● ᠰᠤᠷᠪᠤᠯᠵᠢᠯᠠᠭᠴᠢ ᠪᠤᠤ ᠤᠷᠠᠨᠳᠤᠳᠢ ᠪᠤᠤ ᠱᠤᠸᠠᠩ ᠴᠢᠥᠸᠠᠨ ᠳ᠋ᠦᠩ ᠯᠢ ᠫᠢᠩ | 2024 ᠤᠨ ᠤ 12 ᠰᠠᠷ᠎ᠠ ᠶᠢᠨ 10 ᠤ ᠡᠳᠥᠷ | ᠡᠷᠳᠡ ᠶᠢᠨ 5 ᠴᠠᠭ 30 ᠮᠢᠨᠦ᠋ᠲ᠂ ᠭᠠᠳᠠᠨ᠎ᠠ ᠭᠡᠭᠡ ᠤᠷᠤᠭᠠᠳᠥᠢ ᠁ | ᠮᠠᠨ ᠤ ᠰᠤᠷᠪᠤᠯᠵᠢᠯᠠᠭ᠎ᠠ ᠶᠢᠨ ᠪᠦᠯᠬᠦᠮ ᠲᠦᠬᠦᠮ ᠬᠤᠭᠤᠯᠠ ᠢᠳᠡᠴᠢᠭᠡᠭᠡᠳ ᠬᠢᠨᠭ᠍ᠭᠠᠨ ᠠᠶᠢᠮᠠᠭ ᠤᠨ ᠷᠠᠰᠢᠶᠠᠨ | ᠬᠤᠳᠠ ᠶᠢᠨ ᠢᠷᠪᠢᠰ ᠪᠠᠯᠭᠠᠰᠥᠨ ᠳᠤ ᠬᠦᠷᠥᠭᠡᠳ ᠷᠠᠰᠢᠶᠠᠨ ᠤ ᠬᠢᠯᠢ ᠶᠢᠨ ᠬᠠᠮᠢᠶᠠᠷᠤᠯᠳᠠ ᠶᠢᠨ ᠶᠡᠭᠡ ᠠᠩᠬᠢ ᠶᠢᠨ | ᠬᠢᠯᠢ ᠬᠠᠮᠠᠭᠠᠯᠠᠭᠴᠢ ᠸᠠᠩ ᠢᠤᠢ ᠹᠠ ᠨᠠᠷ ᠲᠠᠢ ᠵᠤᠯᠭᠤᠨ᠂ ᠳᠡᠳᠡᠨᠥᠰ ᠲᠠᠢ ᠬᠠᠮᠳᠥ ᠳᠤᠮᠳᠠᠳᠥ ᠮᠤᠩᠭᠤᠯ ᠬᠤᠶᠠᠷ | ᠤᠯᠤᠰ ᠤᠨ ᠬᠢᠯᠢ ᠶᠢᠨ ᠱᠤᠭᠤᠮ ᠵᠦᠭ ᠮᠤᠷᠳᠡᠨ᠂ ᠳᠡᠳᠡᠨᠥᠰ ᠤᠨ ᠬᠢᠯᠢ ᠬᠢᠵᠠᠭᠠᠷ ᠢᠶᠠᠨ ᠬᠠᠮᠠᠭᠠᠯᠠᠵᠤ ᠪᠠᠶᠢᠭ᠎ᠠ ᠨᠢᠭᠡ | ᠡᠳᠥᠷ ᠤᠨ ᠠᠵᠢᠯ ᠠᠮᠢᠳᠤᠷᠠᠯ ᠢ ᠨᠢ ᠪᠡᠶᠡᠴᠢᠯᠡᠨ ᠤᠶᠢᠯᠠᠭᠠᠪᠠ᠃ | ᠮᠠᠨᠥᠰ ᠲᠠᠢ ᠬᠠᠮᠳᠥ ᠶᠠᠪᠤᠭ᠎ᠠ ᠬᠦᠮᠥᠰ ᠤᠨ ᠲᠤᠳᠤᠷ᠎ᠠ ᠬᠢᠯᠢ ᠬᠠᠮᠠᠭᠠᠯᠠᠭᠴᠢ ᠸᠠᠩ ᠢᠤᠢ ᠹᠠ᠂ ᠶᠠᠩ ᠶᠦᠨ | ᠵᠣ᠋᠂ ᠳ᠋ᠢ ᠸᠧᠢ ᠪᠢᠨ ᠪᠤᠯᠤᠨ ᠠᠷᠠᠳ ᠤᠨ ᠴᠠᠭᠳᠠᠭ᠎ᠠ ᠯᠢᠥ ᡁᠢ ᠴᠢᠶᠠᠩ᠂ ᠰᠢᠤᠢ ᠱᠧᠩ ᠸᠧᠢ ᠪᠠᠶᠢᠨ᠎ᠠ᠃ ᠵᠠᠮ | ᠳᠤᠷᠰᠢ᠂ ᠬᠢᠯᠢ ᠬᠠᠮᠠᠭᠠᠯᠠᠭᠴᠢ ᠸᠠᠩ ᠢᠤᠢ ᠹᠠ ᠪᠢᠳᠡᠨ ᠳᠤ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠭᠰᠠᠨ 22 | ᠵᠢᠯ ᠤᠨ ᠳᠤᠷᠰᠢᠬᠢ ᠦᠯᠢᠭᠡᠷ ᠢᠶᠠᠨ ᠶᠠᠷᠢᠵᠤ ᠦᠭᠬᠦᠯ᠎ᠡ᠃ ᠸᠠᠩ ᠢᠤᠢ ᠹᠠ ᠡ᠊ᠨᠡ ᠵᠢᠯ ᠵᠢᠷᠠᠨ ᠳᠤᠯᠤᠭᠠᠳᠠᠢ᠂ ᠡᠪ | ᠬᠠᠮᠳᠤ ᠨᠠᠮ ᠳᠤ ᠡᠯᠰᠡᠭᠳᠡᠭᠡᠤᠨ 40 ᠵᠢᠯ ᠤᠨ ᠨᠢᠭᠤᠷ ᠢ ᠦᠵᠡᠵᠤ ᠪᠤᠢ᠃ ᠳᠡᠷᠡᠪᠡᠷ ᠬᠠᠷᠠᠬᠠᠨ ᠪᠠᠭ᠎ᠠ ᠠᠴᠠ ᠪᠠᠨ | ᠴᠡᠷᠢᠭ ᠲᠤ ᠤᠷᠤᠬᠤ ᠬᠦᠰᠡᠯ ᠲᠠᠢ᠂ ᠬᠡᠳᠡᠯ᠎ᠡ ᠤᠯᠠᠨ ᠰᠢᠯᠳᠠᠭᠠᠨ ᠠᠴᠠ ᠪᠤᠯᠵᠤ ᠦᠨᠥ ᠬᠦᠰᠡᠯ ᠢᠶᠠᠨ ᠪᠡᠶᠡᠯᠡᠬᠦᠯᠵᠤ | ᠳᠡᠶᠢᠯᠥᠭᠰᠡᠨ ᠦᠬᠡᠢ᠃ ᠳᠡᠷᠡ ᠪᠤᠯ ᠨᠢᠭᠡᠨ ᠤᠢ ᠰᠢᠭᠤᠢ ᠶᠢᠨ ᠠᠵᠢᠯᠳᠠᠨ᠂ 2003 ᠤᠨ ᠳᠤ 46 ᠨᠠᠰᠥᠳᠠᠢ ᠸᠠᠩ | ᠢᠤᠢ ᠹᠠ ᠦᠨᠥ ᠠᠵᠢᠯ ᠢᠶᠠᠨ ᠳᠠᠶᠠᠭᠳᠠᠨ᠂ ᠬᠢᠯᠢ ᠶᠢᠨ ᠱᠤᠭᠤᠮ ᠠᠴᠠ 5 ᠺᠢᠯᠥᠮᠧᠲᠷ ᠵᠠᠶᠢᠳᠠᠢ ᠬᠠᠪᠤᠷᠵᠢᠶ᠎ᠠ ᠳᠤ | ᠨᠤᠳᠤᠭᠰᠢᠨ ᠮᠠᠯᠵᠢᠬᠤ ᠠᠮᠢᠳᠤᠷᠠᠯ ᠢ ᠡᠳ᠋ᠯᠡᠭᠰᠡᠨ ᠪᠠᠶᠢᠨ᠎ᠠ᠃ ᠮᠦᠨ ᠳᠡᠷᠡ ᠴᠠᠭ ᠠᠴᠠ ᠡᠬᠢᠯᠡᠨ ︽ᠬᠢᠯᠢ ᠪᠠᠨ | ᠬᠠᠮᠠᠭᠠᠯᠠᠬᠤ ᠨᠢ ᠳᠠᠷᠤᠢ ᠭᠡᠷ ᠢᠶᠠᠨ ᠬᠠᠮᠠᠭᠠᠯᠠᠵᠤ ᠪᠠᠶᠢᠭ᠎ᠠ ᠤᠴᠢᠷ︾ ᠭᠡᠰᠡᠨ ᠪᠤᠳᠤᠯ ᠤᠷᠤᠵᠤ᠂ ᠬᠠᠪᠤᠷᠵᠢᠶ᠎ᠠ ᠶᠢᠨ | ᠬᠠᠵᠠᠭᠤᠳᠡᠬᠢ 1378 ᠬᠢᠯᠢ ᠶᠢᠨ ᠬᠦᠰᠢᠶ᠎ᠡ ᠠᠴᠠ 1381 ᠬᠢᠯᠢ ᠶᠢᠨ ᠬᠦᠰᠢᠶ᠎ᠡ ᠬᠦᠷᠳᠡᠯᠡᠬᠢ 25.928 | ᠺᠢᠯᠥᠮᠤᠳ᠋ᠷ ᠤᠨ ᠬᠢᠯᠢ ᠶᠢᠨ ᠱᠤᠭᠤᠮ ᠢ ᠭᠠᠷᠠᠭ ᠪᠦᠷᠢ ᠬᠤᠶᠠᠷ ᠤᠳᠠᠭ᠎ᠠ ᠳᠤᠭᠤᠷᠢᠨ ᠪᠠᠶᠢᠴᠠᠭᠠᠵᠤ ᠶᠠᠪᠤᠳᠠᠭ ᠪᠤᠯᠪᠠ᠃ | | 2019 ᠤᠨ ᠳᠤ᠂ ᠷᠠᠰᠢᠶᠠᠨ ᠬᠢᠯᠢ ᠶᠢᠨ ᠬᠠᠮᠢᠶᠠᠷᠤᠯᠳᠠ ᠶᠢᠨ ᠶᠡᠭᠡ ᠠᠩᠬᠢ ᠶᠢᠨ ᠬᠢᠨ ᠬᠢᠯᠢ ᠬᠢᠵᠠᠭᠠᠷ ᠤᠨ | ᠬᠠᠮᠠᠭᠠᠯᠠᠬᠴᠢ ᠶᠢᠨ ᠡᠩᠨᠡᠭᠡ ᠶᠢ ᠪᠠᠶᠢᠭᠤᠯᠬᠤ ᠳᠤ᠂ ᠸᠠᠩ ᠢᠤᠢ ᠹᠠ ᠬᠠᠮᠤᠭ ᠳᠡᠷᠢᠬᠦᠨ ᠳᠤ ᠨᠡᠷ᠎ᠡ ᠮᠡᠳᠡᠬᠦᠯᠥᠨ᠂ | ᠦᠡᠭᠭᠡ ᠬᠡᠷᠡᠯᠳᠡᠢ ᠪᠠᠷ ᠨᠢᠭᠡᠨ ᠬᠢᠯᠢ ᠬᠠᠮᠠᠭᠠᠯᠠᠭᠴᠢ ᠪᠤᠯᠪᠠ᠃ ︽ᠲᠠᠨᠥᠰ ᠬᠤᠷᠳᠥᠨ ᠬᠠᠷᠠᠭᠠᠷᠠᠢ︕ ᠴᠠᠰᠥᠨ ᠳᠤ | ᠪᠤᠷᠤ ᠬᠦᠷᠥᠭᠡᠰᠥ ᠬᠦᠶᠥᠵᠤ ᠪᠠᠶᠢᠨ᠎ᠠ︕︾ ᠭᠡᠵᠦ ᠸᠠᠩ ᠢᠤᠢ ᠹᠠ ᠳᠡᠷᠭᠡᠨ ᠴᠤᠩᠬᠤ ᠶᠢ ᠨᠡᠭᠡᠭᠡᠵᠤ ᠮᠠᠨᠤᠰ ᠲᠤ | ᠬᠡᠯᠡᠨ᠎ᠡ᠃ ᠳᠡᠷᠡ ᠪᠠᠰᠠ ︽ᠷᠠᠰᠢᠶᠠᠨ ᠤ ᠠᠮᠢ ᠠᠬᠤᠢ ᠶᠢᠨ ᠤᠷᠴᠢᠨ ᠳᠤᠭᠤᠷᠢᠨ ᠰᠠᠶᠢᠨ᠂ ᠭᠡᠭᠡᠷ᠎ᠡ ᠶᠢᠨ ᠠᠮᠢᠳᠠᠨ | ᠤᠯᠠᠨ ᠪᠠᠶᠢᠨ᠎ᠠ᠂ ᠡ᠊ᠨᠡ ᠬᠡᠳᠥᠨ ᠵᠢᠯ᠂ ᠵᠡᠭᠡᠷ᠎ᠡ ᠶᠢ ᠠᠪᠤᠷᠠᠭᠰᠠᠨ᠂ ᠬᠠᠷ᠎ᠠ ᠪᠠᠭᠠᠪᠠᠭᠠᠢ ᠠᠴᠠ ᠳᠤᠳᠠᠭᠠᠭᠰᠠᠨ ᠵᠡᠷᠭᠡ | ᠶᠠᠪᠤᠳᠠᠯ ᠤᠯᠠᠨ ᠳᠠᠭᠠᠷᠠᠯᠳᠤᠯ᠎ᠠ︾ ᠭᠡᠵᠤ ᠬᠢᠯᠢ ᠬᠢᠵᠠᠭᠠᠷ ᠢᠶᠠᠨ ᠬᠠᠮᠠᠭᠠᠯᠠᠬᠤ ᠳᠤᠮᠳᠠ ᠳᠤᠬᠢᠶᠠᠯᠳᠤᠭᠰᠠᠨ | ᠤᠴᠠᠷᠠᠯ ᠢᠶᠠᠨ ᠮᠠᠨᠤᠰ ᠲᠤ ᠦᠯᠢᠭᠡᠷ ᠰᠢᠭ ᠭᠡᠯᠡᠵᠤ ᠦᠭᠬᠦᠯ᠎ᠠ᠃ | ᠦᠷᠯᠥᠭᠡ ᠶᠢᠨ 7 ᠴᠠᠭ 30 ᠮᠢᠨᠦ᠋ᠲ ᠤᠨ ᠦᠶ᠎ᠡ ᠪᠠᠷ᠂ ᠮᠠᠨ ᠤ ᠳᠡᠷᠭᠡ ᠳᠤᠮᠳᠠᠳᠥ ᠮᠤᠩᠭᠤᠯ ᠬᠤᠶᠠᠷ | ᠤᠯᠤᠰ ᠤᠨ ᠬᠢᠯᠢ ᠶᠢᠨ ᠬᠠᠮᠢᠶᠠᠷᠤᠯᠳᠠ ᠶᠢᠨ ᠤᠷᠤᠨ ᠳᠤ ᠬᠦᠷᠪᠡ᠂ ᠳᠡᠷᠭᠡ ᠪᠠᠭ᠎ᠠ ᠶᠠᠪᠤᠭᠠᠳ ᠵᠤᠭᠰᠤᠪᠠ᠂ ︽ | ᠬᠦᠷᠴᠢᠭᠡᠭᠰᠡᠨ ᠤᠤ︖︾ ᠭᠡᠵᠤ ᠰᠤᠷᠪᠤᠯᠵᠢᠯᠠᠭᠴᠢ ᠠᠰᠠᠭᠤᠬᠤ ᠳᠤ᠂ ᠸᠠᠩ ᠢᠤᠢ ᠹᠠ ᠢᠨᠢᠶᠡᠮᠰᠥᠭᠯᠡᠨ᠄ ︽ᠦᠬᠡᠢ | ᠂ ᠡᠮᠥᠨ᠎ᠡ ᠳᠠᠯ᠎ᠠ ᠳᠤ ᠴᠠᠰᠥ ᠨᠡᠯᠢᠶᠡᠳ ᠬᠦᠨ ᠬᠤᠷᠠᠵᠠᠢ᠂ ᠳᠡᠷᠭᠡ ᠤᠷᠤᠭᠰᠢᠯᠠᠵᠤ ᠳᠡᠶᠢᠯᠬᠦ ᠦᠬᠡᠢ᠂ ᠪᠢᠳᠡ | ᠠᠯᠬᠤᠵᠤ ᠶᠠᠪᠤᠬᠤ ᠯᠡ ᠬᠡᠷᠡᠭᠳᠡᠢ ᠪᠤᠯᠵᠠᠢ᠂ ᠭᠡᠪᠡᠴᠤ ᠬᠤᠯᠠ ᠦᠬᠡᠢ᠂ 2 ᠺᠢᠯᠥᠮᠧᠲᠷ ᠵᠠᠶᠢᠳᠠᠢ︾ ᠭᠡᠵᠤ | ᠬᠠᠷᠢᠭᠤᠯᠪᠠ᠃ ᠬᠦᠪᠡᠭᠡ ᠬᠢᠵᠠᠭᠠᠷ ᠨᠢ ᠬᠠᠷᠠᠭᠳᠠᠬᠤ ᠦᠬᠡᠢ ᠮᠦᠡᠭᠬᠦᠨ ᠴᠠᠭᠠᠨ ᠶᠢᠷᠳᠢᠨᠴᠤ ᠨᠢᠳᠥᠨ ᠡᠮᠥᠨ᠎ᠡ | ᠳᠡᠯᠭᠡᠭᠳᠡᠪᠡ᠂ ᠴᠠᠰᠥᠨ ᠦᠵᠡᠮᠵᠢ ᠨᠡᠭᠡᠷᠡᠨ ᠭᠤᠶᠤ ᠪᠠᠶᠢᠨ᠎ᠠ ᠭᠡᠵᠤ ᠮᠠᠨ ᠤ ᠰᠤᠷᠪᠤᠯᠵᠢᠯᠠᠭᠴᠢ ᠨᠠᠷ ᠭᠠᠷ | ᠤᠳᠠᠰᠥ ᠪᠠᠨ ᠭᠠᠷᠭᠠᠨ ᠰᠡᠬᠦᠳᠡᠷ ᠠᠪᠴᠤ ᠪᠠᠶᠢᠯ᠎ᠠ᠃ ᠬᠦᠢᠳᠡᠨ ᠤ ᠡᠷᠴᠢ ᠴᠢᠩᠭᠠᠷᠠᠵᠤ ᠶᠠᠰᠥᠨ ᠳᠤ ᠤᠷᠤᠳᠠᠯ᠎ᠠ | ᠵᠢᠭᠡᠬᠦᠨ᠂ ᠨᠢᠭᠤᠷ ᠴᠢᠷᠠᠢ ᠶᠢ ᠬᠢᠳᠤᠭ᠎ᠠ ᠪᠠᠷ ᠵᠦᠰᠤᠵᠤ ᠪᠠᠶᠢᠭ᠎ᠠ ᠮᠡᠳᠥ ᠬᠥᠢᠳᠡᠨ ᠪᠠᠶᠢᠯ᠎ᠠ᠂ ᠮᠠᠨᠥᠰ ᠲᠠᠢ ᠬᠠᠮᠳᠥ | ᠶᠠᠪᠤᠭ᠎ᠠ ᠬᠢᠯᠢ ᠬᠠᠮᠠᠭᠠᠯᠠᠭᠴᠢ ᠪᠤᠯᠤᠨ ᠴᠠᠭᠳᠠᠭ᠎ᠠ ᠨᠠᠷ ᠨᠤᠤᠰᠥᠨ ᠳᠡᠪᠡᠯ ᠢᠶᠠᠨ ᠮᠠᠨᠥᠰ ᠲᠤ ᠦᠭᠴᠤ ᠡᠮᠥᠰᠭᠡᠪᠡ᠂ | ᠭᠠᠷ ᠳᠠᠭᠠᠷᠠᠭᠠᠳ ᠭᠠᠷ ᠤᠳᠠᠰᠥ᠂ ᠭᠡᠷᠡᠯ ᠵᠢᠷᠤᠭ ᠤᠨ ᠮᠠᠰᠢᠨ ᠢᠶᠠᠨ ᠠᠳᠬᠤᠵᠤ ᠳᠡᠶᠢᠯᠬᠦ ᠦᠬᠡᠢ ᠪᠤᠯᠪᠠ᠃ | 8 ᠴᠠᠭ 14 ᠮᠢᠨᠦ᠋ᠲ ᠲᠤ ᠭᠠᠷ ᠤᠳᠠᠰᠥ ᠪᠠᠨ ᠭᠠᠷᠭᠠᠵᠤ ᠦᠵᠡᠬᠦ ᠳᠤ᠂ ᠭᠠᠷ ᠤᠳᠠᠰᠥ ᠬᠦᠯᠳᠡᠬᠦ ᠰᠢᠬᠠᠵᠤ | ᠂ ᠭᠠᠳᠠᠭᠰᠢ ᠪᠠᠨ ᠤᠳᠠᠰᠥ ᠶᠠᠪᠤᠭᠤᠯᠵᠤ ᠳᠡᠶᠢᠯᠬᠦ ᠪᠠᠨ ᠪᠤᠯᠢᠪᠠ᠃ ᠰᠤᠷᠪᠤᠯᠵᠢᠯᠠᠭᠴᠢ ᠳᠡᠩᠭᠡᠭᠡ ᠠᠯᠳᠠᠨ᠂ ᠵᠤᠵᠠᠭᠠᠨ | ᠴᠠᠰᠥᠨ ᠳᠤ ᠰᠠᠭᠤᠭᠠᠳ ᠪᠠᠭ᠎ᠠ ᠠᠮᠠᠷᠠᠰᠬᠢᠬᠦ ᠤᠤ ᠭᠡᠵᠤ ᠡᠷᠡᠭᠡᠯᠵᠡᠵᠤ ᠪᠠᠶᠢᠳᠠᠯ᠎ᠠ᠂ ᠸᠠᠩ ᠢᠤᠢ ᠹᠠ ᠮᠠᠨ ᠤ | ᠬᠠᠵᠠᠭᠤ ᠳᠤ ᠢᠷᠡᠵᠤ᠄ ︽ᠤᠳᠥ ᠬᠠᠭᠠᠰ ᠴᠠᠭ ᠶᠠᠪᠤᠪᠠᠯ ᠪᠠᠷᠤᠭ ᠬᠦᠷᠴᠢᠭᠡᠨ᠎ᠡ᠂ ᠪᠢ ᠲᠠᠨᠥᠰ ᠲᠤ ᠵᠠᠮ ᠭᠠᠷᠭᠠᠵᠤ | ᠦᠭᠬᠦᠶ᠎ᠡ︾ ᠭᠡᠵᠤ ᠬᠦᠷᠵᠡ ᠪᠠᠷ ᠢᠶᠠᠨ ᠵᠠᠮ ᠭᠠᠷᠭᠠᠬᠤ ᠶᠢᠨ ᠵᠠᠭᠤᠷ᠎ᠠ ᠮᠠᠨᠥᠰ ᠢ ᠵᠤᠷᠢᠭᠵᠢᠭᠤᠯᠵᠤ ᠶᠠᠷᠢᠯ᠎ᠠ᠃ ᠪᠦᠭᠰᠡ | ᠳᠠᠪᠠᠮᠠᠷ ᠬᠦᠨ ᠴᠠᠰᠥᠨ ᠳᠤ ᠭᠤᠳᠤᠷᠢᠨ ᠠᠯᠬᠤᠬᠤ ᠭᠡᠵᠤ ᠦᠨᠡᠭᠡᠷ ᠶᠠᠳᠠᠷᠠᠨ᠎ᠠ᠂ ᠬᠦᠨ ᠨᠢᠭᠡ ᠠᠯᠬᠤᠮ ᠬᠥᠢᠭᠡᠨ | ᠨᠢᠭᠡ ᠠᠯᠬᠤᠮ ᠭᠡᠵᠤ ᠶᠠᠪᠤᠭᠰᠠᠭᠠᠷ ᠸᠠᠩ ᠢᠤᠢ ᠹᠠ ᠶᠢᠨ ᠬᠠᠪᠤᠷᠵᠢᠶ᠎ᠠ ᠶᠢ ᠤᠯᠵᠤ ᠬᠠᠷᠠᠪᠠ᠃ ᠬᠦᠷᠢᠶᠡᠨ ᠳᠤᠮᠳᠠ ᠨᠢ | ᠤᠯᠤᠰ ᠤᠨ ᠲᠤᠭ ᠰᠠᠯᠬᠢᠨ ᠤ ᠠᠶ᠎ᠠ ᠪᠠᠷ ᠨᠠᠮᠢᠷᠠᠨ᠂ ᠪᠢᠳᠡᠨ ᠤ ᠤᠷᠤᠭᠰᠢᠯᠠᠬᠤ ᠵᠤᠷᠢᠭ ᠢ ᠤᠯᠠᠮ ᠬᠦᠪᠴᠢᠯᠡᠪᠡ᠃ | ᠸᠠᠩ ᠢᠤᠢ ᠹᠠ ᠶᠢᠨ ᠬᠠᠪᠤᠷᠵᠢᠶ᠎ᠠ ᠳᠤ ᠬᠦᠷᠥᠯ᠎ᠡ᠂ ᠴᠠᠭ ᠢᠶᠠᠨ ᠭᠠᠷᠭᠠᠵᠤ ᠦᠵᠡᠬᠦ ᠳᠤ᠂ ᠶᠠᠭ ᠰᠠᠶ᠋ᠢᠬᠠᠨ | ᠦᠳᠡ ᠶᠢᠨ ᠡᠮᠥᠨᠡᠬᠢ 10 ᠴᠠᠭ᠃ ᠬᠤᠶᠠᠷ ᠺᠢᠯᠥᠮᠧᠲᠷ ᠦᠨᠡᠨᠳᠡᠭᠡᠨ ᠬᠤᠯᠠ ᠪᠢᠰᠢ᠂ ᠬᠡᠳᠡᠯ᠎ᠡ ᠬᠦᠯ ᠬᠦᠷᠥᠭᠡ | ᠦᠬᠡᠢ ᠬᠦᠨ ᠴᠠᠰᠥᠨ ᠳᠤ 2 ᠴᠠᠭ ᠭᠠᠷᠤᠢ ᠠᠯᠬᠤᠪᠠ᠃ ᠸᠠᠩ ᠢᠤᠢ ᠹᠠ ᠶᠢᠨ ᠬᠠᠪᠤᠷᠵᠢᠶ᠎ᠠ ᠶᠢᠨ ᠭᠡᠷ ᠲᠤ ᠨᠢ | ᠤᠷᠤᠵᠤ ᠦᠵᠡᠬᠦ ᠳᠤ᠂ ᠳᠡᠬᠦᠨ ᠤ 20 ᠭᠠᠷᠤᠢ ᠵᠢᠯ ᠤᠨ ᠳᠤᠷᠰᠢ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠵᠤ | ᠶᠠᠪᠤᠭᠰᠠᠨ ᠤᠯᠠ ᠮᠦᠷ ᠢ ᠨᠢ ᠳᠡᠮᠳᠡᠭᠯᠡᠭᠰᠡᠨ ᠬᠡᠷᠡᠯ ᠵᠢᠷᠤᠭ ᠤᠳ ᠪᠠ ᠦᠨᠡᠮᠯᠡᠯ ᠤᠨ ᠳᠡᠪᠳᠡᠷ ᠤᠳ ᠨᠢ ᠬᠡᠷᠡᠮ | ᠲᠦᠬᠦᠷᠡᠩ ᠡᠯᠬᠦᠭᠡᠰᠥᠳᠡᠢ ᠪᠠᠶᠢᠯ᠎ᠠ᠃ ︽ᠬᠡᠥᠭᠡᠳ ᠡ᠂ ᠡ᠊ᠨᠳᠡ ᠰᠠᠭᠤᠭᠠᠷᠠᠢ︾ ᠭᠡᠳ ᠪᠤᠭᠴᠤᠨ ᠠᠴᠠ ᠪᠠᠨ ᠬᠤᠶᠠᠷ | ᠤᠭᠤᠳᠠ ᠪᠤᠭᠤᠷᠰᠤᠭ ᠭᠠᠷᠭᠠᠵᠤ ᠰᠢᠷᠡᠭᠡᠨ ᠳᠡᠭᠡᠷ᠎ᠡ ᠪᠠᠨ ᠳᠠᠯᠪᠢᠪᠠ᠃ ᠠᠯᠬᠤᠭᠠᠳ ᠶᠠᠳᠠᠷᠠᠭᠰᠠᠨ ᠤ ᠶᠤᠮ ᠤᠤ᠂ | ᠦᠨᠥ ᠪᠤᠭᠤᠷᠰᠤᠭ ᠨᠢ ᠮᠠᠰᠢ ᠠᠮᠳᠠᠳᠠᠢ ᠰᠠᠨᠠᠭᠳᠠᠪᠠ᠃ ᠵᠢᠭᠠᠬᠠᠨ ᠠᠮᠠᠷᠠᠭᠠᠳ ᠪᠢᠳᠡ ᠸᠠᠩ ᠢᠤᠢ ᠹᠠ ᠶᠢᠨ ᠭᠡᠷ ᠢ ᠨᠢ | ᠳᠤᠭᠤᠷᠢᠨ ᠦᠵᠡᠯ᠎ᠡ᠃ ᠳᠡᠷᠡ ᠴᠤ ᠮᠠᠨᠥᠰ ᠲᠤ ᠳᠡᠯᠭᠡᠭᠳᠡᠨ ᠳᠠᠯᠪᠢᠭᠳᠠᠵᠤ ᠪᠠᠶᠢᠭ᠎ᠠ ︽ᠡᠷᠳᠡᠨ ᠤ ᠶᠠᠭᠤᠮ᠎ᠠ︾ | ᠶᠢᠨ ᠢᠶᠠᠨ ᠳᠤᠬᠠᠢ ᠶᠠᠷᠢᠵᠤ ᠦᠭᠬᠦᠯ᠎ᠡ᠃ ᠳᠡᠷᠡ ᠬᠤᠯᠠ ᠶᠢᠨ ᠠᠭᠤᠯᠠ ᠶᠢ ᠵᠢᠭᠠᠴᠢᠬᠠᠭᠠᠳ᠄ ︽ᠡᠮᠥᠨ᠎ᠡ ᠬᠡᠳᠥᠨ | ᠵᠢᠯ ᠪᠢ ᠠᠭᠤᠯᠠᠨ ᠳᠡᠭᠡᠷ᠎ᠡ ᠴᠢᠯᠠᠭᠤ ᠪᠠᠷ ︿ᠬᠢᠯᠢ ᠪᠠᠨ ᠬᠠᠶᠢᠷᠠᠯᠠᠨ᠂ ᠬᠢᠯᠢ ᠪᠠᠨ ᠬᠠᠮᠠᠭᠠᠯᠠᠨ᠂ ᠬᠢᠯᠢ ᠪᠠᠨ ᠰᠠᠬᠢᠵᠤ᠂ | ᠬᠢᠯᠢ ᠬᠢᠵᠠᠭᠠᠷ ᠤᠷᠤᠨ ᠢᠶᠠᠨ ᠬᠦᠴᠥᠷᠭᠡᠭᠵᠢᠬᠦᠯᠬᠦ﹀ ᠭᠡᠰᠡᠨ ᠬᠡᠳᠥᠨ ᠦᠰᠥᠭ ᠢ ᠪᠤᠰᠬᠠᠵᠤ ᠳᠠᠯᠪᠢᠪᠠ᠃ ᠤᠳᠥ | ᠲᠠᠨᠥᠰ ᠤᠯᠵᠤ ᠬᠠᠷᠠᠬᠤ ᠦᠬᠡᠢ ᠯᠠᠢ᠂ ᠪᠦᠷ ᠴᠠᠰᠥᠨ ᠳᠤ ᠬᠤᠴᠢᠭᠳᠠᠪᠠ︾ ᠭᠡᠵᠤ ᠸᠠᠩ ᠢᠤᠢ ᠹᠠ ᠡᠭᠡᠯ ᠶᠡᠷᠥᠮᠳᠡᠭ | ᠦᠭᠡ ᠪᠠᠷ ᠮᠠᠨᠥᠰ ᠲᠤ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠭᠰᠠᠨ ᠦᠯᠢᠭᠡᠷ ᠢᠶᠠᠨ ᠬᠠᠭᠤᠴᠢᠯᠠᠵᠤ ᠦᠭᠬᠦᠯ᠎ᠡ᠃ | ᠷᠠᠰᠢᠶᠠᠨ ᠤ ᠡᠪᠤᠯ ᠤᠨ ᠡᠳᠥᠷ ᠲᠤᠩ ᠤᠬᠤᠷ᠂ ᠪᠢᠳᠡ ᠸᠠᠩ ᠢᠤᠢ ᠹᠠ ᠶᠢᠨ ᠭᠡᠷ ᠲᠤ ᠨᠢ ᠳᠡᠮᠡᠢ ᠤᠳᠠᠭᠰᠠᠨ | ᠦᠬᠡᠢ᠂ ᠬᠡᠳᠥᠨ ᠬᠢᠯᠢ ᠬᠠᠮᠠᠭᠠᠯᠠᠭᠴᠢ ᠪᠤᠯᠤᠨ ᠠᠷᠠᠳ ᠤᠨ ᠴᠠᠭᠳᠠᠭ᠎ᠠ ᠶᠢᠨ ᠳᠠᠭᠠᠭᠤᠯᠭ᠎ᠠ ᠪᠠᠷ ᠬᠢᠯᠢ | ᠬᠠᠮᠠᠭᠠᠯᠠᠬᠤ ᠪᠠᠷ ᠮᠤᠷᠳᠠᠯ᠎ᠠ᠃ ᠵᠠᠮ ᠳᠤ ᠪᠠᠨ ᠬᠢᠯᠢ ᠶᠢᠨ ᠱᠤᠭᠤᠮ ᠤᠨ ᠬᠠᠵᠠᠭᠤᠳᠡᠬᠢ ᠳᠡᠮᠥᠷ ᠳᠤᠤᠷ ᠤᠨ | ᠡᠪᠳᠡᠷᠡᠭᠰᠡᠨ ᠡᠰᠡᠬᠦ ᠶᠢ ᠪᠠᠶᠢᠴᠠᠭᠠᠵᠤ ᠦᠵᠡᠯ᠎ᠡ᠂ ᠳᠤᠷᠠᠨ ᠢᠶᠠᠷ ᠬᠤᠯᠠ ᠶᠢ ᠬᠠᠷᠠᠵᠤ᠂ ᠬᠢᠯᠢ ᠶᠢᠨ ᠠᠮᠥᠷ | ᠲᠦᠪᠰᠢᠨ ᠤ ᠪᠠᠶᠢᠳᠠᠯ ᠢ ᠠᠵᠢᠭᠯᠠᠵᠤ ᠦᠵᠡᠯ᠎ᠡ᠃ ᠦᠳᠡ ᠶᠢᠨ ᠬᠤᠭᠤᠯᠠ ᠶᠢᠨ ᠴᠠᠭ ᠳᠤᠯᠤᠯ᠎ᠠ᠃ ᠸᠠᠩ ᠢᠤᠢ ᠹᠠ | ᠮᠠᠨ ᠢ ᠳᠠᠭᠠᠭᠤᠯᠥᠨ ᠴᠠᠰᠥ ᠬᠥᠢᠭᠡᠨ ᠰᠢᠭ ᠭᠠᠵᠠᠷ ᠡᠷᠢᠵᠤ ᠬᠠᠮᠳᠥ ᠳᠤ ᠪᠠᠨ ᠰᠠᠭᠤᠵᠤ ᠦᠳᠡ ᠶᠢᠨ ᠬᠤᠭᠤᠯᠠ | ᠢᠳᠡᠯ᠎ᠡ᠃ ᠡᠪᠤᠷ ᠲᠤ ᠨᠢ ᠪᠠᠶᠢᠭᠰᠠᠨ ᠬᠡᠳᠥᠨ ᠪᠤᠷᠴᠠᠭ ᠲᠠᠢ ᠪᠤᠤᠪᠤ ᠨᠢ ᠪᠦᠯᠢᠶᠡᠨ ᠪᠠᠶᠢᠭᠰᠠᠭᠠᠷ᠂ ᠬᠡᠳᠥᠨ ᠬᠡᠰᠡᠭ | ᠬᠠᠳᠠᠭᠠᠭᠰᠠᠨ ᠦᠭᠡᠷ ᠤᠨ ᠮᠢᠬ᠎ᠠ ᠶᠢᠨ ᠪᠤᠷᠴᠠ ᠪᠠ ᠤᠭᠤᠳᠠ ᠲᠠᠢ ᠳᠠᠪᠤᠰᠤᠯᠠᠭᠰᠠᠨ ᠨᠤᠭᠤᠭ᠎ᠠ ᠪᠠᠨ ᠭᠠᠷᠭᠠᠵᠤ᠂ | ᠬᠠᠮᠳᠥ ᠳᠤ ᠪᠠᠨ ᠰᠤᠯᠠ ᠵᠤᠭᠤᠭ ᠶᠠᠷᠢᠯᠴᠠᠬᠤ ᠶᠢᠨ ᠳᠠᠭᠠᠥ ᠡ᠊ᠨᠡᠬᠦ ᠴᠠᠭ ᠤᠨ ᠤᠨᠴᠠᠭᠠᠢ ᠪᠦᠭᠡᠳ ᠮᠠᠷᠳᠠᠭᠳᠠᠰᠢ | ᠦᠬᠡᠢ ᠬᠤᠭᠤᠯᠠ ᠪᠠᠨ ᠠᠮᠳᠠᠳᠠᠶᠢᠬᠠᠨ ᠢᠳᠡᠭᠰᠡᠨ᠃ ᠬᠤᠭᠤᠯᠠ ᠢᠳᠡᠬᠦ ᠵᠠᠭᠤᠷ᠎ᠠ᠂ ᠸᠠᠩ ᠢᠤᠢ ᠹᠠ ᠮᠠᠨᠥᠰ ᠲᠤ | ᠬᠢᠯᠢ ᠬᠠᠮᠠᠭᠠᠯᠠᠭᠰᠠᠨ ᠡᠴᠢᠨᠡᠭᠡᠨ ᠵᠢᠯ ᠤᠨ ᠳᠤᠷᠰᠢ᠂ 80 ᠰᠢᠬᠠᠮ ᠭᠡᠭᠡᠷ᠎ᠡ ᠶᠢᠨ ᠠᠮᠢᠳᠠᠨ ᠠᠪᠤᠷᠠᠭᠰᠠᠨ ᠵᠢᠴᠢ ᠬᠢᠯᠢ | ᠠᠯᠤᠰᠯᠠᠨ ᠳᠤᠳᠠᠭᠠᠬᠤ ᠪᠠᠷ ᠪᠠᠶᠢᠭᠰᠠᠨ ᠬᠡᠷᠡᠭ ᠤᠨ ᠰᠡᠵᠢᠭᠳᠡᠨ ᠢ ᠰᠡᠷᠡᠵᠤ ᠮᠡᠳᠡᠨ ᠳᠡᠭᠡᠭᠰᠢ ᠮᠡᠳᠡᠬᠦᠯᠥᠭᠰᠡᠨ ᠵᠡᠷᠭᠡ | ᠦᠯᠢᠭᠡᠷ ᠤᠳ ᠢᠶᠠᠨ ᠶᠠᠷᠢᠵᠤ ᠦᠭᠬᠦᠯ᠎ᠡ᠃ ᠬᠢᠯᠢ ᠬᠠᠮᠠᠭᠠᠯᠠᠬᠤ ᠠᠵᠢᠯ ᠳᠤ ᠤᠯᠠᠨᠳᠠ ᠬᠤᠪᠢ ᠨᠡᠮᠡᠷᠢ ᠦᠵᠡᠬᠦᠯᠥᠭᠰᠡᠨ | ᠲᠤᠯᠠ᠂ ᠤᠷᠢᠳ ᠬᠤᠵᠢᠳ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ᠰᠢᠯᠢᠳᠡᠭ ᠬᠢᠯᠢ ᠶᠢᠨ | ᠠᠷᠠᠳ︾᠂ ᠬᠢᠨᠭ᠍ᠭᠠᠨ ᠠᠶᠢᠮᠠᠭ ᠤᠨ ︽ᠠᠷᠪᠠᠨ ᠰᠢᠯᠢᠳᠡᠭ ᠬᠢᠯᠢ ᠬᠠᠮᠠᠭᠠᠯᠠᠭᠴᠢ︾ ︽ᠳᠤᠮᠳᠠᠳᠥ ᠤᠯᠤᠰ ᠤᠨ | ᠰᠦᠯᠵᠢᠶᠡᠨ ᠦᠯᠢᠭᠡᠷ ᠢ ᠶᠠᠷᠢᠬᠤ · ᠦᠪᠤᠷ ᠮᠤᠩᠭᠤᠯ ᠢ ᠳᠤᠭᠳᠤᠯᠤᠭᠤᠯᠤᠭᠰᠠᠨ︾ 2023 ᠤᠨ ᠤ ᠠᠷᠪᠠᠨ ᠶᠡᠭᠡ | ᠰᠦᠯᠵᠢᠶᠡᠨ ᠤᠳᠥᠨ ᠢᠶᠠᠷ ᠬᠦᠬᠢᠬᠦᠯᠥᠭᠳᠡᠪᠡ᠃ | ᠳᠡᠭᠷᠢ ᠬᠠᠷᠠᠩᠭᠤᠶᠢᠯᠠᠪᠠ᠂ ᠪᠢᠳᠡ ᠬᠢᠯᠢ ᠬᠠᠮᠠᠭᠠᠯᠠᠭᠴᠢ ᠨᠠᠷ ᠢ ᠳᠠᠭᠠᠵᠤ ᠨᠢᠭᠡ ᠡᠳᠥᠷ ᠤᠨ ᠬᠢᠯᠢ ᠬᠠᠮᠠᠭᠠᠯᠠᠬᠤ | ᠠᠵᠢᠯ ᠢᠶᠠᠨ ᠳᠡᠬᠦᠰᠭᠡᠪᠡ᠃ ᠸᠠᠩ ᠢᠤᠢ ᠹᠠ ᠮᠠᠨᠥᠰ ᠢ ᠳᠡᠷᠭᠡᠨ ᠳᠤ ᠭᠠᠷᠭᠠᠵᠤ ᠦᠪᠡᠷ ᠤᠨ ᠢᠶᠠᠨ ᠳᠡᠷᠭᠡᠨ | ᠵᠦᠭ ᠢᠶᠠᠨ ᠶᠠᠪᠤᠬᠤ ᠦᠶ᠎ᠡ ᠳᠤ ᠳᠦᠨᠳᠥᠷ ᠮᠦᠨᠳᠥᠷ ᠠᠯᠬᠤᠵᠤ ᠪᠠᠶᠢᠯ᠎ᠠ᠃ ᠮᠠᠨᠥᠰ ᠲᠠᠢ ᠬᠠᠮᠳᠥ ᠶᠠᠪᠤᠭ᠎ᠠ ᠬᠢᠯᠢ | ᠬᠠᠮᠠᠭᠠᠯᠠᠭᠴᠢ ᠶᠢᠨ ᠬᠡᠯᠡᠬᠦ ᠪᠠᠷ᠂ ᠸᠠᠩ ᠢᠤᠢ ᠹᠠ ᠬᠡᠳᠥᠨ ᠵᠢᠯ ᠤᠨ ᠡᠮᠥᠨ᠎ᠡ 2 ᠤᠳᠠᠭᠠᠨ ᠤ ᠵᠢᠷᠥᠭᠡᠨ ᠤ ᠮᠡᠰᠡ | ᠵᠠᠰᠠᠯ ᠬᠢᠯᠭᠡᠪᠡ ᠭᠡᠨ᠎ᠡ᠂ ᠬᠠᠮᠳᠥ ᠠᠵᠢᠯᠳᠠᠳ ᠨᠢ ᠳᠡᠬᠦᠨ ᠢ ᠬᠢᠯᠢ ᠬᠠᠮᠠᠭᠠᠯᠠᠬᠤ ᠠᠵᠢᠯ ᠢᠶᠠᠨ ᠬᠠᠶᠠᠵᠤ᠂ | ᠭᠡᠷ ᠲᠤ ᠪᠠᠨ ᠰᠠᠭᠤᠵᠤ ᠪᠡᠶ᠎ᠡ ᠪᠠᠨ ᠰᠠᠶᠢᠳᠥᠷ ᠰᠤᠪᠢᠯᠠᠴᠢᠬᠠ ᠭᠡᠵᠤ ᠢᠳᠬᠠᠬᠤ ᠳᠤ᠂ ᠳᠡᠷᠡ ᠶᠡᠷᠥᠨᠢ ᠰᠡᠳᠬᠢᠯ | ᠰᠢᠭᠤᠳᠴᠤ᠂ ᠬᠦᠳᠡᠯᠵᠤ ᠪᠠᠷᠢᠵᠤ ᠳᠡᠶᠢᠯᠬᠦ ᠦᠬᠡᠢ ᠪᠤᠯᠳᠠᠯ᠎ᠠ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠨ᠎ᠠ ᠭᠡᠪᠡ᠃ | ᠠᠮᠥᠷ ᠠᠮᠥᠭᠤᠯᠠᠩ ᠬᠢᠯᠢ ᠬᠢᠵᠠᠭᠠᠷ ᠤᠨ ᠪᠦᠳᠥᠭᠡᠨ ᠪᠠᠶᠢᠭᠤᠯᠤᠯᠳᠠ ᠨᠢ ᠨᠢᠭᠡ ᠳᠠᠯ᠎ᠠ ᠪᠠᠷ ᠬᠢᠯᠢ ᠶᠢᠨ | ᠠᠷᠠᠳ ᠤᠨ ᠰᠠᠶᠢᠨ ᠰᠠᠶᠢᠬᠠᠨ ᠠᠮᠢᠳᠤᠷᠠᠯ ᠲᠠᠢ ᠬᠤᠯᠪᠤᠭᠳᠠᠵᠤ᠂ ᠨᠦᠬᠦᠭᠡ ᠳᠠᠯ᠎ᠠ ᠪᠠᠷ ᠴᠢᠨᠠᠷ ᠰᠠᠶᠢᠳᠠᠢ | ᠬᠦᠭᠵᠢᠯᠳᠡ ᠲᠠᠢ ᠬᠤᠯᠪᠤᠭᠳᠠᠵᠤ ᠪᠠᠶᠢᠳᠠᠭ᠃ ᠬᠢᠨᠭ᠍ᠭᠠᠨ ᠠᠶᠢᠮᠠᠭ ᠤᠨ 130.283 ᠺᠢᠯᠥᠮᠧᠲᠷ ᠤᠷᠳᠥ ᠬᠢᠯᠢ ᠶᠢᠨ | ᠱᠤᠭᠤᠮ ᠳᠡᠭᠡᠷ᠎ᠡ᠂ ᠸᠠᠩ ᠢᠤᠢ ᠹᠠ ᠮᠡᠳᠥ ᠶᠢᠨ ᠠᠵᠢᠯ ᠳᠤ ᠪᠠᠨ ᠬᠠᠷᠢᠭᠤᠴᠠᠯᠭ᠎ᠠ ᠲᠠᠢ᠂ ᠡᠭᠡ ᠤᠷᠤᠨᠴᠢ | ᠦᠵᠡᠯ ᠲᠠᠢ ᠬᠢᠯᠢ ᠬᠠᠮᠠᠭᠠᠯᠠᠭᠴᠢ ᠪᠠᠰᠠ ᠮᠠᠰᠢ ᠤᠯᠠᠨ ᠪᠤᠢ᠃ ᠳᠡᠳᠡ ᠡᠪᠤᠯ ᠤᠨ ᠳᠡᠰᠬᠢᠮ᠎ᠡ ᠬᠥᠢᠳᠡᠨ ᠪᠠ ᠵᠤᠨ ᠤ | ᠠᠭᠠᠬᠢᠮᠡ ᠬᠠᠯᠠᠭᠤᠨ ᠢ ᠬᠠᠶᠢᠬᠤᠷᠤᠯ ᠦᠬᠡᠢ ᠪᠠᠷ ᠬᠢᠯᠢ ᠶᠢᠨ ᠱᠤᠭᠤᠮ ᠢᠶᠠᠨ ᠪᠠᠳᠤ ᠰᠠᠬᠢᠵᠤ᠂ ᠠᠮᠢ ᠨᠠᠰᠥ ᠪᠠᠨ | ᠬᠠᠶᠢᠷᠠᠯᠠᠵᠤ ᠪᠠᠶᠢᠭ᠎ᠠ ᠰᠢᠭ ᠢᠶᠠᠷ ᠬᠢᠯᠢ ᠪᠠᠨ ᠬᠠᠮᠠᠭᠠᠯᠠᠵᠤ ᠪᠠᠶᠢᠳᠠᠭ᠃ | ᠠᠷᠢᠭᠤᠨ ᠳᠠᠷᠬᠠᠨ ᠨᠤᠳᠤᠭ ᠳᠡᠪᠢᠰᠭᠡᠷ ᠤᠨ ᠰᠠᠬᠢᠨ ᠬᠠᠮᠠᠭᠠᠯᠠᠭᠴᠢ᠂ ᠵᠤᠯ ᠵᠢᠷᠭᠠᠯᠳᠥ ᠭᠡᠷ ᠤᠷᠤᠨ ᠤ | ᠪᠦᠳᠥᠭᠡᠨ ᠪᠠᠶᠢᠭᠤᠯᠤᠭᠴᠢ ᠪᠤᠯᠤᠭᠰᠠᠨ ᠬᠢᠨᠭ᠍ᠭᠠᠨ ᠨᠤᠳᠤᠭ ᠤᠨ ᠦᠨᠳᠥᠰᠥᠳᠡᠨ ᠨᠦᠭᠦᠳ ᠤᠨ ᠤᠯᠠᠨ ᠲᠦᠮᠡᠨ | ᠬᠠᠮᠳᠥ ᠪᠠᠷ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠵᠤ᠂ ᠤᠯᠤᠰ ᠢᠶᠠᠨ ᠬᠠᠮᠠᠭᠠᠯᠠᠵᠤ ᠬᠢᠯᠢ ᠪᠠᠨ ᠰᠠᠬᠢᠬᠤ ᠪᠤᠯᠤᠳ | ᠬᠡᠷᠡᠮ ᠢ ᠴᠢᠷᠮᠠᠶᠢᠨ ᠴᠤᠭᠴᠠᠯᠠᠵᠤ᠂ ᠡᠭᠡ ᠤᠯᠤᠰ ᠤᠨ ᠤᠮᠠᠷᠠᠳᠥ ᠬᠢᠯᠢ ᠶᠢᠨ ᠠᠮᠥᠷ ᠲᠦᠪᠰᠢᠨ ᠤ ᠬᠠᠯᠬᠠᠪᠴᠢ ᠶᠢ | ᠪᠠᠳᠥ ᠴᠤᠭᠴᠠᠯᠠᠬᠤ ᠳᠤ ᠳᠠᠬᠢᠨ ᠰᠢᠨ᠎ᠡ ᠭᠠᠪᠢᠶ᠎ᠠ ᠪᠠᠶᠢᠭᠤᠯᠬᠤ ᠨᠢ ᠯᠠᠪᠳᠠᠢ ᠶᠤᠮ᠃ |