ᠡᠳᠦᠷ ᠲᠤᠳᠤᠮ ᠤᠨ ᠠᠮᠢᠳᠤᠷᠡᠯ ᠳᠤ ᠦᠷᠬᠦᠯᠵᠢ ᠭᠡᠷ᠎ᠡ ᠬᠡᠯᠡᠯᠴᠡᠭᠡᠷ ᠲᠤᠭᠳᠠᠬᠤ ᠶᠠᠪᠤᠳᠠᠯ ᠭᠠᠷᠳᠠᠭ᠂ | ᠬᠤᠶᠡᠷ ᠲᠠᠯ᠎ᠠ ᠶᠢᠨ ᠠᠷᠠᠯᠵᠢᠶᠠᠨ ᠳᠤ ᠬᠡᠷ᠎ᠠ ᠪᠤᠯ ᠪᠢᠴᠢᠭ ᠤᠨ ᠬᠡᠯᠪᠡᠷᠢ ᠶᠢᠨ ᠪᠠᠳᠤᠯᠠᠭ᠎ᠠ ᠪᠤᠯᠤᠨ᠎ᠡ᠃ ᠬᠡᠪᠡᠴᠦ | ᠪᠤᠳᠠᠳᠠᠢ ᠦᠢᠯᠡᠳᠦᠯᠭᠡᠨ ᠳᠤ ᠶᠡᠷᠦ ᠨᠢ ᠡᠯ᠎ᠠ ᠵᠦᠢᠯ ᠤᠨ ᠰᠢᠯᠳᠠᠭᠠᠨ ᠠᠴᠠ ᠪᠤᠯᠵᠦ᠂ ᠨᠢᠬᠡ ᠲᠠᠯ᠎ᠠ ᠨᠢ ᠬᠡᠷ᠎ᠠ ᠪᠠᠨ | ᠬᠤᠭᠤᠴᠠᠭ᠎ᠠ ᠶᠤᠰᠤᠭᠠᠷ ᠬᠦᠢᠴᠡᠳᠬᠡᠬᠦ ᠦᠬᠡᠢ ᠪᠤᠯ ᠪᠤᠯᠵᠤᠭ᠎ᠠ ᠵᠦᠷᠢᠴᠡᠭᠰᠡᠨ ᠮᠦᠡᠭᠬᠦ ᠶᠢᠨ ᠠᠰᠠᠭᠤᠳᠠᠯ ᠳᠤ | ᠬᠤᠯᠪᠤᠭᠳᠠᠨ᠎ᠠ᠃ ᠲᠡᠬᠡᠪᠡᠯ ᠭᠡᠷ᠎ᠡ ᠬᠡᠯᠡᠯᠴᠡᠭᠡᠷ ᠤᠨ ᠲᠤᠮᠳᠠ ᠪᠤᠯᠵᠤᠭ᠎ᠠ ᠵᠦᠷᠢᠴᠡᠭᠰᠡᠨ ᠮᠦᠡᠭᠬᠦ ᠶᠢ ᠬᠡᠷᠬᠢᠨ | ᠪᠠᠷᠢᠮᠵᠢᠶᠠᠯᠠᠬᠤ ᠪᠤᠢ︖ ᠨᠢᠬᠡ᠂ ᠪᠤᠯᠵᠤᠭ᠎ᠠ ᠵᠦᠷᠢᠴᠡᠭᠰᠡᠨ ᠮᠦᠡᠭᠬᠦ ᠲᠤᠰᠢᠶᠠᠬᠤ ᠳᠤ ᠶᠠᠮᠠᠷ ᠬᠡᠯᠪᠡᠷᠢ ᠪᠠᠶᠢᠳᠠᠭ ᠪᠤᠢ︖ | ᠪᠤᠯᠵᠤᠭ᠎ᠠ ᠵᠦᠷᠢᠴᠡᠭᠰᠡᠨ ᠮᠦᠡᠭᠬᠦ ᠳᠤ ︽ᠶᠠᠯᠠᠳᠠᠨ ᠰᠢᠢᠳᠬᠡᠬᠦ ᠴᠢᠨᠡᠷᠳᠠᠢ ᠪᠤᠯᠵᠤᠭ᠎ᠠ ᠵᠦᠷᠢᠴᠡᠭᠰᠡᠨ ᠮᠦᠡᠭᠬᠦ︾ ᠪᠠ | ︽ᠨᠦᠬᠦᠪᠦᠷᠢ ᠶᠢᠨ ᠴᠢᠨᠠᠷᠳᠠᠢ ᠪᠤᠯᠵᠤᠭ᠎ᠠ ᠵᠦᠷᠢᠴᠡᠭᠰᠡᠨ ᠮᠦᠡᠭᠬᠦ︾ ᠭᠡᠵᠦ ᠬᠤᠶᠡᠷ ᠵᠦᠢᠯ ᠪᠠᠶᠢᠳᠠᠭ᠃ ᠶᠠᠯᠠᠳᠠᠨ | ᠰᠢᠢᠳᠬᠡᠬᠦ ᠴᠢᠨᠡᠷᠳᠠᠢ ᠪᠤᠯᠵᠤᠭ᠎ᠠ ᠵᠦᠷᠢᠴᠡᠭᠰᠡᠨ ᠮᠦᠡᠭᠬᠦ ᠪᠤᠯ ᠬᠡᠷ᠎ᠠ ᠶᠢᠨ ᠲᠤᠬᠠᠢ ᠶᠢᠨ ᠬᠦᠮᠦᠨ ᠦᠪᠡᠷᠳᠡᠬᠡᠨ | ᠪᠤᠯᠵᠤᠨ ᠲᠤᠬᠳᠠᠭᠠᠵᠤ᠂ ᠬᠡᠷᠪᠡ ᠦᠭᠴᠡᠬᠡᠳᠡᠨ ᠨᠢ ᠪᠤᠯᠵᠤᠭ᠎ᠠ ᠵᠦᠷᠢᠴᠡᠪᠡᠯ ᠪᠤᠰᠤᠳ ᠬᠡᠷ᠎ᠠ ᠵᠦᠷᠢᠴᠡᠭᠰᠡᠨ | ᠬᠠᠷᠢᠭᠤᠴᠠᠯᠭ᠎ᠠ ﹇ᠵᠢᠱᠢᠶᠡᠯᠡᠪᠡᠯ ᠬᠤᠬᠢᠷᠠᠯ ᠤᠨ ᠲᠦᠯᠦᠪᠦᠷᠢ﹈ ᠡᠬᠦᠷᠬᠡᠯᠡᠬᠦ ᠨᠢ ᠨᠦᠯᠦᠬᠡᠯᠡᠭᠳᠡᠬᠦ ᠦᠬᠡᠢ᠃ | ᠨᠦᠬᠦᠪᠦᠷᠢ ᠶᠢᠨ ᠴᠢᠨᠠᠷᠳᠡᠢ ᠪᠤᠯᠵᠤᠭ᠎ᠠ ᠵᠦᠷᠢᠴᠡᠭᠰᠡᠨ ᠮᠦᠡᠭᠬᠦ ᠪᠤᠯ ᠲᠤᠬᠠᠢ ᠶᠢᠨ ᠬᠦᠮᠦᠨ ᠤ ᠲᠤᠬᠳᠠᠬᠰᠠᠨ ︽ | ᠪᠤᠯᠵᠤᠭ᠎ᠠ ᠵᠦᠷᠢᠴᠡᠭᠰᠡᠨ ᠬᠤᠬᠢᠷᠡᠯ ᠳᠤ ᠲᠦᠯᠦᠪᠦᠷᠢᠯᠡᠬᠦ ᠬᠡᠮᠵᠢᠶ᠎ᠠ︾ ᠪᠠᠷ ᠲᠤᠭᠳᠠᠭᠠᠭᠳᠠᠵᠦ᠂ ᠨᠢᠭᠡ ᠲᠠᠯ᠎ᠠ ᠨᠢ | ᠭᠡᠷ᠎ᠡ ᠠᠴᠠ ᠵᠦᠷᠢᠴᠡᠭᠰᠡᠨ ᠠᠴᠠ ᠰᠡᠭᠦᠯᠡᠷ ᠨᠦᠭᠦᠭᠡ ᠲᠠᠯ᠎ᠠ ᠨᠢ ᠬᠤᠬᠢᠷᠠᠯ ᠤᠨ ᠲᠦᠯᠦᠪᠦᠷᠢ ᠠᠪᠬᠤ ᠪᠠᠷ | ᠰᠠᠨᠠᠭᠠᠴᠢᠯᠠᠵᠦ ᠪᠤᠯᠬᠤ ᠦᠭᠡᠢ᠂ ᠵᠦᠪᠭᠡᠨ ᠪᠤᠯᠵᠤᠭ᠎ᠠ ᠵᠦᠷᠢᠴᠡᠭᠰᠡᠨ ᠮᠦᠩᠭᠦ ᠠᠪᠬᠤ ᠪᠠᠷ ᠰᠠᠨᠠᠭᠠᠴᠢᠯᠠᠵᠦ ᠪᠤᠯᠤᠨ᠎ᠠ᠃ | ᠡᠨᠡ ᠨᠢ ᠦᠨᠡᠨᠳᠡᠭᠡᠨ ᠨᠢᠬᠡ ᠵᠦᠢᠯ ᠤᠨ ᠬᠤᠬᠢᠷᠡᠯ ᠳᠤ ᠲᠦᠯᠦᠪᠦᠷᠢ ᠦᠡᠭᠬᠦ ᠬᠡᠯᠪᠡᠷᠢ ᠪᠤᠯᠤᠨ᠎ᠡ᠃ ᠬᠤᠶᠡᠷ᠂ | ᠪᠤᠯᠵᠤᠭ᠎ᠠ ᠵᠦᠷᠢᠴᠡᠭᠰᠡᠨ ᠮᠦᠡᠭᠬᠦ ᠶᠢᠨ ᠪᠠᠷᠢᠮᠵᠢᠶ᠎ᠠ ᠨᠢ ᠬᠡᠳᠦᠢ ᠪᠤᠢ︖ ︽ᠬᠡᠷ᠎ᠠ ᠶᠢᠨ ᠬᠠᠤᠯᠢ︾ ᠶᠢᠨ 114 | ᠳ᠋ᠤᠭᠠᠷ ᠵᠤᠷᠪᠤᠰ ᠲᠤ ᠲᠤᠭᠳᠠᠭᠠᠭᠰᠠᠨ ᠢᠶᠠᠷ᠂ ᠨᠢᠬᠡ ᠡᠳᠡᠬᠡᠳ ᠨᠢ ᠬᠡᠷ᠎ᠠ ᠵᠦᠷᠢᠴᠡᠭᠰᠡᠨ ᠪᠠᠶᠢᠳᠠᠯ ᠲᠤᠤᠷ᠎ᠠ ᠨᠦᠬᠦᠬᠡ | ᠡᠳᠡᠭᠡᠳ ᠲᠤ ᠪᠠᠨ ᠵᠤᠬᠢᠬᠤ ᠲᠤᠭᠠᠨ ᠤ ᠲᠦᠯᠦᠪᠦᠷᠢ ᠮᠦᠡᠭᠬᠦ ᠦᠡᠭᠬᠦ ᠪᠠᠷ ᠪᠤᠯᠵᠤᠨ ᠲᠤᠬᠳᠠᠵᠤ ᠪᠤᠯᠤᠨ᠎ᠡ᠂ ᠮᠦᠨᠴᠤ | ᠬᠡᠷ᠎ᠠ ᠵᠦᠷᠢᠴᠡᠭᠰᠡᠨ ᠠᠴᠠ ᠪᠤᠯᠵᠤ ᠬᠤᠬᠢᠷᠠᠯ ᠭᠠᠷᠤᠭᠰᠠᠨ ᠲᠦᠯᠤᠪᠦᠷᠢ ᠦᠭᠴᠦ ᠪᠤᠯᠤᠨ᠎ᠡ᠃ ᠪᠤᠯᠵᠤᠬᠰᠠᠨ ᠬᠡᠷ᠎ᠠ | ᠵᠦᠷᠢᠴᠡᠭᠰᠡᠨ ᠮᠦᠡᠭᠬᠦ ᠨᠢ ᠪᠤᠳᠠᠳᠠᠢ ᠬᠤᠬᠢᠷᠡᠯ ᠲᠠᠢ ᠨᠡᠶᠢᠴᠡᠬᠦ ᠦᠬᠡᠢ ᠦᠶᠡᠰ ᠲᠤᠬᠠᠢ ᠶᠢᠨ ᠬᠦᠮᠦᠨ ᠠᠷᠠᠳ ᠤᠨ | ᠰᠢᠬᠦᠬᠦ ᠬᠤᠷᠢᠶ᠎ᠠ ᠪᠤᠶᠤ ᠬᠦᠨᠳᠡᠯᠡᠨ ᠠᠴᠠ ᠲᠠᠰᠤᠯᠬᠤ ᠪᠠᠶᠢᠭᠤᠯᠤᠮᠵᠢ ᠳᠤ ᠵᠤᠬᠢᠬᠤ ᠬᠡᠮᠵᠢᠶ᠎ᠡ ᠪᠠᠷ ᠪᠠᠭᠠᠰᠬᠠᠬᠤ ᠪᠤᠶᠤ | ᠨᠡᠮᠡᠭᠳᠡᠬᠦᠯᠬᠦ ᠭᠤᠶᠤᠴᠢᠯᠠᠯ ᠲᠡᠪᠰᠢᠬᠦᠯᠵᠤ ᠪᠤᠯᠤᠨ᠎ᠡ᠃ ︽ᠬᠡᠷ᠎ᠠ ᠶᠢᠨ ᠬᠠᠤᠯᠢ ᠶᠢᠨ ᠲᠠᠶᠢᠯᠪᠤᠷᠢᠯᠡᠯᠳᠠ︾ ᠶᠢᠨ 29 | ᠳ᠋ᠤᠭᠠᠷ ᠵᠤᠷᠪᠤᠰ ᠤᠨ ᠬᠤᠶᠠᠳᠤᠭᠠᠷ ᠵᠦᠢᠯ ᠢ ᠦᠨᠳᠦᠰᠦᠯᠡᠪᠡᠯ᠂ ᠪᠤᠯᠵᠤᠭ᠎ᠠ ᠵᠦᠷᠢᠴᠡᠭᠰᠡᠨ ᠮᠦᠡᠭᠬᠦ ᠨᠢ ᠪᠤᠳᠠᠳᠠᠢ | ᠬᠤᠬᠢᠷᠡᠯ ᠤᠨ 30 % ᠠᠴᠠ ᠬᠡᠳᠦᠷᠡᠭᠰᠡᠨ ᠪᠤᠯ ︽ᠬᠡᠷ᠎ᠠ ᠶᠢᠨ ᠬᠠᠤᠯᠢ︾ ᠶᠢᠨ 114 ᠳ᠋ᠤᠭᠠᠷ ᠵᠤᠷᠪᠤᠰ ᠤᠨ | ᠬᠤᠶᠠᠳᠤᠭᠠᠷ ᠵᠦᠢᠯ ᠤᠨ ᠲᠤᠭᠳᠠᠭᠠᠯ ᠶᠤᠰᠤᠭᠠᠷ ᠬᠡᠳᠦ ᠦᠨᠳᠦᠷ ᠬᠤᠬᠢᠷᠠᠯ ᠤᠴᠠᠷᠠᠭᠤᠯᠤᠭᠰᠠᠨ ᠢᠶᠠᠷ ᠦᠵᠡᠨ᠎ᠡ᠃ | ᠵᠢᠱᠢᠶᠡᠯᠡᠪᠡᠯ᠂ ᠬᠦᠬᠡ ᠬᠦᠬᠡᠭᠴᠢᠨ ᠬᠡᠷ᠎ᠠ ᠲᠤᠭᠳᠠᠵᠦ᠂ ᠬᠦᠬᠡᠭᠴᠢᠨ ᠬᠡᠷ᠎ᠠ ᠠᠴᠠ ᠵᠦᠷᠢᠴᠡᠪᠡᠯ 20 ᠲᠦᠮᠡᠨ | ᠲᠦᠬᠦᠷᠢᠭ ᠤᠨ ᠪᠤᠯᠵᠤᠭ᠎ᠠ ᠵᠦᠷᠢᠴᠡᠭᠰᠡᠨ ᠮᠦᠡᠭᠬᠦ ᠲᠤᠰᠢᠶᠡᠨᠠ ᠭᠡᠰᠡᠨ ᠪᠤᠯᠪᠠᠴᠤ ᠰᠡᠭᠦᠯ ᠳᠤ ᠬᠦᠬᠡᠭᠴᠢᠨ ᠪᠤᠯᠵᠤᠭ᠎ᠠ | ᠵᠦᠷᠢᠴᠡᠭᠰᠡᠨ ᠠᠴᠠ ᠪᠤᠯᠵᠤ ᠬᠦᠬᠡ ᠳᠤ 30 ᠲᠦᠮᠡᠨ ᠲᠦᠬᠦᠷᠢᠭ ᠤᠨ ᠪᠤᠳᠠᠳᠤ ᠬᠤᠬᠢᠷᠡᠯ ᠤᠴᠠᠷᠠᠭᠤᠯᠵᠠᠢ᠃ | ᠡᠶᠢᠮᠤᠷᠬᠦ ᠪᠠᠶᠢᠳᠠᠯ ᠳᠤ ᠬᠦᠬᠡ ᠬᠡᠷᠪᠡ ᠰᠢᠬᠦᠬᠦ ᠬᠤᠷᠢᠶᠡᠨ ᠳᠤ ᠪᠤᠯᠤᠵᠭᠠ ᠵᠦᠷᠢᠴᠡᠭᠰᠡᠨ ᠮᠦᠡᠭᠬᠦ ᠪᠠᠨ | ᠨᠡᠮᠡᠭᠳᠡᠬᠦᠯᠬᠦ ᠪᠠᠷ ᠭᠤᠶᠤᠴᠢᠯᠠᠬᠤ ᠬᠡᠪᠡᠯ ᠪᠤᠳᠠᠳᠠᠢ ᠬᠤᠬᠢᠷᠡᠯ ᠤᠨ ᠮᠦᠡᠭᠬᠦ 30 ᠲᠦᠮᠡᠨ ᠲᠦᠬᠦᠷᠢᠭ ᠠᠴᠠ ᠬᠡᠳᠤᠷᠡᠵᠤ | ᠪᠤᠯᠬᠤ ᠦᠬᠡᠢ᠂ ᠬᠡᠷᠪᠡ ᠰᠢᠬᠦᠬᠦ ᠬᠤᠷᠢᠶᠠᠨ ᠠᠴᠠ ᠵᠦᠪᠬᠡᠨ 25 ᠲᠦᠮᠡᠨ ᠲᠦᠬᠦᠷᠢᠭ ᠤᠨ ᠪᠤᠯᠵᠤᠭ᠎ᠠ ᠵᠦᠷᠢᠴᠡᠭᠰᠡᠨ | ᠮᠦᠡᠭᠬᠦ ᠶᠢ ᠲᠡᠮᠵᠢᠭᠰᠡᠨ ᠪᠤᠯ᠂ ᠦᠯᠡᠳᠡᠭᠰᠡᠨ 5 ᠲᠦᠮᠡᠨ ᠲᠦᠬᠦᠷᠢᠭ ᠤᠨ ᠬᠤᠬᠢᠷᠡᠯ ᠤᠨ ᠮᠦᠡᠭᠬᠦ ᠪᠠᠨ ᠲᠠᠬᠢᠨ | ᠭᠤᠶᠤᠴᠢᠯᠠᠵᠤ ᠪᠤᠯᠬᠤ ᠦᠬᠡᠢ᠃ ᠬᠠᠤᠯᠢ ᠴᠠᠭᠠᠵᠨ ᠳᠤ ᠲᠤᠬᠳᠠᠬᠰᠠᠨ ᠪᠤᠯᠵᠤᠭ᠎ᠠ ᠵᠦᠷᠢᠴᠡᠭᠰᠡᠨ ᠮᠦᠡᠭᠬᠦ ᠨᠢ | ᠲᠤᠬᠠᠢ ᠶᠢᠨ ᠬᠦᠮᠦᠨ ᠤ ᠬᠡᠷ᠎ᠠ ᠶᠤᠰᠤᠭᠠᠷ ᠡᠬᠦᠷᠬᠡ ᠪᠠᠨ ᠬᠦᠢᠴᠡᠳᠬᠡᠬᠦ ᠶᠢ ᠱᠠᠭᠠᠷᠳᠠᠵᠤ ᠲᠡᠶᠢᠯᠬᠦ ᠮᠦᠷᠳᠡᠬᠡᠨ | ᠪᠤᠳᠠᠳᠠᠢ ᠪᠤᠯᠵᠤᠭ᠎ᠠ ᠵᠦᠷᠢᠴᠡᠭᠰᠡᠨ ᠠᠴᠠ ᠡᠬᠦᠰᠦᠭᠰᠡᠨ ᠬᠤᠬᠢᠷᠡᠯ ᠵᠢᠴᠢ ᠲᠤᠬᠠᠢ ᠶᠢᠨ ᠬᠦᠮᠦᠨ ᠤ ᠬᠡᠷᠡᠴᠢ | ᠴᠤᠭᠯᠠᠭᠤᠯᠬᠤ ᠬᠢᠭᠡᠳ ᠬᠠᠷᠢᠭᠤᠴᠠᠯᠭ᠎ᠠ ᠪᠠᠨ ᠲᠤᠳᠤᠯᠠᠬᠤ ᠳᠤᠨᠢ ᠲᠦᠭᠦᠮ ᠦᠵᠡᠭᠦᠯᠳᠡᠭ᠃ | ︵ᠲᠤᠮᠳᠠᠳᠤ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠠ ᠠᠴᠠ ᠰᠢᠯᠵᠢᠭᠦᠯᠪᠠ︶ |