ᠮᠠᠨ ᠤ ᠨᠤᠳᠤᠭ ᠤᠨ ᠴᠠᠭᠠᠯᠠᠬᠤ ᠶᠤᠰᠤᠨ
ᠨᠡᠶᠢᠲᠡᠯᠡᠭᠰᠡᠨ ᠴᠠᠭ᠄
2021/3/10
   ᠦᠭᠡᠷ ᠵᠢᠯ ᠤᠨ ᠴᠠᠭᠠᠨ ᠰᠠᠷ᠎ᠠ ᠡᠪᠦᠯ ᠤᠨ ᠬᠦᠢᠳᠡᠨ ᠰᠠᠯᠬᠢ ᠰᠡᠷ ᠰᠡᠷ ᠦᠯᠢᠶᠡᠬᠦ ᠶᠢ ᠲᠠᠭᠠᠯᠳᠤᠨ ᠬᠦᠷᠦᠭᠡᠳ ᠢᠷᠡᠭᠰᠡᠨ ᠰᠢᠭ ᠰᠠᠨᠠᠬᠳᠠᠨ᠎ᠠ᠃     ᠯᠠ ᠰᠠᠷ᠎ᠠ ᠶᠢᠨ ᠬᠤᠷᠢᠨ ᠭᠤᠷᠪᠠᠨ ᠬᠦᠷᠤᠭᠡᠳ ᠢᠷᠡᠯ᠎ᠡ᠂ ᠪᠠᠭ᠎ᠠ ᠰᠢᠨ᠎ᠡ ᠳᠤ ᠪᠠᠨ ᠭᠠᠯ ᠤᠨ ᠪᠤᠷᠬᠠᠨ ᠢᠶᠠᠨ ᠲᠠᠬᠢᠬᠤ ᠭᠡᠵᠦ ᠦᠳᠡ ᠶᠢᠨ ᠬᠤᠶᠢᠨ᠎ᠠ ᠨᠢ ᠲᠡᠯᠭᠡᠬᠦᠷ ᠲᠤ ᠤᠴᠢᠵᠦ ᠪᠤᠤᠪᠤ ᠪᠤᠭᠤᠷᠰᠤᠭ᠂ ᠴᠢᠪᠠᠭ᠎ᠠ ᠰᠢᠬᠢᠷ ᠴᠠᠭᠠᠨ ᠢᠳᠡᠭᠡ ᠬᠤᠳᠠᠯᠳᠤᠨ ᠠᠪᠴᠤ᠂ ᠪᠠᠰᠠ ᠨᠢᠭᠡ ᠪᠠᠭᠴᠠ ᠬᠦᠵᠢ ᠠᠪᠴᠦ ᠪᠡᠯᠡᠳᠭᠡᠯ᠎ᠠ᠃     ᠤᠷᠤᠢ ᠶᠢᠨ ᠬᠤᠭᠤᠯᠠᠨ ᠤ ᠲᠠᠷᠠᠭ᠎ᠠ᠂ ᠠᠪᠤ ᠭᠠᠯ ᠲᠤᠭᠤᠭᠠᠨ ᠤ ᠦᠷᠦᠭᠡᠨ ᠳᠤ ᠤᠷᠤᠵᠤ᠂ ᠭᠠᠯ ᠡᠬᠦᠰᠭᠡᠵᠦ᠂ ᠲᠡᠭᠡᠷ᠎ᠡ ᠨᠢ ᠨᠠᠩᠬᠢ ᠪᠤᠳᠠᠭ᠎ᠠ᠂ ᠰᠢᠬᠢᠷ ᠪᠤᠭᠤᠷᠰᠤᠭ᠂ ᠰᠢᠨᠡᠭᠡᠨ ᠤᠬᠢᠶᠠᠬᠰᠠᠨ ᠡᠯᠳᠡᠪ ᠵᠢᠮᠢᠰ᠂ ᠴᠠᠭᠠᠨ ᠢᠳᠡᠭᠡ ᠪᠠᠨ ᠦᠷᠦᠵᠦ ᠰᠢᠳᠠᠭᠠᠭᠠᠳ᠂ ᠬᠦᠵᠢ ᠠᠰᠠᠭᠠᠵᠦ ᠪᠠᠷᠠᠭᠠᠳ ᠮᠠᠨᠤᠰ ᠢ ᠲᠠᠭᠤᠳᠠᠨ᠄ ︽ᠭᠠᠯ ᠤᠨ ᠪᠤᠷᠬᠠᠨ ᠳᠤ ᠪᠠᠨ ᠮᠦᠷᠬᠦᠵᠡᠭᠡᠶ᠎ᠡ︾ ᠭᠡᠪᠡ᠃ ᠠᠪᠤ ᠲᠠᠬᠢᠯᠭ᠎ᠠ ᠶᠢᠨ ᠵᠦᠢᠯᠡᠰ ᠢᠶᠠᠨ ᠬᠦᠳᠡᠯᠭᠡᠵᠦ ᠰᠢᠳᠠᠭᠠᠵᠦ ᠪᠠᠶᠢᠬᠤ ᠬᠤᠭᠤᠷᠤᠨᠳᠤ ᠪᠠᠨ ᠪᠠᠰᠠ ᠠᠮᠠᠨ ᠳᠤ ᠪᠠᠨ᠄ ︽ᠭᠠᠯ ᠤᠨ ᠪᠤᠷᠬᠠᠨ ᠠᠪᠤ ᠭᠠᠯᠠᠶᠢᠬᠠᠨ ᠡᠬᠡ ᠰᠠᠬᠢᠭᠤᠯᠰᠤᠨ ᠲᠠ ᠰᠢᠬᠢᠷ ᠵᠢᠮᠢᠰ ᠠᠴᠠ ᠨᠢ ᠠᠮᠰᠠᠵᠦ ᠵᠤᠭᠤᠬᠯᠠ᠂ ᠠᠶᠠᠨ ᠵᠠᠮ ᠳᠤ ᠪᠠᠨ ᠰᠠᠶᠢᠨ ᠶᠠᠪᠤ᠂ ᠰᠠᠶᠢᠨ ᠢ ᠨᠢ ᠬᠡᠯᠡ᠂ ᠮᠠᠭᠤ ᠶᠢ ᠨᠢ ᠲᠠᠷᠤᠭᠠᠷᠠᠢ ᠁ ︾ ᠭᠡᠵᠦ ᠲᠠᠭᠠᠳᠬᠠᠵᠦ ᠪᠠᠶᠢᠯ᠎ᠠ᠃     ᠠᠷᠠᠳ ᠤᠨ ᠤᠯᠠᠮᠵᠢᠯᠠᠯ ᠶᠠᠷᠢᠶᠠᠨ ᠳᠤ ᠪᠠᠭ᠎ᠠ ᠰᠢᠨ᠎ᠡ ᠬᠤᠷᠢᠨ ᠭᠤᠷᠪᠠᠨ ᠳᠤ ᠭᠠᠯ ᠤᠨ ᠪᠤᠷᠬᠠᠨ ᠲᠡᠭᠷᠢ ᠳᠤ ᠭᠠᠷᠴᠦ ᠲᠤᠯᠤᠭᠠᠨ ᠬᠤᠨᠤᠭ ᠤᠨ ᠬᠤᠷᠠᠯ ᠳᠤ ᠰᠠᠭᠤᠨ᠎ᠠ᠂ ᠡᠨᠡ ᠬᠤᠭᠤᠷᠤᠨᠳᠦ ᠭᠠᠵᠠᠷ ᠲᠡᠯᠡᠭᠡᠢ ᠳᠤ ᠪᠤᠷᠬᠠᠨ ᠰᠠᠬᠢᠭᠤᠯᠰᠤᠨ ᠦᠭᠡᠢ ᠲᠤᠯᠠ ᠴᠢᠳᠬᠦᠷ ᠰᠢᠮᠨᠤᠰ ᠤᠨ ᠶᠢᠷᠲᠢᠨᠴᠦ ᠪᠤᠯᠵᠦ ᠲᠤᠷ᠎ᠠ ᠪᠠᠷ ᠵᠤᠷᠴᠢᠨ᠎ᠠ ᠭᠡᠨ᠎ᠡ᠃ ᠡᠶᠢᠮᠤ ᠠᠴᠠ ᠬᠦᠮᠦᠰ ᠴᠠᠭᠠᠨ ᠰᠠᠷ᠎ᠠ ᠫᠤᠤᠵᠢᠩ ᠲᠠᠯᠪᠢᠵᠦ ᠲᠠᠭᠤ ᠴᠢᠮᠡᠭᠡ ᠭᠠᠷᠭᠠᠨ ᠮᠠᠭᠤ ᠵᠦᠢᠯᠡᠰ ᠢ ᠠᠶᠤᠯᠭᠠᠨ ᠰᠦᠷᠳᠡᠬᠦᠯᠵᠦ ᠵᠠᠶᠢᠯᠠᠭᠤᠯᠳᠠᠭ ᠭᠡᠨ᠎ᠡ᠃ ᠰᠤᠨᠤᠰᠤᠯᠲᠠ ᠪᠠᠷ ᠭᠠᠯ ᠤᠨ ᠪᠤᠷᠬᠠᠨ ᠤ ᠠᠭᠠᠰᠢ ᠵᠠᠩ ᠨᠢ ᠪᠠᠰᠠ ᠲᠡᠶᠢᠮᠤ ᠰᠠᠶᠢᠨ ᠪᠢᠰᠢ ᠭᠡᠨ᠎ᠡ᠂ ᠤᠯᠠᠨ ᠠᠷᠪᠢᠨ ᠭᠡᠷ ᠤᠨ ᠵᠤᠤᠬ᠎ᠠ ᠲᠤᠭᠤᠭ᠎ᠠ ᠶᠢ ᠬᠠᠮᠢᠶᠠᠷᠴᠦ ᠪᠠᠶᠢᠬᠤ ᠪᠤᠯᠬᠤᠷ ᠠᠭᠠᠰᠢ ᠶᠡᠭᠡ ᠲᠠᠢ ᠠᠭᠤᠷ ᠤᠮᠤᠭ ᠲᠤᠯᠬᠢᠨ ᠭᠡᠨ᠎ᠡ᠂ ᠡᠶᠢᠮᠤ ᠠᠴᠠ ᠭᠠᠯ ᠤᠨ ᠪᠤᠷᠬᠠᠨ ᠢ ᠮᠤᠷᠳᠠᠭᠤᠯᠬᠤ ᠡᠳᠦᠷ ᠲᠤ ᠪᠠᠨ ᠰᠠᠶᠢᠨ ᠲᠠᠬᠢᠯᠭ᠎ᠠ ᠪᠡᠯᠡᠳᠭᠡᠬᠦ ᠦᠭᠡᠢ᠂ ᠦᠪᠡᠷ ᠤᠨ ᠢᠳᠡᠵᠦ ᠦᠯᠡᠳᠡᠭᠰᠡᠨ ᠶᠠᠭᠤᠮᠠᠰ ᠢᠶᠠᠨ ᠡᠷᠭᠦᠵᠦ ᠲᠠᠬᠢᠪᠠᠯ ᠭᠠᠯ ᠤᠨ ᠪᠤᠷᠬᠠᠨ ᠠᠭᠤᠷᠯᠠᠵᠦ ᠲᠡᠭᠷᠢ ᠳᠤ ᠭᠠᠷᠤᠬᠰᠠᠨ ᠤ ᠲᠠᠷᠠᠭ᠎ᠠ ᠬᠤᠷᠮᠤᠰᠲᠠ ᠳᠤ ᠵᠠᠭᠠᠯᠳᠤᠵᠦ ᠮᠠᠭᠤ ᠦᠭᠡ ᠭᠡᠯᠡᠬᠦ ᠳᠤ ᠬᠦᠷᠪᠡᠯ ᠰᠢᠨ᠎ᠡ ᠵᠢᠯ ᠳᠤ ᠪᠠᠨ ᠡᠨᠡᠬᠦ ᠭᠡᠷ ᠤᠨ ᠠᠯᠢᠪᠠ ᠤᠴᠢᠷ ᠤᠷᠤᠬᠰᠢ ᠦᠭᠡᠢ ᠭᠡᠨ᠎ᠡ᠃ ᠡᠶᠢᠮᠤ ᠠᠴᠠ ᠪᠠᠭ᠎ᠠ ᠰᠢᠨ᠎ᠡ ᠶᠢᠨ ᠡᠳᠦᠷ ᠪᠡᠯᠭᠡ ᠮᠠᠭᠤᠳᠠᠢ ᠦᠭᠡ ᠶᠠᠷᠢᠵᠦ ᠪᠤᠯᠬᠤ ᠦᠭᠡᠢ᠂ ᠬᠤᠨᠢ ᠮᠠᠯ ᠠᠯᠠᠵᠦ ᠨᠢᠳᠤᠯᠬᠤ ᠦᠭᠡᠢ ᠵᠡᠷᠭᠡ ᠴᠡᠭᠡᠷ ᠶᠤᠰᠤ ᠲᠠᠢ ᠪᠦᠭᠡᠳ ᠭᠡᠷ ᠪᠦᠯᠢ ᠪᠠᠷ ᠢᠶᠠᠨ ᠨᠠᠭᠠᠳᠤᠮ ᠨᠠᠷᠬᠢᠵᠦ᠂ ᠰᠢᠨᠡᠯᠡᠵᠦ ᠴᠠᠭᠠᠯᠠᠬᠤ ᠪᠡᠯᠡᠳᠭᠡᠯ ᠢᠶᠠᠨ ᠬᠢᠪᠡᠯ ᠵᠤᠬᠢᠨ᠎ᠠ ᠭᠡᠳᠡᠭ᠃     ᠤᠳᠠᠯ ᠦᠭᠡᠢ ᠪᠢᠳᠡᠬᠦᠨ ᠤ ᠡᠳᠦᠷ ᠪᠤᠯᠤᠯ᠎ᠠ᠃ ᠰᠤᠨᠤᠰᠬᠤᠯᠠᠷ ᠭᠠᠯ ᠤᠨ ᠪᠤᠷᠬᠠᠨ ᠴᠤ ᠬᠠᠷᠢᠭᠠᠳ ᠢᠷᠡᠭᠰᠡᠨ ᠪᠠᠶᠢᠯᠬᠦᠢ᠃ ᠪᠢᠳᠡ ᠬᠡᠳᠦᠨ ᠭᠡᠷ ᠢᠶᠠᠷ ᠢᠶᠠᠨ ᠬᠠᠮᠳᠦ ᠰᠢᠨᠡᠯᠡᠭᠰᠡᠨ ᠲᠤᠯᠠ ᠬᠦᠮᠦᠨ ᠤᠯᠠᠨ ᠨᠠᠶᠢᠷ ᠬᠦᠷ ᠶᠡᠬᠡᠲᠠᠢ᠃     ᠡᠵᠢ ᠭᠠᠯ ᠲᠤᠭᠤᠭᠠᠨ ᠤ ᠦᠷᠦᠭᠡᠨ ᠳᠤ ᠮᠢᠬ᠎ᠠ ᠴᠢᠨᠠᠭᠠᠳ ᠶᠠᠭᠠᠷᠠᠵᠦ᠂ ᠠᠪᠤ ᠨᠤᠭᠤᠭ᠎ᠠ ᠵᠠᠭᠤᠰᠢ ᠪᠡᠯᠡᠳᠭᠡᠵᠦ ᠪᠠᠶᠢᠨ᠎ᠠ᠃ ᠪᠤᠰᠤᠳ ᠨᠢ ᠫᠤᠤᠵᠢᠩ ᠢᠶᠠᠨ ᠭᠠᠷᠭᠠᠵᠦ ᠠᠪᠤᠭᠠᠳ ᠬᠦᠷᠢᠶᠡᠨ ᠲᠤᠮᠳᠠ ᠪᠤᠳᠠᠷᠠᠲᠠᠯ᠎ᠠ ᠪᠠᠨ ᠫᠦᠷᠴᠢᠬᠢᠨᠡᠬᠦᠯᠵᠦ᠂ ᠮᠠᠨ ᠤ ᠭᠡᠷ ᠬᠦᠷ ᠨᠠᠷᠬᠢᠶᠠᠨ ᠢᠶᠠᠷ ᠪᠢᠯᠬᠠᠯ᠎ᠠ᠃ ᠦᠳᠡ ᠶᠢᠨ ᠬᠤᠶᠢᠨ᠎ᠠ ᠨᠢ ᠲᠡᠳᠡᠨᠤᠰ ᠰᠠᠲᠤᠨ ᠲᠦᠷᠦᠯ ᠤᠳ ᠢ ᠪᠠᠨ ᠡᠷᠬᠢᠨ᠎ᠡ ᠭᠡᠳ ᠤᠯᠠᠨ ᠠᠷᠪᠢᠨ ᠴᠠᠭᠠᠰᠦᠨ ᠬᠠᠶᠢᠷᠴᠠᠭ ᠲᠠᠢ ᠠᠷᠢᠬᠢ ᠵᠢᠮᠢᠰ ᠠᠪᠤᠭᠠᠳ ᠶᠠᠪᠤᠯ᠎ᠠ ᠂ ᠪᠢ ᠨᠠᠭᠠᠴᠤ ᠡᠮᠡᠭᠡ ᠲᠠᠢ ᠪᠠᠨ ᠬᠦᠵᠦᠷ ᠲᠤᠬᠯᠠᠵᠦ ᠨᠠᠭᠠᠳᠪᠠ᠃ ᠤᠷᠤᠢ ᠶᠢᠨ ᠬᠤᠭᠤᠯᠠᠨ ᠤ ᠲᠠᠷᠠᠭ᠎ᠠ ᠠᠪᠤ ᠲᠡᠭᠡᠳᠦᠰ ᠲᠤ ᠪᠠᠨ ᠲᠦᠯᠡᠰᠢ ᠦᠭᠬᠦ ᠪᠠᠷ ᠪᠢᠳᠡᠬᠦᠨ ᠤ ᠮᠢᠬᠠᠨ ᠤ ᠲᠡᠭᠡᠵᠢ ᠪᠠ ᠪᠦᠬᠦ ᠨᠤᠭᠤᠭ᠎ᠠ ᠵᠠᠭᠤᠰᠢ ᠶᠢᠨ ᠲᠡᠭᠡᠵᠢ᠂ ᠬᠠᠶᠢᠴᠢᠯᠠᠬᠰᠠᠨ ᠲᠦᠷᠪᠡᠯᠵᠢᠨ ᠪᠦᠰ᠂ ᠰᠢᠬᠢᠷ ᠵᠢᠮᠢᠰ᠂ ᠴᠠᠭᠠᠨ ᠢᠳᠡᠭᠡ᠂ ᠠᠷᠢᠬᠢ ᠲᠠᠮᠠᠬᠢ ᠪᠦᠬᠦᠳᠡ ᠶᠢ ᠪᠠᠨ ᠠᠪᠴᠤ᠂ ᠬᠤᠳᠠ ᠶᠢᠨ ᠲᠡᠬᠦᠷᠭᠡ ᠠᠴᠠ ᠬᠤᠯᠠ ᠴᠡᠪᠡᠷᠭᠡᠨ ᠬᠠᠷ᠎ᠠ ᠭᠠᠵᠠᠷ ᠡᠷᠢᠵᠦ ᠴᠠᠭᠠᠰᠤ ᠪᠠᠨ ᠰᠢᠳᠠᠭᠠᠭᠠᠳ ᠲᠡᠭᠡᠷ᠎ᠡ ᠨᠢ ᠪᠦᠬᠦ ᠲᠠᠬᠢᠯᠭ᠎ᠠ ᠶᠢᠨ ᠵᠦᠢᠯᠡᠰ ᠢ ᠪᠠᠨ ᠦᠷᠦᠵᠦ ᠰᠢᠳᠠᠭᠠᠯ᠎ᠠ᠃ ᠲᠠᠬᠢᠯᠭ᠎ᠠ ᠲᠠᠯᠪᠢᠵᠦ ᠪᠠᠶᠢᠭ᠎ᠠ ᠭᠠᠯ ᠤᠨ ᠢᠶᠠᠨ ᠭᠠᠳᠠᠭᠤᠷ ᠨᠢᠭᠡ ᠴᠠᠭᠠᠷᠢᠭ ᠵᠢᠷᠤᠵᠦ᠂ ᠴᠠᠭᠠᠷᠢᠭ ᠨᠢ ᠪᠠᠰᠠ ᠨᠢᠭᠡ ᠡᠬᠦᠳᠡ ᠲᠠᠢ᠃ ᠪᠠᠷᠤᠭ ᠲᠡᠬᠦᠨ ᠢᠶᠠᠷ ᠨᠢ ᠲᠡᠭᠡᠳᠦᠰ ᠤᠨ ᠰᠦᠨᠡᠰᠦ ᠤᠷᠤᠵᠦ ᠭᠠᠷᠳᠠᠭ ᠭᠡᠵᠤ ᠤᠤ︖ ᠭᠡᠵᠦ ᠪᠢ ᠪᠤᠳᠤᠵᠦ ᠠᠮᠵᠢᠪᠠ᠃ ᠮᠦᠷᠬᠦᠵᠦ ᠪᠠᠶᠢᠬᠤ ᠳᠤ ᠪᠠᠨ ᠲᠡᠭᠡᠳᠦᠰ ᠲᠤ ᠪᠠᠨ ᠵᠠᠯᠪᠠᠷᠢᠨ ᠲᠠᠭᠠᠳᠬᠠᠵᠦ᠂ ᠰᠢᠨ᠎ᠡ ᠨᠢᠭᠡ ᠵᠢᠯ ᠳᠤ ᠦᠷ᠎ᠡ ᠬᠤᠶᠢᠴᠢᠰ ᠢᠶᠠᠨ ᠢᠪᠡᠭᠡᠨ ᠲᠡᠳᠬᠦᠵᠦ ᠡᠪᠡᠳᠴᠢᠨ ᠡᠮᠭᠡᠭ ᠡᠯᠳᠡᠪ ᠪᠠᠷᠴᠢᠳ ᠠᠴᠠ ᠵᠠᠶᠢᠯᠠᠭᠤᠯᠬᠤ ᠶᠢ ᠲᠠᠭᠠᠳᠬᠠᠨ ᠵᠠᠯᠪᠠᠷᠢᠵᠦ᠂ ᠠᠯᠢᠪᠠ ᠪᠦᠬᠦᠨ ᠰᠠᠶᠢᠨ ᠰᠠᠶᠢᠬᠠᠨ ᠪᠠᠶᠢᠬᠤ ᠶᠢ ᠬᠦᠰᠡᠨ ᠲᠠᠭᠠᠳᠬᠠᠪᠠ᠃ ᠠᠪᠤ ᠴᠠᠭᠠᠰᠤᠨ ᠵᠤᠭᠤᠰ ᠢ ᠨᠢ ᠰᠢᠳᠠᠭᠠᠵᠤ ᠪᠠᠶᠢᠬᠤ ᠲᠤᠮᠳᠠ ᠪᠠᠨ᠄ ︽ᠪᠦᠰ ᠢᠶᠠᠷ ᠨᠢ ᠬᠤᠪᠴᠠᠰᠤ ᠬᠢᠵᠦ ᠡᠮᠦᠰ ᠡ᠂ ᠠᠷᠢᠬᠢᠨ ᠠᠴᠠ ᠨᠢ ᠠᠮᠰᠠ᠂ ᠮᠢᠬ᠎ᠠ ᠠᠴᠠ ᠨᠢ ᠵᠤᠭᠤᠬᠯᠠ᠂ ᠰᠢᠬᠢᠷ ᠵᠢᠮᠢᠰ ᠢ ᠨᠢ ᠢᠳᠡ ᠁︾ ᠭᠡᠵᠦ ᠰᠢᠪᠡᠨᠡᠨ ᠬᠡᠯᠡᠵᠦ ᠪᠠᠶᠢᠯ᠎ᠠ᠃    ᠤᠷᠤᠢ ᠨᠢ ᠴᠠᠭᠠᠨ ᠰᠠᠷ᠎ᠠ ᠶᠢᠨ ᠦᠳᠡᠰᠢᠯᠡᠭᠡ ᠦᠵᠡᠵᠦ ᠪᠠᠶᠢᠬᠤ ᠬᠤᠭᠤᠷᠤᠨᠳᠤ ᠪᠠᠨ ᠪᠠᠩᠰᠢ ᠪᠠᠷᠢᠬᠤ ᠵᠦᠢᠯᠡᠰ ᠢ ᠪᠠᠨ ᠪᠡᠯᠡᠳᠭᠡᠵᠦ ᠠᠮᠵᠢᠪᠠ᠃ ᠰᠤᠨᠤᠰᠬᠤᠯᠠᠷ ᠪᠠᠩᠰᠢ ᠢᠳᠡᠬᠦ ᠲᠠᠳᠬᠠᠯ ᠨᠢ ᠪᠠᠰᠠ ᠭᠡᠷ ᠭᠡᠷ ᠠᠳᠠᠯᠢ ᠦᠭᠡᠢ ᠪᠠᠶᠢᠳᠠᠭ᠂ ᠤᠯᠠᠩᠬᠢ ᠭᠡᠷ ᠨᠢ ᠪᠦᠷ ᠰᠦᠨᠢ ᠲᠦᠯᠢ ᠠᠷᠪᠠᠨ ᠬᠤᠶᠠᠷ ᠴᠠᠭ ᠤᠨ ᠦᠶ᠎ᠡ ᠪᠠᠷ ᠢᠳᠡᠳᠡᠭ ᠪᠠᠶᠢᠬᠤ ᠳᠤ ᠮᠠᠨᠠᠶᠢᠬᠢ ᠮᠠᠷᠭᠠᠰᠢ ᠦᠷᠯᠦᠭᠡ ᠨᠢ ᠰᠠᠶ᠋ᠢ ᠴᠢᠨᠠᠵᠦ ᠢᠳᠡᠳᠡᠭ ᠪᠠᠶᠢᠯ᠎ᠠ᠃ ᠨᠠᠮ᠎ᠠ ᠶᠢ ᠰᠡᠷᠠᠳᠡᠯ᠎ᠡ ᠪᠠᠩᠰᠢ ᠪᠠᠷᠤᠭ ᠪᠡᠯᠡᠨ ᠪᠤᠯᠴᠢᠬᠠᠳᠠᠭ᠃ ᠠᠪᠤ ᠡᠵᠢ ᠪᠦᠷ ᠡᠷᠳᠡ ᠪᠤᠰᠴᠦ ᠮᠦᠷ ᠭᠠᠷᠭᠠᠳᠠᠬ ᠭᠡᠨ᠎ᠠ᠂ ︽ᠮᠦᠷ ᠭᠠᠷᠭᠠᠬᠤ︾ ᠭᠡᠳᠡᠭ ᠨᠢ ᠨᠠᠷᠠ ᠭᠠᠷᠬᠤ ᠠᠴᠠ ᠡᠮᠦᠨ᠎ᠡ ᠪᠤᠰᠴᠦ ᠨᠢᠭᠡ ᠵᠢᠯ ᠤᠨ ᠪᠤᠶᠠᠨ ᠤ ᠵᠦᠭ᠂ ᠡᠳ᠋ ᠤᠨ ᠬᠡᠰᠢᠭ ᠤᠨ ᠵᠦᠭ ᠭᠡᠬᠦ ᠮᠡᠳᠦ ᠪᠠᠷ ᠦᠯᠵᠡᠢ ᠮᠦᠷ ᠲᠠᠢ ᠵᠦᠭ ᠲᠤ ᠭᠠᠷᠴᠦ ᠵᠠᠭᠤᠨ ᠠᠯᠬᠤᠮ ᠠᠯᠬᠤᠳᠠᠭ ᠭᠡᠨ᠎ᠡ᠂ ᠠᠯᠬᠤᠬᠤ ᠳᠤ ᠪᠠᠨ ᠦᠭᠡ ᠲᠤᠤᠭᠠᠷᠴᠦ ᠪᠤᠯᠬᠤ ᠦᠭᠡᠢ᠂ ᠪᠤᠴᠠᠵᠦ ᠢᠷᠡᠬᠦ ᠵᠠᠮ ᠳᠤ ᠪᠠᠨ ᠬᠦᠮᠦᠨ ᠲᠠᠭᠠᠷᠠᠬᠰᠠᠨ ᠴᠤ ᠬᠡᠯᠡᠯᠴᠡᠳᠡᠭ ᠦᠭᠡᠢ ᠭᠡᠨ᠎ᠡ᠃ ᠪᠢ ᠪᠠᠰᠠ ᠡᠷᠳᠡ ᠪᠤᠰᠴᠦ ︽ᠮᠦᠷ ᠭᠠᠷᠭᠠᠬᠤ︾ ᠶᠢ ᠰᠠᠨᠠᠬᠰᠠᠭᠠᠷ ᠪᠤᠯᠪᠠᠴᠤ ᠡᠳᠦᠢ ᠪᠤᠯᠳᠠᠯ᠎ᠠ ᠪᠤᠰᠴᠦ ᠲᠡᠶᠢᠯᠦᠭᠡ ᠦᠭᠡᠢ᠂ ᠶᠡᠷᠦ ᠠᠴᠠ ᠰᠢᠨ᠎ᠡ ᠶᠢᠨ ᠨᠢᠭᠡᠨ ᠳᠤ ︽ᠮᠦᠷ ᠭᠠᠷᠭᠠᠵᠦ︾ ᠠᠮᠵᠢᠭᠠᠳᠤᠢ ᠶᠤᠮ᠃ ᠲᠠᠷᠠᠭ᠎ᠠ ᠵᠢᠯ ᠶᠠᠭᠠᠬᠢᠬᠰᠠᠨ ᠴᠤ ᠨᠢᠭᠡ ᠴᠢᠷᠮᠠᠶᠢᠵᠦ ᠦᠵᠡᠶ᠎ᠡ ᠳ᠋ᠠ᠂ ᠮᠠᠭᠠᠳ ᠲᠠᠢ ᠤᠤ ᠳ᠋ᠠ᠂ ᠭᠡᠨᠡᠳᠳᠡ ᠪᠠᠶᠢᠬᠰᠠᠭᠠᠷ ᠰᠤᠷᠤᠯᠭ᠎ᠠ ᠶᠢᠨ ︽ᠸᠠᠩ︾ ᠪᠤᠯᠴᠢᠬᠠᠵᠦ ᠬᠢᠴᠢᠶᠡᠯ ᠪᠦᠷᠢ ᠳᠤ ᠪᠠᠨ ᠲᠡᠷᠢᠬᠦᠯᠡᠭᠡᠳ ᠪᠠᠶᠢᠪᠠᠯ ᠴᠤᠬᠤᠮ ᠶᠠᠷᠰᠢᠭ ᠡ ᠭᠡᠵᠦ ᠪᠤᠳᠤᠭᠠᠳ ᠢᠨᠢᠶᠡᠳᠦ ᠬᠦᠷᠴᠦ ︽ᠫᠦᠰ︾ ᠬᠢᠳᠡᠯ᠎ᠡ ᠢᠨᠢᠶᠡᠪᠡ᠃ ᠡᠵᠢ ᠬᠠᠷᠠᠴᠢᠬᠠᠭᠠᠳ᠄ ︽ᠮᠢᠨᠤ ᠦᠬᠢᠨ ᠤᠯᠠᠭᠠᠨ ᠪᠠᠭᠯᠠᠭ᠎ᠠ ᠤᠯᠬᠤ ᠪᠠᠨ ᠪᠤᠳᠤᠭᠠᠳ ᠤᠷᠢᠳᠠᠪᠠᠷ ᠪᠠᠶᠠᠷᠯᠠᠭᠠᠳ ᠢᠨᠢᠶᠡᠵᠦ ᠪᠠᠶᠢᠨ᠎ᠠ ᠦᠦ︾ ᠭᠡᠨ᠎ᠡ᠃    ᠦᠶ᠎ᠡ ᠵᠡᠷᠭᠡ ᠪᠠᠷ ᠢᠶᠠᠨ ᠮᠦᠷᠯᠡᠵᠦ ᠵᠤᠬᠰᠤᠭᠠᠳ ᠨᠠᠭᠠᠴᠤ ᠡᠪᠦᠭᠡ ᠡᠮᠡᠭᠡ ᠳᠤ ᠮᠦᠷᠬᠦᠬᠦ ᠪᠠᠷ ᠪᠤᠯᠤᠯ᠎ᠠ᠃    ᠠᠪᠤ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤ ᠪᠠᠷ ᠰᠤᠷᠪᠤᠯᠵᠢᠯᠠᠵᠦ ᠶᠠᠪᠤᠬᠰᠠᠨ ᠪᠠᠶᠢᠳᠠᠯ ᠢᠶᠠᠨ ᠲᠤᠷᠠᠰᠴᠦ᠄ ︽ᠮᠠᠯᠵᠢᠬᠤ ᠤᠷᠤᠨ ᠳᠤ ᠡᠮᠦᠨ᠎ᠡ ᠳᠤ ᠪᠠᠨ ᠬᠡᠤᠭᠡᠳ ᠰᠢᠨ᠎ᠡ ᠶᠢᠨ ᠲᠡᠷᠢᠬᠦᠨ ᠮᠦᠷᠬᠦᠬᠦ ᠶᠢ ︿ᠪᠡᠯᠭᠡ ᠮᠡᠳᠡᠬᠦᠯᠬᠦ﹀ ︿ᠪᠢᠯᠢᠭ ᠮᠡᠳᠡᠬᠦᠯᠬᠦ﹀ ᠭᠡᠬᠦ ᠪᠠᠷ ᠬᠤᠪᠢᠶᠠᠳᠠᠭ ᠭᠡᠵᠤ ᠪᠢᠳᠡᠨ ᠳᠤ ᠲᠠᠶᠢᠯᠪᠦᠷᠢᠯᠠᠪᠠ᠃ ᠪᠢᠴᠢᠭ ᠰᠤᠶᠤᠯ ᠤᠨ ᠮᠦᠷ ᠬᠦᠭᠡᠭᠡᠵᠦ ᠪᠠᠶᠢᠭ᠎ᠠ ᠬᠦᠮᠦᠰ ᠨᠢ ᠨᠠᠰᠤᠲᠠᠳ ᠲᠤ ᠪᠠᠨ ᠠᠷᠢᠬᠢ ᠪᠠᠷᠢᠵᠦ ᠮᠦᠷᠬᠦᠬᠦ ᠶᠢ ︿ᠪᠢᠯᠢᠭ ᠮᠡᠳᠡᠬᠦᠯᠬᠦ﹀ ᠭᠡᠵᠦ ᠬᠡᠯᠡᠳᠡᠭ᠂ ᠠᠵᠢᠯ ᠶᠠᠪᠤᠳᠠᠯ ᠳᠤ ᠤᠷᠤᠬᠰᠠᠨ ᠬᠦᠮᠦᠰ ᠨᠢ ᠮᠦᠷᠬᠦᠬᠦ ᠶᠢ ︿ᠪᠡᠯᠭᠡ ᠮᠡᠳᠡᠬᠦᠯᠵᠦ﹀ ᠪᠠᠶᠢᠨ᠎ᠠ ᠭᠡᠳᠡᠭ ᠭᠡᠨ᠎ᠠ᠃    ᠵᠠ ᠶᠠᠭᠤ ᠴᠤ ᠪᠤᠯᠤᠬᠰᠠᠨ ᠨᠢᠭᠡ ᠶᠠᠭᠤᠮ᠎ᠠ ᠶᠢ ᠨᠢ ᠮᠡᠳᠡᠬᠦᠯᠵᠦ ᠪᠠᠶᠢᠭᠠᠳ ᠯᠡ ᠤᠯᠠᠭᠠᠨ ᠪᠠᠭᠯᠠᠭ᠎ᠠ ᠤᠯᠵᠦ ᠠᠪᠬᠤ ᠨᠢ ᠤᠯᠵᠠ ᠭᠡᠵᠦ ᠪᠢ ᠪᠤᠳᠤᠪᠠ᠃ ︽ᠨᠠᠭᠠᠴᠤ ᠡᠪᠦᠭᠡ ᠡᠮᠡᠭᠡ ᠶᠢᠨ ᠤᠷᠳᠤ ᠨᠠᠰᠤᠯᠠᠵᠦ ᠤᠳᠠᠭᠠᠨ ᠵᠢᠷᠭᠠᠬᠤ ᠶᠢ ᠵᠦᠩᠨᠡᠵᠦ ᠪᠠᠶᠢᠨ᠎ᠠ︾ ᠭᠡᠳ ᠯᠡ ᠮᠦᠷᠬᠦᠪᠡ᠃ ᠲᠡᠭᠡᠭᠰᠡᠨ ᠴᠢᠨᠢ ᠨᠠᠭᠠᠴᠤ ᠡᠪᠦᠭᠡ ᠡᠮᠡᠭᠡ ᠠᠴᠠ᠄ ︽ᠦᠭᠡᠳᠡ ᠲᠠᠢ ᠶᠠᠪᠤ᠂ ᠦᠯᠵᠡᠶᠢᠲᠠᠢ ᠶᠠᠪᠤ᠂ ᠡᠳᠦᠷ ᠪᠦᠷᠢ ᠵᠤᠯ ᠵᠢᠷᠭᠠᠯ ᠲᠠᠢ ᠶᠠᠪᠤ︾ ᠭᠡᠵᠦ ᠢᠷᠦᠭᠡᠪᠡ᠃ ᠬᠤᠶᠠᠷ ᠨᠠᠰᠤᠲᠠᠨ ᠨᠠᠳᠠᠳᠤ ᠪᠠᠭᠯᠠᠭᠠᠲᠠᠢ ᠮᠢᠩᠭᠠᠨ ᠲᠦᠬᠦᠷᠢᠭ ᠦᠭᠬᠦᠯ᠎ᠡ᠃ ᠲᠡᠭᠡᠳᠡᠯ᠎ᠡ ᠭᠠᠷ ᠤᠳᠠᠰᠤᠨ ᠲᠡᠭᠡᠷ᠎ᠡ ᠭᠠᠳᠠᠨ᠎ᠠ ᠰᠢᠨᠡᠯᠡᠭᠰᠡᠨ ᠬᠤᠶᠠᠷ ᠨᠠᠭᠠᠴᠤ ᠡᠵᠢ ᠮᠦᠨ ᠤᠯᠠᠭᠠᠨ ᠪᠠᠭᠯᠠᠭ᠎ᠠ ᠢᠷᠡᠬᠦᠯᠵᠦ ᠪᠠᠶᠢᠯ᠎ᠠ᠃ ᠲᠤᠭᠠᠯᠠᠵᠦ ᠵᠠᠪᠳᠤᠭᠠᠳᠤᠢ ᠪᠠᠶᠢᠳᠠᠯ᠎ᠠ ᠡᠵᠢ᠄ ︽ᠵᠠ ᠡᠵᠢ ᠨᠢ ᠦᠬᠢᠨ ᠳᠤ ᠪᠠᠨ ᠰᠠᠶᠢᠬᠠᠨ ᠬᠠᠳᠠᠭᠠᠯᠠᠵᠦ ᠦᠭᠭᠦᠶ᠎ᠡ︾ ᠭᠡᠬᠦ ᠳᠤ ᠪᠦᠬᠦᠳᠡᠭᠡᠷ ︽ᠨᠢᠷ︾ ᠬᠢᠳᠡᠯ᠎ᠡ ᠢᠨᠢᠶᠡᠯᠴᠡᠪᠡ᠃ ᠤᠴᠢᠷ ᠨᠢ ᠭᠠᠷ ᠤᠳᠠᠰᠤᠨ ᠤ ᠨᠠᠶᠢᠵᠢ ᠶᠢᠨ ᠲᠤᠭᠤᠷᠢᠭ ᠲᠤ᠄ ︽ᠰᠢᠨ᠎ᠡ ᠶᠢᠨ ᠨᠢᠭᠡᠨ ᠤ ᠦᠷᠯᠦᠭᠡ ᠶᠢᠨ ᠤᠯᠠᠭᠠᠨ ᠪᠠᠭᠯᠠᠭ᠎ᠠ ᠶᠢ ᠴᠢᠨᠢ ᠡᠵᠢ ᠴᠢᠨᠢ ᠰᠠᠶᠢᠬᠠᠨ ᠬᠠᠳᠠᠭᠠᠯᠠᠵᠦ ᠦᠭᠬᠦᠶ᠎ᠡ︾ ᠭᠡᠰᠡᠨ ᠶᠡᠷᠦᠮᠳᠡᠭ ᠮᠡᠬᠡᠯᠡᠯ ᠤᠨ ᠱᠤᠭ ᠵᠢᠷᠤᠭ ᠲᠠᠮᠵᠢᠬᠳᠠᠵᠤ ᠪᠠᠶᠢᠬᠰᠠᠨ ᠢ ᠡᠵᠢ ᠠᠴᠠ ᠤᠨᠳᠤᠤ ᠨᠢ ᠪᠦᠷ ᠦᠵᠡᠵᠦ ᠠᠮᠵᠢᠭᠠᠳ ᠪᠠᠶᠢᠬᠰᠠᠠ ᠢ ᠡᠵᠢ ᠮᠡᠳᠡᠭᠡ ᠦᠭᠡᠢ ᠪᠠᠶᠢᠵᠠᠢ᠃    ᠰᠢᠨ᠎ᠡ ᠵᠢᠯ ᠤᠨ ᠪᠠᠩᠰᠢ ᠪᠠᠨ ᠢᠳᠡᠵᠡᠭᠡᠯ᠎ᠡ᠃ ᠪᠠᠩᠰᠢ ᠲᠤᠳᠤᠷ᠎ᠠ ᠪᠠᠨ ᠤᠯᠠᠭᠠᠨ ᠰᠢᠬᠢᠷ᠂ ᠲᠡᠮᠦᠷᠯᠢᠭ ᠵᠤᠭᠤᠰ ᠬᠢᠭᠡᠳ ᠪᠠᠷᠢᠬᠰᠠᠨ ᠨᠢ ᠪᠦᠷ ᠨᠠᠳᠠᠳᠤ ᠤᠯᠳᠠᠵᠠᠢ᠃ ᠪᠠᠷᠤᠭ ᠨᠠᠭᠠᠴᠤ ᠡᠮᠡᠭᠡ ᠨᠠᠭᠠᠴᠤ ᠡᠪᠦᠭᠡ ᠨᠠᠮ᠎ᠠ ᠳᠤ ᠡᠷᠢᠭᠡᠳ ᠦᠭᠴᠢᠭᠡᠭᠰᠡᠨ ᠪᠠᠶᠢᠵᠦ ᠮᠡᠳᠡᠨ᠎ᠡ᠃ ᠲᠡᠭᠡᠭᠡᠳ ᠯᠡ ᠲᠤᠯᠢᠶ᠎ᠠ ᠴᠢᠨᠢ ᠡᠨᠡ ᠵᠢᠯ ᠶᠤᠰᠤᠲᠠᠢ ᠤᠯᠵᠠ ᠤᠮᠤᠭ ᠲᠠᠢ᠂ ᠠᠷᠪᠢᠨ ᠪᠠᠶᠠᠷ ᠲᠠᠢ ᠬᠦᠮᠦᠨ ᠪᠠᠶᠢᠨ᠎ᠠ ᠭᠡᠵᠦ ᠪᠦᠬᠦᠳᠡᠭᠡᠷ ᠪᠠᠶᠠᠰᠪᠠ᠃     ᠪᠠᠩᠰᠢ ᠪᠠᠨ ᠢᠳᠡᠵᠦ ᠪᠠᠷᠠᠭᠠᠳ ᠠᠨᠢᠶ᠎ᠠ᠄ ︽ᠵᠠ ᠵᠠ ᠰᠢᠨᠡᠯᠡᠨ᠎ᠡ ᠴᠠᠭᠠᠯᠠᠨ᠎ᠠ ᠭᠡᠳ ᠯᠡ ᠰᠢᠷᠪᠦᠰᠦ ᠪᠠᠨ ᠰᠤᠨᠳᠠᠯ᠎ᠠ ᠬᠦᠶᠦᠳᠡᠭ ᠶᠤᠮ᠂ ᠤᠳᠤ ᠰᠢᠨᠡᠯᠡᠭᠡᠳ ᠪᠠᠷᠠᠴᠢᠬᠠᠵᠠᠢ︾ ᠭᠡᠬᠦ ᠳᠤ ᠨᠠᠭᠠᠴᠤ ᠡᠮᠡᠭᠡ᠄ ︽ᠬᠦᠶ᠋ᠢ ᠬᠠᠮᠢᠭ᠎ᠠ ᠪᠠᠶᠢᠬᠰᠠᠨ ᠶᠤᠮ︖ ᠰᠢᠨ᠎ᠡ ᠶᠢᠨ ᠲᠠᠪᠤᠨ ᠳᠤ ᠪᠠᠩᠰᠢ ᠢᠳᠡᠨ᠎ᠡ᠂ ᠠᠷᠪᠠᠨ ᠲᠠᠪᠤᠨ ᠳᠤ ᠳ᠋ᠧᠩ ᠦᠵᠡᠨ᠎ᠡ᠂ ᠬᠤᠯᠠ ᠪᠠᠶᠢᠬᠰᠠᠭᠠᠷ ᠳ᠋ᠠ︾ ᠭᠡᠨ᠎ᠡ᠃ ᠨᠠᠭᠠᠴᠤ ᠡᠪᠦᠭᠡ᠄ ︽ᠰᠢᠨᠡᠯᠡᠬᠦ ᠲᠤᠷ᠎ᠠ ᠲᠠᠢ ᠬᠦᠮᠦᠰ ᠲᠤ ᠪᠤᠯ ᠨᠡᠭᠡᠷᠡᠨ ᠬᠤᠯᠠ ᠪᠠᠶᠢᠨ᠎ᠠ ᠰᠢᠤ᠂ ᠮᠠᠨ ᠤ ᠨᠤᠳᠤᠭ ᠤᠨ ᠮᠤᠩᠭᠤᠯᠴᠤᠳ ᠤᠨ ᠤᠤᠯ ᠤᠨ ᠬᠡᠯᠡᠯᠭᠡ ᠪᠠᠷ ᠪᠤᠯ ᠬᠦᠭᠡ ᠡᠪᠡᠰᠦ ᠬᠦᠯᠦᠭ ᠤᠨ ᠲᠤᠭᠤᠷᠠᠢ ᠶᠢ ᠲᠠᠪᠠᠪᠠᠯ ᠰᠠᠶ᠋ᠢ ᠰᠢᠨᠡᠯᠡᠵᠦ ᠴᠠᠭᠠᠯᠠᠵᠦ ᠪᠠᠷᠠᠳᠠᠭ ᠶᠤᠮ︾ ᠭᠡᠬᠦ ᠳᠤ ᠪᠦᠬᠦᠳᠡᠭᠡᠷ ᠢᠶᠠᠨ ︽ᠶᠤᠰᠤᠲᠠᠢ ᠲᠡᠶᠢᠮᠤ ᠡ᠂ ᠲᠡᠶᠢᠮᠤ ᠡ︾ ᠭᠡᠵᠡᠭᠡᠵᠦ ᠢᠨᠢᠶᠡᠯᠴᠡᠨ᠎ᠠ᠃     ᠦᠩᠭᠡᠷᠡᠭᠰᠡᠨ ᠵᠢᠯ ᠡᠪᠡᠳᠴᠢᠨ ᠬᠢᠵᠢᠭ ᠠᠴᠠ ᠪᠤᠯᠤᠭᠠᠳ ᠮᠠᠰᠢ ᠡᠯᠦᠢ ᠬᠤᠯᠤᠢ ᠰᠢᠨᠡᠯᠡᠭᠰᠡᠨ ᠪᠠᠶᠢᠳᠠᠭ ᠶᠤᠮ ᠡ᠂ ᠡᠨᠡ ᠵᠢᠯ ᠤᠨ ᠴᠠᠭᠠᠨ ᠰᠠᠷ᠎ᠠ ᠴᠤᠬᠤᠮ ᠬᠦᠭᠵᠢᠶᠡᠨ ᠨᠠᠷᠬᠢᠶᠠᠨ ᠲᠠᠢ ᠰᠢᠨᠡᠯᠡᠪᠡ᠃   ᠵᠤᠬᠢᠶᠠᠬᠴᠢ᠄ ᠪᠠᠢ ᠲᠤᠯᠢᠶ᠎ᠠ ︵ᠤᠯᠠᠭᠠᠨᠬᠤᠳᠠ ᠬᠤᠶᠠᠳᠤᠭᠠᠷ ᠲᠤᠮᠳᠠᠳᠤ ᠰᠤᠷᠭᠠᠭᠤᠯᠢ ᠶᠢᠨ ᠲᠡᠭᠡᠳᠦ ᠨᠢᠭᠡ ᠶᠢᠨ ᠬᠤᠶᠠᠷ︶   ᠵᠢᠯᠤᠭᠤᠳᠤᠬᠰᠠᠨ ᠪᠠᠭᠰᠢ᠄ ᠬᠠᠨᠳᠠ
 
ᠢᠷᠡᠯᠲᠡ᠄ ᠬᠢᠩᠭᠠᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号