︽ᠬᠡᠰᠢᠭᠳᠡᠨ︾ ᠴᠡᠷᠢᠭ ᠭᠡᠭᠴᠢ ᠶᠠᠮᠠᠷ ᠴᠡᠷᠢᠭ ᠪᠤᠢ ᠲᠡᠥᠬᠡᠨ ᠳᠠᠬᠢ ︽ᠬᠡᠰᠢᠭᠳᠡᠨ︾ ᠪᠤᠯ ᠴᠢᠩᠬᠢᠰ | ᠬᠠᠭᠠᠨ ᠤ ᠤᠷᠳᠤ ᠶᠢ ᠬᠠᠮᠠᠭᠠᠯᠠᠬᠤ ᠰᠢᠳᠠᠷ ᠬᠠᠮᠠᠭᠠᠯᠠᠭᠴᠢ ᠬᠦᠮᠤᠰ ᠢ ᠬᠡᠯᠡᠳᠡᠭ᠃ ᠲᠡᠳᠡᠨ ᠤ ᠡᠩ ᠤᠨ ᠴᠠᠭ ᠤᠨ | ᠡᠬᠦᠷᠭᠡ ᠪᠤᠯ ᠬᠠᠭᠠᠨ ᠤ ᠰᠢᠳᠠᠷ ᠬᠠᠮᠠᠭᠠᠯᠠᠯ ᠢ ᠬᠦᠢᠴᠡᠳᠭᠡᠵᠤ᠂ ᠲᠠᠶᠢᠨ ᠪᠠᠶᠢᠯᠳᠤᠭᠠᠨ ᠤ ᠦᠶ᠎ᠠ ᠳᠤ ᠬᠠᠭᠠᠨ ᠤ | ᠰᠢᠭᠤᠳ ᠵᠠᠬᠢᠷᠤᠯ ᠢᠶᠠᠷ ᠬᠦᠨᠳᠤ ᠴᠢᠬᠤᠯᠠ ᠡᠬᠦᠷᠭᠡ ᠶᠢ ᠬᠦᠢᠴᠡᠳᠭᠡᠳᠡᠭ᠃ ᠲᠡᠷᠡ ᠨᠢ ︽ᠡᠩ ᠤᠨ ᠡᠳᠤᠷ | ᠡᠭᠡᠯᠵᠢᠯᠡᠬᠦ ᠲᠤᠷᠬᠠᠭ ᠴᠡᠷᠢᠭ ᠪᠤᠯᠭᠠᠵᠤ᠂ ᠬᠤᠳᠬᠤᠯᠳᠤᠨ ᠪᠠᠶᠢᠯᠳᠤᠬᠤ ᠡᠳᠤᠷ ᠬᠠᠮᠤᠭ ᠤᠨ ᠲᠡᠷᠢᠬᠦᠨ ᠳᠤ | ᠪᠠᠭᠠᠳᠤᠷᠯᠠᠭᠤᠯᠤᠨ ᠶᠠᠪᠤᠭᠤᠯᠬᠤ ᠶᠡᠬᠡᠭᠤᠥᠯ ᠤᠨ ᠴᠡᠷᠢᠭ ᠪᠤᠯᠭᠠᠬᠤ︾ ᠶᠠᠪᠤᠳᠠᠯ ᠪᠤᠯᠤᠨ᠎ᠠ᠃ ᠬᠡᠰᠢᠭᠳᠡᠨ ᠢ ᠪᠠᠰᠠ ︽ | ᠬᠡᠪᠳᠡᠬᠦᠯ︾ ︽ᠬᠤᠷᠴᠢᠨ︾ ︽ᠲᠤᠷᠬᠠᠭ︾ ᠭᠡᠵᠤ ᠠᠵᠢᠯ ᠡᠬᠦᠷᠭᠡ ᠪᠠᠷ ᠨᠢ ᠨᠠᠷᠢᠨ ᠬᠤᠪᠢᠶᠠᠷᠢᠯᠠᠳᠠᠭ ᠭᠡᠨ᠎ᠠ᠃ ︽ | ᠬᠡᠰᠢᠭᠳᠡᠨ︾ ᠴᠡᠷᠢᠭ ᠢ ᠬᠡᠵᠢᠶ᠎ᠠ ᠪᠠᠶᠢᠭᠤᠯᠪᠠ ᠴᠢᠩᠬᠢᠰ ᠬᠠᠭᠠᠨ ᠤ ᠬᠡᠰᠢᠭᠳᠡᠨ ᠴᠡᠷᠢᠭ ᠨᠢ 1204 ᠤᠨ ᠳᠤ | ᠨᠠᠢᠮᠠᠠ ᠢ ᠨᠢᠭᠡᠳᠭᠡᠨ ᠠᠪᠬᠤ ᠶᠢᠨ ᠡᠮᠤᠨ᠎ᠠ ᠵᠢᠩᠬᠢᠨᠢ ᠪᠠᠷ ᠪᠠᠶᠢᠭᠤᠯᠪᠡ᠃ ᠲᠡᠷᠠ ᠦᠶ᠎ᠠ ᠳᠤ ᠨᠠᠶᠠᠨ ᠬᠡᠪᠳᠡᠬᠦᠯ᠂ | ᠲᠠᠯᠠᠨ ᠲᠤᠷᠬᠠᠭ ᠲᠠᠢ ᠪᠠᠶᠢᠵᠠᠢ᠃ ᠪᠦᠬᠦ ᠮᠤᠩᠭᠤᠯ ᠢ ᠨᠢᠭᠡᠳᠭᠡᠭᠰᠡᠨ ᠤ ᠲᠠᠷᠠᠭ᠎ᠠ᠂ ᠲᠤᠷᠬᠠᠭ ᠨᠠᠢᠮᠠᠠ ᠮᠢᠩᠭ᠎ᠠ᠂ | ᠬᠡᠪᠳᠡᠬᠦᠯ᠂ ᠬᠤᠷᠴᠢᠨ ᠢ ᠲᠤᠰ ᠪᠦᠷᠢ ᠮᠢᠩᠭ᠎ᠠ ᠪᠤᠯᠭᠠᠵᠤ᠂ ᠨᠡᠶᠢᠳᠠ ᠲᠦᠮᠡᠨ ᠬᠡᠰᠢᠭᠳᠡᠨ ᠪᠤᠯᠭᠠᠪᠠ᠃ ︽ᠬᠡᠰᠢᠭᠳᠡᠨ | ︾ ᠴᠡᠷᠢᠭ ᠢ ᠶᠠᠭᠠᠬᠢᠵᠤ ᠵᠤᠬᠢᠶᠠᠨ ᠪᠠᠶᠢᠭᠤᠯᠤᠭᠰᠠᠨ ᠪᠤᠢ ᠴᠢᠩᠬᠢᠰ ᠬᠠᠭᠠᠨ ᠲᠦᠮᠡᠨ ᠬᠡᠰᠢᠭᠳᠡᠨ ᠢᠶᠠᠨ ᠶᠡᠭᠡ ᠨᠡᠬᠦᠷᠢᠨ | ︵ᠮᠦᠩᠯᠢᠭ ᠡᠴᠢᠭᠡ ᠶᠢᠨ ᠬᠦᠪᠡᠬᠦᠨ︶᠂ ᠶᠢᠰᠤᠨᠳᠡᠭᠡ ︵ᠵᠡᠯᠮ᠎ᠠ ᠶᠢᠨ ᠬᠦᠪᠡᠬᠦᠨ︶᠂ ᠦᠭᠡᠯᠡᠨ ᠴᠠᠷᠪᠢ ︵ | ᠪᠤᠭᠤᠷᠴᠤ ᠶᠢᠨ ᠲᠡᠬᠦᠥ︶᠂ ᠪᠤᠬ᠎ᠠ ︵ᠮᠤᠬᠤᠯᠠᠢ ᠶᠢᠨ ᠲᠡᠬᠦᠥ︶᠂ ᠠᠯᠴᠢᠳᠠᠢ ︵ᠢᠯᠤᠭᠡᠢ ᠶᠢᠨ ᠲᠡᠬᠦᠥ︶᠂ ᠲᠤᠳᠢ | ᠴᠠᠷᠪᠢ᠂ ᠲᠤᠭᠤᠯᠬᠤ ᠴᠠᠷᠪᠢ ︵ᠵᠠᠳᠠᠢ ᠶᠢᠨ ᠲᠡᠬᠦᠥ᠂ ᠮᠠᠩᠭᠤᠳ ᠤᠪᠤᠭᠳᠠᠨ︶᠂ ᠴᠠᠨᠠᠢ ︵ᠵᠦᠷᠴᠢᠳᠠᠢ ᠶᠢᠨ ᠲᠡᠬᠦᠥ | ᠂ ᠤᠷᠤᠨᠠᠷ ᠤᠨ ᠤᠪᠤᠭᠳᠠᠨ︶᠂ ᠠᠬᠤᠳᠠᠢ ︵ᠬᠤᠩᠬᠢᠷᠠᠳ ᠤᠪᠤᠭᠳᠠᠨ᠂ ᠠᠯᠵᠢ ᠨᠤᠶᠠᠨ ᠤ ᠲᠡᠬᠦᠥ︶᠂ ᠠᠷᠬᠠᠢ | ᠬᠠᠰᠠᠷ ︵ᠵᠠᠯᠠᠶᠢᠷ ᠤᠪᠤᠭᠳᠠᠨ᠂ ᠰᠠᠴᠠ ᠲᠤᠮᠤᠭ ᠤᠨ ᠬᠦᠪᠡᠬᠦᠨ︶ ᠨᠠᠷ ᠲᠤ ᠲᠤᠰ ᠪᠦᠷᠢ ᠮᠢᠩᠭᠠᠨ ᠬᠦᠮᠤᠨ | ᠦᠭᠴᠤ ᠵᠤᠬᠢᠶᠠᠨ ᠪᠠᠶᠢᠭᠤᠯᠵᠠᠢ᠃ ᠲᠤᠷᠬᠠᠭ ᠢᠶᠠᠨ ᠬᠡᠷᠬᠢᠨ ᠵᠤᠬᠢᠶᠠᠨ ᠪᠠᠶᠢᠭᠤᠯᠬᠤ ᠪᠤᠢ ᠬᠡᠰᠢᠭᠳᠡᠨ ᠴᠡᠷᠢᠭ ᠤᠨ | ᠲᠤᠷᠬᠠᠭ ᠤᠳ ᠢᠶᠠᠨ ᠲᠦᠷᠪᠡᠨ ᠡᠭᠡᠯᠵᠢ ᠪᠤᠯᠭᠠᠵᠤ᠂ ᠪᠤᠬ᠎ᠠ᠂ ᠠᠯᠴᠢᠳᠠᠢ᠂ ᠲᠤᠳᠢ᠂ ᠴᠠᠷᠪᠢ᠂ ᠲᠤᠭᠤᠯᠠᠬᠤ ᠴᠠᠷᠪᠢ | ᠲᠦᠷᠪᠡ ᠶᠢ ᠲᠤᠷᠬᠠᠭ ᠤᠨ ᠠᠬᠠᠯᠠᠭᠴᠢ ᠪᠤᠯᠭᠠᠵᠠᠢ᠃ ︽ᠬᠡᠰᠢᠭᠳᠡᠨ︾ ᠴᠡᠷᠢᠭ ᠶᠠᠮᠠᠷ ᠦᠢᠯᠡᠳᠤᠯ ᠦᠵᠡᠬᠦᠯᠪᠡ | ᠲᠦᠮᠡᠨ ᠬᠡᠰᠢᠭᠳᠡᠨ ᠪᠤᠯ ᠵᠤᠬᠢᠬᠤ ᠨᠦᠬᠦᠴᠠᠯ ᠪᠡᠷᠢᠮᠵᠢᠶ᠎ᠠ ᠪᠠᠷ ᠰᠤᠩᠭᠤᠨ ᠠᠪᠴᠤ᠂ ᠴᠢᠩᠭ᠎ᠠ ᠬᠠᠳᠠᠭᠤ ᠪᠠᠷ | ᠰᠤᠷᠭᠠᠭᠤᠯᠢᠯᠡᠨ ᠬᠦᠮᠤᠵᠢᠬᠦᠯᠵᠤ᠂ ᠨᠠᠷᠢᠨ ᠲᠤᠳᠤᠷᠬᠠᠢ ᠴᠢᠩᠭ᠎ᠠ ᠲᠦᠷᠢᠮ ᠢᠶᠠᠷ ᠠᠵᠢᠯᠯᠠᠳᠠᠭ ᠰᠢᠳᠠᠷ ᠴᠡᠷᠢᠭ | ᠪᠤᠯᠤᠨ᠎ᠠ᠃ ᠶᠡᠭᠡ ᠬᠠᠭᠠᠨ ᠤ ᠬᠠᠮᠠᠭᠠᠯᠠᠯ ᠢ ᠬᠠᠷᠢᠭᠤᠴᠠᠬᠤ ᠪᠠᠷ ᠪᠠᠷᠠᠬᠤ ᠦᠭᠡᠢ᠂ ᠲᠡᠷᠠ ᠨᠢ ᠨᠢᠭᠡ ᠴᠡᠷᠢᠭ ᠤᠨ | ᠰᠤᠷᠭᠠᠭᠤᠯᠢ ᠶᠢᠨ ᠦᠢᠯᠡᠳᠤᠯ ᠲᠠᠢ ᠪᠠᠶᠢᠪᠠ᠃ ︵︽ᠤᠯᠠᠭᠠᠨᠬᠠᠳᠠ ᠮᠤᠩᠭᠤᠯ ᠰᠦᠯᠵᠢᠶ᠎ᠠ︾ ᠠᠴᠠ ᠰᠢᠯᠵᠢᠬᠦᠯᠪᠡ︶ |