ᠰᠢᠨᠬᠤᠸᠠ ᠬᠤᠷᠢᠶᠠᠨ ᠤ ᠮᠡᠳᠡᠭᠡᠯᠡᠯ ᠢ ᠦᠨᠳᠦᠰᠦᠯᠡᠪᠡᠯ᠂ ᠤᠯᠤᠰ ᠤᠨ ᠡᠷᠡᠭᠦᠯ ᠬᠠᠮᠠᠭᠠᠯᠠᠯ ᠡᠷᠡᠭᠦᠯ | ᠮᠡᠨᠳᠦ ᠶᠢᠨ ᠵᠥᠪᠯᠡᠯ ᠤᠨ ᠠᠯᠪᠠᠨ ᠲᠢᠩᠬᠢᠮ ᠣᠶᠢᠷ᠎ᠠ ᠳᠤ ︽ᠭᠠᠩᠰᠠᠷᠠᠬᠤ ᠭᠡᠮ ᠢ ᠰᠡᠷᠭᠡᠶᠢᠯᠡᠨ ᠵᠠᠰᠠᠬᠤ | ᠣᠨᠴᠠᠯᠢᠭᠲᠤ ᠦᠢᠯᠡᠴᠢᠯᠡᠭᠡᠨ ᠤ ᠠᠵᠢᠯ ᠤᠨ ᠲᠥᠰᠦᠯ︾ ᠢ ᠨᠡᠶᠢᠲᠡᠯᠡᠵᠦ᠂ ᠭᠠᠩᠰᠠᠷᠠᠬᠤ ᠭᠡᠮ ᠢ ᠰᠡᠷᠭᠡᠶᠢᠯᠡᠨ | ᠵᠠᠰᠠᠬᠤ ᠠᠵᠢᠯ ᠤᠨ ᠬᠦᠴᠦᠯᠡᠴᠡ ᠪᠠᠨ ᠴᠢᠩᠭᠠᠳᠬᠠᠵᠤ᠂ ᠡᠪᠡᠳᠴᠢᠯᠡᠬᠦ ᠨᠣᠷᠮ᠎ᠠ ᠶᠢᠨ ᠳᠡᠭᠡᠭᠰᠢᠯᠡᠬᠦ ᠬᠠᠨᠳᠤᠰᠢ ᠶᠢ | ᠬᠤᠷᠢᠬᠯᠠᠨ᠎ᠠ ᠬᠡᠪᠡ᠃ | ᠣᠯᠠᠩᠬᠢ ᠬᠥᠮᠦᠰ ᠭᠠᠩᠰᠠᠷᠠᠬᠤ ᠭᠡᠮ ᠢ ᠵᠥᠪᠬᠡᠨ ᠤᠷᠮ᠎ᠠ ᠰᠡᠳᠭᠢᠯᠭᠡ ᠮᠠᠭᠤ ᠠᠴᠠ ᠪᠤᠯᠵᠠᠢ ᠬᠡᠵᠦ | ᠦᠵᠡᠳᠡᠭ᠃ ᠦᠨᠡᠨ ᠳᠡᠭᠡᠨ ᠭᠠᠩᠰᠠᠷᠠᠬᠤ ᠭᠡᠮ ᠪᠣᠯ ᠨᠢᠭᠡ ᠵᠦᠢᠯ ᠤᠨ ᠡᠪᠡᠳᠴᠢᠨ ᠮᠥᠨ᠃ ᠤᠷᠲᠤ | ᠬᠤᠭᠤᠴᠠᠭᠠᠨ ᠤ ᠢᠯᠡᠷᠭᠡᠢ ᠤᠷᠮ᠎ᠠ ᠮᠠᠭᠤ ᠪᠠᠶᠢᠳᠠᠯ ᠨᠢ ᠡᠪᠡᠳᠴᠢᠨ ᠤ ᠭᠤᠤᠯ ᠢᠯᠡᠷᠡᠯ ᠪᠤᠯᠵᠤ᠂ ᠬᠡᠷᠪᠡ ᠴᠠᠭ | ᠲᠤᠬᠠᠢ ᠳᠤᠨᠢ ᠠᠩᠬᠠᠷᠬᠤ ᠦᠭᠡᠢ ᠪᠣᠯ ᠡᠪᠡᠳᠴᠢᠨ ᠤ ᠪᠠᠶᠢᠳᠠᠯ ᠦᠷᠭᠦᠯᠵᠢᠯᠡᠨ ᠬᠦᠨᠳᠦᠷᠡᠵᠦ ᠮᠡᠳᠡᠨ᠎ᠡ᠂ ᠬᠦᠨᠳᠦ | ᠨᠣᠴᠢᠲᠠᠢ ᠦᠶ᠎ᠡ ᠳᠤ ᠡᠪᠡᠳᠴᠢᠲᠡᠨ ᠭᠤᠨᠢᠵᠤ ᠭᠤᠳᠤᠷᠠᠨ ᠨᠡᠶᠢᠭᠡᠮ ᠠᠮᠢᠳᠤᠷᠠᠯ ᠢ ᠵᠢᠭᠰᠢᠭᠦ ᠰᠡᠳᠭᠢᠯᠭᠡ ᠲᠦᠷᠦᠭᠳᠡᠵᠦ | ᠴᠢᠨᠠᠭᠰᠢᠯᠠᠪᠠᠯ ᠪᠡᠶ᠎ᠡ ᠪᠠᠨ ᠬᠤᠣᠷᠯᠠᠬᠤ ᠪᠤᠶᠤ ᠪᠤᠰᠤᠳ ᠢ ᠬᠤᠤᠷᠯᠠᠬᠤ ᠦᠵᠡᠭᠳᠡᠯ ᠡᠭᠦᠰᠴᠦ ᠮᠡᠳᠡᠨ᠎ᠡ᠃ | ᠪᠦᠷᠢᠳᠭᠡᠯ ᠢ ᠦᠨᠳᠦᠰᠦᠯᠡᠪᠡᠯ᠂ ᠭᠠᠩᠰᠠᠷᠠᠬᠤ ᠭᠡᠮ ᠨᠢ ᠥᠮᠡᠨ ᠡᠪᠡᠳᠴᠢᠨ ᠤ ᠯᠡ ᠳᠠᠷᠠᠭ᠎ᠠ ᠤᠷᠤᠵᠤ ᠪᠠᠶᠢᠭ᠎ᠠ | ᠬᠦᠮᠤᠨ ᠲᠥᠷᠥᠯᠬᠢᠲᠡᠨ ᠤ ᠬᠤᠶᠠᠳᠤᠭᠠᠷ ᠶᠡᠭᠡ ᠡᠪᠡᠳᠴᠢᠨ ᠪᠣᠯᠵᠤ᠂ ᠪᠦᠬᠦ ᠳᠡᠯᠡᠬᠡᠶ ᠶᠢᠨ ᠪᠠᠷᠤᠭ 3.5 | ᠳ᠋ᠦᠩᠰᠢᠭᠤᠷ ᠬᠥᠮᠦᠨ ᠲᠤᠰ ᠡᠪᠡᠳᠴᠢᠨ ᠳᠤ ᠨᠡᠷᠪᠡᠭᠳᠡᠵᠦ᠂ ᠮᠠᠨ ᠤ ᠤᠯᠤᠰ ᠲᠤ 9500 ᠲᠦᠮᠡ ᠭᠠᠷᠤᠶ ᠬᠦᠮᠤᠨ | ᠭᠠᠩᠰᠠᠷᠠᠬᠤ ᠭᠡᠮ ᠳᠤ ᠨᠡᠷᠪᠡᠭᠳᠡᠵᠡᠶ᠃ ᠭᠠᠩᠰᠠᠷᠠᠬᠤ ᠭᠡᠮ ᠨᠢ ᠨᠢᠭᠡᠨ᠋ᠡ ᠪᠡᠶ᠎ᠡ ᠪᠠᠨ ᠬᠤᠣᠷᠯᠠᠬᠤ ᠶᠢᠨ ᠭᠤᠣᠯ | ᠰᠢᠯᠳᠠᠭᠠᠨ ᠤ ᠨᠢᠭᠡ ᠪᠣᠯᠵᠠᠢ᠃ | ᠦᠨᠡᠨ ᠳᠡᠭᠡᠨ ᠭᠠᠩᠰᠠᠷᠠᠬᠤ ᠭᠡᠮ ᠨᠢ ᠨᠢᠭᠡᠨᠲᠡ ᠬᠠᠮᠢᠶ᠎ᠠ ᠪᠦᠬᠦᠢ ᠬᠥᠮᠦᠰ ᠲᠤ ᠬᠦᠨᠳᠦ ᠨᠣᠴᠢᠲᠠᠶ ᠬᠦᠴᠢᠷᠳᠡᠯ | ᠪᠠ ᠬᠤᠤᠷ ᠬᠥᠨᠥᠭᠡᠯ ᠤᠴᠠᠷᠠᠭᠤᠯᠤᠭᠰᠠᠨ ᠪᠣᠯᠪᠠᠴᠤ ᠴᠥᠭᠡᠨ ᠪᠤᠰᠤ ᠬᠥᠮᠦᠰ ᠤᠴᠢᠷ ᠪᠤᠯᠭᠠᠳᠠᠭ ᠦᠭᠡᠢ᠃ ᠣᠷᠳᠣ | ᠬᠤᠭᠤᠴᠠᠭᠠᠨ ᠤ ᠲᠤᠷᠰᠢ ᠭᠠᠩᠰᠠᠷᠠᠬᠤ ᠭᠡᠮ ᠢ ᠵᠥᠪ ᠢᠶᠠᠷ ᠲᠠᠨᠢᠵᠤ ᠮᠡᠳᠡᠷᠡᠭᠰᠡᠨ ᠦᠭᠡᠢ ᠠᠴᠠ ᠪᠤᠯᠵᠤ᠂ | ᠭᠠᠩᠰᠠᠷᠠᠬᠤ ᠭᠡᠮ ᠵᠢᠴᠢ ᠵᠠᠪᠰᠠᠷ ᠤᠨ ᠬᠥᠮᠦᠰ ᠭᠠᠳᠠᠭᠠᠳᠤ ᠶᠢᠨ ᠳᠠᠷᠤᠯᠲᠠ ᠠᠴᠠ ᠪᠣᠯᠵᠣ ᠥᠪᠡᠷ ᠢ ᠪᠠᠨ ᠨᠡᠩ | ᠪᠢᠲᠡᠭᠦᠮᠵᠢᠯᠡᠬᠦ ᠪᠠᠶᠢᠳᠠᠯ ᠳᠤ ᠤᠷᠤᠳᠠᠬ᠃ ᠡᠨᠡ ᠬᠦ ᠡᠪᠡᠳᠴᠢᠨ ᠤ ᠪᠤᠢ ᠪᠤᠯᠤᠬᠰᠠᠨ ᠰᠢᠯᠲᠠᠭᠠᠨ ᠨᠢ᠂ ᠬᠥᠮᠦᠰ ᠤᠨ | ᠬᠠᠷᠢᠯᠴᠠᠭ᠎ᠠ᠂ ᠰᠤᠷᠤᠯᠴᠠᠯᠭ᠎ᠠ᠂ ᠠᠵᠢᠯ ᠤᠨ ᠳᠠᠷᠤᠭᠠᠰᠤ᠂ ᠭᠡᠷ ᠪᠦᠯᠢ ᠶᠢᠨ ᠦᠰᠦᠨ ᠪᠤᠶᠢᠵᠢᠭ᠍ᠰᠡᠨ ᠤᠷᠴᠢᠨ | ᠲᠤᠭᠤᠷᠢᠨ ᠵᠡᠷᠭᠡ ᠡᠴᠠᠪᠤᠯᠵᠤ᠂ ᠡᠭᠦᠨ ᠢ ᠪᠠᠰᠠ ᠨᠡᠩ ᠭᠦᠨᠵᠡᠭᠡᠶ ᠰᠤᠳᠤᠯᠬᠤ ᠴᠢᠬᠤᠯᠠ ᠲᠠᠢ ᠪᠠᠶᠢᠨ᠎ᠠ᠃ | ᠭᠠᠩᠰᠠᠷᠠᠬᠤ ᠭᠡᠮ ᠪᠣᠯ ᠨᠢᠭᠡ ᠵᠦᠢᠯ ᠤᠨ ᠡᠷᠲᠡᠬᠡᠨ ᠢᠯᠡᠷᠡᠭᠦᠯᠵᠦ ᠡᠷᠳᠡᠭᠡᠨ ᠡᠮᠨᠡᠭᠦᠯᠭᠦ ᠴᠢᠬᠤᠯᠠᠲᠠᠶ | ᠡᠪᠡᠳᠴᠢᠨ ᠮᠥᠨ᠂ ᠬᠠᠷᠢᠨ ᠤᠷᠮ᠎ᠠ ᠵᠣᠷᠢᠭ ᠮᠠᠭᠤ ᠠᠴᠠ ᠪᠤᠯᠤᠬᠰᠡᠨ ᠲᠠᠶᠢᠮᠤ ᠯᠡ ᠲᠦᠭᠦᠮᠭᠡᠨ ᠶᠠᠪᠤᠳᠠᠯ ᠪᠢᠰᠢ︔ | ᠣᠶᠤᠨ ᠰᠠᠨᠠᠭᠠᠨ ᠤ ᠡᠷᠡᠭᠦᠯ ᠮᠡᠨᠳᠦ ᠶᠢᠨ ᠠᠰᠠᠭᠤᠳᠠᠯ ᠢ ᠠᠩᠬᠠᠷᠬᠤ ᠶᠢ ᠡᠷᠬᠡᠪᠰᠢ ᠡᠳᠦᠷ ᠲᠤᠲᠤᠮ ᠤᠨ ᠵᠥᠪᠯᠡᠬᠦ | ᠵᠦᠢᠯ ᠳᠤ ᠣᠷᠣᠭᠤᠯᠬᠤ ᠬᠡᠷᠡᠭᠲᠡᠶ᠃ | ᠡᠭᠦᠨ ᠤ ᠬᠠᠮᠲᠤ᠂ ᠰᠢᠨᠵᠢᠯᠡᠬᠦ ᠤᠬᠠᠭᠠᠨᠴᠢ ᠠᠷᠭ᠎ᠠ᠂ ᠨᠢᠳᠦᠨ ᠳᠤ ᠦᠵᠡᠭᠳᠡᠬᠦ ᠬᠦᠴᠦᠨ ᠢ ᠬᠡᠷᠡᠭᠯᠡᠵᠦ᠂ | ᠭᠠᠩᠰᠠᠷᠠᠬᠤ ᠭᠡᠮ ᠳᠤ ᠨᠡᠷᠪᠡᠭᠳᠡᠭᠰᠡᠳ ᠪᠠ ᠨᠢᠭᠤᠭᠳᠠᠮᠠᠯ ᠪᠠᠶᠢᠭ᠎ᠠ ᠭᠠᠩᠰᠠᠷᠠᠬᠤ ᠭᠡᠮ ᠲᠠᠢ ᠬᠦᠮᠦᠰ ᠢ ᠢᠯᠡᠷᠡᠭᠦᠯᠦᠨ | ᠵᠠᠰᠠᠬᠤ ᠪᠤᠯ ᠣᠳᠣᠬᠠᠨ ᠤ ᠬᠠᠮᠤᠭ ᠤᠨ ᠰᠢᠭᠤᠳ ᠪᠥᠭᠡᠳ ᠪᠦᠲᠦᠮᠵᠢᠲᠡᠶ ᠠᠷᠭ᠎ᠠ ᠬᠡᠮᠵᠢᠶ᠎ᠡ ᠮᠥᠨ᠃ ᠬᠡᠷᠬᠢᠨ | ᠪᠡᠶ᠎ᠡ ᠶᠢᠨ ᠪᠠᠶᠢᠴᠠᠭᠠᠯᠲᠠ ᠵᠡᠷᠭᠡ ᠠᠷᠭ᠎ᠠ ᠪᠠᠷ ᠲᠠᠮᠵᠢᠨ ᠢᠯᠭᠠᠨ ᠲᠠᠨᠢᠵᠤ᠂ ᠰᠡᠷᠭᠡᠶᠢᠯᠡᠨ ᠵᠠᠰᠠᠬᠤ ᠳᠤ ᠪᠣᠳᠠᠲᠠᠶ | ᠦᠢᠯᠡᠳᠦᠯ ᠦᠵᠡᠭᠦᠯᠵᠦ᠂ ᠵᠠᠯᠠᠭᠤᠴᠤᠳ ᠪᠠᠭᠠᠴᠤᠳ ᠤᠨ ᠣᠶᠤᠨ ᠰᠠᠨᠠᠭᠠᠨ ᠤ ᠡᠷᠡᠭᠦᠯ ᠮᠡᠨᠳᠦ ᠳᠤ ᠬᠤᠯᠪᠤᠬᠳᠠᠬᠰᠡᠨ | ᠬᠤᠪᠢ ᠶᠢᠨ ᠨᠢᠭᠤᠴᠠ ᠶᠢ ᠬᠡᠷᠬᠢᠨ ᠬᠠᠮᠠᠭᠠᠯᠠᠬᠤ ᠵᠢᠴᠢ ᠬᠡᠷᠬᠢᠨ ᠨᠠᠩ ᠣᠯᠠᠨ ᠠᠷᠭ᠎ᠠ ᠪᠠᠷ ᠬᠠᠮᠢᠶ᠎ᠠ ᠪᠥᠬᠦᠶ ᠬᠥᠮᠦᠰ ᠢ | ᠬᠠᠪᠰᠤᠷᠬᠤ ᠪᠣᠯ ᠬᠤᠶᠢᠰᠢᠲᠠ ᠶᠢᠨ ᠲᠤᠯᠭᠠᠮ᠎ᠠ ᠰᠢᠢᠳᠪᠦᠷᠢᠯᠡᠭᠦᠰᠢᠳᠡᠢ ᠠᠰᠠᠭᠤᠳᠠᠯ ᠪᠣᠯᠤᠨ᠎ᠠ᠃ | ᠲᠥᠷᠥ ᠶᠢᠨ ᠪᠣᠳᠣᠯᠭ᠎ᠠ ᠪᠠ ᠰᠡᠷᠭᠡᠶᠢᠯᠡᠨ ᠵᠠᠰᠠᠬᠤ ᠲᠠᠯ᠎ᠠ ᠪᠠᠷ᠂ ᠬᠠᠮᠢᠶ᠎ᠠ ᠪᠥᠬᠦᠶ ᠲᠠᠯ᠎ᠠ ᠶᠢᠨ ᠬᠢᠨ ᠪᠣᠯᠤᠨ | ᠡᠮᠴᠢᠯᠡᠭᠡᠨ ᠤ ᠪᠠᠶᠢᠭᠤᠯᠤᠮᠵᠢ ᠨᠠᠩ ᠬᠠᠨᠳᠤᠯᠭᠠᠲᠤ ᠴᠢᠨᠠᠷ ᠲᠠᠢ᠂ ᠨᠠᠩ ᠪᠦᠲᠦᠮᠵᠢᠲᠡᠶ ᠲᠥᠰᠦᠯ ᠢ ᠬᠠᠮᠲᠤ ᠪᠠᠷ | ᠰᠤᠳᠤᠯᠤᠨ ᠲᠣᠭᠲᠠᠭᠠᠵᠤ ᠬᠡᠷᠡᠭᠵᠢᠭᠦᠯᠭᠦ ᠶᠢ ᠬᠦᠰᠡᠵᠦ ᠪᠠᠶᠢᠨ᠎ᠠ᠂ ᠲᠤᠬᠠᠶᠢᠯᠠᠪᠠᠯ ᠰᠤᠷᠤᠭᠴᠢᠳ ᠤᠨ ᠪᠡᠶ᠎ᠡ ᠶᠢᠨ | ᠪᠠᠶᠢᠴᠠᠭᠠᠯᠲᠠ ᠪᠠᠷ ᠲᠠᠮᠵᠢᠨ ᠰᠢᠭᠰᠢᠨ ᠪᠠᠶᠢᠴᠠᠭᠠᠬᠤ ᠦᠶ᠎ᠡ ᠶᠢᠨ ᠬᠤᠪᠢ ᠶᠢᠨ ᠨᠢᠭᠤᠴᠠ ᠶᠢ ᠬᠠᠮᠠᠭᠠᠯᠠᠬᠤ᠂ | ᠰᠡᠷᠭᠡᠶᠢᠯᠡᠨ ᠵᠠᠰᠠᠬᠤ ᠲᠥᠰᠦᠯ ᠤᠨ ᠨᠠᠷᠢᠯᠢᠭ ᠣᠨᠣᠪᠴᠢᠲᠤ ᠴᠢᠨᠠᠷ ᠢ ᠳᠡᠭᠡᠭᠰᠢᠯᠡᠭᠦᠯᠬᠦ ᠵᠡᠷᠭᠡ︔ ᠡᠭᠦᠨ ᠤ ᠬᠠᠮᠲᠤ᠂ | ᠪᠠᠰᠠ ᠬᠥᠭᠵᠢᠭᠰᠡᠨ ᠤᠯᠤᠰ ᠤᠨ ᠭᠠᠩᠰᠠᠷᠠᠬᠤ ᠭᠡᠮ ᠢ ᠠᠷᠭᠠᠴᠠᠭᠠᠬᠤ ᠲᠤᠷᠰᠢᠯᠭ᠎ᠠ ᠪᠠᠷ ᠯᠠᠪᠯᠠᠯᠲᠠ ᠪᠣᠯᠭᠠᠵᠤ | ᠪᠣᠯᠤᠨ᠎ᠠ᠂ ᠵᠢᠱᠢᠶᠡᠯᠡᠪᠡᠯ᠂ ᠧᠦ᠋ᠷᠣᠫᠠ ᠠᠮᠧᠷᠢᠺᠠ ᠶᠢᠨ ᠵᠠᠷᠢᠮ ᠤᠯᠤᠰ ᠤᠨ ᠬᠢᠨ ᠭᠠᠩᠰᠠᠷᠠᠬᠤ ᠭᠡᠮ ᠤᠨ ᠵᠦᠪᠯᠡᠯᠭᠡ | ᠠᠪᠬᠤ ᠡᠭᠦᠳᠡᠨ ᠡᠮᠨᠡᠯᠭᠡ ᠶᠢ ᠨᠡᠮᠡᠭᠳᠡᠭᠦᠯᠵᠦ᠂ ᠬᠠᠮᠢᠶ᠎ᠠ ᠪᠦᠬᠦᠢ ᠮᠡᠳᠡᠯᠭᠡ ᠶᠢ ᠲᠦᠭᠡᠮᠡᠯᠵᠢᠭᠦᠯᠵᠦ᠂ ᠭᠠᠳᠠᠭᠤᠷᠴᠢᠯᠠᠯ ᠢ | ᠪᠠᠭᠠᠰᠬᠠᠬᠤ ᠵᠡᠷᠭᠡ ᠠᠷᠭ᠎ᠠ ᠪᠠᠷᠢᠯ ᠢ ᠬᠡᠷᠡᠭᠵᠢᠭᠦᠯᠵᠤ᠂ ᠡᠪᠡᠳᠴᠢᠲᠡᠨ ᠤ ︽ᠥᠪᠡᠷ ᠢ ᠪᠠᠨ ᠨᠢᠭᠤᠬᠤ︾ ᠪᠠ ︽ | ᠴᠢᠮᠡᠭᠡ ᠦᠭᠡᠢ ᠰᠠᠯᠵᠤ ᠶᠠᠪᠤᠬᠤ︾ ᠲᠣᠬᠢᠶᠠᠯᠳᠤᠮᠵᠢ ᠶᠢ ᠪᠠᠭᠠᠰᠬᠠᠵᠤ ᠪᠠᠶᠢᠭ᠎ᠠ ᠬᠢᠳᠡᠯ ᠢᠶᠠᠷ ᠲᠤᠯᠢ ᠪᠤᠯᠭᠠᠵᠤ | ᠪᠤᠯᠤᠨ᠎ᠠ᠃ | ᠬᠥᠮᠦᠨ ᠲᠥᠷᠥᠯᠬᠢᠲᠡᠨ ᠶᠠᠮᠠᠷᠪᠠ ᠨᠢᠭᠡ ᠵᠦᠢᠯ ᠤᠨ ᠡᠪᠡᠳᠴᠢᠨ ᠡᠮᠭᠡᠭ ᠢ ᠢᠯᠠᠨ ᠳᠠᠪᠠᠭ᠋ᠤ ᠳᠤ ᠶᠡᠷᠦ ᠨᠢ | ᠤᠷᠲᠤ ᠬᠤᠭᠤᠴᠠᠭᠠᠨ ᠤ᠂ ᠬᠠᠲᠠᠭᠤᠵᠢᠯᠲᠠᠶ᠂ ᠴᠢᠨᠠᠭᠰᠢᠯᠠᠪᠡᠯ ᠮᠠᠰᠢ ᠥᠨᠳᠥᠷ ᠥᠪᠡᠷ ᠤᠨ ᠥᠷᠲᠡᠭ ᠪᠦᠬᠦᠢ | ᠴᠢᠷᠮᠠᠶᠢᠯᠭ᠎ᠠ ᠭᠠᠷᠭᠠᠳᠠᠬ ᠶᠤᠮ᠂ ᠭᠠᠩᠰᠠᠷᠠᠬᠤ ᠭᠡᠮ ᠴᠦ ᠠᠳᠠᠯᠢᠬᠠᠨ ᠪᠠᠶᠢᠳᠠᠭ᠃ ᠪᠢᠳᠡ ᠨᠠᠩ ᠣᠯᠠᠨ ᠬᠠᠮᠲᠤ ᠶᠢᠨ | ᠲᠠᠨᠢᠯᠲᠠ ᠪᠠᠨ ᠨᠢᠭᠲᠠᠷᠠᠭᠤᠯᠵᠤ᠂ ᠥᠪᠡᠷ ᠤᠨ ᠪᠡᠶ᠎ᠡ ᠵᠢᠴᠢ ᠡᠷᠭᠢᠨ ᠲᠣᠭᠤᠷᠢᠨ ᠤ ᠬᠥᠮᠦᠰ ᠤᠨ ᠢᠶᠠᠨ ᠣᠶᠤᠨ | ᠰᠠᠨᠠᠭᠠᠨ ᠤ ᠡᠷᠡᠭᠦᠯ ᠮᠡᠨᠳᠦ ᠶᠢ ᠬᠠᠮᠲᠤ ᠪᠠᠷ ᠠᠩᠬᠠᠷᠴᠤ ᠬᠠᠯᠠᠮᠵᠢᠯᠠᠪᠡᠯ ᠵᠤᠬᠢᠨ᠎ᠠ᠃ | ︵︽ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ︾ | ᠠᠴᠠ︶ |