ᠷᠠᠰᠢᠶᠠᠨ ᠤ ᠰᠢᠨ᠎ᠠ ᠤᠨ ᠢᠶᠠᠨ ᠤᠬᠳᠤᠬᠤ ᠮᠦᠰᠦ ᠴᠠᠰᠦᠨ ᠤ ᠨᠠᠭᠠᠳᠦᠮ ᠳᠤ ᠴᠢᠭᠯᠡᠭᠦᠯᠦᠨ᠂ 1 ᠰᠠᠷ᠎ᠠ ᠶᠢᠨ | 1 — 3 ᠤ ᠡᠳᠦᠷ ᠪᠤᠯᠳᠠᠯ᠎ᠠ ᠸᠠᠩ ᠪᠦᠭᠡ ᠡᠮᠴᠢ ᠷᠠᠰᠢᠶᠠᠨ ᠬᠤᠲᠠ ᠳᠤ ᠰᠠᠭᠤᠵᠦ ᠠᠯᠪᠠᠨ ᠵᠢᠷᠦᠮ ᠤᠨ | ᠡᠮᠴᠢᠯᠡᠭᠡ ᠬᠢᠵᠦ ᠪᠦᠬᠦ ᠤᠯᠤᠰ ᠤᠨ ᠡᠯ᠎ᠠ ᠭᠠᠵᠠᠷ ᠠᠴᠠ ᠭᠥᠷᠥᠯᠴᠡᠨ ᠢᠷᠡᠭᠰᠡᠨ ᠵᠢᠭᠤᠯᠴᠢᠯᠠᠬᠴᠢᠳ ᠲᠤ | ᠡᠮᠴᠢᠯᠡᠭᠡᠨ ᠤ ᠰᠠᠶᠢᠨ ᠰᠠᠶᠢᠬᠠᠨ ᠤᠶᠢᠯᠡᠴᠢᠯᠡᠭᠡ ᠬᠠᠩᠭᠠᠵᠥ᠂ ᠡᠷᠡᠭᠦᠯ ᠮᠡᠨᠲᠦ ᠪᠠ ᠪᠠᠶᠠᠷ ᠪᠠᠶᠠᠰᠦᠯ ᠢ ᠬᠠᠮᠲᠦ | ᠡᠳ᠋ᠯᠡᠭᠦᠯᠦᠭᠰᠡᠨ ᠪᠠᠶᠢᠨ᠎ᠠ᠃ | ᠲᠤᠰ ᠤᠳᠠᠭᠠᠨ ᠤ ᠠᠯᠪᠠᠨ ᠵᠢᠷᠦᠮ ᠤᠨ ᠡᠮᠴᠢᠯᠡᠭᠡᠨ ᠳᠤ ᠬᠠᠷᠠᠮᠦ᠋ᠷᠠᠨ ᠮᠤᠵᠢ᠂ ᠯᠢᠶᠤᠤᠨᠢᠩ ᠮᠤᠵᠢ᠂ ᠬᠢᠷᠢᠨ | ᠮᠤᠵᠢ᠂ ᠪᠡᠭᠡᠵᠢᠩ ᠬᠤᠳᠡ ᠵᠡᠷᠭᠡ ᠪᠦᠬᠦ ᠤᠯᠤᠰ ᠤᠨ ᠡᠯ᠎ᠠ ᠭᠠᠵᠠᠷ ᠤᠨ ᠵᠢᠭᠤᠯᠴᠢᠯᠠᠬᠴᠢᠳ ᠬᠦᠷᠦᠯᠴᠡᠨ ᠢᠷᠡᠵᠦ᠂ | ᠸᠠᠩ ᠡᠮᠴᠢ ᠪᠠᠷ ᠰᠤᠳᠠᠯ ᠪᠠᠷᠢᠭᠤᠯᠵᠦ᠂ ᠦᠪᠠᠷ ᠤᠨ ᠪᠡᠶ᠎ᠠ ᠮᠠᠬᠠᠪᠤᠳ ᠤᠨ ᠪᠠᠶᠢᠳᠠᠯ ᠢᠶᠠᠨ ᠪᠠᠶᠢᠴᠠᠯᠭᠠᠬᠰᠡᠨ ᠪᠦᠭᠡᠳ | ᠸᠠᠩ ᠪᠦᠭᠡ ᠡᠮᠴᠢ ᠶᠢᠨ ᠡᠮᠲᠦ ᠤᠬᠢᠶᠠᠯᠭ᠎ᠠ ᠶᠢᠨ ᠲᠤᠬᠠᠢ ᠪᠡᠶᠡᠴᠢᠯᠡᠨ ᠤᠶᠢᠯᠠᠭᠠᠵᠠᠢ᠃ | ᠠᠵᠢᠯᠯᠠᠭ᠎ᠠ ᠳᠤ᠂ ᠸᠠᠩ ᠪᠦᠭᠡ ᠡᠮᠴᠢ ᠠᠴᠠ ᠨᠠᠷᠢᠯᠢᠭ ᠡᠮᠴᠢᠯᠡᠭᠡᠨ ᠤ ᠮᠡᠷᠭᠡᠵᠢᠯ ᠪᠤᠯᠦᠨ ᠦᠪᠡᠷᠮᠢᠴᠡ ᠡᠮᠲᠦ | ᠤᠬᠢᠶᠠᠯᠭ᠎ᠠ ᠶᠢᠨ ᠵᠠᠰᠠᠯ ᠢᠶᠠᠨ ᠷᠠᠰᠢᠶᠠᠨ ᠪᠤᠯᠠᠬ ᠤᠨ ᠤᠰᠤ ᠲᠠᠢ ᠤᠶᠠᠯᠳᠤᠭᠤᠯᠵᠦ᠂ ᠵᠢᠭᠤᠯᠴᠢᠯᠠᠬᠴᠢᠳ ᠲᠤ ᠠᠳᠠᠯᠢ | ᠪᠤᠰᠤ ᠶᠢᠨ ᠡᠮᠲᠦ ᠤᠬᠢᠶᠠᠯᠭ᠎ᠠ ᠶᠢᠨ ᠤᠶᠢᠯᠡᠴᠢᠯᠡᠭᠡ ᠬᠠᠨᠭ᠍ᠭᠠᠵᠦ᠂ ᠷᠠᠰᠢᠶᠠᠨ ᠤ ᠰᠢᠨ᠎ᠠ ᠤᠨ ᠢᠶᠠᠨ ᠤᠬᠳᠤᠬᠤ ᠮᠦᠰᠦ | ᠴᠠᠰᠦᠨ ᠤ ᠨᠠᠭᠠᠳᠦᠮ ᠳᠤ ᠬᠦᠷ ᠬᠦᠭᠵᠢᠶᠠᠨ ᠨᠡᠮᠡᠭᠰᠡᠨ ᠪᠠᠶᠢᠨ᠎ᠠ᠃ ︵ᠯᠢᠶᠠᠨ ᠪᠤᠤ︶ | |