ᠴᠠᠬᠢᠯᠭᠠᠨ ᠱᠠᠲᠦᠨ ᠤ ᠠᠰᠠᠭᠤᠲᠠᠯ ᠢ ᠠᠩᠬᠠᠷᠤᠯ ᠳᠠᠭᠠᠨ ᠠᠪᠤᠭᠠᠷᠠᠢ︕
ᠨᠡᠶᠢᠲᠡᠯᠡᠭᠰᠡᠨ ᠴᠠᠭ᠄
2019/1/3
      ᠴᠠᠬᠢᠯᠭᠠᠨ ᠱᠠᠲᠦᠨ ᠤ ᠲᠦᠷᠭᠡᠨ ᠨᠡᠮᠡᠭᠳᠡᠯ ᠨᠢ ᠠᠷᠠᠳ ᠤᠯᠠᠨ ᠤ ᠦᠢᠯᠡᠳᠪᠦᠷᠢᠯᠡᠯ ᠠᠮᠢᠳᠤᠷᠠᠯ ᠲᠠᠢ ᠰᠢᠭᠤᠳ ᠬᠤᠯᠪᠤᠬᠳᠠᠵᠦ᠂ ᠴᠠᠬᠢᠯᠭᠠᠨ ᠱᠠᠲᠦᠨ ᠤ ᠠᠮᠤᠷ ᠲᠦᠪᠰᠢᠨ ᠤ ᠠᠰᠠᠭᠤᠳᠠᠯ ᠨᠢᠭᠡᠨᠲᠡ ᠶᠠᠷᠢᠶ᠎ᠠ ᠬᠡᠯᠡᠯᠴᠡᠭᠡᠨ ᠤ ᠬᠠᠯᠠᠮᠰᠢᠯ ᠪᠤᠯᠵᠠᠢ᠃ ᠴᠠᠬᠢᠯᠭᠠᠨ ᠱᠠᠲᠦᠨ ᠤ ᠠᠵᠢᠯ ᠲᠦᠷᠦᠯ ᠤᠨ ᠤᠷᠤᠬᠰᠢ ᠬᠦᠭᠵᠢᠬᠦ ᠶᠢ ᠳᠠᠭᠠᠯᠳᠤᠨ᠂ ᠴᠠᠬᠢᠯᠭᠠᠨ ᠱᠠᠲᠦᠨ ᠤ ᠮᠡᠷᠭᠡᠵᠢᠯ ᠳᠤ ᠰᠢᠨ᠎ᠠ ᠬᠠᠭᠤᠴᠢᠨ ᠤ ᠰᠤᠯᠢᠬᠳᠠᠯ ᠤᠨ ᠴᠠᠬ ᠦᠶ᠎ᠡ ᠢᠷᠡᠵᠦ᠂ ᠴᠠᠬᠢᠯᠭᠠᠨ ᠱᠠᠲᠦ ᠶᠢ ᠦᠭᠡᠷᠡᠴᠢᠯᠡᠨ ᠰᠢᠨᠡᠴᠢᠯᠡᠬᠦ ᠳᠤ ᠤᠷᠤᠰᠢᠵᠦ ᠪᠠᠶᠢᠭ᠎ᠠ ᠠᠰᠠᠭᠤᠳᠠᠯ ᠡᠳᠦᠷ ᠢᠷᠡᠬᠦᠶ᠎ᠡ ᠳᠤᠪᠤᠶᠢᠮ᠎ᠠ ᠪᠤᠯᠵᠦ᠂ ᠪᠦᠲᠦᠮᠵᠢᠲᠡᠢ ᠬᠠᠮᠢᠶᠠᠷᠤᠯᠲᠠ᠂ ᠰᠢᠢᠳᠪᠦᠷᠢᠯᠡᠬᠦ ᠠᠷᠭ᠎ᠠ ᠠᠪᠴᠠᠯ ᠪᠠᠴᠢᠮ ᠱᠠᠭᠠᠷᠳᠠᠬᠳᠠᠵᠦ ᠪᠠᠶᠢᠭ᠎ᠠ ᠶᠤᠮ᠃ ᠴᠠᠬᠢᠯᠭᠠᠨ ᠱᠠᠲᠦᠨ ᠤ ᠠᠰᠠᠭᠤᠳᠠᠯ ᠭᠡᠪᠡᠯ᠂ ᠶᠡᠷᠦ ᠳᠡᠭᠡᠨ ᠴᠠᠬᠢᠯᠭᠠᠨ ᠱᠠᠲᠦ ᠬᠠᠭᠤᠴᠢᠷᠠᠬᠰᠠᠨ᠂ ᠠᠷᠠᠴᠢᠯᠠᠨ ᠰᠡᠯᠪᠢᠬᠦ ᠂ ᠬᠢᠨᠠᠨ ᠪᠠᠶᠢᠴᠠᠭᠠᠬᠤ ᠨᠢ ᠪᠦᠷᠢᠨ ᠬᠦᠢᠴᠡᠳ ᠪᠤᠰᠤ᠂ ᠬᠡᠷᠡᠭᠯᠡᠭᠴᠢᠳ ᠵᠦᠢ ᠵᠤᠬᠢᠰ ᠦᠬᠡᠢ ᠠᠰᠢᠬᠯᠠᠬᠰᠠᠨ᠂ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠮᠡᠲᠡᠭᠡ ᠵᠠᠩᠬᠢᠵᠢᠯᠲᠠ ᠶᠢᠨ ᠬᠡᠮᠵᠢᠶ᠎ᠡ ᠲᠤᠤᠷ᠎ᠠ ᠵᠡᠷᠭᠡ ᠠᠴᠠ ᠪᠤᠯᠤᠬᠰᠠᠨ ᠶᠠᠪᠤᠲᠠᠯ ᠶᠤᠮ᠃ ᠡᠨᠡ ᠬᠦ ᠪᠠᠶᠢᠳᠠᠯ ᠳᠤ ᠬᠠᠨᠳᠤᠭᠤᠯᠵᠦ᠂ ᠶᠠᠰᠦ ᠴᠢᠨᠠᠷ ᠲᠤ ᠬᠢᠨᠠᠯᠲᠠ ᠲᠠᠯᠪᠢᠬᠤ ᠲᠤᠪᠴᠢᠶ᠎ᠠ ᠪᠠᠷᠠᠭ᠎ᠠ ᠶᠢᠨ ᠰᠦᠯᠵᠢᠶ᠎ᠡ ᠶᠢᠨ ᠮᠡᠷᠬᠡᠵᠢᠯ ᠳᠤ ᠲᠦᠰᠢᠭᠯᠡᠨ ᠤᠳᠤᠬᠠᠨ ᠤ ᠴᠠᠬᠢᠯᠭᠠᠨ ᠱᠠᠲᠦᠨ ᠤ ᠠᠰᠠᠭᠤᠳᠠᠯ ᠢ ᠦᠭᠡᠷᠡᠴᠢᠯᠡᠨ ᠰᠠᠶᠢᠵᠢᠷᠠᠭᠤᠯᠵᠦ᠂ ᠴᠠᠬᠢᠯᠭᠠᠨ ᠱᠠᠲᠦᠨ ᠤ ᠡᠷᠬᠢᠯᠲᠡ ᠶᠢᠨ ᠠᠮᠤᠷ ᠲᠦᠪᠰᠢᠨ ᠪᠤᠯᠤᠨ ᠬᠡᠨᠡᠳᠡᠯ ᠡᠭᠦᠰᠦᠭᠰᠡᠨ ᠤ ᠳᠠᠷᠠᠭᠠᠬᠢ ᠴᠠᠬ ᠲᠤᠬᠠᠢ ᠳᠤᠨᠢ ᠠᠪᠤᠷᠠᠨ ᠲᠤᠰᠠᠯᠠᠬᠤ ᠲᠤᠬᠲᠠᠴᠠ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠶᠢᠭᠤᠯᠪᠠᠯ ᠵᠤᠬᠢᠨ᠎ᠠ᠃ ᠡᠬᠦᠨ ᠤ ᠬᠠᠮᠲᠦ᠂ ᠴᠠᠬᠢᠯᠭᠠᠨ ᠱᠠᠲᠦᠨ ᠤ ᠠᠮᠤᠷ ᠲᠦᠪᠰᠢᠨ ᠢ ᠪᠠᠲᠤᠯᠠᠬᠤ ᠬᠠᠥᠯᠢ ᠳᠦᠷᠢᠮ ᠢ ᠲᠤᠬᠲᠠᠭᠠᠬᠤ ᠴᠢᠬᠤᠯᠠᠲᠠᠢ᠃ ᠬᠠᠩᠵᠸᠤ ᠵᠡᠷᠭᠡ ᠬᠤᠲᠠ ᠶᠢᠨ ᠴᠠᠬᠢᠯᠭᠠᠨ ᠱᠠᠲᠦᠨ ᠤ ᠠᠮᠤᠷ ᠲᠦᠪᠰᠢᠨ ᠤ ᠠᠪᠤᠷᠠᠨ ᠲᠤᠰᠠᠯᠠᠬᠤ ‍ᠦ᠋ᠯᠡᠳᠦᠯᠬᠡ ᠨᠢ ᠮᠠᠰᠢ ᠰᠠᠶᠢᠨ ᠦᠯᠢᠬᠡᠷ ᠵᠢᠱᠢᠶ᠎ᠠ ᠪᠤᠯᠵᠦ᠂ ᠲᠤᠯᠢ ᠪᠤᠯᠭᠠᠵᠦ ᠪᠤᠯᠬᠤ ᠶᠤᠮ᠃ ᠤᠯᠠᠨ ᠲᠦᠮᠡᠨ ᠳᠤ ᠪᠠᠴᠢᠮ ᠪᠠᠶᠢᠳᠠᠯ ᠢ ᠠᠷᠭᠠᠴᠠᠬᠤ ᠬᠦᠮᠦᠵᠢᠯ ᠬᠦᠷᠲᠡᠭᠡᠬᠦ ᠨᠢ ᠴᠤ ᠲᠤᠩ ᠴᠢᠬᠤᠯᠠ ᠶᠤᠮ᠃ ᠵᠢᠱᠢᠶᠡᠯᠡᠪᠡᠯ᠂ ᠴᠠᠬᠢᠯᠭᠠᠨ ᠱᠠᠲᠦᠨ ᠤ ᠬᠤᠷᠳᠤᠴᠠ ᠬᠡᠨᠡᠳᠲᠡ ᠲᠦᠷᠭᠡᠰᠦᠭᠰᠡᠨ ᠦᠶ᠎ᠡ ᠳᠤ᠂ ᠳᠠᠷᠤᠢ ᠲᠦᠷᠭᠡᠨ ᠨᠢᠷᠤᠭᠤ ᠪᠠᠨ ᠴᠠᠬᠢᠯᠭᠠᠨ ᠱᠠᠲᠦᠨ ᠤ ᠳᠤᠲᠤᠷ ᠬᠠᠨ᠎ᠠ ᠲᠠᠢ ᠨᠠᠭᠠᠯᠳᠤᠭᠤᠯᠵᠦ᠂ ᠠᠰᠠᠷ ᠤᠨ ᠳᠠᠪᠬᠤᠷᠭ᠎ᠠ ᠶᠢᠨ ᠪᠦᠬᠦ ᠳᠠᠷᠤᠪᠴᠢ ᠶᠢ ᠳᠠᠷᠤᠬᠤ᠂ ᠴᠠᠬᠢᠯᠭᠠᠨ ᠱᠠᠲᠦ ᠬᠡᠨᠡᠳᠲᠡ ᠳᠤᠷᠤᠬᠰᠢ ᠲᠦᠷᠬᠡᠨ ᠭᠤᠯᠭᠤᠬᠤ ᠦᠶᠡᠰ ᠂ ᠪᠦᠬᠦ᠋ᠢᠯᠡ ᠨᠢᠷᠦᠭᠤᠨ ᠤ ᠬᠡᠰᠡᠭ ᠪᠤᠯᠤᠨ ᠲᠤᠯᠤᠭᠠᠢ ᠶᠢᠨ ᠬᠡᠰᠡᠭ ᠢᠶᠠᠨ ᠴᠠᠬᠢᠯᠭᠠᠨ ᠱᠠᠲᠦᠨ ᠤ ᠳᠤᠲᠤᠷ ᠬᠠᠨ᠎ᠠ ᠲᠠᠢ ᠨᠠᠭᠠᠯᠳᠤᠭᠤᠯᠬᠤ᠂ ᠴᠠᠬᠢᠯᠭᠠᠨ ᠱᠠᠲᠦ ᠵᠤᠬᠰᠤᠬᠤ ᠦᠶᠡᠰ᠂ ᠪᠠᠴᠢᠮ ᠪᠠᠶᠢᠳᠠᠯ ᠢ ᠠᠷᠭᠠᠴᠠᠬᠤ ᠤᠲᠠᠰᠦ ᠪᠠᠷ ᠵᠢᠵᠢᠬᠦᠷᠯᠡᠭᠴᠢ᠂ ᠵᠠᠰᠠᠨ ᠰᠡᠯᠪᠢᠭᠴᠢ ᠲᠠᠢ ᠬᠠᠷᠢᠯᠴᠠᠬᠤ᠂ ᠬᠡᠥᠬᠡᠳ ᠵᠠᠪᠠᠯ ᠲᠤᠮᠤᠴᠤᠤᠯ ᠲᠠᠢ ᠬᠠᠮᠲᠦ ᠴᠠᠬᠢᠯᠭᠠᠨ ᠱᠠᠲᠦᠨ ᠳᠤ ᠰᠠᠭᠤᠬᠤ ᠁ ᠭᠡᠬᠦ ᠮᠡᠲᠦᠴᠢᠯᠡᠨ ᠴᠠᠬᠢᠯᠭᠠᠨ ᠱᠠᠲᠦᠨ ᠤ ᠠᠮᠤᠷ ᠲᠦᠪᠰᠢᠨ ᠤ ᠲᠤᠬᠠᠢ ᠲᠠᠨᠢᠯᠲᠠ ᠶᠢ ᠳᠡᠭᠡᠭᠰᠢᠯᠡᠬᠦᠯᠬᠦ ᠨᠢ ᠴᠤ ᠮᠠᠰᠢ ᠴᠢᠬᠤᠯᠠ ᠪᠠᠶᠢᠳᠠᠭ᠃ ᠬᠠᠮᠢᠶ᠎ᠠ ᠪᠦᠬᠦᠢ ᠠᠳᠠᠯ ᠠᠬᠤᠢ ᠶᠢᠨ ᠬᠢᠨ ᠴᠤ ᠬᠠᠮᠢᠶᠠᠷᠤᠯᠲᠠ ᠶᠢᠨ ᠬᠡᠪᠴᠢᠶᠡᠨ ᠳᠠᠬᠢ ᠴᠠᠬᠢᠯᠭᠠᠨ ᠱᠠᠲᠦ ᠶᠢ ᠵᠠᠰᠠᠨ ᠰᠡᠯᠪᠢᠬᠦ ᠶᠠᠰᠤ ᠴᠢᠨᠠᠷ ᠢᠶᠠᠨ ᠪᠠᠲᠤᠯᠠᠵᠦ᠂ ᠬᠡᠨᠡᠳᠡᠯ ᠤᠨ ᠮᠡᠲᠡᠭᠡ ᠵᠠᠩᠬᠢ ᠶᠢ ᠮᠡᠳᠡᠭᠦᠯᠬᠦ 24 ᠴᠠᠭ ᠤᠨ ᠵᠢᠵᠢᠬᠦᠷᠯᠡᠬᠦ ᠤᠳᠠᠰᠦ ᠪᠠᠨ ᠴᠠᠬ ᠢᠮᠠᠬᠲᠠ ᠨᠡᠪᠲᠡᠷᠡᠬᠦᠯᠬᠦ ᠶᠢ ᠪᠠᠲᠤᠯᠠᠵᠦ᠂ ᠴᠠᠭ ᠲᠤᠬᠠᠢ ᠳᠤᠨᠢ ᠠᠶᠤᠯᠲᠦ ᠪᠠᠶᠢᠳᠠᠯ ᠢ ᠰᠢᠢᠳᠪᠦᠷᠢᠯᠡᠪᠡᠯ ᠵᠤᠬᠢᠨ᠎ᠠ᠃ ᠴᠠᠬᠢᠯᠭᠠᠨ ᠱᠠᠲᠦ ᠬᠡᠷᠡᠭᠯᠡᠭᠴᠢᠳ᠂ ᠢᠯᠠᠩᠭᠤᠶ᠎ᠠ ᠴᠠᠬᠢᠯᠭᠠᠨ ᠱᠠᠲᠦ ᠶᠢ ᠬᠡᠷᠡᠭᠯᠡᠨ ᠬᠡᠷ ᠪᠠᠶᠢᠰᠢᠩ ᠵᠠᠰᠠᠨ ᠴᠢᠮᠡᠬᠦ ᠡᠳ᠋ ᠪᠤᠳᠠᠰ ᠵᠡᠷᠭᠡ ᠲᠤᠮᠤᠬᠠᠨ ᠡᠳ᠋ ᠪᠠᠷᠠᠭ᠎ᠠ ᠶᠢ ᠵᠦᠬᠡᠬᠡᠪᠦᠷᠢᠯᠡᠬᠦ ᠦᠶᠡᠰ᠂ ᠨᠡᠩ ᠴᠤ ᠴᠠᠬᠢᠯᠭᠠᠨ ᠱᠠᠲᠦ ᠶᠢ ᠬᠡᠷᠡᠭᠯᠡᠬᠦ ᠲᠦᠷᠢᠮ ᠲᠤᠬᠲᠠᠭᠠᠯ ᠢ ᠴᠢᠩᠭ᠎ᠠ ᠵᠢᠷᠤᠮᠯᠠᠵᠦ᠂ ᠬᠦᠨᠳᠦ ᠠᠴᠠ ᠬᠡᠲᠦᠷᠡᠭᠰᠡᠨ ᠵᠦᠢᠯ ᠵᠦᠭᠡᠭᠡᠪᠦᠷᠢᠯᠡᠬᠦ᠂ ᠡᠰᠡᠬᠦᠯ᠎ᠡ ᠴᠠᠬᠢᠯᠭᠠᠨ ᠱᠠᠲᠦᠨ ᠤ ᠲᠠᠷᠤᠪᠴᠢ ᠶᠢ ᠲᠤᠷ᠎ᠠ ᠪᠠᠷ ᠳᠠᠷᠤᠬᠤ ᠵᠡᠷᠭᠡ ᠪᠠᠷ ᠴᠠᠬᠢᠯᠭᠠᠨ ᠱᠠᠲᠦᠨ ᠳᠤ ᠬᠡᠮ ᠰᠤᠭᠤᠭ ᠢ ᠪᠤᠢ ᠪᠤᠯᠭᠠᠬᠤ ᠠᠴᠠ ᠵᠠᠪᠠᠯ ᠵᠠᠶᠢᠯᠠᠰᠬᠢᠬᠤ ᠬᠡᠷᠡᠭᠲᠡᠢ᠃ ᠴᠠᠬᠢᠯᠭᠠᠨ ᠱᠠᠲᠦᠨ ᠤ ᠠᠮᠤᠷ ᠲᠦᠪᠰᠢᠨ ᠪᠤᠯ ᠤᠯᠠᠨ ᠨᠡᠶᠢᠲᠡ ᠶᠢᠨ ᠠᠮᠤᠷ ᠲᠦᠪᠰᠢᠨ ᠪᠠᠶᠢᠵᠦ᠂ ᠬᠦᠮᠦᠨ ᠪᠤᠯᠭᠠᠨ ᠤ ᠲᠤᠰ ᠪᠡᠶ᠎ᠡ ᠶᠢᠨ ᠠᠮᠤᠷ ᠲᠦᠪᠰᠢᠨ ᠲᠠᠢ ᠰᠢᠭᠤᠳ ᠬᠤᠯᠪᠤᠬᠳᠠᠲᠠᠬ ᠠᠴᠠ ᠵᠠᠰᠠᠭ ᠤᠨ ᠤᠷᠲᠦᠨ᠂ ᠠᠳᠠᠯ ᠠᠬᠤᠢ ᠶᠢᠨ ᠬᠢᠨ᠂ ᠤᠯᠠᠨ ᠲᠦᠮᠡᠨ ᠤ ᠬᠠᠮᠲᠦ ᠶᠢᠨ ᠴᠢᠷᠮᠠᠶᠢᠯᠭ᠎ᠠ ᠳᠤ ᠲᠦᠰᠢᠭᠯᠡᠬᠦ ᠴᠢᠬᠤᠯᠠᠲᠠᠢ᠃    ︵ᠲᠤᠮᠳᠠᠳᠤ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠠ ᠠᠴᠠ ᠰᠢᠯᠵᠢᠭᠦᠯᠪᠠ︶
 
ᠢᠷᠡᠯᠲᠡ᠄ ᠲᠤᠮᠳᠠᠳᠤ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号