ᠶᠡᠭᠡ ᠤᠰᠤᠨ ᠤ ᠴᠢᠮᠡᠭᠡ
ᠨᠡᠶᠢᠲᠡᠯᠡᠭᠰᠡᠨ ᠴᠠᠭ᠄
2021/1/18
                                        ● ᠬᠠᠰᠳᠤᠩᠭᠠᠯᠠᠭ      ᠲᠡᠷᠡ ᠨᠢ ᠦᠬᠡᠷᠬᠤᠰᠢᠭᠤ ᠳᠤ ᠨᠡᠭᠦᠵᠦ ᠤᠴᠢᠭᠰᠠᠨ ᠤ ᠭᠤᠷᠪᠠᠳᠠᠬᠢ ᠦᠷᠯᠦᠭᠡ᠃ ᠨᠦᠬᠦᠷ ᠮᠠᠨᠢ ᠡᠮᠦᠨ᠎ᠡ ᠬᠤᠶᠠᠷ ᠡᠳᠦᠷ ᠤᠨ ᠬᠢ ᠰᠢᠭ ᠢᠶᠠᠨ ᠬᠡᠦᠭᠡᠳ ᠤᠨ ᠪᠠᠭ᠎ᠠ ᠶᠢ ᠨᠢ ᠳᠡᠪᠡᠷᠢᠵᠤ ᠶᠡᠭᠡ ᠶᠢ ᠨᠢ ᠬᠦᠳᠦᠯᠦᠭᠰᠡᠭᠡᠷ ᠭᠤᠤᠯ ᠤᠨ ᠬᠦᠪᠡᠭᠡᠨ ᠤ ᠵᠢᠭᠠᠰᠤᠨ ᠵᠠᠬ᠎ᠠ ᠳᠤ ︽ᠪᠠᠶᠢᠴᠠᠭᠠᠯᠳᠠ︾ ᠬᠢᠬᠦ ᠪᠠᠷ ᠭᠠᠷᠤᠭᠠᠳ ᠬᠦᠷᠢᠶᠡᠨ ᠡᠭᠦᠳᠡᠨ ᠳᠤ ᠠᠶᠢᠯ ᠤᠨ ᠳᠠᠷᠤᠭ᠎ᠠ ᠲᠠᠢ ᠶᠠᠷᠢᠬᠤ ᠬᠠᠷᠠᠭᠳᠠᠪᠡ᠃      ᠪᠢ ᠠᠶᠢᠯ ᠤᠨ ᠳᠠᠷᠤᠭ᠎ᠠ ᠶᠢ ᠮᠠᠳᠠᠭ ᠦᠭᠡᠢ ᠳᠠᠨᠢᠵᠤ ᠪᠠᠶᠢᠨ᠎ᠠ᠃ ᠬᠤᠶᠠᠷ ᠡᠳᠦᠷ ᠤᠨ ᠡᠮᠦᠨ᠎ᠡ ᠪᠢᠳᠡᠨ ᠢ ᠨᠡᠭᠦᠵᠦ ᠢᠷᠡᠬᠦ ᠳᠤ ᠬᠠᠰᠢᠷ ᠲᠡᠮᠳᠡᠢ ᠬᠡᠳᠤᠨ ᠭᠠᠷ ᠢᠶᠠᠨ ᠳᠠᠭᠠᠭᠤᠯᠵᠤ ᠢᠷᠡᠭᠡᠳ ᠭᠡᠷ ᠲᠡᠷᠭᠡ ᠰᠡᠯᠪᠢᠨ ᠵᠠᠰᠠᠬᠤ ᠳᠤ ᠬᠠᠮᠵᠢᠨ᠂ ᠭᠤᠤᠯ ᠠᠴᠠ ᠵᠢᠭᠠᠰᠤ ᠠᠪᠴᠢᠷᠠᠭᠤᠯᠤᠨ ᠰᠢᠷᠡᠭᠡ ᠪᠤᠳᠠᠭ᠎ᠠ ᠪᠡᠯᠡᠳᠭᠡᠵᠤ ᠬᠠᠯᠠᠭᠤᠨ ᠢᠶᠠᠷ ᠤᠭᠳᠤᠨ ᠠᠪᠤᠭᠰᠠᠨ ᠲᠡᠷᠡ ᠯᠡ ᠲᠠᠷᠤᠭ᠎ᠠ᠃ ᠪᠤᠷᠤ ᠮᠦᠷ ᠢᠶᠠᠷ ᠢᠶᠠᠨ ᠪᠤᠴᠠᠨ ᠤᠷᠤᠵᠤ ᠢᠷᠡᠭᠰᠡᠨ ᠨᠦᠬᠦᠷ ᠤᠨ ᠨᠢᠳᠤ ᠤᠷᠤᠨ ᠲᠤᠷᠤᠨ ᠦᠭᠡᠢ ᠡᠷᠭᠢᠯᠳᠤᠵᠤ ︽ᠭᠤᠤᠯ ᠤᠨ ᠤᠰᠤ ᠦᠶᠡᠷᠯᠡᠵᠤ ᠭᠡᠨ᠎ᠡ᠃ ᠶᠠᠭᠤᠮ᠎ᠠ ᠬᠡᠦᠮ᠎ᠡ ᠪᠠᠨ ᠪᠤᠭᠤᠵᠤ ᠲᠢᠭᠯᠡᠵᠤ ᠪᠠᠢ ᠭᠡᠨ᠎ᠡ᠃ ᠪᠢᠳᠡᠨ ᠢ ᠪᠠᠰᠠ ᠨᠡᠭᠦᠯᠭᠡᠭᠦ ᠮᠠᠭᠠᠳ ᠲᠠᠢ ᠭᠡᠨ᠎ᠡ᠃ ᠦᠨᠦ ᠦᠷᠯᠦᠭᠡ ᠭᠤᠤᠯ ᠤᠨ ᠤᠰᠤ ᠲᠤᠬᠤᠢ ᠵᠠᠪᠳᠠᠭᠤ ᠦᠰᠴᠤ ᠳᠠᠯᠠᠩ ᠢᠶᠠᠨ ᠳᠠᠪᠠᠮᠠᠷ ᠪᠠᠶᠢᠨ᠎ᠡ ᠭᠡᠨ᠎ᠡ᠃ ᠳᠡᠭᠡᠷ᠎ᠡ ᠱᠠᠳᠤᠨ ᠠᠴᠠ ᠦᠶᠡᠷ ᠢ ᠰᠡᠷᠭᠡᠶᠢᠯᠡᠬᠦ ᠪᠠᠴᠢᠮ ᠮᠡᠳᠡᠭᠳᠡᠯ ᠢᠷᠡᠵᠦ ᠭᠡᠨ᠎ᠡ᠃ ᠪᠦᠬᠦ ᠰᠤᠮᠤ ᠶᠢᠨ ᠬᠦᠳᠡᠯᠮᠦᠷᠢ ᠬᠦᠴᠦ ᠴᠦᠮ ᠭᠤᠤᠯ ᠤᠨ ᠲᠠᠯᠠᠩ ᠪᠤᠰᠬᠠᠬᠤ ᠳᠤ ᠤᠷᠤᠯᠴᠠᠨ᠎ᠠ ᠭᠡᠨ᠎ᠡ᠃ ᠵᠠᠭᠤᠨ ᠤᠨ ᠳᠤ ᠭᠠᠷᠤᠭ᠎ᠠ ᠦᠭᠡᠢ ᠶᠡᠭᠡ ᠦᠶᠡᠷ ᠭᠡᠨ᠎ᠡ︾ ᠭᠡᠴᠢᠬᠡᠭᠰᠡᠨ ᠤᠯᠠᠨ ︽ᠭᠡᠨ᠎ᠡ︾ ᠳᠠᠮᠵᠢᠭᠤᠯᠵᠤ ᠡᠬᠢ ᠵᠠᠬ᠎ᠠ ᠶᠢ ᠨᠢ ᠤᠯᠬᠤ ᠠᠴᠠ ᠡᠮᠦᠨ᠎ᠡ ᠲᠡᠷᠡ ᠪᠤᠷᠪᠢ ᠪᠠᠷ ᠢᠶᠠᠨ ᠡᠷᠬᠢᠵᠦ ᠠᠶᠢᠯ ᠤᠨ ᠲᠠᠷᠤᠭ᠎ᠠ ᠶᠢᠨ ᠠᠷᠤ ᠠᠴᠠ ᠨᠡᠬᠡᠨ ᠶᠠᠪᠤᠪᠠ᠃      ᠪᠠᠭ᠎ᠠ ᠦᠬᠢᠨ ᠰᠠᠶ᠋ᠢ ᠤᠢ ᠬᠦᠷᠴᠤ᠂ ᠶᠡᠭᠡ ᠨᠢ ᠪᠦᠬᠦᠯᠢ ᠲᠦᠷᠪᠡᠨ ᠨᠠᠰᠦ ᠬᠦᠷᠦᠭᠡ ᠦᠭᠡᠢ ᠬᠤᠶᠠᠷ ᠤᠯᠠᠭᠠᠨ ᠨᠢᠯᠬ᠎ᠠ ᠶᠤᠮ ᠬᠤᠶᠢᠨ᠎ᠠ ᠡᠨᠡ ᠤᠯᠠᠨ ︽ᠭᠡᠨ᠎ᠡ︾ ᠪᠠ ᠢᠷᠡᠵᠤ ᠪᠦᠬᠦᠢ ᠶᠡᠭᠡ ᠤᠰᠤᠨ ᠤ ᠠᠶᠤᠯ ᠲᠦᠭᠰᠢᠬᠦᠷᠢ ᠶᠠᠭᠤ ᠪᠤᠯᠬᠤ ᠶᠢ ᠤᠶᠢᠯᠠᠭᠠᠬᠤ ᠦᠭᠡᠢ ᠨᠢ ᠲᠦᠮᠡᠨ ᠵᠦᠪ ᠡ᠃ ᠳᠡᠳᠡ ᠪᠠᠰᠠ ᠯᠡ ᠭᠤᠤᠯ ᠤᠨ ᠬᠦᠪᠡᠭᠡ ᠳᠤ ᠤᠴᠢᠵᠤ ᠠᠷᠠᠯᠵᠢᠶᠠᠨ ᠤ ᠵᠢᠩᠨᠡᠬᠦᠷ ᠲᠤ ᠭᠠᠷᠴᠤ ᠲᠤᠤᠷ ᠲᠤᠳᠤᠷ᠎ᠠ ᠴᠢᠨᠡᠭᠡ ᠮᠡᠳᠡᠨ ᠦᠰᠦᠷᠬᠢᠯᠡᠬᠦ ᠨᠢᠳᠦ ᠨᠢ ᠪᠦᠯᠳᠦ᠋ᠢᠭᠰᠡᠨ ᠠᠮᠢᠳᠤ ᠵᠢᠭᠠᠰᠤ ᠶᠢ ᠦᠵᠡᠬᠦ ᠪᠠᠷ ᠠᠪᠤ ᠪᠠᠨ ᠳᠠᠭᠠᠨ᠎ᠠ ᠭᠡᠳ ᠡᠭᠡᠭ ᠲᠠᠭᠤ ᠳᠠᠯᠪᠢᠵᠤ ᠪᠠᠶᠢᠨ᠎ᠠ᠃      ᠪᠢᠳᠡ ᠶᠠᠭᠤᠮ᠎ᠠ ᠬᠡᠤᠮ᠎ᠡ ᠪᠠᠨ ᠴᠦ ᠤᠯᠢᠭᠳᠠᠢ ᠲᠦᠪᠬᠢᠨᠡᠭᠦᠯᠵᠦ ᠠᠮᠵᠢᠬᠤ ᠠᠴᠠ ᠡᠮᠦᠨ᠎ᠡ ᠪᠤᠭᠤᠵᠤ ᠲᠢᠭᠯᠢᠬᠦ ᠭᠡᠳᠡᠭ ᠨᠢ ᠁ ᠠᠢ — ᠶᠠᠮᠠᠷ ᠠᠵᠠ ᠦᠭᠡᠶᠢᠳᠡᠭᠰᠡᠨ ᠶᠡᠭᠡ ᠤᠰᠤᠨ ᠤ ᠴᠢᠮᠡᠭᠡ ᠶᠤᠮ ᠳ᠋ᠠ︖ ︽ᠬᠠᠷ᠎ᠠ ᠦᠷᠯᠦᠭᠡ ᠬᠠᠷ᠎ᠠ ᠨᠢᠳᠦ ᠪᠠᠨ ᠬᠠᠭ᠎ᠠ ᠳᠠᠳᠠᠨᠠᠷᠡᠨ ᠡᠭᠡᠭᠯᠡᠵᠤ ᠳᠠᠭᠤᠯᠠᠭᠠᠳ ᠮᠠᠭᠤ ᠢᠷᠸ᠎ᠠ ᠶᠢ ᠬᠦᠰᠡᠭᠡ ᠤᠤ︾ ᠭᠡᠵᠦ ᠬᠡᠦᠭᠡᠳ ᠤᠨ ᠪᠦᠭᠰᠡ ᠶᠢ ᠲᠢᠱ ᠨᠢᠱ ᠠᠯᠠᠭᠠᠳᠠᠵᠤ ᠠᠮᠵᠢᠪᠠ᠃ ᠬᠢᠯᠢᠰᠳᠡᠭᠰᠡᠨ ᠬᠤᠶᠠᠷ ᠤᠨ ᠬᠦᠭᠡᠷᠦᠬᠦᠢ ᠲᠦᠷᠢ ᠨᠠᠮ᠎ᠠ ᠶᠢ ᠤᠶᠠᠷᠠᠭᠤᠯᠤᠬᠰᠠᠨ ᠴᠦ ᠶᠤᠮ ᠤᠤ︖ ᠪᠠᠴᠢᠮᠳᠠᠵᠤ ᠮᠤᠬᠤᠷᠳᠠᠭᠰᠠᠨ ᠤ ᠬᠢ ᠤᠤ︖ ᠪᠢ ᠴᠦ ᠡᠭᠡᠭ ᠳᠠᠭᠤ ᠲᠠᠯᠪᠢᠴᠢᠬᠠᠪᠠ᠃      ᠦᠭᠡᠷᠡᠴᠢᠯᠡᠯᠳᠡ ᠨᠡᠭᠡᠭᠡᠯᠳᠡ ᠶᠢᠨ ᠠᠩᠬᠠᠨ ᠤ ᠡᠷᠡᠨ ᠳᠤ ᠪᠠᠭᠰᠢ ᠶᠢᠨ ᠰᠤᠷᠭᠠᠭᠤᠯᠢ ᠳᠡᠭᠦᠰᠴᠤ᠂ ᠰᠤᠮᠤ ᠶᠢᠨ ᠭᠤᠤᠯ ᠪᠠᠭ᠎ᠠ ᠰᠤᠷᠭᠠᠭᠤᠯᠢ ᠳᠤ ᠠᠵᠢᠯ ᠤᠨ ᠭᠠᠷᠤᠭ᠎ᠠ ᠠᠪᠴᠤ᠂ ᠠᠳᠠᠯ ᠡᠷᠦᠬᠡ ᠪᠤᠰᠬᠠᠭᠰᠠᠨ ᠲᠤᠬᠠᠢ ᠶᠢᠨ ᠵᠢᠯ ᠤᠳ ᠲᠤ ᠴᠠᠯᠢᠩ ᠬᠦᠯᠦᠰᠦ ᠲᠠᠷᠤᠭᠳᠠᠵᠤ᠂ ᠵᠢᠯ ᠳᠤ ᠭᠠᠭᠴᠠ ᠬᠤᠶᠠᠷ ᠤᠳᠠᠭ᠎ᠠ ᠲᠤᠳᠠᠭᠤ ᠲᠤᠷᠭᠤᠨ ᠦᠭᠴᠢᠭᠡᠳ ᠵᠢᠯ ᠤᠨ ᠰᠡᠭᠦᠯ ᠳᠤ ᠠᠮᠤ ᠲᠠᠷᠢᠶ᠎ᠠ᠂ ᠭᠠᠭ᠋ᠠᠢ ᠶᠢᠨ ᠮᠢᠬ᠎ᠠ᠂ ᠲᠠᠬᠢᠶ᠎ᠠ ᠨᠤᠭᠤᠰᠤ ᠶᠠᠭᠤ ᠴᠦ ᠤᠯᠵᠤ ᠮᠡᠳᠡᠬᠦ ᠪᠠᠭᠰᠢ ᠠᠪᠤ ᠡᠵᠢ ᠳᠤ ᠵᠠᠶᠠᠭᠠᠭᠰᠠᠨ ᠦᠰᠪᠤᠷᠢ ᠶᠢᠨ ᠬᠡᠦᠬᠡᠳ ᠮᠠᠨᠢ ᠦᠯᠦᠨ ᠬᠤᠪᠳᠤᠭ ᠵᠢᠰᠦᠯᠡᠵᠤ ᠦᠷᠦ ᠡᠪᠳᠦᠯ ᠲᠠᠢ ᠴᠦ ᠪᠠᠶᠢᠯ᠎ᠠ᠃ ᠭᠤᠷᠪᠠᠨ ᠡᠷᠢᠨ ᠤ ᠬᠤᠭᠤᠯᠠ᠂ ᠤᠯᠠᠷᠢᠯ ᠤᠨ ᠬᠤᠪᠴᠠᠰᠤ ᠭᠡᠵᠤ ᠬᠤᠷᠰᠢᠶ᠎ᠠ ᠳᠡᠯᠭᠡᠭᠦᠷ ᠢ ᠪᠠᠷᠠᠳᠠᠯ᠎ᠠ ᠵᠢᠭᠡᠯᠡᠵᠤ ᠱᠡᠭᠡᠯᠡᠳᠡᠭ ᠪᠠᠭᠰᠢ ᠠᠯᠪᠠᠳᠠᠳ ︽ᠳᠠᠯᠠᠢ ᠳᠤ ᠤᠷᠤᠵᠤ︾ ᠡᠬᠢᠯᠡᠪᠡ᠃ ᠬᠦᠭᠵᠢᠭᠰᠡᠨ ᠤᠷᠤᠨ ᠳᠤ ᠤᠴᠢᠨ ᠦᠢᠯᠡᠰ ᠪᠤᠰᠬᠠᠬᠤ ᠪᠠᠷ᠂ ᠬᠤᠶᠠᠳᠤᠭᠠᠷ ᠠᠵᠢᠯ ᠲᠦᠷᠦᠯ ᠡᠷᠬᠢᠯᠡᠬᠦ ᠪᠠᠷ ᠬᠠᠯᠠᠭᠤᠨ ᠲᠤᠭᠤᠭᠠᠨ ᠤ ᠰᠢᠷᠭᠤᠯᠵᠢ ᠮᠡᠳᠦ ᠭᠠᠷᠬᠤ ᠵᠠᠮ ᠡᠷᠢᠵᠦ ᠬᠦᠶᠦᠯᠳᠦᠨ᠎ᠡ᠃ ᠴᠠᠭ ᠦᠶ᠎ᠡ ᠶᠢᠨ ᠡᠨᠡᠬᠦ ᠬᠦᠴᠤᠳᠤ ᠤᠷᠤᠰᠬᠠᠯ ᠳᠤ ᠬᠦᠪᠪᠤᠨ ᠤᠷᠤᠵᠤ ᠳᠡᠯᠴᠢᠯᠡᠭᠰᠡᠭᠡᠷ ᠪᠢᠳᠡ ᠴᠦ ︽ᠭᠤᠤᠯ ᠳᠤ ᠤᠷᠤᠬᠤ︾ ᠶᠤᠮ ᠭᠡᠳ ᠦᠬᠡᠷᠬᠤᠰᠢᠭᠤ ᠶᠢᠨ ᠬᠦᠳᠡᠭᠡ ᠶᠢᠨ ᠰᠤᠷᠭᠠᠭᠤᠯᠢ ᠶᠢ ᠰᠤᠩᠭᠤᠵᠤ ᠢᠷᠡᠭᠰᠡᠨ ᠨᠢ ᠡᠨᠡ ᠪᠢᠯᠡ᠃      ᠦᠬᠡᠷᠬᠤᠰᠢᠭᠤ ᠠᠶᠢᠯ ᠪᠤᠯ ᠦᠨᠡᠭᠡᠴᠢ ᠶᠢᠨ ᠭᠤᠤᠯ ᠤᠨ ᠬᠦᠪᠡᠭᠡ ᠡᠷᠬᠢ ᠶᠢ ᠳᠠᠭᠠᠵᠤ ᠰᠠᠭᠤᠭᠰᠠᠨ ᠬᠦᠷᠦᠰᠦ ᠰᠢᠷᠦᠢ ᠦᠡᠭ ᠰᠢᠮᠡᠯᠢᠭ᠂ ᠬᠤᠯᠤᠰᠤ ᠵᠡᠭᠡᠰᠦ ᠬᠦᠮᠦᠨ ᠠᠴᠠ ᠦᠨᠳᠦᠷ ᠤᠷᠭᠤᠭᠰᠠᠨ᠂ ᠡᠪᠡᠰᠤ ᠪᠡᠯᠴᠢᠭᠡᠷ ᠰᠠᠶᠢᠳᠠᠢ ᠪᠠᠶᠠᠯᠢᠭ ᠰᠠᠶᠢᠬᠠᠨ ᠨᠤᠳᠤᠭ ᠶᠤᠮ᠃ ᠭᠤᠴᠢᠭᠠᠳ ᠡᠷᠦᠬᠡ᠂ ᠬᠤᠶᠠᠷ ᠵᠠᠭᠤ ᠰᠢᠬᠠᠮ ᠬᠦᠮᠦᠨ ᠠᠮᠠ ᠲᠠᠢ ᠬᠠᠭᠠᠰ ᠮᠠᠯᠵᠢᠬᠤ᠂ ᠬᠠᠭᠠᠰ ᠲᠠᠷᠢᠶᠠᠯᠠᠬᠤ ᠴᠤᠯ ᠮᠤᠩᠭᠤᠯ ᠠᠶᠢᠯ ᠶᠤᠮ᠃ ᠦᠨᠡᠭᠡᠴᠢ ᠶᠢᠨ ᠭᠤᠤᠯ ᠠᠴᠠ ᠠᠷᠪᠠ ᠭᠠᠷᠦᠢ ᠵᠦᠢᠯ ᠤᠨ ᠵᠢᠭᠠᠰᠤ ᠭᠠᠷᠴᠤ ᠲᠦᠷᠪᠡᠨ ᠤᠯᠠᠷᠢᠯ ᠳᠤ ᠵᠢᠭᠠᠰᠤᠨ ᠠᠩ ᠳᠠᠰᠤᠷᠠᠬᠤ ᠦᠭᠡᠢ᠂ ᠭᠠᠳᠠᠨ᠎ᠠ ᠤᠷᠤᠨ ᠠᠴᠠ ᠵᠢᠭᠠᠰᠤᠨ ᠠᠷᠠᠯᠵᠢᠶᠠᠴᠢᠨ ᠢᠷᠡᠵᠤ ᠭᠤᠤᠯ ᠤᠨ ᠬᠦᠪᠡᠭᠡᠨ ᠠᠴᠠ ᠬᠤᠳᠠᠯᠳᠤᠨ ᠠᠪᠬᠤ ᠪᠦᠭᠡᠳ ᠲᠠᠷᠢᠶᠠᠴᠢᠳ ᠦᠪᠡᠷᠳᠡᠭᠡᠨ ᠠᠪᠠᠴᠢᠵᠤ ᠪᠤᠷᠤᠯᠠᠭᠤᠯᠬᠤ ᠪᠤᠯᠤᠭᠰᠠᠨ ᠠᠴᠠ ᠡᠷᠦᠬᠡ ᠪᠦᠷᠢ ᠵᠢᠭᠠᠰᠤᠨ ᠤᠷᠤᠯᠭ᠎ᠠ ᠲᠠᠢ᠃ ᠨᠠᠮᠦᠷ ᠤᠨ ᠬᠤᠷᠢᠶᠠᠯᠳᠠ ᠪᠠᠨ ᠤᠷᠤᠭᠤᠯᠵᠤ ᠳᠠᠭᠤᠰᠤᠭᠠᠳ ᠭᠤᠤᠯ ᠭᠦᠯᠳᠡᠭᠰᠡᠭᠡᠷ ᠬᠤᠯᠤᠰᠤ ᠬᠠᠳᠤᠵᠤ ᠬᠤᠳᠠᠯᠳᠤᠬᠤ ᠶᠠᠭᠠᠷᠠᠤ ᠴᠠᠭ᠃ ᠡ᠊ᠨᠳᠡᠬᠢ ᠠᠷᠠᠳ ᠮᠤᠷᠢᠨ ᠳᠤ ᠪᠠᠨ ᠮᠤᠷᠳᠠᠪᠠᠯ ᠮᠠᠯᠴᠢᠨ᠂ ᠠᠷᠴᠢᠭᠤᠷ ᠢᠶᠠᠨ ᠮᠦᠷᠯᠡᠪᠡᠯ ᠳᠠᠷᠢᠶᠠᠴᠢᠨ᠂ ᠤᠰᠤᠨ ᠳᠤ ᠪᠠᠨ ᠤᠷᠤᠪᠠᠯ ᠵᠢᠭᠠᠰᠤᠴᠢᠨ᠂ ᠵᠢᠩᠨᠡᠭᠦᠷ ᠢᠶᠠᠨ ᠪᠠᠷᠢᠪᠠᠯ ᠮᠠᠶᠢᠮᠠᠶᠢᠴᠢᠨ ᠪᠤᠯᠳᠠᠭ ᠤᠯᠠᠨ ᠳᠠᠯ᠎ᠠ ᠶᠢᠨ ᠲᠦᠷᠢ ᠲᠠᠢ ᠪᠠᠶᠢᠳᠠᠭ ᠴᠦ ᠬᠢᠴᠢᠶᠡᠯ ᠤᠨ ᠳᠠᠶᠢᠰᠠᠨ ᠳᠤ ᠵᠤᠭᠰᠤᠵᠤ ᠤ ᠶᠢᠨ ᠪᠢᠷ ᠢᠳᠡᠬᠦ ᠬᠦᠮᠦᠨ ᠤ ᠲᠦᠷᠢ ᠯᠡ ᠲᠤᠳᠠᠭᠠᠳ ᠪᠠᠶᠢᠪᠠ᠃      ᠡ᠊ᠨᠳᠡᠬᠢ ᠬᠦᠮᠦᠨ ᠠᠷᠠᠳ ᠤᠨ ᠰᠡᠳᠬᠢᠯ ᠭᠡᠵᠤ ᠶᠤᠰᠤᠳᠠᠢ ᠪᠠᠶᠠᠨ ᠪᠠᠶᠢᠭᠠᠯᠢ ᠪᠠᠨ ᠲᠠᠭᠤᠷᠢᠶᠠᠭᠰᠠᠨ ᠦᠭᠭᠢᠶᠡᠮᠦᠷ ᠠᠷᠢᠭᠤᠨ ᠪᠠᠶᠢᠯ᠎ᠠ᠃ ᠪᠢᠳᠡᠨ ᠢ ᠢᠷᠡᠭᠰᠡᠨ ᠤ ᠮᠠᠷᠭᠠᠰᠢ ᠨᠢ ᠪᠤᠤ ᠪᠠᠭᠰᠢ ᠶᠢᠨ ᠡᠬᠡᠨᠡᠷ ᠵᠢᠶᠤᠤᠫᠢ ᠬᠦᠷᠳᠦᠳᠦ ᠲᠡᠷᠭᠡᠨ ᠳᠤ ᠪᠠᠨ ᠨᠡᠯᠢᠶᠡᠳ ᠪᠤᠵᠠᠭᠠᠢ ᠭᠠᠭ᠋ᠠᠢ ᠶᠢᠨ ᠲᠤᠷᠤᠢ᠂ ᠤᠭᠤᠳᠠ ᠲᠠᠢ ᠡᠷᠳᠡᠨᠢ ᠰᠢᠰᠢ ᠵᠢᠳᠬᠦᠨ ᠠᠪᠴᠢᠷᠠᠵᠤ ︽ᠠᠮᠢᠳᠤᠷᠠᠯ ᠳᠤ ᠭᠠᠭ᠋ᠠᠢ ᠳᠠᠬᠢᠶ᠎ᠠ ᠠᠯᠢ ᠨᠢ ᠴᠦ ᠪᠠᠶᠢᠪᠠᠯ ᠳᠡᠭᠡᠷ᠎ᠡ ᠶᠤᠮ᠃ ᠪᠠᠭ᠎ᠠ ᠴᠦ ᠭᠡᠰᠡᠨ ᠰᠢᠨ᠎ᠡ ᠶᠢᠨ ᠭᠠᠭ᠋ᠠᠢ ᠲᠠᠢ ᠪᠤᠯ ᠵᠢᠯ ᠴᠠᠭᠠᠨ ᠰᠠᠷ᠎ᠠ ᠪᠠᠨ ᠮᠢᠬ᠎ᠠ ᠲᠤᠰᠤ ᠲᠠᠢ ᠦᠶᠦᠭ ᠦᠩᠭᠡᠷᠡᠭᠡᠬᠦ ᠶᠤᠮ︾ ᠭᠡᠳ ᠦᠨ᠎ᠡ ᠬᠠᠩᠰᠢ ᠡᠨᠡ ᠳᠡᠷᠡ ᠭᠡᠵᠦ ᠠᠮᠠ ᠨᠡᠭᠡᠭᠡᠵᠦ ᠠᠮᠵᠢᠬᠤ ᠠᠴᠠ ᠡᠮᠤᠨ᠎ᠡ ᠶᠠᠪᠤᠵᠤ ᠤᠳᠪᠠ᠃ ᠳ᠋ᠧ ᠪᠠᠭᠰᠢ ᠰᠠᠶ᠋ᠢᠬᠠᠨ ᠰᠠᠭᠠᠭᠰᠠᠨ ᠰᠠᠭᠤᠯᠠᠭ᠎ᠠ ᠲᠠᠢ ᠦᠨᠢᠶᠡᠨ ᠰᠦ ᠪᠠᠨ ᠠᠭᠤᠷ ᠰᠠᠪᠰᠠᠭᠤᠯᠤᠨ ᠲᠡᠭᠦᠵᠢᠯᠡᠭᠡᠳ ᠢᠷᠡᠵᠠᠢ᠃ ︽ᠬᠤᠪᠢᠨ ᠤ ᠪᠠᠶᠢᠬᠤ ᠶᠠᠭᠤᠮ᠎ᠠ ᠪᠠᠨ ᠬᠤᠪᠢᠶᠠᠵᠤ ᠢᠳᠡᠬᠦ ᠦᠭᠡᠢ ᠶᠠᠭᠠᠬᠢᠬᠤ ᠪᠤᠢ︾ ᠭᠡᠴᠢᠭᠡᠳ ᠨᠠᠮᠬᠠᠨ ᠢᠨᠢᠶᠡᠵᠤ ︽ᠶᠡᠭᠡ ᠰᠤᠷᠭᠠᠭᠤᠯᠢ ᠲᠡᠭᠦᠰᠦᠭᠰᠡᠨ ᠬᠤᠶᠠᠷ ᠪᠠᠭᠰᠢ ᠮᠠᠨ ᠤ ᠪᠤᠶᠢᠳᠠ ᠭᠠᠵᠠᠷ ᠢᠷᠡᠨ᠎ᠡ ᠭᠡᠳᠡᠭ ᠴᠢᠨᠢ ᠨᠤᠳᠤᠭ ᠤᠰᠤᠨ ᠤ ᠨᠠᠪᠳᠠᠭ ᠰᠠᠪᠳᠠᠭ᠂ ᠬᠦᠮᠦᠨ ᠠᠷᠠᠳ ᠤᠨ ᠪᠤᠶᠠᠨ ᠵᠠᠶᠠᠭ᠎ᠠ ᠰᠢᠦ︾ ᠭᠡᠨ᠎ᠡ᠃ ᠠᠰᠪᠤᠷ ᠴᠠᠶᠢᠯᠭᠠᠨ ᠵᠠᠩ ᠲᠠᠢ ᠠᠶᠢᠯ ᠤᠨ ᠠᠷᠠᠳ ᠴᠦ ᠲᠠᠬᠢᠶ᠎ᠠ ᠭᠠᠯᠠᠭᠤ ᠶᠢᠨ ᠦᠨᠳᠡᠭᠡ᠂ ᠪᠤᠳᠠᠭ᠎ᠠ ᠭᠤᠯᠢᠷ᠂ ᠰᠦ ᠴᠠᠭ᠎ᠠ᠂ ᠬᠠᠰᠢᠶᠠᠨ ᠤ ᠭᠤᠸᠠ ᠨᠤᠭᠤᠭ᠎ᠠ ᠪᠠᠶᠢᠳᠠᠭ ᠢᠶᠠᠨ ᠳᠡᠮᠳᠡᠷᠢᠵᠤ ᠬᠦᠷᠭᠡᠵᠤ ᠢᠷᠡᠯ᠎ᠡ᠃ ᠡᠨᠡ ᠪᠤᠯ ᠠᠷᠠᠳ ᠲᠦᠮᠡᠨ ᠤ ᠮᠢᠨᠢ ᠢᠳᠡᠭᠡᠯ ᠨᠠᠶᠢᠳᠠᠯᠭ᠎ᠠ ᠶᠤᠮ᠃      ᠭᠤᠤᠯ ᠤᠨ ᠲᠠᠯᠠᠩ ᠲᠡᠭᠡᠷ᠎ᠡ ᠠᠵᠢᠯᠯᠠᠬᠤ ᠬᠦᠮᠦᠰ ᠤᠨ ᠤᠷᠠᠢ ᠬᠠᠰᠬᠢᠷᠤᠯᠳᠠ ᠨᠢ ᠤᠯᠠᠮ ᠠᠴᠠ ᠤᠯᠠᠮ ᠴᠢᠩᠭᠠᠷᠠᠵᠤ ᠰᠤᠨᠤᠰᠳᠠᠨ᠎ᠠ᠃ ᠡᠭᠦᠯᠡ ᠮᠠᠨᠠᠨ ᠭᠤᠤᠯ ᠤᠨ ᠤᠰᠤ ᠳᠡᠭᠷᠢ ᠭᠠᠵᠠᠷ ᠢ ᠬᠤᠯᠪᠤᠨ ᠦᠢᠯᠤᠨ ᠴᠠᠶᠢᠯᠵᠠᠨ᠎ᠠ᠃ ᠮᠢᠨᠦ ᠴᠡᠭᠡᠵᠢᠨ ᠳᠤ ᠠᠮᠢᠳᠦ ᠵᠢᠭᠠᠰᠤ ᠦᠰᠦᠷᠬᠢᠯᠡᠬᠦ ᠮᠡᠳᠦ ᠰᠠᠪᠠᠭᠠᠨᠠᠵᠤ ᠯᠡ ᠪᠠᠶᠢᠯ᠎ᠠ᠃ ᠦᠴᠦᠭᠡᠳᠦᠷᠬᠡᠨ ᠰᠠᠶ᠋ᠢ ᠠᠮᠤᠭᠤᠯᠠᠩ ᠲᠤᠭᠳᠠᠭᠤᠨ᠂ ᠲᠤᠩᠭᠠᠯᠠᠭ ᠲᠦᠯᠭᠡᠨ ᠪᠠᠶᠢᠭᠰᠠᠨ ᠦᠨᠡᠭᠡᠴᠢ ᠶᠢᠨ ᠭᠤᠤᠯ ᠶᠠᠭᠠᠬᠢᠴᠢᠬᠠᠪᠠ︖ ᠮᠢᠷᠠᠯᠵᠠᠭᠤᠯᠵᠤ ᠪᠠᠶᠢᠭᠰᠠᠨ ᠲᠤᠷᠭᠠᠨ ᠳᠠᠪᠠᠯᠭ᠎ᠠ ᠨᠢ ᠲᠦᠮᠡᠨ ᠠᠭᠳᠠ ᠶᠢᠨ ᠲᠦᠪᠡᠷᠭᠡᠨ ᠰᠢᠭ ᠲᠤᠯᠤᠭᠠᠢ ᠲᠦᠨᠡᠷᠡᠭᠦᠯᠦᠨ ᠴᠢᠬᠢ ᠲᠡᠯᠡᠳᠦᠨ᠎ᠡ᠃ ︽ᠤᠯᠬᠤ᠂ ᠠᠪᠬᠤ ᠶᠢ ᠯᠡ ᠪᠤᠳᠤᠬᠤ ᠶᠠᠭᠤᠮᠠᠰ ᠠᠷᠪᠢᠳᠤᠯ᠎ᠠ︾ ᠭᠡᠵᠤ ᠡᠬᠡ ᠭᠤᠤᠯ ᠮᠠᠨᠢ ᠢᠩᠬᠢᠵᠦ ᠯᠡ ᠬᠢᠯᠢᠩᠨᠡᠨ ᠲᠤᠭᠰᠢᠷᠠᠪᠠ ᠤᠤ︖ ᠬᠡᠬᠦ ᠠᠴᠠ ︽ᠶᠡᠭᠡ ᠤᠰᠤᠨ ᠤ ᠬᠦᠷᠬᠢᠷᠡᠬᠦ ᠴᠢᠮᠡᠭᠡ︾ ᠤᠰᠤ ᠭᠤᠤᠯ ᠠᠴᠠ ᠠᠰᠢᠭ ᠰᠢᠮ᠎ᠡ ᠶᠢ ᠬᠦᠷᠳᠡᠨ ᠠᠮᠢᠳᠦᠷᠠᠯ ᠢᠶᠠᠨ ᠳᠡᠩᠬᠡᠷᠡᠭᠦᠯᠬᠦ᠂ ᠠᠷᠤ ᠭᠡᠷ ᠢᠶᠠᠨ ᠳᠡᠳᠭᠦᠭᠦ ᠁ ᠤᠯᠠᠨ ᠤᠯᠠᠨ ᠬᠦᠰᠡᠯ ᠤᠨ ᠦᠨᠳᠦᠷ ᠲᠤ ᠰᠢᠨ᠎ᠡ ᠨᠢᠭᠡᠨ ᠬᠦᠰᠡᠯ ᠢ ᠤᠷᠭᠤᠭᠤᠯᠵᠤ ᠪᠢᠯᠡ ᠁       ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠪᠠᠶᠠᠨᠬᠤᠰᠢᠭᠤ ᠲᠦᠷᠪᠡᠳᠦᠭᠡᠷ ᠲᠤᠮᠳᠠᠳᠤ ᠰᠤᠷᠭᠠᠭᠤᠯᠢ
 
ᠢᠷᠡᠯᠲᠡ᠄ ᠬᠢᠩᠭᠠᠨ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号