᠶᠠᠰᠤᠯᠴᠡᠨ ᠢᠨᠢᠶᠡᠯᠴᠡᠳᠡᠭ᠃       ᠭᠤᠷᠪᠠ       23 ᠤ ᠡᠳᠦᠷ ᠤᠨ ᠦᠳᠡ ᠶᠢᠨ ᠬᠤᠶᠢᠨ᠎ᠠ᠂ ᠮᠠᠨ ᠤ ᠠᠩᠭᠢ ᠤᠷᠠᠨ ᠰᠠᠶᠢᠬᠠᠨ ᠤ ᠲᠤᠭᠯᠠᠯᠳᠠ ᠭᠠᠷᠭᠠᠪᠠ᠂ ᠮᠠᠨ ᠤ ᠲᠦᠷᠪᠡᠳᠦᠭᠡᠷ ᠲᠤᠭᠤᠶᠢᠯᠠᠩ ᠤᠨ ᠰ᠊ · ᠲᠠᠶᠢᠨᠴᠢ᠂ ᠠ᠊ · ᠵᠢᠷᠤᠮᠳᠤ᠂ ᠪ᠊ · ᠦᠵᠦᠮ᠎ᠠ ᠮᠠᠨ ᠤ ᠲᠦᠷᠪᠡᠭᠦᠯᠡ ︽ᠪᠢ ᠮᠤᠩᠭᠤᠯ ᠬᠦᠮᠦᠨ︾ ᠭᠡᠬᠦ ᠰᠢᠯᠦᠭ ᠢ ᠤᠷᠬᠢᠯᠤᠮ᠎ᠠ ᠰᠡᠳᠬᠢᠯ ᠢᠶᠠᠷ ᠤᠶᠠᠩᠭᠠᠯᠠᠪᠠ᠃ ᠬᠠ᠊ · ᠠᠯᠳᠠᠨᠪᠤᠯᠠᠭ ᠠᠬ᠎ᠠ ᠶᠢᠨ ᠤᠷᠳᠤ ᠶᠢᠨ ᠲᠠᠭᠤᠤ ᠨᠢ ᠲᠤᠭᠯᠠᠯᠳᠠ ᠶᠢ ᠤᠷᠭᠢᠯ ᠳᠤ ᠨᠢ ᠲᠤᠯᠭᠠᠵᠠᠢ᠃       25 ᠤ ᠤᠷᠤᠢ᠂ ᠪᠢᠳᠡ ᠬᠠᠮᠳᠤ ᠪᠠᠷ ᠲᠤᠮᠳᠠᠳᠤ ᠤᠯᠤᠰ ᠤᠨ ᠤᠳᠤ ᠦᠶ᠎ᠡ ᠶᠢᠨ ᠤᠳᠬ᠎ᠠ ᠵᠤᠬᠢᠶᠠᠯ ᠤᠨ ᠤᠷᠳᠤᠨ ᠳᠤ ᠬᠦᠷᠴᠦ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠳᠤ ᠦᠨᠳᠦᠰᠦᠳᠡᠨ ᠤ ᠤᠳᠬ᠎ᠠ ᠵᠤᠬᠢᠶᠠᠯ ᠤᠨ ᠵᠤᠬᠢᠶᠠᠨ ᠪᠦᠳᠦᠭᠡᠬᠦ ᠠᠵᠢᠨᠠᠢ ᠱᠠᠩᠨᠠᠯ ᠤᠯᠭᠤᠬᠤ ᠶᠤᠰᠤᠯᠠᠯ ᠳᠤ ᠤᠷᠤᠯᠴᠠᠵᠤ ᠪᠢᠯᠡ᠃ ᠱᠠᠩᠨᠠᠯ ᠤᠯᠭᠤᠬᠤ ᠶᠤᠰᠤᠯᠠᠯ ᠦᠪᠡᠳᠡᠭᠰᠢ ᠶᠡᠭᠡ ᠪᠠᠷ ᠶᠠᠪᠤᠭᠳᠠᠵᠤ᠂ ᠮᠠᠨ ᠤ ᠦᠪᠦᠷ ᠮᠤᠩᠭᠤᠯ ᠠᠴᠠ ᠠᠵᠢᠨᠠᠢ ᠱᠠᠩᠨᠠᠯ ᠤᠯᠤᠭᠰᠠᠨ ᠲᠤᠷᠤᠨᠠᠲ᠋ᠡᠭᠷᠢ ᠪᠠᠭᠰᠢ᠂ ᠬᠠᠶᠢᠯᠤᠨ᠎ᠠ᠂ ᠬᠢᠯᠭᠠᠨ᠎ᠠ ᠵᠡᠷᠭᠡ ᠵᠤᠬᠢᠶᠠᠯᠴᠢ ᠳᠤ ᠪᠠᠨ ᠪᠠᠶᠠᠷ ᠬᠦᠷᠭᠡᠵᠦ᠂ ᠪᠢᠳᠡ ᠬᠠᠮᠳᠤ ᠶᠢᠨ ᠰᠡᠭᠦᠳᠡᠷ ᠲᠠᠳᠠᠪᠠ᠃ ︽ᠠᠷᠪᠠᠨ ᠵᠢᠯ ᠤᠨ ᠲᠠᠷᠠᠭ᠎ᠠ ᠪᠢ ᠴᠦ ᠡᠨᠡ ᠲᠠᠶᠢᠰᠠᠨ ᠲᠡᠭᠡᠷ᠎ᠡ ᠵᠤᠭᠰᠤᠬᠤ ᠮᠠᠭᠠᠳ︾ ᠭᠡᠵᠦ ᠬᠡᠯᠡᠭᠡᠳ ᠪ᠊ · ᠦᠵᠦᠮ᠎ᠡ ᠮᠢᠨᠢ ᠤᠯᠠᠨ ᠢ ᠢᠨᠢᠶᠡᠯᠭᠡᠭᠡᠳ ᠢᠳᠡᠭᠡᠯ ᠲᠡᠭᠦᠯᠳᠡᠷ ᠮᠦᠢᠯ ᠬᠠᠷ᠎ᠡ ᠨᠢᠳᠤ ᠪᠠᠨ ᠲᠤᠷᠮᠤᠯᠵᠠᠭᠤᠯᠵᠤ ᠪᠢᠯᠡ᠃ ᠵᠠᠯᠠᠭᠤ ᠬᠦᠮᠦᠨ ᠤ ᠵᠠᠮ ᠤᠨ ᠬᠦᠵᠦᠭᠦᠦ ᠤᠷᠳᠤ ᠪᠠᠶᠢᠭᠠᠰᠠᠢ︕        ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠡᠭᠤᠨ ᠭᠠᠷᠣᠨ ᠲᠤᠮᠳᠠᠳᠤ ᠬᠤᠰᠢᠭᠤᠨ ᠤ ᠪᠠᠶᠠᠨᠬᠤᠰᠢᠭᠤ ᠵᠢᠷᠭᠤᠳᠤᠭᠠᠷ ᠲᠤᠮᠳᠠᠳᠤ ᠰᠤᠷᠭᠠᠭᠤᠯᠢ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号