ᠬᠦᠰᠡᠯ ᠤᠨ ᠰᠤᠷᠠᠭ
ᠨᠡᠶᠢᠲᠡᠯᠡᠭᠰᠡᠨ ᠴᠠᠭ᠄
2020/12/21
                            ● ᠲᠡᠮᠦᠷᠵᠤᠷᠢᠭ     ᠬᠠᠪᠤᠷ ᠤᠨ ᠲᠡᠭᠷᠢ ᠬᠠᠯᠠ ᠲᠠᠢ ᠬᠠᠳᠠᠮ ᠡᠵᠢ ᠰᠢᠭ ᠭᠡᠳᠡᠭᠴᠢᠯᠡᠨ᠂ ᠡᠮᠦᠨ᠎ᠡ ᠬᠡᠳᠦᠨ ᠡᠳᠦᠷ ᠰᠠᠶ᠋ᠢ ᠬᠤᠶᠢᠨ᠎ᠠ ᠠᠴᠠ ᠬᠦᠢᠲᠡᠨ ᠰᠠᠯᠬᠢ ᠬᠠᠤᠬᠢᠵᠤ᠂ ᠲᠡᠭᠷᠢ ᠭᠠᠵᠠᠷ ᠨᠡᠶᠢᠯᠡᠮᠡᠷ ᠠᠭᠠᠰᠢᠯᠠᠵᠤ ᠪᠠᠶᠢᠭᠰᠠᠨ᠂ ᠦᠨᠦᠳᠦᠷ ᠬᠠᠷᠢᠨ ᠡᠮᠦᠨ᠎ᠡ ᠬᠡᠳᠦᠨ ᠡᠳᠦᠷ ᠶᠠᠭᠤ ᠴᠤ ᠪᠤᠯᠤᠭ᠎ᠠ ᠦᠭᠡᠢ ᠶᠤᠮ ᠰᠢᠭ ᠴᠢᠷᠠᠶᠢᠯᠠᠨ ᠨᠤᠮᠢᠨ ᠤᠭᠲᠠᠷᠭᠤᠢ ᠴᠡᠩᠭᠡᠷᠯᠡᠨ ᠴᠡᠯᠮᠡᠶᠢᠵᠦ᠂ ᠵᠡᠭᠦᠨ ᠡᠮᠦᠨ᠎ᠡ ᠠᠴᠠ ᠤᠷᠢᠬᠠᠨ ᠰᠠᠯᠬᠢ ᠬᠠᠴᠠᠷ ᠨᠢᠭᠤᠷ ᠢ ᠢᠯᠪᠢᠵᠦ᠂ ᠤᠮᠠᠷᠠᠲᠤ ᠤᠷᠤᠨ ᠤ ᠠᠭᠤᠯᠠᠨ ᠲᠤᠰᠬᠤᠨ ᠳᠤ ᠬᠠᠪᠤᠷ ᠪᠤᠯᠴᠢᠬᠠᠭᠰᠠᠨ ᠢ ᠮᠡᠳᠡᠭᠡᠯᠡᠵᠦ ᠪᠠᠶᠢᠯ᠎ᠠ᠃     ᠭᠡᠷ ᠤᠨ ᠨᠦᠮᠦᠷᠢ ᠨᠠᠷᠠᠨ ᠤ ᠢᠯᠴᠢᠨ ᠳᠤ ᠠᠶᠢᠯ ᠤᠨ ᠬᠡᠳᠦᠨ ᠬᠡᠦᠬᠡᠳ ᠲᠠᠢ ᠦᠶᠡᠷᠬᠡᠨ ᠲᠤᠭᠯᠠᠵᠤ ᠪᠠᠶᠢᠭᠰᠠᠨ ᠂ ᠪᠤᠨᠳᠤᠭᠤᠷ ᠬᠦᠭᠡᠷᠦᠬᠦᠨ ᠬᠦᠦ ᠴᠢᠩᠭᠢᠮ ᠤᠷᠤᠭᠤ ᠴᠢᠷᠠᠶᠢᠯᠠᠵᠤ᠂ ᠤᠷᠤᠭᠤᠯ ᠴᠦᠷᠪᠤᠶᠢᠭ᠍ᠰᠡᠭᠡᠷ ᠤᠷᠤᠵᠤ ᠢᠷᠡᠭᠡᠳ    ︽ᠡᠪᠦᠭᠡ ᠡ᠂ ᠡᠪᠦᠭᠡ ᠡ︕ ᠪᠢ ᠲᠡᠳᠡᠭᠡᠷ ᠬᠦᠮᠦᠰ ᠲᠠᠢ ᠳᠠᠬᠢᠵᠤ ᠨᠠᠭᠠᠳᠬᠤ ᠦᠭᠡᠢ︕︾ ᠭᠡᠬᠦ ᠳᠤ ᠦᠷᠯᠦᠭᠡᠨ ᠤ ᠦᠳᠭᠡᠨ ᠬᠠᠷ᠎ᠠ ᠴᠠᠢ ᠪᠠᠨ ᠤᠤᠭᠤᠵᠤ᠂ ᠵᠠᠯᠠᠭᠤ ᠳᠤ ᠪᠠᠨ ᠮᠤᠳᠤᠴᠢᠨ ᠪᠠᠶᠢᠬᠤ ᠳᠤ ᠪᠠᠨ ᠤᠯᠤᠭᠰᠠᠨ ᠵᠡᠭᠦᠨ ᠨᠢᠳᠦᠨ ᠤ ᠳᠤᠤᠷ᠎ᠠ ᠲᠤᠭᠲᠠᠭᠰᠠᠨ ᠭᠦᠨ ᠰᠤᠷᠪᠢ ᠪᠠᠨ ᠳᠡᠮᠡᠢ ᠯᠡ ᠲᠡᠮᠲᠡᠷᠬᠢᠯᠡᠨ ᠰᠠᠭᠤᠭᠰᠠᠨ ᠴᠠᠭᠠᠳᠠᠢ ᠡᠪᠦᠭᠡᠨ ᠬᠠᠨᠵᠤᠨ ᠠᠴᠠ ᠶᠠᠭᠠᠷᠠᠯᠲᠠᠶᠢᠬᠠᠨ ᠱᠤᠪᠲᠤᠷᠤᠨ ᠪᠠᠭᠤᠵᠤ ᠪᠢᠴᠢᠬᠠᠨ ᠬᠦᠦ ᠶᠢ ᠲᠡᠪᠡᠷᠢᠨ ᠠᠪᠴᠤ ᠦᠬᠦᠭᠡᠷᠳᠦᠨ ᠦᠨᠦᠰᠦᠭᠡᠳ᠄     ︽ᠮᠢᠨᠦ ᠮᠠᠭᠤ ᠬᠦᠦ ᠶᠢ ᠲᠡᠳᠡ ᠳᠤᠷᠤᠮᠵᠢᠯᠠᠪᠠ ᠦᠦ︖︾     ︽ᠦᠭᠡᠢ ᠁︾     ︽ᠲᠡᠭᠡᠭᠡᠳ ᠶᠠᠭᠤᠨ ᠳᠤ ᠠᠭᠤᠷᠯᠠᠪᠠ︖︾     ︽ᠡᠪᠦᠭᠡ ᠡ᠂ ᠲᠡᠳᠡ ᠴᠢᠨᠢ ᠶᠠᠭᠤ ᠴᠤ ᠮᠡᠳᠡᠬᠦ ᠦᠭᠡᠢ ᠤᠯᠤᠰ ᠪᠠᠶᠢᠨ᠎ᠠ︕︾     ︽ᠶᠠᠭᠠᠬᠢᠭᠠᠳ︖︾     ︽ᠪᠢ ᠲᠡᠳᠡᠨ ᠳᠤ ᠲᠠᠨ ᠤ ᠵᠢᠭᠠᠵᠤ ᠦᠭᠭᠦᠭᠰᠡᠨ ᠠᠷᠪᠠᠨ ᠬᠤᠶᠠᠷ ᠵᠢᠯ ᠁ ᠪᠠᠰᠠ ᠲᠠᠪᠤᠨ ᠬᠤᠰᠢᠭᠤ ᠮᠠᠯ ᠶᠠᠭᠤ ᠶᠠᠭᠤ ᠭᠡᠳᠡᠭ ᠢ ᠶᠠᠷᠢᠵᠤ ᠦᠭᠭᠦᠭᠰᠡᠨ ᠳᠤ᠂ ᠲᠡᠳᠡ ︿ᠮᠠᠯ ᠳᠤ ᠪᠠᠰᠠ ᠶᠠᠮᠠᠷ ᠲᠠᠪᠤᠨ ᠬᠤᠰᠢᠭᠤ ᠮᠠᠯ ᠭᠡᠵᠦ ᠪᠠᠶᠢᠬᠤ ᠪᠤᠢ︖ ᠳᠤᠷ᠎ᠠ ᠪᠠᠷ ᠶᠠᠷᠢᠵᠤ ᠪᠠᠶᠢᠨ᠎ᠠ︕﹀ ᠭᠡᠵᠦ ᠨᠠᠳᠠ ᠶᠢ ᠱᠤᠤᠯᠠᠵᠤ ᠪᠠᠶᠢᠨ᠎ᠠ︾     ︽ᠦ᠂ ᠦ᠂ ᠮᠢᠨᠦ ᠬᠦᠦ ᠲᠡᠭᠡᠭᠡᠳ ᠲᠡᠳᠡᠨ ᠳᠤ ᠰᠠᠶᠢᠬᠠᠨ ᠲᠠᠶᠢᠯᠪᠤᠷᠢᠯᠠᠵᠤ ᠦᠭᠭᠦᠨ᠎ᠡ ᠪᠠ ᠳ᠋ᠠ︖︾     ︽ᠦᠭᠡᠢ᠂ ᠡᠪᠦᠭᠡ ᠡ︕ ᠪᠢ ᠶᠠᠭᠠᠬᠢᠵᠤ ᠲᠠᠶᠢᠯᠪᠤᠷᠢᠯᠠᠭᠰᠠᠨ ᠴᠤ ᠲᠡᠳᠡᠨ ᠤ ᠠᠪᠤ ᠡᠵᠢ ᠨᠢ ᠲᠡᠭᠡᠵᠦ ᠵᠢᠭᠠᠵᠤ ᠦᠭᠭᠦᠭᠰᠡᠨ ᠦᠭᠡᠢ ᠭᠡᠨ᠎ᠡ᠃ ᠲᠡᠭᠡᠭᠡᠳ ᠲᠡᠳᠡ ᠪᠠᠰᠠ ᠮᠤᠩᠭᠤᠯ ᠲᠧᠯᠸᠢᠰ ᠬᠡᠵᠢᠶᠡᠳᠡ ᠦᠵᠡᠳᠡᠭ ᠦᠭᠡᠢ ᠭᠡᠵᠦ ᠬᠡᠯᠡᠵᠦ ᠪᠠᠶᠢᠨ᠎ᠠ᠃ ᠲᠡᠶᠢᠮᠦ ᠳᠤ ᠪᠠᠨ ᠲᠡᠳᠡ ᠶᠠᠭᠤ ᠮᠡᠳᠡᠬᠦ ᠪᠤᠢ︖ ᠪᠢ ᠮᠤᠩᠭᠤᠯ ᠲᠧᠯᠸᠢᠰ ᠠᠴᠠ ᠪᠠᠨ ᠮᠠᠰᠢ ᠤᠯᠠᠨ ᠶᠠᠭᠤᠮ᠎ᠠ ᠰᠤᠷᠤᠭᠰᠠᠨ ᠪᠢᠰᠢ ᠦᠦ︖︾ ᠭᠡᠳ ᠲᠤᠯᠤᠭᠠᠢ ᠪᠠᠨ ᠬᠡᠯᠪᠠᠶᠢᠯᠬᠡᠨ ᠡᠪᠦᠭᠡ ᠪᠠᠨ ᠬᠠᠷᠠᠬᠤ ᠳᠤ ᠡᠪᠦᠭᠡ ᠨᠢ ᠲᠦᠪ ᠴᠢᠷᠠᠶᠢᠯᠠᠨ᠄     ︽ᠲᠡᠶᠢᠮᠦ ᠰᠢᠳᠡ︕ ᠮᠤᠩᠭᠤᠯ ᠲᠧᠯᠸᠢᠰ ᠢᠶᠠᠨ ᠦᠵᠡᠬᠦ ᠦᠭᠡᠢ ᠲᠡᠭᠡᠵᠦ ᠶᠠᠭᠠᠬᠢᠵᠦ ᠪᠤᠯᠤᠨ᠎ᠠ ᠪᠤᠢ︖︾     ︽ᠡᠩ᠂ ᠲᠡᠭᠡᠭᠡᠳ ᠯᠡ ᠲᠡᠳᠡ ᠤᠯᠠᠨ ᠶᠠᠭᠤᠮ᠎ᠠ ᠮᠡᠳᠡᠳᠡᠭ ᠦᠭᠡᠢ ᠪᠢᠵᠡ︖︾ ᠭᠡᠳ ᠪᠤᠮᠪᠤᠭᠤᠷ ᠬᠦᠭᠡᠷᠦᠬᠦᠨ ᠭᠠᠷ ᠢᠶᠠᠷ ᠢᠶᠠᠨ ᠡᠪᠦᠭᠡᠨ ᠤ ᠰᠠᠶ᠋ᠢᠬᠢ ᠵᠡᠭᠦᠨ ᠨᠢᠳᠦᠨ ᠳᠤᠤᠷᠠᠬᠢ ᠰᠤᠷᠪᠢ ᠶᠢ ᠨᠢ ᠬᠦᠩᠭᠡᠬᠡᠨ ᠢᠯᠪᠢᠵᠤ     ︽ᠡᠪᠦᠭᠡ ᠡ᠂ ᠲᠠ ᠶᠠᠭᠠᠬᠢᠭᠠᠳ ᠲᠡᠶᠢᠮᠦ ᠤᠯᠠᠨ ᠶᠠᠭᠤᠮ᠎ᠠ ᠮᠡᠳᠡᠳᠡᠭ ᠪᠤᠢ︖ ᠲᠡᠳᠡᠨ ᠤ ᠡᠪᠦᠭᠡ ᠨᠢ ᠲᠡᠳᠡᠨ ᠳᠤ ᠤᠯᠠᠨ ᠦᠯᠢᠭᠡᠷ ᠶᠠᠷᠢᠵᠤ ᠦᠭᠳᠡᠭ ᠦᠭᠡᠢ ᠶᠤᠮ ᠦᠦ︖︾     ︽ᠲᠡᠶᠢᠮᠦ᠂ ᠲᠡᠶᠢᠮᠦ᠂ ᠮᠢᠨᠦ ᠬᠦᠦ ᠶᠡᠭᠡ ᠶᠠᠭᠤᠮ᠎ᠠ ᠰᠤᠷᠴᠠᠢ︾     ︽ᠭᠡᠲᠡᠯ᠎ᠡ ᠲᠡᠳᠡᠨ ᠳᠤ ᠪᠦᠷ ᠶᠠᠩᠵᠤ ᠶᠢᠨ ᠤᠯᠠᠨ ᠲᠤᠭᠯᠠᠭᠠᠮ ᠲᠠᠢ ᠁ ᠪᠦᠷ ᠠᠪᠤ ᠡᠵᠢ ᠨᠢ ᠠᠪᠴᠤ ᠦᠭᠭᠦᠭᠰᠡᠨ ᠭᠡᠨ᠎ᠡ ᠁ ᠮᠢᠨᠦ ᠠᠪᠤ ᠬᠡᠵᠢᠶ᠎ᠡ ᠢᠷᠡᠳᠡᠭ ᠪᠤᠯ ᠳ᠋ᠠ︖︾     ︽ᠦ ᠁ ᠠᠪᠤ ᠨᠢ ᠤᠳᠠᠬᠤ ᠦᠭᠡᠢ ᠢᠷᠡᠨ᠎ᠡ᠃ ᠠᠪᠤ ᠨᠢ ᠮᠠᠰᠢ ᠤᠯᠠᠨ ᠵᠤᠭᠤᠰ ᠤᠯᠵᠤ ᠬᠦᠦ ᠳᠤ ᠪᠠᠨ ᠮᠠᠰᠢ ᠤᠯᠠᠨ ᠢᠳᠡᠬᠦ ᠶᠠᠭᠤᠮ᠎ᠠ᠂ ᠪᠠᠰᠠ ᠲᠤᠭᠯᠠᠭᠠᠮ ᠠᠪᠴᠢᠷᠠᠵᠤ ᠦᠭᠭᠦᠨ᠎ᠡ ᠰᠢᠦ︕︾ ᠭᠡᠰᠡᠨ ᠳᠤ ᠪᠢᠴᠢᠬᠠᠨ ᠬᠦᠦ ᠡᠪᠦᠭᠡᠨ ᠤ ᠬᠦᠵᠦᠭᠦᠦ ᠪᠠᠷ ᠴᠢᠩᠭᠠᠬᠠᠨ ᠲᠡᠪᠡᠷᠢᠨ ᠡᠪᠦᠭᠡᠨ ᠤ ᠠᠲᠤᠷᠢᠶ᠎ᠠ ᠳᠦᠭᠦᠷᠡᠩ ᠬᠠᠴᠠᠷ ᠢ ︽ᠱᠤᠪ᠂ ᠱᠤᠪ︾ ᠭᠢᠲᠡᠯ᠎ᠡ ᠦᠨᠦᠰᠬᠦ ᠳᠤ ᠪᠠᠶᠠᠷᠯᠠᠵᠤ ᠭᠤᠨᠢᠬᠤ ᠶᠢᠨ ᠵᠠᠢ ᠳᠤ ᠡᠪᠦᠭᠡᠨ ᠳᠤ ᠭᠤᠷᠪᠠᠨ ᠵᠢᠯ ᠤᠨ ᠡᠮᠦᠨᠡᠬᠢ ᠤᠴᠢᠷ ᠪᠤᠳᠤᠭᠳᠠᠯ᠎ᠠ ᠁     ᠭᠤᠷᠪᠠᠨ ᠵᠢᠯ ᠤᠨ ᠡᠮᠦᠨ᠎ᠡ ᠠᠶᠢᠯ ᠤᠨ ᠬᠢᠨᠢ ᠨᠢᠭᠡ ᠵᠠᠯᠠᠭᠤ ᠨᠢᠯᠬ᠎ᠠ ᠬᠦᠦ ᠪᠠᠨ ᠲᠡᠪᠡᠷᠢᠵᠦ ᠢᠷᠡᠭᠡᠳ᠄ ︽ᠠᠪᠤ ᠲᠠᠨ ᠢ ᠵᠤᠪᠠᠭᠠᠬᠤ ᠪᠠᠷ ᠢᠷᠡᠯ᠎ᠡ᠃ ᠮᠠᠨ ᠤ ᠲᠡᠷᠡ᠂ ᠬᠤᠲᠠ ᠶᠢᠨ ᠠᠮᠢᠳᠤᠷᠠᠯ ᠰᠠᠶᠢᠨ ᠭᠡᠳ ᠬᠤᠳᠠ ᠭᠠᠵᠠᠷ ᠤᠨ ᠨᠢᠭᠡ ᠵᠠᠯᠠᠭᠤ ᠶᠢ ᠳᠠᠭᠠᠭᠠᠳ ᠵᠢᠯᠢᠢᠵᠠᠢ᠃ ᠠᠪᠤ ᠡᠵᠢ ᠪᠠᠰᠠ ᠡᠷᠲᠡ ᠨᠠᠰᠤ ᠪᠠᠷᠠᠭᠰᠠᠨ ᠤ ᠳᠡᠭᠡᠷ᠎ᠡ ᠬᠤᠷᠢᠮᠯᠠᠬᠤ ᠦᠶ᠎ᠡ ᠳᠤ ᠪᠠᠶᠢᠭᠰᠠᠨ ᠢᠶᠠᠨ ᠪᠠᠷᠠᠭᠰᠠᠨ ᠲᠠᠢ᠂ ᠤᠳᠤ ᠪᠢ ᠭᠠᠳᠠᠭᠰᠢ ᠭᠠᠷᠴᠤ ᠵᠢᠭᠠᠬᠠᠨ ᠠᠵᠢᠯ ᠬᠢᠵᠦ ᠵᠤᠭᠤᠰ ᠤᠯᠬᠤ ᠦᠭᠡᠢ ᠪᠤᠯ ᠡᠨᠡ ᠬᠦᠦ ᠶᠢ ᠬᠤᠵᠢᠮ ᠶᠠᠭᠠᠬᠢᠵᠤ ᠬᠦᠮᠦᠨ ᠪᠤᠯᠭᠠᠨ᠎ᠠ ᠳ᠋ᠠ⁈ ᠬᠦᠦ ᠪᠠᠨ ᠳᠠᠭᠠᠭᠤᠯᠤᠭᠠᠳ ᠶᠠᠪᠤᠶ᠎ᠠ ᠭᠡᠬᠦ ᠳᠤ ᠠᠵᠢᠯ ᠬᠢᠬᠦ ᠳᠤ ᠰᠠᠭᠠᠳ ᠪᠤᠯᠬᠤ ᠪᠢᠰᠢ ᠦᠦ︖︾ ᠭᠡᠳ ᠶᠢᠰᠦᠨ ᠪᠤᠯᠴᠢᠷᠬᠠᠢ ᠪᠠᠨ ᠲᠤᠭᠠᠴᠢᠭᠠᠳ ᠪᠠᠶᠢᠬᠤᠯᠠᠷ᠂ ᠴᠠᠭᠠᠳᠠᠢ ᠡᠪᠦᠭᠡᠨ ᠡᠨᠡᠬᠦ ᠬᠦᠭᠡᠷᠦᠬᠦᠨ ᠠᠮᠢᠲᠠᠨ ᠢ ᠦᠵᠡᠭᠡᠳ ᠡᠯᠢᠭᠡ ᠵᠢᠷᠦᠬᠡ ᠨᠢ ᠡᠮᠲᠡᠷᠡᠨ ᠲᠡᠰᠬᠦ ᠦᠭᠡᠢ ᠪᠤᠯᠬᠤ ᠳᠤ ᠪᠠᠨ ᠠᠷᠭ᠎ᠠ ᠦᠭᠡᠢ ᠵᠦᠪᠰᠢᠶᠡᠷᠡᠵᠡᠢ᠃      ᠁   ᠁   ᠁     ᠬᠠᠪᠤᠷ ᠤᠨ ᠤᠷᠢᠨ ᠬᠠᠨᠠᠭᠠᠷ ᠲᠠᠯ᠎ᠠ ᠳᠤ ᠰᠠᠭᠠᠲᠠᠨ᠂ ᠤᠷᠢᠬᠠᠨ ᠰᠠᠯᠬᠢ ᠵᠦᠭᠡᠯᠡᠨ ᠢᠯᠪᠢᠵᠤ᠂ ᠠᠭᠤᠯᠠ ᠲᠠᠯ᠎ᠠ ᠤᠰᠤᠨ ᠤᠨᠢᠶᠠᠷ ᠢᠶᠠᠷ ᠬᠦᠰᠢᠭᠡᠯᠡᠵᠡᠢ᠃ ᠠᠯᠤᠰ ᠤᠨ ᠠᠯᠤᠰ ᠠᠴᠠ ᠭᠠᠯᠠᠭᠤᠨ ᠰᠦᠷᠦᠭ ︽ᠭᠠᠩᠭᠠᠷ᠂ ᠭᠤᠩᠭᠤᠷ︾ ᠳᠤᠩᠭᠤᠳᠤᠭᠰᠠᠭᠠᠷ ᠨᠠᠭᠠᠰᠢᠯᠠᠨ᠎ᠠ᠃ ᠬᠡᠳᠦᠨ ᠪᠢᠴᠢᠬᠠᠨ ᠨᠠᠶᠢᠵᠠ ᠲᠠᠢ ᠪᠠᠨ ᠲᠤᠭᠯᠠᠵᠤ ᠪᠠᠶᠢᠭᠰᠠᠨ ᠬᠦᠭᠡᠷᠦᠬᠦᠨ ᠴᠢᠩᠭᠢᠮ ᠭᠠᠯᠠᠭᠤᠳ ᠤᠨ ᠴᠤᠪᠤᠭ᠎ᠠ ᠵᠦᠭ ᠤᠳᠠᠲᠠᠯ᠎ᠠ ᠬᠠᠷᠠᠵᠤ ᠮᠡᠯᠡᠷᠡᠵᠦ ᠪᠠᠶᠢᠭᠰᠠᠨ ᠢᠶᠠᠨ ᠪᠢᠴᠢᠬᠠᠨ ᠭᠠᠷ ᠢᠶᠠᠨ ᠠᠯᠳᠠᠯᠠᠨ ᠳᠡᠯᠭᠡᠵᠦ ᠳᠡᠪᠡᠯᠬᠢᠯᠡᠨ ᠬᠡᠰᠡᠭ ᠭᠦᠶᠦᠪᠡ᠃ ᠡᠭᠦᠨ ᠢ ᠦᠵᠡᠵᠦ ᠬᠠᠴᠢᠷᠬᠠᠨ ᠵᠤᠭᠰᠤᠭᠰᠠᠨ ᠨᠠᠶᠢᠵᠠᠰ ᠨᠢ᠄     ︽ᠴᠢᠩᠭᠢᠮ ᠡ︕ ᠴᠢ ᠪᠠᠰᠠ ᠭᠠᠯᠠᠭᠤ ᠰᠢᠭ᠋ ᠨᠢᠰᠬᠦ ᠭᠡᠵᠦ ᠪᠠᠶᠢᠨ᠎ᠠ ᠦᠦ︖︾     ︽ᠲᠡᠶᠢᠮᠦ ᠡ︕ ᠪᠢ ᠭᠠᠯᠠᠭᠤ ᠰᠢᠭ᠋ ᠨᠢᠰᠴᠦ ᠴᠢᠳᠠᠪᠠᠯ᠂ ᠡᠵᠢ ᠪᠠᠨ ᠡᠷᠢᠵᠦ ᠠᠪᠴᠢᠷᠠᠨ᠎ᠠ ᠳ᠋ᠠ᠃ ᠮᠢᠨᠦ ᠡᠵᠢ ᠭᠠᠯᠠᠭᠤ ᠬᠤᠪᠢᠯᠤᠭᠠᠳ ᠶᠠᠪᠤᠭᠰᠠᠨ︾     ︽ᠬᠡᠨ ᠬᠡᠯᠡᠵᠦ ᠪᠠᠶᠢᠬᠤ ᠪᠤᠢ︖︾     ︽ᠡᠪᠦᠭᠡ ᠲᠡᠭᠡᠵᠦ ᠬᠡᠯᠡᠵᠦ ᠦᠭᠭᠦᠭᠰᠡᠨ ᠶᠤᠮ᠃ ᠡᠪᠦᠭᠡ ᠤᠯᠠᠨ ᠶᠠᠭᠤᠮ᠎ᠠ ᠮᠡᠳᠡᠨ᠎ᠡ︾     ︽ᠡᠪᠦᠭᠡ ᠴᠢᠨᠢ ᠬᠤᠳᠠᠯ ᠬᠡᠯᠡᠵᠦ ᠪᠠᠶᠢᠨ᠎ᠠ᠃ ᠬᠡᠵᠢᠶ᠎ᠡ ᠨᠢ ᠬᠦᠮᠦᠨ ᠪᠠᠰᠠ ᠭᠠᠯᠠᠭᠤ ᠬᠤᠪᠢᠯᠵᠤ ᠪᠠᠶᠢᠭᠰᠠᠨ ᠪᠤᠢ︖ ᠪᠢᠳᠡ ᠶᠡᠷᠦ ᠰᠤᠨᠤᠰᠴᠤ ᠦᠩᠭᠡᠷᠡᠭᠰᠡᠨ ᠦᠭᠡᠢ︾     ︽ᠮᠢᠨᠦ ᠡᠪᠦᠭᠡ ᠬᠡᠵᠢᠶᠡᠳᠡ ᠬᠤᠳᠠᠯ ᠬᠡᠯᠡᠳᠡᠭ ᠦᠭᠡᠢ︕︾     ︽ᠬᠤᠳᠠᠯ᠂ ᠬᠤᠳᠠᠯ᠂ ᠱᠠᠯ ᠬᠤᠳᠠᠯ ᠁︾     ᠪᠢᠴᠢᠬᠠᠨ ᠴᠢᠩᠭᠢᠮ ᠤᠨ ᠨᠢᠳᠦᠨ ᠳᠤ ᠳᠦᠭᠦᠷᠡᠩ ᠨᠢᠯᠪᠤᠰᠤ ᠬᠤᠷᠠᠵᠤ᠂ ᠤᠬᠢᠯᠠᠮᠡᠷ ᠪᠤᠯᠵᠤ ᠪᠠᠶᠢᠪᠠ᠃ ᠲᠡᠳᠡᠭᠡᠷ ᠬᠡᠦᠬᠡᠳ ᠶᠠᠭᠤ ᠴᠤ ᠳᠤᠤᠭᠠᠷᠤᠯ ᠦᠭᠡᠢ ᠲᠡᠨᠳᠡ ᠪᠠᠨ ᠨᠢᠭᠡ ᠨᠢᠭᠡ ᠪᠠᠨ ᠬᠠᠷᠠᠭᠠᠳ ᠬᠡᠯᠡ ᠪᠠᠨ ᠪᠤᠯᠲᠠᠶᠢᠯᠭᠠᠨ ᠵᠤᠭᠰᠤᠨ᠎ᠠ᠃ ᠪᠢᠴᠢᠬᠠᠨ ᠴᠢᠩᠭᠢᠮ ᠭᠡᠷ ᠵᠦᠭ ᠢᠶᠠᠨ ᠪᠤᠭᠤᠷ ᠪᠤᠭᠤᠷ ᠭᠦᠶᠦᠪᠡ᠃ ᠨᠠᠶᠢᠵᠠ ᠨᠠᠷ ᠨᠢ ᠰᠡᠮᠡᠬᠡᠷ ᠵᠦᠭ ᠵᠦᠭ ᠲᠤ ᠪᠠᠨ ᠲᠠᠷᠬᠠᠵᠤ ᠶᠠᠪᠤᠵᠠᠢ᠃     ᠭᠠᠴᠠᠭᠠᠨ ᠠᠴᠠ ᠶᠠᠳᠠᠭᠤ ᠶᠢ ᠲᠡᠳᠭᠦᠬᠦ ᠪᠠᠷ ᠦᠭᠭᠦᠭᠰᠡᠨ ᠬᠡᠳᠦᠨ ᠬᠤᠨᠢ ᠪᠠᠨ ᠭᠤᠴᠢ ᠰᠢᠬᠠᠮ ᠪᠤᠯᠭᠠᠨ ᠠᠷᠠᠴᠢᠯᠠᠭᠰᠠᠨ ᠴᠠᠭᠠᠳᠠᠢ ᠡᠪᠦᠭᠡᠨ ᠬᠤᠨᠢ ᠪᠠᠨ ᠪᠡᠯᠴᠢᠭᠡᠭᠡᠳ ᠭᠡᠷ ᠲᠤ ᠪᠠᠨ ᠬᠠᠷᠢᠵᠤ ᠢᠷᠡᠬᠦ ᠳᠤ ᠤᠮᠪᠤᠯᠤ ᠨᠢ ᠦᠭᠡᠳᠡ ᠠᠴᠠ ᠨᠢ ᠲᠤᠰᠤᠨ ᠭᠦᠶᠦᠵᠦ ᠢᠷᠡᠭᠡᠳ᠄     ︽ᠡᠪᠦᠭᠡ ᠡ᠂ ᠡᠪᠦᠭᠡ ᠡ︕ ᠮᠢᠨᠦ ᠡᠵᠢ ᠢᠷᠡᠭᠰᠡᠨ︾     ︽ᠠ ᠬᠠ︖ ᠬᠠᠮᠢᠭ᠎ᠠ ᠪᠠᠶᠢᠨ᠎ᠠ︖︾     ︽ᠡᠵᠢ ᠪᠠᠰᠠ ᠮᠠᠰᠢ ᠤᠯᠠᠨ ᠡᠵᠢ ᠲᠠᠢ ᠬᠠᠮᠲᠤ ᠤᠮᠠᠷᠠᠰᠢ ᠨᠢᠰᠦᠨ ᠶᠠᠪᠤᠭᠰᠠᠨ ᠁︾     ︽ᠤ᠂ ᠤ᠂ ᠲᠡᠭᠡᠪᠡᠯ ᠤᠳᠠᠬᠤ ᠦᠭᠡᠢ ᠪᠤᠴᠠᠵᠤ ᠢᠷᠡᠨ᠎ᠡ ᠳ᠋ᠠ︕︾     ︽ᠡᠪᠦᠭᠡ ᠡ᠂ ᠲᠠ ᠬᠤᠳᠠᠯ ᠬᠡᠯᠡᠵᠦ ᠦᠭᠡᠢ ᠪᠠᠶᠢᠬ᠎ᠠ︖︾     ︽ᠦᠭᠡᠢ᠂ ᠦᠭᠡᠢ᠃ ᠡᠪᠦᠭᠡ ᠨᠢ ᠬᠡᠵᠢᠶ᠎ᠡ ᠨᠢ ᠬᠤᠳᠠᠯ ᠬᠡᠯᠡᠵᠦ ᠦᠩᠭᠡᠷᠡᠪᠡ ᠳ᠋ᠠ︖︾     ︽ᠲᠡᠭᠡᠭᠡᠳ ᠮᠠᠨ ᠤ ᠨᠠᠶᠢᠵᠠ ᠨᠠᠷ ᠬᠦᠮᠦᠨ ᠬᠡᠵᠢᠶᠡᠳᠡ ᠭᠠᠯᠠᠭᠤ ᠬᠤᠪᠢᠯᠵᠤ ᠴᠢᠳᠠᠬᠤ ᠦᠭᠡᠢ ᠭᠡᠨ᠎ᠡ︖︾     ︽ᠦ᠂ ᠲᠡᠳᠡ ᠤᠴᠢᠷ ᠶᠤᠰᠤ ᠶᠢ ᠮᠡᠳᠡᠬᠦ ᠦᠭᠡᠢ ᠪᠠᠶᠢᠭᠰᠠᠭᠠᠷ ᠰᠢᠦ︕︾     ︽ᠡᠩ ᠁ ᠠᠪᠤ ᠬᠡᠵᠢᠶ᠎ᠡ ᠢᠷᠡᠳᠡᠭ ᠪᠤᠯ︖︾     ︽ᠤᠳᠠᠯ ᠦᠭᠡᠢ ᠢᠷᠡᠬᠦ ᠪᠠᠶᠢᠯᠭᠦᠢ︕︾ᠦᠲᠡᠯᠦᠭᠰᠡᠨ ᠨᠢᠯᠬ᠎ᠠ ᠬᠤᠶᠠᠷ ᠶᠠᠷᠢᠯᠴᠠᠭᠰᠠᠭᠠᠷ ᠭᠡᠷ ᠲᠤ ᠪᠠᠨ ᠤᠷᠤᠭᠠᠳ ᠡᠪᠦᠭᠡᠨ ᠦᠷᠯᠦᠭᠡᠨ ᠤ ᠪᠡᠯᠡᠨ ᠴᠠᠢ ᠳᠡᠭᠡᠷ᠎ᠡ ᠪᠠᠨ ᠨᠠᠩᠬᠤ ᠲᠠᠢ ᠤᠰᠤ ᠪᠠᠨ ᠳᠦᠭᠦᠷᠭᠡᠵᠦ ᠬᠤᠪᠳᠤᠭᠯᠠᠨ ᠤᠭᠤᠴᠢᠪᠠ᠃ ᠴᠢᠮᠡᠭᠡ ᠦᠭᠡᠢ ᠬᠠᠨᠵᠤᠨ ᠢᠷᠮᠡᠭ ᠳᠡᠭᠡᠷ᠎ᠡ ᠰᠠᠭᠤᠵᠤ ᠪᠠᠶᠢᠭᠰᠠᠨ ᠪᠢᠴᠢᠬᠠᠨ ᠴᠢᠩᠭᠢᠮ᠄     ︽ᠡᠪᠦᠭᠡ ᠡ᠂ ᠮᠠᠷᠭᠠᠰᠢ ᠪᠢ ᠲᠠᠨ ᠢ ᠳᠠᠭᠠᠵᠤ ᠬᠤᠨᠢ ᠬᠠᠷᠢᠭᠤᠯᠬᠤ ᠪᠠᠷ ᠭᠠᠷᠤᠶ᠎ᠠ︕ ᠪᠤᠯᠤᠨ᠎ᠠ ᠦᠦ︖︾     ︽ᠤᠬᠠᠭᠠᠨ ᠲᠠᠢ ᠬᠦᠦ ᠮᠢᠨᠢ᠂ ᠴᠢ ᠪᠠᠭ᠎ᠠ ᠪᠠᠶᠢᠭᠰᠠᠭᠠᠷ᠃ ᠡᠪᠦᠭᠡ ᠨᠢ ᠡᠨᠡ ᠬᠡᠳᠦᠨ ᠰᠢᠭᠢᠷ᠎ᠡ ᠳᠤ ᠵᠦᠪ ᠡ︕     ︽ᠦᠭᠡᠢ᠃ ᠪᠢ ᠲᠠᠨ ᠳᠤ ᠲᠤᠰᠠ ᠪᠤᠯᠤᠶ᠎ᠠ᠃ ᠲᠠ ᠨᠠᠰᠤᠲᠠᠢ ᠬᠦᠮᠦᠨ᠂ ᠬᠤᠨᠢ ᠬᠠᠷᠢᠭᠤᠯᠤᠭᠠᠳ ᠶᠠᠳᠠᠷᠠᠨ᠎ᠠ ᠰᠢᠦ︕ ᠪᠢ ᠲᠠᠨ ᠢ ᠬᠠᠮᠵᠢᠵᠤ ᠬᠤᠨᠢ ᠡᠷᠭᠢᠭᠦᠯᠵᠦ ᠴᠢᠳᠠᠨ᠎ᠠ ᠰᠢᠦ︕︾     ︽ᠵᠠ᠂ ᠵᠠ᠂ ᠲᠡᠭᠡ ᠳ᠋ᠠ ᠁︾     ᠬᠠᠪᠤᠷ ᠴᠠᠭ ᠤᠨ ᠡᠶᠡᠪᠡᠷᠭᠦᠦ ᠨᠠᠷᠠᠨ ᠢᠯᠴᠢ ᠭᠡᠷᠡᠯ ᠢᠶᠠᠨ ᠰᠤᠶᠤᠷᠬᠠᠵᠤ᠂ ᠠᠭᠤᠯᠠᠨ ᠡᠩᠭᠡᠷ ᠢᠶᠠᠷ ᠭᠤᠯᠭᠤᠢ ᠳᠡᠯᠭᠡᠷᠡᠨ ᠵᠤᠤᠮᠠᠯᠵᠠᠨ᠂ ᠬᠠᠭᠳᠠ ᠨᠤᠭᠤᠭ᠎ᠠ ᠰᠠᠶ᠋ᠢᠬᠠᠨ ᠨᠢᠳᠦᠯᠡᠵᠦ ᠪᠠᠶᠢᠪᠠ᠃ ᠦᠨᠦᠴᠢᠨ ᠬᠤᠷᠠᠭ᠎ᠠ ᠨᠢ ᠰᠦᠷᠦᠭ ᠢᠶᠠᠨ ᠳᠠᠭᠠᠬᠤ ᠦᠭᠡᠢ ᠶᠡᠷᠦ ᠡᠵᠡᠨ ᠢᠶᠠᠨ ᠡᠷᠭᠢᠴᠡᠨ ᠳᠠᠭᠠᠭᠠᠳ ᠰᠠᠯᠬᠤ ᠦᠭᠡᠢ ᠳᠤ ᠴᠢᠩᠭᠢᠮ ᠨᠢᠯᠬ᠎ᠠ ᠬᠤᠷᠠᠭ᠎ᠠ ᠶᠢ ᠬᠦᠵᠦᠭᠦᠳᠡᠨ ᠲᠡᠪᠡᠷᠢᠵᠦ ᠡᠪᠡᠰᠦ ᠢᠳᠡᠭᠦᠯᠬᠦ ᠭᠡᠵᠦ ᠤᠷᠤᠯᠳᠤᠨ᠎ᠠ᠃ ᠡᠨᠡ ᠦᠶ᠎ᠡ ᠳᠤ ᠬᠡᠳᠦᠨ ᠪᠦᠳᠦᠭᠦᠨ ᠬᠤᠨᠢ ᠨᠢ ᠭᠤᠯᠭᠤᠢ ᠴᠡᠴᠡᠭ ᠬᠦᠭᠡᠭᠡᠳ ᠬᠤᠯᠠ ᠰᠢᠭ᠋ ᠰᠠᠯᠤᠭᠰᠠᠨ ᠢ ᠪᠢᠴᠢᠬᠠᠨ ᠬᠦᠦ ᠤᠯᠵᠤ ᠦᠵᠡᠮᠡᠭᠴᠡ᠄     ︽ᠡᠪᠦᠭᠡ ᠡ᠂ ᠲᠠ ᠰᠠᠭᠤᠵᠤ ᠠᠮᠠᠷᠠᠵᠤ ᠪᠠᠢ︕ ᠪᠢ ᠤᠴᠢᠭᠠᠳ ᠡᠷᠭᠢᠭᠦᠯᠦᠶ᠎ᠡ︕︾ ᠭᠡᠳ ᠪᠦᠵᠢᠷ ᠪᠦᠵᠢᠷ ᠭᠦᠶᠦᠪᠡ᠃ ᠡᠪᠦᠭᠡᠨ ᠬᠤᠶᠢᠨ᠎ᠠ ᠠᠴᠠ ᠨᠢ ᠬᠠᠷᠠᠭᠠᠳ᠄ ︽ᠮᠠᠭᠤ ᠨᠤᠬᠠᠢ ᠠᠴᠠ ᠳᠡᠭᠡᠷ᠎ᠡ ᠡ︾ ᠭᠡᠵᠦ ᠠᠮᠠᠨ ᠳᠤ ᠪᠠᠨ ᠲᠦᠳᠦᠨᠡᠪᠡ᠃     ᠁      ᠁      ᠁     ᠪᠢᠴᠢᠬᠠᠨ ᠴᠢᠩᠭᠢᠮ ᠤᠨ ᠠᠪᠤ ᠨᠢ ᠬᠤᠲᠠ ᠳᠤ ᠠᠵᠢᠯ ᠬᠢᠬᠦ ᠪᠠᠷ ᠶᠠᠪᠤᠭᠰᠠᠨ ᠤ ᠳᠠᠷᠠᠭ᠎ᠠ ᠨᠢᠳᠦᠨᠦᠨ ᠵᠢᠯ ᠤᠨ ᠪᠢᠲᠡᠭᠦᠨ ᠤ ᠡᠮᠦᠨ᠎ᠡ ᠬᠡᠳᠦᠨ ᠡᠳᠦᠷ ᠯᠡ ᠰᠠᠶ᠋ᠢ ᠪᠤᠴᠠᠵᠤ ᠢᠷᠡᠵᠡᠢ᠃ ᠴᠢᠩᠭᠢᠮ ᠪᠤᠯᠤᠨ ᠡᠪᠦᠭᠡ ᠳᠤ ᠨᠢ ᠪᠦᠭᠡᠮ ᠪᠠᠶᠠᠷ ᠪᠤᠯᠪᠠ᠃ ᠬᠦᠦ ᠶᠢᠨ ᠠᠪᠤ ᠨᠢ ᠪᠤᠭᠴᠤ ᠠᠴᠠ ᠪᠠᠨ ᠬᠤᠲᠠ ᠭᠠᠵᠠᠷ ᠤᠨ ᠠᠮᠲᠠᠲᠠᠢ ᠢᠳᠡᠭᠡᠨ ᠭᠠᠷᠭᠠᠵᠤ ᠡᠪᠦᠭᠡ ᠤᠮᠪᠤᠯᠤ ᠬᠤᠶᠠᠷ ᠲᠤ ᠦᠭᠪᠡ᠃ ᠪᠢᠴᠢᠬᠠᠨ ᠴᠢᠩᠭᠢᠮ ᠠᠪᠤ ᠶᠢᠨ ᠢᠶᠠᠨ ᠠᠪᠴᠢᠷᠠᠵᠤ ᠦᠭᠭᠦᠭᠰᠡᠨ ᠰᠢᠨ᠎ᠡ ᠬᠤᠪᠴᠠᠰᠤ ᠶᠢ ᠡᠮᠦᠰᠴᠤ ᠬᠠᠶᠠ ᠨᠠᠭᠠᠰᠢ ᠴᠠᠭᠠᠰᠢ ᠳᠡᠭᠳᠡᠨ ᠬᠠᠷᠠᠶᠢᠯᠠᠨ ᠭᠦᠶᠦᠨ᠎ᠡ᠃ ᠬᠠᠶᠠ ᠠᠮᠲᠠᠲᠤ ᠢᠳᠡᠭᠡᠨ ᠠᠴᠠ ᠨᠢ ᠤᠷᠪᠠᠭᠤᠯᠤᠨ ᠬᠦᠷᠪᠡᠭᠦᠯᠵᠦ ᠦᠵᠡᠭᠡᠳ ᠬᠡᠳᠦ ᠡᠮᠬᠦᠯᠡᠨ᠂ ᠵᠠᠷᠢᠮ ᠢ ᠨᠢ ᠠᠪᠳᠠᠷ᠎ᠠ ᠬᠤᠷᠤᠭᠤ ᠳᠤ ᠪᠠᠨ ᠬᠤᠷᠢᠶᠠᠨ ᠠᠪᠤ ᠪᠤᠯᠤᠨ ᠡᠪᠦᠭᠡ ᠬᠤᠶᠠᠷ ᠤᠨ ᠢᠶᠠᠨ ᠶᠠᠷᠢᠯᠴᠠᠭ᠎ᠠ ᠶᠢ ᠬᠠᠷᠰᠢᠯᠠᠬᠤ ᠴᠤ ᠦᠭᠡᠢ ᠬᠤᠪᠢ ᠪᠠᠨ ᠰᠠᠬᠢᠵᠤ ᠮᠤᠩᠭᠢᠨᠠᠵᠤ ᠯᠡ ᠪᠠᠶᠢᠯ᠎ᠠ᠃     ᠠᠪᠤ ᠨᠢ ᠢᠷᠡᠭᠰᠡᠨ ᠲᠡᠷᠡ ᠴᠠᠭ ᠠᠴᠠ ᠪᠢᠴᠢᠬᠠᠨ ᠴᠢᠩᠭᠢᠮ ᠠᠪᠤ ᠠᠴᠠ ᠪᠠᠨ ᠲᠦᠭᠡ ᠰᠠᠯᠬᠤ ᠦᠭᠡᠢ ᠳᠠᠭᠠᠨ᠎ᠠ᠃ ᠪᠢᠴᠢᠬᠠᠨ ᠬᠦᠦ᠂ ᠠᠪᠤ ᠪᠠᠨ ᠰᠦᠷᠡᠬᠡᠢ ᠰᠠᠨᠠᠵᠠᠢ᠃ ᠪᠢᠴᠢᠬᠠᠨ ᠬᠦᠦ ᠠᠪᠤ ᠶᠢᠨ ᠢᠶᠠᠨ ᠬᠦᠵᠦᠭᠦᠦ ᠪᠠᠷ ᠲᠠᠰᠤ ᠲᠡᠪᠡᠷᠢᠨ ᠦᠭᠡ ᠳᠠᠭᠤ ᠦᠭᠡᠢ ᠬᠡᠪᠲᠡᠵᠦ ᠪᠠᠶᠢᠭᠰᠠᠨ ᠢᠶᠠᠨ ᠶᠠᠭᠤ ᠨᠢᠭᠡ ᠶᠢ ᠰᠠᠨᠠᠵᠤ ᠤᠯᠤᠭᠰᠠᠨ ᠪᠤᠯᠤᠯᠲᠠᠢ᠂ ᠳᠠᠪᠬᠤᠷ ᠠᠯᠠᠭ ᠨᠢᠳᠦ ᠪᠠᠨ ᠲᠤᠷᠮᠤᠯᠵᠠᠭᠤᠯᠤᠨ ᠪᠠᠶᠢᠵᠤ᠄     ︽ᠠᠪᠤ ᠡ᠂ ᠡᠵᠢ ᠭᠠᠯᠠᠭᠤ ᠬᠤᠪᠢᠯᠤᠭᠠᠳ ᠶᠠᠪᠤᠴᠢᠬᠠᠭᠰᠠᠨ᠃ ᠲᠡᠶᠢᠮᠦ ᠦᠦ︖︾     ︽ᠬᠡᠨ ᠬᠡᠯᠡᠵᠦ ᠪᠠᠶᠢᠬᠤ ᠪᠤᠢ︖︾     ︽ᠡᠪᠦᠭᠡ ᠬᠡᠯᠡᠵᠦ ᠪᠠᠶᠢᠨ᠎ᠠ︾     ︽ᠲᠡᠶᠢᠮᠦ᠂ ᠲᠡᠶᠢᠮᠦ᠃ ᠡᠪᠦᠭᠡ ᠴᠢᠨᠢ ᠬᠡᠯᠡᠵᠦ ᠪᠠᠶᠢᠪᠠᠯ ᠦᠨᠡᠨ ᠰᠢᠦ︕︾     ︽ᠠᠪᠤ ᠡ᠂ ᠲᠠ ᠶᠠᠪᠤᠬᠤ ᠦᠭᠡᠢ ᠪᠠᠶᠢᠵᠤ ᠪᠤᠯᠤᠨ᠎ᠠ ᠦᠦ︖︾     ︽ᠠᠪᠤ ᠨᠢ ᠶᠠᠪᠤᠬᠤ ᠦᠭᠡᠢ ᠪᠤᠯᠬᠤ ᠦᠭᠡᠢ ᠰᠢᠦ᠃ ᠠᠪᠤ ᠨᠢ ᠤᠯᠠᠨ ᠵᠤᠭᠤᠰ ᠤᠯᠬᠤ ᠬᠡᠷᠡᠭᠲᠡᠢ᠃ ᠲᠡᠭᠡᠪᠡᠯ ᠭᠠᠯᠠᠭᠤ ᠬᠤᠪᠢᠯᠤᠭᠠᠳ ᠶᠠᠪᠤᠭᠰᠠᠨ ᠡᠵᠢ ᠶᠢ ᠴᠢᠨᠢ ᠳᠠᠬᠢᠵᠤ ᠬᠦᠮᠦᠨ ᠬᠤᠪᠢᠯᠭᠠᠵᠤ ᠠᠪᠴᠢᠷᠠᠵᠤ ᠳᠡᠶᠢᠯᠦᠨ᠎ᠡ ᠰᠢᠦ᠂ ᠬᠦᠦ ᠮᠢᠨᠢ︕︾ ᠭᠡᠬᠦ ᠳᠤ ᠬᠡᠰᠡᠭ ᠳᠠᠭᠤ ᠦᠭᠡᠢ ᠬᠡᠪᠲᠡᠭᠰᠡᠨ ᠪᠢᠴᠢᠬᠠᠨ ᠬᠦᠦ᠄     ︽ᠵᠠ᠂ ᠲᠡᠭᠡᠪᠡᠯ ᠠᠪᠤ ᠲᠠ ᠰᠠᠨᠠᠭ᠎ᠠ ᠠᠮᠠᠷ ᠶᠠᠪᠤ ᠡ᠃ ᠬᠤᠷᠳᠤᠨ ᠠᠷᠪᠢᠨ ᠠᠷᠪᠢᠨ ᠵᠤᠭᠤᠰ ᠤᠯᠵᠤ ᠡᠵᠢ ᠲᠠᠢ ᠴᠤᠭ ᠢᠷᠡᠭᠡᠷᠡᠢ᠃ ᠪᠢ ᠡᠪᠦᠭᠡ ᠶᠢᠨ ᠦᠭᠡ ᠶᠢ ᠰᠠᠶᠢᠨ ᠰᠤᠨᠤᠰᠴᠤ ᠤᠬᠠᠭᠠᠨ ᠲᠠᠢ ᠰᠠᠭᠤᠵᠤ ᠪᠠᠶᠢᠶ᠎ᠠ︕ ︾ ᠭᠡᠳ ᠳᠠᠬᠢᠨ ᠨᠢᠳᠦ ᠪᠠᠨ ᠠᠨᠢᠨ ᠬᠡᠰᠡᠭ ᠳᠠᠭᠤ ᠦᠭᠡᠢ ᠪᠤᠯᠤᠭᠰᠠᠨ ᠢᠶᠠᠨ ᠨᠢᠳᠦ ᠪᠠᠨ ᠠᠨᠢᠪᠴᠢᠵᠤ᠄     ︽ᠠᠪᠤ ᠡ︕︾     ︽ᠠᠢ︕︾     ︽ᠡᠪᠦᠭᠡ ᠨᠠᠳᠠ ᠳᠤ ᠤᠯᠠᠨ ᠶᠠᠭᠤᠮ᠎ᠠ ᠵᠢᠭᠠᠵᠤ ᠦᠭᠭᠦᠭᠰᠡᠨ᠃ ᠪᠠᠰᠠ ᠤᠯᠠᠨ ᠦᠯᠢᠭᠡᠷ ᠶᠠᠷᠢᠵᠤ ᠦᠭᠴᠡᠢ᠃ ᠪᠠᠰᠠ᠂ ᠪᠠᠰᠠ ᠁ ᠠ᠂ ᠡ᠂ ᠢ ᠁ ᠨᠢᠭᠡ᠂ ᠬᠤᠶᠠᠷ ᠲᠤᠭ᠎ᠠ ᠵᠢᠭᠠᠵᠤ ᠦᠭᠭᠦᠭᠰᠡᠨ ᠁︾ ᠭᠡᠬᠦ ᠳᠤ ᠠᠪᠤ ᠨᠢ ᠭᠡᠨᠡᠳᠲᠡ ᠶᠠᠮᠠᠷ ᠨᠢᠭᠡ ᠤᠴᠢᠷ ᠢ ᠰᠠᠨᠠᠵᠤ ᠤᠯᠤᠭᠰᠠᠨ ᠢᠶᠠᠨ᠄     ︽ᠮᠢᠨᠦ ᠬᠦᠦ ᠤᠳᠠᠯ ᠦᠭᠡᠢ ᠬᠡᠦᠬᠡᠳ ᠤᠨ ᠴᠡᠴᠡᠷᠯᠢᠭ ᠲᠤ ᠰᠠᠭᠤᠬᠤ ᠪᠤᠯᠵᠠᠢ︾ ᠭᠡᠬᠦ ᠳᠤ᠄     ︽ᠠᠪᠤ ᠡ᠂ ᠪᠢ ᠬᠡᠦᠬᠡᠳ ᠤᠨ ᠴᠡᠴᠡᠷᠯᠢᠭ ᠲᠤ ᠰᠠᠭᠤᠬᠤ ᠦᠭᠡᠢ︾     ︽ᠶᠠᠭᠠᠬᠢᠭᠠᠳ︖︾     ︽ᠰᠤᠨᠤᠰᠬᠤᠯᠠᠷ ᠲᠡᠷᠡ ᠬᠡᠦᠬᠡᠳ ᠤᠨ ᠴᠡᠴᠡᠷᠯᠢᠭ ᠴᠢᠨᠢ ᠪᠠᠰᠠ ᠵᠤᠭᠤᠰ ᠠᠪᠤᠨ᠎ᠠ ᠭᠡᠨ᠎ᠡ᠃ ᠪᠢᠳᠡᠨ ᠳᠤ ᠲᠡᠶᠢᠮᠦ ᠠᠷᠪᠢᠨ ᠵᠤᠭᠤᠰ ᠦᠭᠡᠢ᠃ ᠪᠢ ᠡᠪᠦᠭᠡ ᠠᠴᠠ ᠪᠠᠨ ᠮᠠᠰᠢ ᠠᠷᠪᠢᠨ ᠶᠠᠭᠤᠮ᠎ᠠ ᠤᠯᠵᠤ ᠰᠤᠷᠴᠠᠢ᠃ ᠲᠠ ᠵᠤᠭᠤᠰ ᠤᠯᠪᠠᠯ ᠡᠵᠢ ᠶᠢ ᠬᠦᠮᠦᠨ ᠬᠤᠪᠢᠯᠭᠠᠭᠠᠳ ᠠᠪᠴᠢᠷᠠᠪᠠᠯ ᠪᠤᠯᠴᠢᠬᠠᠨ᠎ᠠ︕︾ ᠁     ᠵᠤᠨ ᠤ ᠰᠡᠭᠦᠯ ᠰᠢᠪᠲᠤᠷᠴᠤ᠂ ᠨᠠᠮᠤᠷ ᠤᠨ ᠬᠤᠩᠭᠤᠷ ᠰᠠᠯᠬᠢ ᠰᠡᠳᠭᠢᠯ ᠭᠡᠵᠢᠭᠡᠳᠡᠨ ᠰᠡᠪᠡᠯᠵᠡᠭᠡᠳ᠂ ᠪᠢᠳᠤᠷᠶ᠎ᠠ ᠬᠦᠬᠡ ᠤᠭᠲᠠᠷᠭᠤᠢ ᠶᠢᠨ ᠴᠡᠭᠡᠯ ᠢᠶᠠᠷ ᠬᠡᠰᠡᠭ ᠬᠡᠰᠡᠭ ᠬᠦᠪᠦᠩ ᠡᠭᠦᠯᠡᠰ ᠬᠦᠪᠦᠯᠵᠡᠨ᠂ ᠪᠤᠯᠪᠠᠰᠤᠷᠠᠵᠤ ᠪᠠᠶᠢᠭ᠎ᠠ ᠡᠪᠡᠰᠦ ᠰᠢᠷᠠᠯᠵᠢ᠂ ᠲᠠᠷᠢᠶ᠎ᠠ ᠲᠦᠮᠦᠰᠦ ᠶᠢᠨ ᠠᠩᠭᠢᠯᠤᠮ᠎ᠠ ᠦᠨᠦᠷ ᠰᠡᠷᠡᠯ ᠢ ᠭᠡᠳᠡᠭᠡᠯᠡᠨ ᠰᠡᠳᠭᠢᠯ ᠳᠤ ᠨᠢᠭᠡ ᠲᠠᠭᠠᠲᠠᠶᠢᠬᠠᠨ᠃     ᠴᠠᠭᠠᠳᠠᠢ ᠡᠪᠦᠭᠡᠨ ᠦᠨᠦᠳᠦᠷ ᠬᠤᠨᠢ ᠬᠤᠳᠠᠯᠳᠤᠬᠤ ᠪᠠᠷ ᠨᠢᠭᠡ ᠬᠦᠮᠦᠨ ᠢ ᠳᠠᠭᠠᠭᠤᠯᠤᠨ ᠢᠷᠡᠵᠡᠢ᠃ ᠡᠪᠦᠭᠡᠨ ᠲᠡᠷᠡ ᠬᠦᠮᠦᠨ ᠢ ᠳᠠᠭᠠᠭᠤᠯᠤᠨ ᠬᠤᠨᠢ ᠶᠢᠨ ᠬᠠᠰᠢᠶ᠎ᠠ ᠬᠦᠷᠳᠡᠯ᠎ᠠ ᠪᠢᠴᠢᠬᠠᠨ ᠴᠢᠩᠭᠢᠮ ᠭᠦᠶᠦᠵᠦ ᠢᠷᠡᠭᠡᠳ᠄     ︽ᠶᠠᠭᠠᠬᠢᠬᠤ ᠭᠡᠵᠦ ᠪᠠᠶᠢᠬᠤ ᠶᠤᠮ︖ ᠡᠪᠦᠭᠡ ᠡ︕︾     ︽ᠨᠢᠭᠡ ᠬᠤᠨᠢ ᠬᠤᠳᠠᠯᠳᠤᠶ᠎ᠠ᠃ ᠮᠠᠷᠭᠠᠰᠢ ᠶᠢᠰᠦᠨ ᠰᠠᠷ᠎ᠠ ᠶᠢᠨ ᠨᠢᠭᠡᠨ ᠪᠤᠯᠴᠢᠬᠠᠨ᠎ᠠ᠃ ᠴᠢᠮ᠎ᠠ ᠶᠢ ᠬᠡᠦᠬᠡᠳ ᠤᠨ ᠴᠡᠴᠡᠷᠯᠢᠭ ᠲᠤ ᠬᠦᠷᠭᠡᠵᠦ ᠡᠷᠳᠡᠮ ᠰᠤᠷᠭᠠᠨ᠎ᠠ ᠳ᠋ᠠ︕︾     ︽ᠮᠢᠨᠦ ᠬᠤᠨᠢ ᠶᠢ ᠪᠤᠤ ᠬᠤᠳᠠᠯᠳᠤ ᠡ᠂ ᠡᠪᠦᠭᠡ ᠡ᠃ ᠬᠤᠨᠢ ᠪᠠᠨ ᠬᠤᠳᠠᠯᠳᠤᠭᠠᠳ ᠬᠤᠵᠢᠮ ᠪᠢᠳᠡ ᠶᠠᠭᠠᠬᠢᠵᠤ ᠠᠮᠢᠳᠤᠷᠠᠬᠤ ᠶᠤᠮ ᠪᠤᠢ︖︾ ᠭᠡᠳ ᠬᠦᠦ ᠡᠭᠡᠷ ᠲᠠᠲᠠᠨ ᠤᠬᠢᠯᠠᠪᠠ᠃     ︽ᠤ ᠁ ᠬᠠᠮᠢᠶ᠎ᠠ ᠦᠭᠡᠢ᠃ ᠬᠤᠨᠢ ᠭᠡᠰᠡᠨ ᠴᠢᠨᠢ ᠮᠠᠰᠢ ᠬᠤᠷᠳᠤᠨ ᠦᠷᠡᠵᠢᠵᠦ᠂ ᠠᠷᠪᠢᠨ ᠬᠤᠨᠢ ᠪᠤᠯᠴᠢᠬᠠᠬᠤ ᠶᠤᠮ ᠰᠢᠦ︕︾ ᠭᠡᠵᠦ ᠡᠪᠦᠭᠡ ᠨᠢ ᠠᠷᠭᠠᠳᠠᠬᠤ ᠳᠤ ᠬᠦᠦ ᠲᠡᠨᠳᠡ ᠪᠠᠨ ᠲᠠᠭ ᠴᠢᠮᠡᠭᠡ ᠦᠭᠡᠢ ᠶᠠᠭᠤ ᠨᠢᠭᠡ ᠶᠢ ᠪᠤᠳᠤᠨ ᠬᠤᠷᠤᠭᠤ ᠪᠠᠨ ᠰᠢᠮᠡᠨ ᠵᠤᠭᠰᠤᠬᠤ ᠳᠤ ᠨᠢᠯᠪᠤᠰᠤ ᠨᠢ ᠬᠠᠮᠠᠷ ᠢ ᠨᠢ ᠬᠠᠪᠴᠢᠨ ᠪᠤᠨᠳᠤᠭᠤᠷ ᠬᠠᠴᠠᠷ ᠢ ᠨᠢ ᠲᠠᠭᠠᠨ ᠤᠷᠤᠰᠤᠭᠰᠠᠭᠠᠷ ᠪᠠᠶᠢᠪᠠ᠃ ᠴᠠᠭᠠᠳᠠᠢ ᠡᠪᠦᠭᠡᠨ ᠨᠢᠭᠡ ᠢᠷᠭᠡ ᠪᠠᠨ ᠦᠨᠳᠦᠷ ᠦᠨ᠎ᠡ ᠪᠠᠷ ᠬᠤᠳᠠᠯᠳᠤᠭᠠᠳ ᠪᠠᠶᠠᠷᠲᠠᠢ ᠤᠷᠤᠵᠤ ᠢᠷᠡᠪᠡ᠃     ᠮᠠᠷᠭᠠᠰᠢ ᠶᠢᠨ ᠨᠠᠷᠨ ᠪᠢᠲᠡᠭᠦᠦ ᠪᠠᠷ ᠡᠪᠦᠭᠡ ᠤᠮᠪᠤᠯᠤ ᠬᠤᠶᠠᠷ ᠬᠤᠶᠠᠷ ᠠᠶᠢᠯ ᠤᠨ ᠨᠢᠭᠡ ᠳᠦᠷᠢᠶᠡᠰᠦᠨ ᠮᠠᠰᠢᠨ ᠳᠤ ᠰᠠᠭᠤᠭᠠᠳ ᠰᠤᠮᠤ ᠶᠢᠨ ᠲᠦᠪ ᠢ ᠴᠢᠭᠯᠡᠵᠡᠢ᠃ ᠵᠠᠮ ᠲᠤᠵᠢ ᠡᠪᠦᠭᠡ ᠤᠮᠪᠤᠯᠤ ᠬᠤᠶᠠᠷ ᠦᠪᠡᠷ ᠦᠪᠡᠷ ᠤᠨ ᠪᠤᠳᠤᠯ ᠳᠤ ᠪᠠᠨ ᠠᠪᠲᠠᠵᠤ ᠳᠡᠮᠡᠢ ᠦᠭᠡ ᠶᠠᠷᠢᠭ᠎ᠠ ᠦᠭᠡᠢ᠂ ᠤᠳᠠᠵᠤ ᠲᠦᠳᠡᠯ ᠦᠭᠡᠢ ᠰᠤᠮᠤ ᠶᠢᠨ ᠲᠦᠪ ᠬᠦᠷᠴᠦ ᠪᠢᠷ ᠴᠠᠭᠠᠰᠤ ᠭᠡᠲᠡᠯ᠎ᠡ ᠪᠤᠭᠴᠤ ᠭᠡᠳ ᠪᠦᠷᠢᠨ ᠲᠦᠭᠦᠷ ᠠᠪᠤᠪᠠ᠃ ᠲᠡᠭᠡᠭᠡᠳ ᠬᠡᠦᠬᠡᠳ ᠤᠨ ᠴᠡᠴᠡᠷᠯᠢᠭ ᠵᠦᠭ ᠶᠠᠪᠤᠵᠤ ᠪᠠᠶᠢᠲᠠᠯ᠎ᠠ ᠡᠪᠦᠭᠡᠨ ᠤ ᠭᠠᠷ ᠤᠲᠠᠰᠤ ᠨᠢ ᠲᠠᠩᠭᠢᠨᠠᠨ ᠳᠤᠤᠭᠠᠷᠪᠠ᠃ ᠡᠪᠦᠭᠡᠨ ᠭᠠᠷ ᠤᠲᠠᠰᠤ ᠪᠠᠨ ᠨᠢᠳᠦ ᠪᠠᠨ ᠰᠢᠬᠢᠯᠭᠡᠨ ᠪᠠᠶᠢᠵᠤ ᠦᠵᠡᠭᠰᠡᠨ ᠢᠶᠠᠨ ᠴᠢᠩᠭᠢᠮ ᠵᠦᠭ ᠬᠠᠨᠲᠤᠨ᠄     ︽ᠠᠪᠤ ᠴᠢᠨᠢ ᠪᠠᠶᠢᠨ᠎ᠠ︕︾ ᠭᠡᠬᠦ ᠳᠤ ᠪᠢᠴᠢᠬᠠᠨ ᠴᠢᠩᠭᠢᠮ ᠨᠢᠳᠦ ᠲᠤᠷᠮᠤᠯᠵᠠᠭᠤᠯᠤᠨ ᠡᠪᠦᠭᠡ ᠪᠤᠯᠤᠨ ᠠᠪᠤ ᠬᠤᠶᠠᠷ ᠤᠨ ᠢᠶᠠᠨ ᠶᠠᠷᠢᠯᠴᠠᠭ᠎ᠠ ᠶᠢ ᠴᠢᠩᠨᠠᠨ᠎ᠠ᠃     ︽ᠠᠪᠤ ᠡ᠂ ᠪᠢ ᠬᠦᠯᠦᠰᠦᠨ ᠮᠦᠩᠭᠦ ᠪᠠᠨ ᠪᠦᠬᠦᠨ ᠢ ᠤᠯᠴᠢᠬᠠᠭᠰᠠᠨ ᠰᠢᠤ ᠁ ᠤᠳᠤ ᠪᠢ ᠨᠤᠲᠤᠭ ᠲᠤ ᠪᠠᠨ ᠬᠠᠷᠢᠨ᠎ᠠ︾     ︽ᠦ ᠁ ᠶᠡᠭᠡ ᠰᠠᠶᠢᠨ ᠪᠤᠯᠤᠯ᠎ᠠ ᠁︾     ︽ᠴᠢᠩᠭᠢᠮ ᠬᠠᠵᠠᠭᠤ ᠳᠤ ᠴᠢᠨᠢ ᠪᠠᠶᠢᠨ᠎ᠠ ᠦᠦ︖︾ ᠭᠡᠰᠡᠨ ᠳᠤ ᠴᠠᠭᠠᠳᠠᠢ ᠡᠪᠦᠭᠡᠨ᠄ ︽ᠪᠠᠶᠢᠨ᠎ᠠ᠂ ᠪᠠᠶᠢᠨ᠎ᠠ ︕︾ ᠭᠡᠵᠦ ᠬᠤᠭᠤᠯᠠᠢ ᠨᠢ ᠪᠦᠷ ᠴᠡᠴᠡᠷᠬᠢᠯᠡᠵᠦ᠂ ᠨᠢᠳᠦ ᠳᠦᠭᠦᠷᠡᠩ ᠵᠠᠶᠢᠷ ᠭᠦᠶᠦᠯᠭᠡᠨᠡᠭᠰᠡᠭᠡᠷ ᠭᠠᠷ ᠤᠲᠠᠰᠤ ᠪᠠᠨ ᠴᠢᠩᠭᠢᠮ ᠳᠤ ᠭᠠᠷᠲᠠᠭᠤᠯᠪᠠ᠃ ᠴᠢᠩᠭᠢᠮ ᠤᠨ ᠪᠠᠶᠠᠷᠯᠠᠭᠰᠠᠨ ᠭᠡᠵᠢ ᠡ᠃ ᠭᠠᠷ ᠤᠲᠠᠰᠤ ᠶᠢ ᠲᠤᠰᠴᠤ ᠠᠪᠤᠮᠠᠭᠴᠠ᠄     ︽ᠠᠪᠤ ᠡ᠂ ᠪᠢ ᠴᠢᠩᠭᠢᠮ ᠪᠠᠶᠢᠨ᠎ᠠ︾     ︽ᠮᠢᠨᠦ ᠬᠦᠦ ᠁ ᠮᠢᠨᠦ ᠬᠦᠦ ᠠᠪᠤ ᠪᠠᠨ ᠰᠠᠨᠠᠭᠰᠠᠨ ᠦᠦ︖︾     ︽ᠡᠩ ᠁ ᠠᠪᠤ ᠡ᠂ ᠪᠢ ᠲᠠᠨ ᠢ ᠶᠡᠭᠡ ᠰᠠᠨᠠᠵᠤ ᠪᠠᠶᠢᠨ᠎ᠠ᠃ ᠲᠠ ᠬᠡᠵᠢᠶ᠎ᠡ ᠭᠡᠷ ᠲᠤ ᠪᠠᠨ ᠢᠷᠡᠬᠦ ᠪᠤᠢ︖ ᠪᠢ ᠲᠠᠨ ᠤ ᠦᠭᠡ ᠪᠠᠷ ᠡᠪᠦᠭᠡ ᠪᠠᠨ ᠶᠡᠷᠦ ᠵᠤᠪᠠᠭᠠᠭᠰᠠᠨ ᠦᠭᠡᠢ ᠰᠢᠦ︕︾     ︽ᠤ᠂ ᠤ ᠁ ᠮᠢᠨᠦ ᠬᠦᠦ᠂ ᠤᠬᠠᠭᠠᠨ ᠲᠠᠢ ᠬᠦᠦ ᠪᠠᠶᠢᠨ᠎ᠠ᠃ ᠠᠪᠤ ᠨᠢ ᠮᠠᠷᠭᠠᠰᠢ ᠶᠢᠨ ᠲᠡᠷᠭᠡᠨ ᠳᠡᠭᠡᠷ᠎ᠡ ᠭᠠᠷᠪᠠᠯ ᠨᠦᠭᠦᠭᠡᠳᠦᠷ ᠭᠡᠷ ᠲᠤ ᠪᠠᠨ ᠬᠦᠷᠴᠢᠬᠡᠨ᠎ᠡ︾ᠬᠤᠩᠭᠤᠷ ᠰᠠᠯᠬᠢ ᠬᠦᠮᠦᠰ ᠤᠨ ᠪᠤᠬᠢᠨᠢᠳᠤᠯ ᠵᠤᠪᠠᠨᠢᠯ ᠪᠦᠬᠦᠨ ᠢ ᠠᠷᠴᠢᠨ ᠦᠯᠳᠡᠬᠦ ᠭᠡᠰᠡᠨ ᠶᠤᠮ ᠰᠢᠭ ᠢᠯᠪᠢᠨ ᠦᠯᠢᠶᠡᠵᠦ ᠯᠡ ᠪᠠᠶᠢᠯ᠎ᠠ᠃ ᠪᠢᠴᠢᠬᠠᠨ ᠴᠢᠩᠭᠢᠮ ᠰᠢᠨ᠎ᠡ ᠪᠤᠭᠴᠤ ᠪᠠᠨ ᠮᠦᠷᠦᠯᠡᠨ ᠡᠪᠦᠭᠡ ᠪᠠᠷ ᠢᠶᠠᠨ ᠬᠦᠲᠦᠯᠦᠭᠦᠯᠵᠦ ᠤᠮᠤᠭᠯᠠᠩ ᠠᠯᠬᠤᠭᠰᠠᠭᠠᠷ ᠬᠡᠦᠬᠡᠳ ᠤᠨ ᠴᠡᠴᠡᠷᠯᠢᠭ ᠢ ᠵᠤᠷᠢᠯ᠎ᠠ ᠁        ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠵᠢᠷᠢᠮ ᠳᠤᠮᠳᠠᠳᠤ ᠰᠤᠷᠭᠠᠭᠤᠯᠢ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号