ᠤᠶᠢᠷ᠎ᠠ ᠶᠢᠨ ᠡᠳᠦᠷ᠂ ᠬᠢᠨᠭ᠍ᠭᠠᠨ ᠠᠶᠢᠮᠠᠬ ᠤᠨ ᠷᠠᠰᠶᠠᠨ ᠬᠤᠳᠠ ᠶᠢᠨ ᠬᠠᠷᠢᠶᠠᠨ ᠳᠠᠬᠢ ᠱᠣ᠋ ᠴᠢᠦ ᠬᠢᠯᠢ ᠶᠢᠨ | ᠪᠠᠶᠢᠴᠠᠭᠠᠯᠳᠠ ᠶᠢᠨ ᠦᠷᠳᠡᠭᠡ ᠶᠢᠨ ᠳ᠋ᠣᠯᠠᠷ ᠪᠠᠶᠢᠴᠠᠭᠠᠨ ᠪᠠᠷᠢᠪᠴᠢᠯᠠᠬᠤ ᠴᠡᠭ ᠵᠢᠩᠬᠢᠨᠢ ᠪᠠᠷ ᠠᠰᠢᠬᠯᠠᠯᠳᠠ ᠳᠤ | ᠤᠷᠤᠵᠠᠢ᠃ ᠳᠡᠷᠡ ᠨᠢ ᠷᠠᠰᠢᠶᠠᠨ ᠬᠤᠳᠠ ᠶᠢᠨ ᠠᠩᠬᠠᠳᠠᠬᠴᠢ ︽ᠤᠶᠤᠨᠴᠢ ᠮᠠᠶ᠋ᠢᠬ︾ ᠤᠨ ᠪᠠᠶᠢᠴᠠᠭᠠᠨ | ᠪᠠᠷᠢᠪᠴᠢᠯᠠᠬᠤ ᠴᠡᠭ ᠪᠠᠶᠢᠵᠦ᠂ ᠵᠤᠬᠢᠶᠠᠮᠠᠯ ᠤᠶᠤᠨᠴᠢ ᠮᠡᠷᠭᠡᠵᠢᠯ ᠪᠠ ᠳᠤᠮᠤ ᠳ᠋ᠠᠶᠢᠲᠨ ᠪᠠᠷ ᠳᠤᠯᠭᠠᠭᠤᠷᠢᠯᠠᠯ | ᠪᠤᠯᠭᠠᠬᠰᠠᠨ ᠤᠶᠤᠨᠴᠢ ᠮᠠᠶ᠋ᠢᠬ ᠤᠨ ᠬᠢᠯᠢ ᠶᠢᠨ ᠪᠠᠶᠢᠴᠠᠭᠠᠨ ᠪᠠᠷᠢᠪᠴᠢᠯᠠᠬᠤ ᠵᠠᠬᠪᠤᠷ ᠢ ᠪᠤᠢ ᠪᠤᠯᠭᠠᠬᠰᠠᠨ ᠢ | ᠬᠠᠷᠠᠭᠤᠯᠵᠦ ᠪᠠᠶᠢᠨ᠎ᠠ᠃ | ︽ᠪᠠᠶᠢᠴᠠᠭᠠᠯᠳᠠ ᠶᠢᠨ ᠦᠷᠳᠡᠭᠡ ᠳᠤ ︿ᠤᠶᠤᠨᠴᠢ ᠪᠠᠶᠢᠴᠠᠭᠠᠨ ᠰᠢᠯᠭᠠᠬᠤ ᠳᠠᠪᠴᠠᠩ﹀ ᠤᠬᠰᠠᠷᠠᠵᠦ᠂ | ᠤᠷᠢᠳᠴᠢᠯᠡᠨ ᠰᠡᠷᠡᠵᠦ ᠮᠡᠳᠡᠬᠦ᠂ ᠤᠷᠤᠮ ᠦᠯᠡᠳᠡᠭᠡᠬᠦ ᠦᠭᠡᠢ ᠪᠠᠷ ᠴᠤᠬᠯᠠᠭᠤᠯᠬᠤ᠂ ᠤᠶᠤᠨᠴᠢ ᠪᠠᠷ ᠰᠢᠭᠰᠢᠨ | ᠪᠠᠶᠢᠴᠠᠭᠠᠬᠤ ᠵᠡᠷᠭᠡ ᠴᠢᠳᠠᠮᠵᠢ ᠶᠢ ᠪᠡᠶᠡᠯᠡᠬᠦᠯᠵᠦ᠂ ᠡᠯ᠎ᠠ ᠲᠦᠷᠦᠯ ᠤᠨ ᠠᠶᠤᠯ ᠲᠦᠭᠰᠢᠬᠦᠷᠢᠳᠦ ᠬᠦᠴᠦᠨ ᠵᠦᠢᠯ ᠢ | ᠬᠠᠮᠤᠬ ᠤᠨ ᠶᠡᠭᠡ ᠭᠡᠮᠵᠢᠶ᠎ᠠ ᠪᠠᠷ ᠪᠢᠳᠡᠬᠦᠮᠵᠢᠯᠡᠬᠦ ᠪᠤᠯᠤᠨ᠎ᠠ᠃ ᠡᠬᠦᠨ ᠠᠴᠠ ᠭᠠᠳᠠᠨ᠎ᠠ᠂ ᠷᠠᠰᠢᠶᠠᠨ ᠬᠤᠳᠠ ᠶᠢᠨ | ᠳᠤᠳᠤᠭᠠᠳᠦ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠶᠢᠨ ᠬᠠᠮᠢᠶᠠᠷᠤᠯᠳᠠ ᠶᠢᠨ ᠤᠷᠤᠨ ᠤ ᠤᠨᠴᠠᠯᠢᠬ᠂ ᠵᠠᠮ | ᠬᠠᠷᠢᠯᠴᠠᠭ᠎ᠠ ᠪᠤᠯᠤᠨ ᠠᠮᠤᠷ ᠢ ᠬᠠᠮᠠᠭᠠᠯᠠᠬᠤ ᠠᠵᠢᠯ ᠢ ᠨᠢᠬᠳᠠ ᠤᠶᠠᠯᠳᠤᠭᠤᠯᠤᠨ᠂ G331 ᠤᠯᠤᠰ ᠤᠨ ᠵᠠᠮ ᠤᠨ | ᠬᠦᠯᠤᠨ ᠪᠤᠶᠢᠷ ᠬᠤᠳᠠ ᠬᠢᠬᠡᠳ ᠬᠢᠨᠭ᠍ᠭᠠᠨ ᠠᠶᠢᠮᠠᠬ ᠤᠨ ᠠᠭᠤᠯᠵᠠᠷ ᠭᠡᠰᠡᠭ ᠲᠤ ᠳ᠋ᠣᠯᠠᠷ ᠪᠠᠶᠢᠴᠠᠭᠠᠨ ᠪᠠᠷᠢᠪᠴᠢᠯᠠᠬᠤ | ᠴᠡᠭ 1 ᠭᠠᠷᠭᠠᠨ᠂ ᠤᠶᠤᠨᠴᠢ ᠪᠠᠷ ᠪᠠᠶᠢᠴᠠᠭᠠᠨ ᠰᠢᠯᠭᠠᠬᠤ ᠰᠢᠰᠲ᠋ᠧᠮ ᠢ 10 ᠤᠬᠰᠠᠷᠠᠵᠦ᠂ ᠨᠠᠭᠠᠰᠢ ᠴᠠᠭᠠᠰᠢ | ᠶᠠᠪᠤᠬᠤ ᠳᠡᠷᠭᠡ ᠬᠦᠰᠭᠡ ᠪᠤᠯᠤᠨ ᠬᠦᠮᠦᠨ ᠪᠤᠳᠠᠰ ᠲᠤ ᠪᠠᠶᠢᠴᠠᠭᠠᠯᠳᠠ ᠬᠢᠵᠦ᠂ ᠠᠮᠤᠷ ᠲᠦᠪᠰᠢᠨ ᠤ ᠬᠠᠯᠬᠠᠪᠴᠢ ᠶᠢ | ᠪᠠᠳᠦ ᠴᠤᠬᠴᠠᠯᠠᠵᠠᠢ︾ ᠭᠡᠵᠦ ᠱᠣ᠋ ᠴᠢᠦ ᠬᠢᠯᠢ ᠶᠢᠨ ᠪᠠᠶᠢᠴᠠᠭᠠᠯᠳᠠ ᠶᠢᠨ ᠦᠷᠳᠡᠭᠡ ᠶᠢᠨ ᠳᠠᠷᠤᠭ᠎ᠠ ᠺᠠᠨᠭ᠌ ᠶᠦᠡᠭ | ᠹᠸᠡᠭ ᠳᠠᠨᠢᠯᠴᠠᠭᠤᠯᠵᠦ ᠪᠠᠶᠢᠯ᠎ᠠ᠃ | ᠤᠶᠢᠯᠠᠭᠠᠯᠳᠠ ᠪᠠᠷ᠂ ᠷᠠᠰᠢᠶᠠᠨ ᠬᠤᠳᠠ ᠶᠢᠨ ᠠᠩᠬᠠᠳᠠᠬᠴᠢ ︽ᠤᠶᠤᠨᠴᠢ ᠮᠠᠶ᠋ᠢᠬ︾ ᠤᠨ ᠪᠠᠶᠢᠴᠠᠭᠠᠨ | ᠪᠠᠷᠢᠪᠴᠢᠯᠠᠬᠤ ᠴᠡᠭ ᠪᠤᠯᠤᠬᠰᠠᠨ ᠤᠨ ᠬᠤᠪᠢ ᠳᠤ᠂ ᠳᠡᠷᠡ ᠨᠢ ᠬᠢᠨᠭ᠍ᠭᠠᠨ ᠬᠢᠯᠢ ᠶᠢᠨ ᠬᠠᠮᠢᠶᠠᠷᠤᠯᠳᠠ ᠶᠢᠨ ᠰᠠᠯᠪᠤᠷᠢ | ᠠᠩᠬᠢ᠂ ᠷᠠᠰᠢᠶᠠᠨ ᠬᠤᠳᠠ ᠶᠢᠨ ᠳᠤᠳᠤᠭᠠᠳᠦ ᠶᠢ ᠬᠠᠮᠠᠭᠠᠯᠠᠬᠤ ᠳᠤᠪᠴᠢᠶ᠎ᠠ᠂ ᠷᠠᠰᠢᠶᠠᠨ ᠬᠢᠯᠢ ᠶᠢᠨ | ᠬᠠᠮᠢᠶᠠᠷᠤᠯᠳᠠ ᠶᠢᠨ ᠶᠡᠭᠡ ᠠᠩᠬᠢ ᠶᠢᠨ ᠰᠡᠷᠭᠡᠶᠢᠯᠡᠨ ᠡᠵᠡᠮᠳᠡᠬᠦ ᠰᠢᠰᠲ᠋ᠧᠮ ᠤᠨ ᠪᠠᠶᠢᠭᠤᠯᠤᠯᠳᠠ ᠶᠢ ᠳᠡᠰ ᠳᠠᠪᠰᠢᠬᠦᠯᠬᠦ | ᠶᠠᠪᠤᠴᠠ ᠳᠤ ᠳᠤᠭ᠎ᠠ ᠪᠠᠷᠢᠮᠳᠠ ᠶᠢᠨ ᠴᠢᠳᠠᠪᠤᠷᠢ ᠤᠯᠭᠤᠬᠤ ᠬᠦᠴᠦᠯᠡᠴᠡ ᠶᠢ ᠨᠡᠮᠡᠭᠳᠡᠬᠦᠯᠵᠦ᠂ ᠦᠨᠳᠦᠰᠤᠨ | ᠱᠠᠳᠤᠨ ᠤ ᠦᠢᠯᠡᠴᠢᠯᠡᠭᠡ ᠬᠠᠮᠢᠶᠠᠷᠤᠯᠳᠠ ᠶᠢᠨ ᠪᠠᠶᠢᠷᠢᠯᠠᠭᠤᠯᠤᠯᠳᠠ ᠶᠢ ᠨᠠᠩ ᠰᠢᠨᠵᠢᠯᠡᠬᠦ ᠤᠬᠠᠭᠠᠨᠴᠢ᠂ ᠴᠠᠬᠳᠠᠭᠠᠨ ᠤ | ᠬᠦᠴᠦᠨ ᠤ ᠤᠷᠤᠭᠤᠯᠤᠯᠳᠠ ᠶᠢ ᠨᠠᠩ ᠤᠨᠤᠴᠠᠳᠠᠢ᠂ ᠠᠮᠤᠷ ᠢ ᠬᠠᠮᠠᠭᠠᠯᠠᠬᠤ ᠠᠵᠢᠯ ᠢ ᠨᠠᠩ ᠪᠠᠳᠦ ᠪᠠᠬᠢ ᠪᠤᠯᠭᠠᠵᠦ᠂ | ᠬᠢᠯᠢ ᠶᠢᠨ ᠬᠠᠮᠢᠶᠠᠷᠤᠯᠳᠠ ᠶᠢᠨ ᠬᠦᠭᠵᠢᠯᠳᠠ ᠶᠢ ᠬᠦᠴᠦᠳᠠᠢ ᠠᠭᠢᠭᠤᠯᠬᠤ ᠪᠤᠯᠤᠨ᠎ᠠ᠃ ︵ᠶᠤᠤ ᠳ᠋ᠧ ᠵᠸᠡᠭ︶ | |