| ᠫᠠᠺᠢᠨᠰᠤᠨ ᠭᠡᠬᠦ ᠪᠠᠷ ᠭᠠᠷ ᠨᠢ ᠴᠡᠴᠡᠷᠡᠬᠦ ᠨᠠᠰᠤᠳᠠᠶᠢᠴᠤᠳ ᠢ ᠪᠤᠳᠤᠵᠤ ᠤᠯᠤᠨ᠎ᠠ᠃ ᠲᠤᠰ ᠡᠪᠡᠳᠴᠢᠨ ᠪᠤᠯ | ᠨᠢᠭᠡ ᠵᠦᠢᠯ ᠤᠨ ᠪᠠᠶᠢᠩᠭᠤ ᠳᠤᠬᠢᠶᠠᠯᠳᠤᠬᠤ ᠮᠡᠳᠡᠷᠡᠯ ᠳᠤᠷᠦ᠋ᠢᠳᠠᠬᠤ ᠴᠢᠨᠠᠷᠳᠠᠢ ᠡᠪᠡᠳᠴᠢᠨ ᠪᠠᠶᠢᠵᠤ᠂ | ᠶᠡᠬᠡᠩᠬᠢ ᠳᠡᠭᠡᠨ 65 ᠨᠠᠰᠤᠨ ᠠᠴᠠ ᠳᠡᠭᠡᠭᠰᠢᠬᠢ ᠬᠦᠮᠦᠰ ᠨᠡᠷᠪᠡᠭᠳᠡᠵᠤ᠂ ᠡᠷᠡᠭᠳᠠᠶᠢᠴᠤᠳ ᠤᠨ ᠨᠡᠷᠪᠡᠭᠳᠡᠬᠦ ᠨᠤᠷᠮ᠎ᠠ ᠨᠢ | ᠡᠮᠡᠭᠳᠠᠶᠢᠴᠤᠳ ᠠᠴᠠ ᠦᠨᠳᠦᠷ ᠪᠠᠶᠢᠳᠠᠭ᠃ ᠭᠡᠪᠡᠴᠤ ᠤᠶᠢᠷ᠎ᠠ ᠶᠢᠨ ᠵᠢᠯ ᠠᠴᠠ ᠲᠤᠰ ᠡᠪᠡᠳᠴᠢᠨ ᠳᠤ ᠨᠡᠷᠪᠡᠭᠳᠡᠬᠦ | ᠬᠦᠮᠦᠰ ᠨᠢ ᠵᠠᠯᠠᠭᠤᠵᠢᠬᠤ ᠬᠠᠨᠳᠤᠰᠢ ᠢᠯᠡᠷᠡᠵᠦ ᠪᠤᠢ᠃ ᠲᠤᠰ ᠡᠪᠡᠳᠴᠢᠨ ᠨᠢ ᠡᠳᠦᠷ ᠲᠤᠳᠤᠮ ᠤᠨ ᠠᠮᠢᠳᠤᠷᠠᠯ ᠳᠤ | ᠨᠦᠯᠦᠭᠡ ᠪᠤᠯᠬᠤ ᠲᠡᠳᠦᠢ ᠦᠭᠡᠢ ᠰᠡᠳᠭᠢᠴᠡ ᠶᠢ ᠴᠤ ᠨᠦᠯᠦᠭᠡᠯᠡᠳᠡᠭ ᠢ ᠡ᠊ᠨᠳᠡ ᠰᠠᠨᠠᠭᠤᠯᠵᠤ ᠪᠠᠶᠢᠨ᠎ᠠ᠃ | ᠦᠪᠡᠷᠳᠡᠭᠡᠨ ᠵᠠᠰᠠᠬᠤ ᠤᠷᠤᠨ ᠤ ᠡᠮ ᠤᠨ ᠵᠦᠢᠯᠡᠰ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ᠶᠢᠨ | ᠲᠤᠰᠬᠠᠢ ᠮᠡᠷᠭᠡᠵᠢᠯᠳᠡᠨ ᠵᠢᠴᠢ ᠡᠮᠴᠢ ᠨᠠᠷ ᠠᠴᠠ ᠦᠢᠯᠠᠭᠠᠭᠰᠠᠨ ᠢᠶᠠᠷ᠂ ︽ᠴᠡᠴᠡᠷᠡᠬᠦ᠂ ᠤᠳᠠᠭᠠᠯᠢᠭ᠂ ᠬᠦᠰᠢᠭᠦᠨ᠂ | ᠤᠢᠢᠴᠢᠬᠤ︾ ᠪᠤᠯ ᠫᠠᠺᠢᠨᠰᠤᠨ ᠡᠪᠡᠳᠴᠢᠨ ᠤ ᠨᠡᠶᠢᠳᠡᠯᠢᠭ ᠢᠯᠡᠷᠡᠯ ᠪᠤᠯᠤᠨ᠎ᠠ᠃ ᠪᠠᠷᠤᠭ 70% ᠶᠢᠨ | ᠡᠪᠡᠳᠴᠢᠳᠠᠨ ᠳᠤ ᠭᠠᠷ ᠨᠢ ᠴᠡᠴᠡᠷᠡᠬᠦ ᠪᠠᠶᠢᠳᠠᠯ ᠢᠯᠡᠷᠡᠵᠦ᠂ ᠨᠠᠮ ᠵᠢᠮ ᠪᠠᠶᠢᠬᠤ ᠳᠤ ᠴᠡᠴᠡᠷᠡᠬᠦ ᠨᠢ ᠢᠯᠡᠭᠦᠦ | ᠮᠡᠳᠡᠭᠳᠡᠨ᠎ᠠ᠂ ᠪᠠᠴᠢᠮᠳᠠᠵᠤ ᠰᠠᠨᠳᠤᠷᠬᠤ ᠦᠶᠡᠰ ᠴᠡᠴᠡᠷᠡᠬᠦ ᠨᠢ ᠨᠡᠩ ᠢᠯᠡᠭᠦᠦ ᠪᠠᠶᠢᠳᠠᠭ᠃ ᠤᠳᠠᠭᠠᠯᠢᠭ ᠨᠢ | ᠭᠤᠤᠯᠳᠠᠭᠤ ᠬᠦᠳᠡᠯᠭᠡᠭᠡᠨ ᠳᠡᠭᠡᠷ᠎ᠠ ᠢᠯᠡᠷᠡᠵᠤ᠂ ᠠᠯᠬᠤᠶ᠎ᠠ ᠭᠡᠬᠦ ᠳᠤ ᠭᠦᠯ ᠢᠶᠠᠨ ᠵᠦᠭᠡᠭᠡᠬᠦ ᠳᠤ ᠬᠦᠴᠢᠷᠳᠡᠬᠦ᠂ | ᠬᠦᠳᠡᠯᠭᠡᠭᠡᠨ ᠨᠢ ᠤᠳᠠᠭᠠᠯᠢᠭ ᠪᠦᠭᠡᠳ ᠬᠦᠳᠡᠯᠦᠯ ᠨᠢ ᠭᠡᠨᠡᠳᠳᠡ ᠵᠤᠭᠰᠤᠬᠤ ᠪᠤᠶᠤ ᠪᠡᠶ᠎ᠠ ᠡᠷᠬᠢᠵᠦ ᠳᠡᠶᠢᠯᠬᠦ ᠦᠭᠡᠢ | ᠪᠤᠯᠬᠤ︔ ᠨᠢᠭᠤᠷ ᠴᠢᠷᠠᠢ ᠳᠠᠬᠢ ᠰᠡᠳᠭᠢᠯᠭᠡ ᠶᠢᠨ ᠢᠯᠡᠷᠡᠯ ᠨᠢ ᠪᠠᠭᠠᠰᠴᠤ᠂ ᠪᠠᠭ ᠵᠡᠭᠦᠭᠰᠡᠨ ᠮᠡᠳᠦ ᠪᠤᠯᠬᠤ︔ ᠦᠭᠡ | ᠶᠠᠷᠢᠬᠤ᠂ ᠤᠰᠤ ᠤᠤᠭᠤᠬᠤ ᠳᠤ ᠴᠤ ᠰᠠᠭᠠᠳ ᠲᠠᠢ ᠪᠤᠯᠵᠤ᠂ ᠦᠭᠡ ᠨᠢ ᠲᠤᠳᠤᠷᠬᠠᠢ ᠰᠤᠨᠤᠰᠳᠠᠬᠤ ᠦᠭᠡᠢ᠂ | ᠰᠢᠯᠤᠰᠦ ᠭᠤᠭᠤᠵᠢᠬᠤ︔ ᠤᠬᠢᠶᠠᠵᠤ ᠰᠢᠯᠡᠭᠡᠬᠦ᠂ ᠬᠤᠪᠴᠠᠰᠤ ᠡᠮᠦᠰᠭᠦ ᠬᠦᠳᠡᠯᠦᠯ ᠨᠢ ᠤᠳᠠᠭᠠᠯᠢᠭ ᠪᠤᠯᠬᠤ ᠵᠡᠷᠭᠡ | ᠪᠠᠶᠢᠳᠠᠯ ᠲᠠᠢ᠃ ᠬᠦᠰᠢᠭᠦᠨ ᠨᠢ ᠭᠤᠤᠯᠳᠠᠭᠤ ᠬᠦᠯ ᠭᠠᠷ ᠪᠠ ᠪᠡᠶ᠎ᠠ ᠨᠢ ᠬᠦᠰᠢᠭᠦᠨ ᠪᠤᠯᠬᠤ ᠳᠡᠭᠡᠷ᠎ᠠ ᠢᠯᠡᠷᠡᠨ᠎ᠠ᠃ | ᠫᠠᠺᠢᠨᠰᠤᠨ ᠤ ᠡᠬᠢᠨ ᠤ ᠬᠤᠭᠤᠴᠠᠭ᠎ᠠ ᠳᠠᠬᠢ ᠡᠶᠢᠨ ᠬᠦ ᠢᠯᠡᠷᠡᠯ ᠢ ᠬᠦᠮᠦᠰ ᠠᠮᠠᠷᠬᠠᠨ ᠤᠮᠳᠤᠭᠠᠶᠢᠯᠠᠳᠠᠭ ᠪᠢᠯᠡ᠃ | ᠤᠢᠢᠴᠢᠬᠤ ᠭᠡᠳᠡᠭ ᠨᠢ ᠡᠪᠡᠳᠴᠢᠳᠠᠨ ᠤ ᠪᠡᠶ᠎ᠠ ᠪᠠᠨ ᠲᠡᠩᠴᠡᠭᠦᠷᠢᠰᠢᠭᠦᠯᠬᠦ ᠴᠢᠳᠠᠪᠤᠷᠢ ᠨᠢ ᠳᠤᠷᠦ᠋ᠢᠳᠠᠵᠤ᠂ ᠠᠮᠠᠷᠬᠠᠨ | ᠤᠢᠢᠴᠢᠬᠤ ᠶᠢ ᠬᠡᠯᠡᠨ᠎ᠠ᠂ ᠡᠨᠡ ᠨᠢ ᠫᠠᠺᠢᠨᠰᠤᠨ ᠤ ᠳᠤᠮᠳᠠ ᠪᠠ ᠰᠡᠭᠦᠯᠴᠢ ᠶᠢᠨ ᠬᠤᠭᠤᠴᠠᠭ᠎ᠠ ᠪᠤᠯᠤᠭᠰᠠᠨ ᠢ | ᠬᠠᠷᠠᠭᠤᠯᠤᠨ᠎ᠠ᠃ | ᠳᠡᠭᠡᠷ᠎ᠠ ᠳᠤᠷᠠᠳᠤᠭᠰᠠᠨ ᠬᠦᠳᠡᠯᠦᠯ ᠤᠨ ᠴᠢᠨᠠᠷᠳᠠᠢ ᠢᠯᠡᠷᠡᠯ ᠠᠴᠠ ᠭᠠᠳᠠᠨ᠎ᠠ᠂ ᠫᠠᠺᠢᠨᠰᠤᠨ ᠡᠪᠡᠳᠴᠢᠳᠠᠨ ᠳᠤ ᠪᠠᠰᠠ | ᠦᠨᠦᠷᠯᠡᠬᠦ ᠰᠡᠷᠡᠯ ᠨᠢ ᠮᠠᠭᠤᠳᠠᠬᠤ᠂ ᠤᠨᠳᠠᠵᠤ ᠪᠠᠶᠢᠭᠠᠳ ᠪᠠᠷᠬᠢᠷᠠᠬᠤ ᠪᠤᠶᠤ ᠰᠠᠷᠪᠠᠯᠵᠠᠨ ᠬᠦᠳᠡᠯᠬᠦ᠂ ᠬᠤᠷᠭᠤᠰᠤᠯᠠᠬᠤ | ᠂ ᠵᠤᠪᠠᠨᠢᠬᠤ᠂ ᠭᠤᠨᠢᠷᠬᠠᠬᠤ᠂ ᠪᠡᠶ᠎ᠠ ᠶᠢᠨ ᠪᠠᠶᠢᠷᠢᠰᠢᠯ ᠤᠨ ᠴᠢᠨᠠᠷᠳᠠᠢ ᠴᠢᠰᠦᠨ ᠳᠠᠷᠤᠯᠳᠠ ᠳᠤᠤᠷ᠎ᠠ ᠪᠤᠯᠬᠤ ᠵᠡᠷᠭᠡ | ᠬᠦᠳᠡᠯᠦᠯ ᠤᠨ ᠪᠤᠰᠤ ᠢᠯᠡᠷᠡᠯ ᠲᠠᠢ᠃ ᠡᠨᠡ ᠨᠢ ᠶᠡᠬᠡᠩᠬᠢ ᠳᠡᠭᠡᠨ ᠡᠪᠡᠳᠴᠢᠨ ᠤ ᠠᠩᠬᠠᠨ ᠤ ᠬᠤᠭᠤᠴᠠᠭ᠎ᠠ ᠳᠤ | ᠢᠯᠡᠷᠡᠨ᠎ᠠ᠃ | ᠫᠠᠺᠢᠨᠰᠤᠨ ᠡᠪᠡᠳᠴᠢᠨ ᠢ ᠡᠭᠦᠰᠭᠡᠬᠦ ᠰᠢᠯᠳᠠᠭᠠᠨ ᠢ ᠤᠳᠤᠬᠠᠨ ᠳᠤ ᠬᠠᠷᠠᠬᠠᠨ ᠳᠤᠳᠤᠯᠠᠭᠠ ᠦᠭᠡᠢ᠂ ᠶᠡᠭᠡ | ᠲᠦᠯᠦᠪ ᠤᠳᠤᠮᠯᠠᠯ ᠤᠨ ᠰᠢᠯᠳᠠᠭᠠᠨ᠂ ᠤᠷᠴᠢᠨ ᠲᠤᠭᠤᠷᠢᠨ ᠤ ᠰᠢᠯᠳᠠᠭᠠᠨ ᠪᠠ ᠨᠠᠰᠤᠨ ᠤ ᠰᠢᠯᠳᠠᠭᠠᠨ ᠯᠤᠭ᠎ᠠ | ᠬᠤᠯᠪᠤᠭ᠎ᠠ ᠲᠠᠢ᠃ ᠲᠤᠰ ᠡᠪᠡᠳᠴᠢᠨ ᠢ ᠡᠮᠨᠡᠬᠦ ᠳᠤ ᠡᠪᠡᠳᠴᠢᠳᠡᠨ ᠤ ᠲᠤᠰ ᠪᠡᠶ᠎ᠠ ᠶᠢᠨ ᠪᠠᠶᠢᠳᠠᠯ ᠢ ᠦᠨᠳᠦᠰᠦᠯᠡᠨ᠂ | ᠶᠡᠷᠦᠩᠬᠡᠶᠢᠯᠡᠭᠰᠡᠨ ᠡᠮᠨᠡᠬᠦ ᠲᠦᠰᠦᠪ ᠳᠤᠭᠳᠠᠭᠠᠬᠤ ᠬᠡᠷᠡᠭᠳᠠᠢ᠃ ᠤᠳᠤᠬᠠᠨ ᠳᠤ ᠡᠮ ᠢᠶᠠᠷ ᠵᠠᠰᠠᠬᠤ᠂ ᠹᠢᠽᠢᠺ ᠵᠠᠰᠠᠯ᠂ | ᠮᠡᠰᠡ ᠵᠠᠰᠠᠯ᠂ ᠡᠷᠡᠭᠦᠯᠵᠢᠭᠦᠯᠬᠦ ᠵᠠᠰᠠᠯ ᠵᠡᠷᠭᠡ ᠠᠷᠭ᠎ᠠ ᠪᠠᠷ ᠡᠮᠨᠡᠵᠦ ᠪᠤᠢ᠃ | ᠫᠠᠺᠢᠨᠰᠤᠨ ᠡᠪᠡᠳᠴᠢᠳᠠᠡ ᠢ ᠤᠳᠤᠬᠠᠨ ᠳᠤ ᠪᠦᠷᠢᠮᠦᠰᠦᠨ ᠡᠳᠡᠭᠡᠷᠡᠭᠦᠯᠵᠦ ᠳᠡᠶᠢᠯᠬᠦ ᠦᠭᠡᠢ ᠲᠤᠯᠠ | ᠢᠳᠡᠪᠬᠢᠳᠠᠢ ᠰᠡᠷᠭᠡᠶᠢᠯᠡᠬᠦ ᠨᠢ ᠮᠠᠰᠢ ᠴᠢᠬᠤᠯᠠ ᠶᠤᠮ᠃ ᠡᠭᠦᠨ ᠳᠤ ᠡᠳᠦᠷ ᠲᠤᠳᠤᠮ ᠤᠨ ᠠᠮᠢᠳᠤᠷᠠᠯ ᠳᠠᠭᠠᠨ | ᠬᠤᠤᠷᠳᠤ ᠪᠤᠳᠠᠰ ᠲᠠᠢ ᠦᠢᠷᠠᠳᠬᠤ ᠦᠭᠡᠢ᠂ ᠲᠠᠷᠢᠬᠢ ᠲᠤᠯᠤᠭᠠᠢ ᠪᠠᠨ ᠭᠡᠮᠳᠦᠭᠡᠬᠦ ᠦᠭᠡᠢ᠂ ᠪᠡᠶ᠎ᠠ ᠪᠠᠨ ᠦᠷᠭᠦᠯᠵᠢ | ᠳᠠᠪᠳᠠᠨ ᠪᠤᠯᠪᠠᠰᠤᠷᠠᠭᠤᠯᠬᠤ᠂ ᠡᠷᠡᠭᠦᠯ ᠰᠠᠷᠠᠭᠤᠯ ᠠᠮᠢᠳᠤᠷᠠᠯ ᠤᠨ ᠵᠠᠩ ᠳᠠᠳᠬᠠᠯ ᠲᠠᠢ ᠪᠤᠯᠬᠤ᠂ ᠳᠠᠷᠤᠯᠳᠠ ᠪᠠᠨ | ᠬᠦᠩᠭᠡᠷᠡᠭᠦᠯᠬᠦ ᠵᠡᠷᠭᠡ ᠠᠷᠭ᠎ᠠ ᠪᠤᠢ᠃ |