ᠬᠥᠰᠡᠯ ᠲᠡᠮᠡᠥᠯᠣᠯ ᠰᠤᠯᠤᠩᠭᠠᠷᠠᠬᠰᠠᠨ ᠪᠠᠭ᠎ᠠ ᠨᠠᠰᠦ
ᠨᠡᠶᠢᠲᠡᠯᠡᠭᠰᠡᠨ ᠴᠠᠭ᠄
2021/3/10
   ︽ᠰᠡᠴᠡᠨ ᠮᠡᠷᠭᠡᠨ ᠬᠡᠮᠡᠭᠴᠢ ᠰᠢᠷᠭᠠᠭᠤ ᠴᠢᠷᠮᠠᠶᠢᠯᠭ᠎ᠠ ᠶᠢᠨ ᠥᠷ᠎ᠡ ᠳ᠋ᠥᠩ ᠮᠥᠨ᠂ ᠰᠢᠷᠭᠠᠭᠤ ᠴᠢᠷᠮᠠᠶᠢᠯᠭ᠎ᠠ ᠨᠢ ᠬᠡᠳᠥᠢ ᠢᠯᠡᠭᠦᠥ ᠪᠤᠯ ᠥᠷ᠎ᠡ ᠵᠢᠮᠢᠰ ᠨᠢ ᠴᠦ ᠤᠯᠠᠮ ᠡᠯᠪᠡᠭ ᠲᠡᠯᠪᠡᠭ ᠠᠮᠳᠠ ᠰᠢᠮᠳᠡ ᠲᠠᠢ ᠪᠤᠯᠳᠠᠭ ᠶᠤᠮ︾ ᠭᠡᠵᠥ ᠠᠯᠢ ᠨᠢᠭᠡ ᠡᠷᠳᠡᠮᠳᠡᠨ ᠶᠠᠷᠢᠭᠰᠠᠨ ᠶᠤᠮ᠃ ᠡᠨᠡ ᠪᠤᠯ ᠶᠤᠰᠤᠳᠠᠢ ᠤᠨᠤᠰᠢᠳᠠᠢ ᠰᠠᠶᠢᠬᠠᠨ ᠥᠭᠡ︕ ᠶᠢᠷᠳᠢᠨᠴᠥ ᠲᠡᠭᠡᠷ᠎ᠡ ᠪᠤᠳᠤᠬᠤ ᠶᠢᠨ ᠬᠢᠷᠢ ᠪᠥᠳᠥᠮᠵᠢᠳᠡᠢ ᠪᠤᠯᠵᠤ᠂ ᠰᠠᠨᠠᠬᠤ ᠶᠢᠨ ᠵᠡᠷᠭᠡ ᠰᠠᠭᠠᠷ ᠥᠭᠡᠢ ᠪᠥᠳᠥᠴᠢᠬᠡᠭᠦ ᠶᠠᠭᠤᠮ᠎ᠠ ᠭᠡᠵᠥ ᠪᠠᠶᠢᠬᠤ ᠥᠭᠡᠢ᠃ ᠶᠠᠮᠠᠷ ᠨᠢᠭᠡᠨ ᠶᠠᠪᠤᠳᠠᠯ ᠤᠴᠢᠷ ᠢ ᠪᠥᠳᠥᠭᠡᠬᠦ ᠪᠤᠶᠤ ᠠᠯᠢ ᠨᠢᠭᠡ ᠡᠷᠢᠯ ᠬᠦᠰᠡᠯ ᠢ ᠪᠡᠶᠡᠯᠡᠭᠦᠯᠬᠦ ᠳᠤ ᠴᠥᠮ ᠰᠢᠷᠭᠠᠭᠤ ᠬᠠᠳᠠᠭᠤᠵᠢᠯᠳᠠᠢ ᠴᠢᠷᠮᠠᠶᠢᠯᠭ᠎ᠠ ᠪᠠ ᠬᠥᠴᠥ ᠬᠥᠯᠥᠰᠥᠨ ᠤ ᠥᠷᠡᠭᠳᠡᠯ ᠰᠥᠢᠳᠥᠯ ᠢ ᠵᠠᠷᠤᠴᠠᠭᠤᠯᠬᠤ ᠬᠡᠷᠡᠭᠳᠡᠢ ᠶᠤᠮ᠃    ᠪᠠᠭ᠎ᠠ ᠰᠣᠷᠭᠠᠭᠤᠯᠢ ᠳᠤ ᠪᠠᠶᠢᠬᠤ ᠳᠤ ᠲᠤᠭᠳᠠᠭᠰᠠᠨ ᠰᠠᠶᠢᠬᠠᠨ ᠠᠯᠣᠰ ᠤᠨ ᠬᠥᠰᠡᠯ ᠬᠡᠵᠥ ᠪᠠᠶᠢᠬᠤ ᠥᠭᠡᠢ᠂ ᠵᠥᠪᠭᠡᠨ ᠬᠡᠥᠬᠡᠳ ᠤᠨ ᠭᠡᠨᠡᠨ ᠴᠠᠶᠢᠯᠭᠠᠨ ᠪᠠᠶᠠᠷ ᠤᠨ ᠲᠠᠯᠠᠢ — ᠰᠣᠷᠭᠠᠭᠤᠯᠢ ᠳᠤ ᠪᠠᠨ ᠬᠠᠮᠳᠣ ᠰᠣᠷᠣᠯᠭᠠᠳᠠᠨ ᠨᠠᠶᠢᠵᠢ ᠨᠥᠬᠦᠳ ᠲᠠᠢ ᠪᠠᠨ ᠨᠠᠭᠠᠳᠤᠨ ᠲᠤᠭᠯᠠᠵᠤ ᠪᠠᠶᠠᠷ ᠵᠢᠷᠭᠠᠯᠳᠠᠶᠢᠬᠠᠨ ᠥᠩᠭᠡᠷᠡᠭᠦᠯᠬᠦ ᠨᠢ ᠨᠢᠭᠡᠨ ᠡᠳᠥᠷ ᠤᠨ ᠬᠥᠰᠡᠯ ᠪᠠᠶᠢᠵᠤ᠂ ᠰᠢᠯᠭᠠᠯᠳᠠ ᠳᠤ ᠪᠠᠨ ᠲᠥᠷᠥᠯ ᠪᠥᠷᠢ ᠪᠠᠨ ᠵᠠᠭᠤᠨ ᠬᠤᠪᠢ ᠤᠯᠵᠤ ᠡᠵᠢ ᠠᠪᠤ ᠪᠠᠨ ᠪᠠᠶᠠᠷᠯᠠᠭᠤᠯᠬᠤ ᠨᠢ ᠨᠢᠭᠡ ᠬᠤᠭᠤᠴᠠᠭᠠᠨ ᠤ ᠬᠥᠰᠡᠯ ᠬᠥᠭᠡᠭᠡᠴᠡᠯᠳᠥᠯ ᠪᠠᠶᠢᠯ᠎ᠠ᠃ ᠣᠳᠤ ᠠᠩᠬ᠎ᠠ ᠲᠤᠮᠳᠠᠳᠣ ᠶᠢᠨ ᠠᠯᠳᠠᠨ ᠪᠤᠱᠤᠭ᠎ᠠ ᠶᠢ ᠠᠯᠬᠤᠨ ᠤᠷᠤᠭᠰᠠᠨ ᠠᠴᠠ ᠨᠠᠭᠠᠰᠢ ᠠᠪᠤ ᠡᠵᠢ ᠶᠢᠨ ᠠᠷᠢᠭᠤᠨ ᠬᠠᠶᠢᠷ᠎ᠠ᠂ ᠠᠯᠳᠠᠨ ᠰᠣᠷᠭᠠᠯ ᠢ ᠦᠨᠡᠨ ᠬᠦ ᠤᠶᠢᠯᠠᠭᠠᠨ᠂ ᠬᠠᠷᠠᠯᠳᠠ ᠵᠤᠷᠢᠯᠳᠠ ᠮᠢᠨᠢ ᠲᠤᠳᠤ ᠪᠤᠯᠵᠤ᠂ ᠬᠥᠰᠡᠯ ᠬᠥᠭᠡᠭᠡᠴᠡᠯᠳᠥᠯ ᠮᠢᠨᠢ ᠬᠥᠪᠥᠷᠡᠨ ᠲᠤᠭᠳᠠᠪᠥᠷᠢᠵᠢᠯ᠎ᠡ᠃    ᠨᠢᠭᠡᠨ ᠭᠠᠷᠠᠭ ᠤᠨ ᠠᠮᠠᠷᠠᠯᠳᠠ ᠳᠤ ᠲᠤᠯᠤᠳᠤᠭᠠᠷ ᠤᠨ ᠤ ᠲᠡᠭᠡᠳᠥ ᠬᠤᠭᠤᠴᠠᠭᠠᠨ ᠤ ᠠᠩᠬ᠎ᠠ ᠣᠳᠠᠭᠠᠨ ᠤ ᠰᠢᠯᠭᠠᠯᠳᠠ ᠶᠢᠨ ᠥᠨᠳᠥᠷ ᠬᠤᠪᠢ ᠪᠠᠨ ᠭᠠᠷ ᠲᠤ ᠪᠠᠨ ᠠᠯᠳᠠ ᠤᠯᠤᠭᠰᠠᠨ ᠰᠢᠭ᠋ ᠴᠢᠩᠭ᠎ᠠ ᠠᠳᠬᠤᠨ ᠭᠡᠷ ᠲᠤ ᠪᠠᠨ ᠬᠠᠷᠢᠯ᠎ᠠ᠃ ᠭᠡᠷ ᠲᠤ ᠪᠠᠨ ᠤᠷᠤᠵᠤ ᠪᠤᠭᠴᠤ ᠪᠠᠨ ᠲᠠᠯᠪᠢᠮᠠᠭᠴᠠ ᠤᠯᠵᠠ ᠤᠮᠤᠭ ᠲᠡᠭᠦᠯᠳᠡᠷ ᠢᠶᠠᠷ ᠠᠪᠤ ᠡᠵᠢ ᠶᠢᠨ ᠬᠠᠵᠠᠭᠤ ᠳᠤ ᠤᠴᠢᠵᠤ᠄ ︽ᠠᠪᠤ ᠡᠵᠢ ᠲᠨ ᠥᠵᠡ︕ ᠪᠢ ᠡᠨᠡ ᠤᠳᠠᠭᠠᠨ ᠤ ᠰᠢᠯᠭᠠᠯᠳᠠ ᠳᠤ ᠤᠨ ᠨᠢᠭᠡᠴᠢ ᠳᠤ ᠪᠠᠨ ᠡᠮᠤᠨ᠎ᠡ ᠠᠷᠪᠠᠨ ᠨᠡᠷᠡᠰ ᠲᠤ ᠲᠤᠳᠤᠷᠠᠭᠰᠠᠨ᠂ ᠮᠠᠨ ᠤ ᠲᠤᠯᠤᠳᠤᠭᠠᠷ ᠤᠨ ᠳᠤ ᠨᠠᠶᠢᠳᠡ ᠲᠠᠪᠤᠨ ᠵᠠᠭᠤ ᠲᠠᠪᠢᠨ ᠬᠡᠳᠥᠨ ᠰᠣᠷᠣᠭᠴᠢ ᠪᠠᠶᠢᠨ᠎ᠠ ᠰᠢᠥ᠂ ᠪᠢ ᠠᠶᠤᠮᠠᠷ ᠪᠠ᠂ ᠬᠡᠴᠡᠭᠦᠥ ᠪᠠ︕︾ ᠬᠡᠵᠥ ᠠᠮᠵᠢᠯᠳᠠ ᠳᠤ ᠪᠠᠨ ᠪᠠᠶᠠᠰᠴᠤ᠂ ᠪᠠᠶ᠎ᠠ ᠪᠠᠨ ᠪᠠᠭ᠋ᠠᠷᠬᠠᠨ ᠨᠢᠭᠡ ᠯᠠ ᠠᠮᠢᠰᠬᠤᠭ᠎ᠠ ᠪᠠᠷ ᠤᠮᠤᠭᠳᠠᠶᠢᠬᠠᠨ ᠶᠠᠷᠢᠬᠤ ᠳᠤ ᠠᠪᠤ ᠮᠢᠨᠢ ᠢᠨᠢᠶᠡᠮᠰᠥᠭᠯᠡᠨ᠄ ︽ᠥᠬᠢᠨ ᠮᠢᠨᠢ᠂ ᠰᠢᠯᠢᠳᠡᠭ ᠬᠤᠪᠢ ᠤᠯᠤᠭᠰᠠᠨ ᠢ ᠴᠢᠨᠢ ᠠᠪᠤ ᠨᠢ ᠥᠵᠡᠭᠡᠳ ᠪᠠᠶᠠᠷᠯᠠᠵᠤ ᠪᠠᠶᠢᠨ᠎ᠠ᠂ ᠬᠡᠪᠡᠴᠥ ᠡᠨᠡ ᠵᠢᠭᠠᠬᠠᠨ ᠠᠮᠵᠢᠯᠳᠠ ᠳᠤ ᠪᠠᠨ ᠰᠡᠳᠬᠢᠯ ᠬᠠᠨᠤᠵᠤ ᠪᠤᠯᠬᠤ ᠥᠭᠡᠢ ᠰᠢᠥ᠂ ︿ᠲᠠᠷᠤᠤ ᠨᠤᠮᠤᠬᠠᠨ ᠬᠥᠮᠥᠨ ᠢ ᠲᠠᠪᠰᠢᠭᠤᠯᠵᠤ᠂ ᠤᠮᠤᠷᠬᠠᠭ ᠪᠠᠷᠳᠠᠮ ᠬᠥᠮᠥᠨ ᠢ ᠬᠤᠴᠤᠷᠤᠭᠤᠯᠳᠠᠭ ᠰᠢᠥ﹀ ᠬᠡᠥᠭᠡᠨ ᠮᠢᠨᠢ᠂ ᠥᠷᠬᠦᠯᠵᠢᠯᠡᠨ ᠴᠢᠷᠮᠠᠶᠢᠭᠠᠷᠠᠢ︾ ᠬᠡᠵᠥ ᠬᠡᠯᠡᠳᠡᠯ᠎ᠡ ᠡᠵᠢ ᠮᠢᠨᠢ ᠬᠠᠵᠠᠭᠤ ᠠᠴᠠ᠄ ︽ᠥᠬᠢᠨ ᠮᠢᠨᠢ᠂ ᠪᠢᠳᠡᠨ ᠤ ᠠᠯᠢᠪᠠ ᠬᠥᠰᠡᠯ ᠪᠥᠷ ᠴᠢᠨᠥᠬᠢ ᠲᠡᠭᠡᠷ᠎ᠡ ᠪᠠᠶᠢᠨ᠎ᠠ᠂ ᠠᠪᠤ ᠴᠢᠨᠢ ᠪᠢᠳᠡ ᠬᠤᠶᠠᠷ ᠪᠥᠷ ᠪᠢᠴᠢᠭ ᠢᠶᠠᠨ ᠬᠠᠭᠠᠰ ᠲᠤᠳᠠᠭᠤ ᠵᠤᠭᠰᠤᠭᠰᠠᠨ ᠰᠢᠥ᠂ ᠲᠡᠷᠡ ᠥᠶ᠎ᠡ ᠳᠤ ᠪᠢᠳᠡᠨ ᠤ ᠠᠮᠢᠳᠣᠷᠠᠯ ᠪᠥᠷ ᠶᠠᠳᠠᠭᠤ ᠬᠥᠴᠢᠷᠳᠡᠯ ᠲᠠᠢ ᠪᠠᠶᠢᠭᠰᠠᠨ ᠠᠴᠠ ᠰᠣᠷᠭᠠᠭᠤᠯᠢ ᠰᠣᠶᠤᠯ ᠤᠨ ᠮᠥᠷ ᠢ ᠥᠵᠥᠭᠦᠷ ᠲᠤ ᠨᠢ ᠭᠠᠷᠳᠠᠯ᠎ᠠ ᠤᠯᠵᠤ ᠬᠥᠭᠡᠭᠡᠭᠰᠡᠨ ᠥᠭᠡᠢ︾ ᠭᠡᠵᠦ ᠨᠠᠮ᠎ᠠ ᠳᠤ ᠶᠠᠷᠢᠵᠦ ᠪᠠᠶᠢᠯ᠎ᠠ᠃ ᠢᠡᠭᠬᠢᠵᠦ ᠶᠠᠷᠢᠵᠤ ᠪᠠᠷᠠᠬᠤ ᠲᠠᠢ ᠵᠡᠷᠭᠡ ᠠᠪᠤ ᠮᠢᠨᠢ᠄ ︽ᠲᠠ ᠨᠠᠷ ᠴᠢᠨᠢ ᠪᠥᠷ ᠪᠤᠶᠠᠨ ᠲᠠᠢ ᠬᠡᠥᠭᠡᠳ ᠪᠠᠶᠢᠨ᠎ᠠ ᠰᠢᠥ᠂ ᠤᠳᠤ ᠨᠠᠮ ᠤᠨ ᠰᠠᠶᠢᠨ ᠢᠶᠠᠷ᠂ ᠤᠯᠤᠰ ᠤᠨ ᠰᠠᠶᠢᠨ ᠢᠶᠠᠷ ᠠᠮᠢᠳᠣᠷᠠᠯ ᠡᠳᠥᠷ ᠠᠴᠠ ᠡᠳᠥᠷ ᠪᠠᠶᠠᠵᠢᠨ ᠴᠢᠨᠡᠭᠡᠯᠢᠭᠵᠢᠭᠰᠡᠨ ᠮᠥᠷᠳᠡᠭᠡᠨ ᠮᠠᠨ ᠢ ᠪᠢᠴᠢᠭ ᠥᠵᠡᠵᠥ ᠪᠠᠶᠢᠭᠰᠠᠨ ᠥᠶ᠎ᠡ ᠳᠤ ᠰᠤᠷᠤᠯᠭ᠎ᠠ ᠶᠢᠨ ᠰᠥᠢᠳᠭᠡᠯ᠂ ᠲᠡᠪᠳᠡᠷ ᠤᠨ ᠵᠤᠭᠤᠰ ᠬᠡᠵᠥ ᠬᠤᠷᠢᠶᠠᠵᠤ ᠪᠠᠶᠢᠭᠰᠠᠨ᠂ ᠲᠡᠭᠡᠭᠡᠳ ᠲᠡᠳᠡᠭᠡᠷ ᠰᠥᠢᠳᠭᠡᠯ ᠢᠶᠠᠨ ᠲᠤᠰᠢᠶᠠᠵᠤ ᠲᠡᠶᠢᠯᠬᠦ ᠥᠭᠡᠢ ᠠᠷᠭ᠎ᠠ ᠪᠤᠰᠥ ᠪᠢᠳᠡ ᠰᠣᠷᠣᠯᠭ᠎ᠠ ᠪᠠᠨ ᠬᠠᠭᠠᠰ ᠵᠤᠭᠰᠣᠵᠤ ᠡᠷᠳᠡ ᠠᠵᠢᠯ ᠳᠤ ᠤᠷᠤᠵᠤ ᠪᠠᠶᠢᠭᠰᠠᠨ᠃ ᠣᠳᠣ ᠤᠯᠤᠰ ᠬᠥᠴᠥᠷᠭᠡᠭᠵᠢᠯ᠎ᠡ᠂ ᠲᠥᠷᠥ ᠶᠢᠨ ᠪᠤᠳᠤᠯᠭ᠎ᠠ ᠶᠢᠨ ᠰᠠᠶᠢᠨ ᠢᠶᠠᠷ ᠲᠠᠨ ᠳᠤ ᠡᠷᠬᠢᠭᠡᠳ ᠲᠤᠰᠠᠯᠠᠮᠵᠢ ᠶᠢᠨ ᠮᠥᠩᠭᠦ ᠭᠡᠵᠥ ᠥᠭᠬᠦ ᠪᠤᠯᠤᠭᠰᠠᠨ ᠰᠢᠥ᠃ ᠡᠶᠢᠮᠥ ᠠᠴᠠ ᠥᠬᠢᠨ ᠮᠢᠨᠢ ᠡᠶᠢᠮᠥ ᠰᠠᠶᠢᠬᠠᠨ ᠨᠠᠶᠢᠭᠡᠮ ᠳᠤ ᠵᠠᠪᠠᠯ ᠴᠢᠷᠮᠠᠶᠢᠨ ᠰᠣᠷᠬᠤ ᠭᠡᠷᠡᠭᠳᠡᠢ ᠰᠢᠥ︾ ᠭᠡᠵᠦ ᠰᠤᠷᠭᠠᠯ ᠬᠠᠶᠢᠷᠠᠯᠠᠨ᠎ᠠ᠃ ᠡᠵᠢ᠄ ︽ᠠᠪᠤ ᠴᠢᠨᠢ ᠥᠨᠡᠨ ᠳᠤ ᠪᠠᠨ ᠶᠡᠭᠡ ᠰᠠᠶᠢᠨ ᠰᠤᠷᠤᠯᠭ᠎ᠠ ᠲᠠᠢ᠂ ᠪᠢᠴᠢᠭ ᠦᠵᠡᠬᠦ ᠲᠤᠷᠠᠳᠠᠢ ᠪᠠᠶᠢᠬᠰᠠᠨ ᠭᠡᠪᠡᠴᠥ ᠠᠮᠢᠳᠣᠷᠠᠯ ᠬᠥᠴᠢᠷᠳᠡᠯ ᠲᠠᠢ ᠠᠴᠠ ᠪᠤᠯᠵᠤ ᠠᠷᠭ᠎ᠠ ᠪᠤᠰᠣ ᠪᠢᠴᠢᠭ ᠢᠶᠠᠨ ᠬᠠᠭᠠᠰ ᠵᠤᠭᠰᠣᠭᠰᠠᠨ︾ ᠭᠡᠵᠤ ᠶᠠᠷᠢᠵᠤ ᠪᠠᠶᠢᠭᠰᠠᠨ ᠥᠭᠡ ᠨᠢ ᠪᠤᠳᠤᠭᠳᠠᠵᠤ ᠠᠪᠤ ᠶᠢᠨ ᠮᠢᠨᠢ ᠮᠢᠨᠥ ᠨᠤᠮ ᠤᠳ ᠢ ᠲᠡᠷᠢ ᠲᠡᠭᠰᠢ ᠭᠠᠳᠠᠷᠯᠠᠵᠤ ᠥᠭᠳᠡᠭ ᠥᠢᠯᠡ ᠨᠢ ᠴᠦ ᠥᠪᠡᠷ ᠤᠨ ᠡᠷᠭᠡ ᠥᠭᠡᠢ ᠨᠢᠳᠥᠨ ᠳᠤ ᠲᠤᠳᠤᠷᠠᠯ᠎ᠠ᠃ ᠮᠢᠨᠤ ᠪᠤᠳᠤᠯ ᠶᠢᠷᠳᠢᠨᠴᠥ ᠪᠠᠷ ᠲᠡᠨᠤᠵᠤ ᠪᠠᠶᠢᠳᠠᠯ᠎ᠠ ᠠᠪᠤ᠄ ︽ᠥᠬᠢᠨ ᠮᠢᠨᠢ᠂ ᠶᠠᠭᠤ ᠪᠤᠳᠤᠭᠠᠳ ᠮᠡᠯᠡᠷᠡᠴᠢᠭᠡᠪᠡ︖ ᠴᠢᠨᠥ ᠬᠥᠰᠡᠯ ᠶᠠᠭᠤ ᠪᠤᠢ︖ ᠬᠤᠵᠢᠮ ᠶᠠᠭᠤ ᠬᠢᠬᠦ ᠰᠠᠨᠠᠭ᠎ᠠ ᠲᠠᠢ ᠪᠤᠢ︖︾ ᠬᠡᠵᠥ ᠠᠰᠠᠭᠤᠬᠤ ᠳᠤ ᠪᠢ ᠲᠡᠷᠡ ᠲᠠᠷᠥᠢ ᠲᠠᠰᠣᠷᠬᠠᠢ ᠬᠠᠷᠢᠭᠤᠯᠳᠠ ᠥᠭᠴᠥ ᠲᠡᠶᠢᠯᠥᠭᠰᠡᠨ ᠥᠭᠡᠢ ᠡᠭ ᠮᠡᠭ ᠬᠡᠭᠦ ᠳᠤ ᠠᠪᠤ ᠢᠨᠢᠶᠡᠮᠰᠥᠭᠯᠡᠨ᠄ ︽ᠠᠪᠤ ᠨᠢ ᠴᠢᠮ᠎ᠠ ᠶᠢ ᠲᠡᠯᠡᠬᠡᠢ ᠳᠤ ᠠᠯᠳᠠᠷᠳᠠᠢ ᠡᠷᠳᠡᠮᠳᠡᠨ ᠴᠢᠳᠠᠪᠤᠷᠢᠳᠡᠨ ᠪᠤᠯᠤᠭᠠᠷᠠᠢ ᠭᠡᠰᠡᠨ ᠲᠠᠶᠢᠮᠥ ᠶᠡᠭᠡ ᠬᠥᠰᠡᠯ ᠱᠠᠭᠠᠷᠳᠠᠯᠭ᠎ᠠ ᠥᠭᠡᠢ᠂ ᠬᠡᠶ᠎ᠡ ᠬᠡᠥᠬᠡᠨ ᠮᠢᠨᠢ ᠡᠷᠳᠡᠮ ᠮᠡᠳᠡᠯᠭᠡ ᠶᠢ ᠬᠥᠨ ᠡᠵᠡᠮᠰᠢᠵᠥ᠂ ᠤᠯᠤᠰ ᠥᠨᠳᠥᠰᠥᠳᠡᠨ᠂ ᠨᠡᠶᠢᠭᠡᠮ ᠨᠡᠶᠢᠳᠡ ᠳᠤ ᠪᠠᠨ ᠨᠢᠭᠡᠨ ᠬᠡᠷᠡᠭᠴᠡᠭᠡ ᠲᠠᠢ ᠬᠥᠮᠥᠨ ᠪᠤᠯᠤᠨ ᠲᠤᠮᠤᠭᠠᠵᠢᠬᠤ ᠬᠡᠷᠡᠭᠳᠡᠢ᠂ ᠲᠤᠰᠤᠯ ᠤᠰᠤ ᠲᠠᠯᠠᠢ ᠳᠤ ᠪᠠᠨ ᠨᠡᠮᠡᠷᠢ ᠪᠤᠯᠳᠠᠭ ᠰᠢᠥ᠃ ᠲᠠ ᠤᠳᠤ ᠵᠠᠪᠠᠯ ᠬᠤᠵᠢᠮ ᠪᠢ ᠶᠠᠭᠤ ᠬᠢᠨ᠎ᠡ ᠭᠡᠳᠡᠭ ᠬᠥᠰᠡᠯ ᠬᠠᠷᠠᠯᠳᠠ ᠪᠠᠨ ᠲᠤᠳᠤ ᠪᠠᠶᠢᠯᠭᠠᠬᠤ ᠬᠡᠷᠡᠭᠳᠡᠢ︾ ᠭᠡᠰᠡᠨ ᠠᠪᠤ ᠶᠢᠨ ᠬᠠᠶᠢᠷ᠎ᠠ ᠰᠣᠷᠭᠠᠯ ᠬᠥᠰᠡᠯ ᠢ ᠮᠢᠨᠢ ᠡᠪᠥᠷᠯᠡᠭᠦᠯᠥᠨ᠂ ᠮᠢᠨᠥ ᠲᠤᠳᠤᠷ᠎ᠠ ᠤᠯᠠᠨ ᠠᠷᠪᠢᠨ ᠬᠥᠰᠡᠯ ᠰᠣᠯᠣᠩᠭᠠᠷᠠᠯ᠎ᠠ᠃ ᠪᠠᠭᠰᠢ᠂ ᠡᠮᠴᠢ᠂ ᠴᠡᠷᠢᠭ ᠁    ᠬᠥᠰᠡᠯ ᠲᠠᠢ ᠶᠠᠪᠤᠬᠤ ᠰᠠᠶᠢᠬᠠᠨ᠂ ᠬᠥᠰᠡᠯ ᠲᠡᠮᠡᠥᠯᠣᠯ ᠲᠠᠢ ᠬᠤᠷᠸ᠎ᠠ ᠰᠠᠶᠢᠬᠠᠨ᠂ ᠬᠥᠰᠡᠯ ᠤᠨ ᠢᠶᠠᠨ ᠲᠥᠯᠥᠭᠡ ᠲᠡᠮᠡᠥᠯᠵᠥ ᠴᠢᠷᠮᠠᠶᠢᠵᠤ ᠶᠠᠪᠤᠬᠤ ᠨᠡᠩ ᠰᠠᠶᠢᠬᠠᠨ᠃ ᠤᠯᠤᠰ ᠤᠷᠤᠨ ᠳᠤ ᠪᠠᠨ ᠲᠤᠰᠠᠳᠠᠢ ᠬᠥᠮᠥᠨ ᠪᠤᠯᠤᠭᠠᠷᠠᠢ ᠭᠡᠰᠡᠨ ᠠᠪᠤ ᠶᠢᠨ ᠬᠥᠰᠡᠯ ᠢ ᠠᠴᠢᠶᠠᠯᠠᠵᠤ᠂ ᠥᠪᠡᠷ ᠤᠨ ᠰᠤᠯᠤᠩᠭᠠᠷᠠᠭᠰᠠᠨ ᠰᠠᠶᠢᠬᠠᠨ ᠭᠥᠰᠡᠯ ᠢᠶᠠᠷ ᠢᠶᠠᠨ ᠵᠢᠭᠦᠷᠯᠡᠵᠥ ᠤᠷᠤᠭᠰᠢᠯᠠᠨ᠎ᠠ᠃   ᠵᠤᠬᠢᠶᠠᠬᠴᠢ᠄ ᠤᠷᠠᠨ᠎ᠠ ︵ᠲᠤᠮᠳᠠᠳᠣ ᠬᠤᠰᠢᠭᠤᠨ ᠤ ᠪᠠᠶᠠᠨᠬᠤᠰᠢᠭᠤ ᠲᠥᠷᠪᠡᠳᠥᠭᠡᠷ ᠲᠤᠮᠳᠠᠳᠣ ᠰᠣᠷᠭᠠᠭᠤᠯᠢ ᠶᠢᠨ ᠨᠠᠢᠮᠠ ᠶᠢᠨ ᠲᠠᠪᠤ ︶   ᠵᠢᠯᠤᠭᠤᠳᠤᠭᠰᠠᠨ ᠪᠠᠭᠰᠢ᠄ ᠳ᠋ᠥ᠋ ᠺᠠᠢ ᠬᠤᠸᠠ
 
ᠢᠷᠡᠯᠲᠡ᠄ ᠬᠢᠩᠭᠠᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号