ᠠᠮᠵᠢᠯᠲᠠ ᠪᠦᠳᠦᠮᠵᠢ ᠶᠢ ᠬᠤᠷᠦ᠋ᠢᠯᠠᠬᠰᠠᠨ ᠮᠦᠰᠦ ᠴᠠᠰᠦᠨ ᠤ ᠨᠠᠶᠢᠷ ᠠᠵᠨ ᠬᠡᠶᠢᠮᠤᠷᠢ ᠶᠢ ᠳᠠᠯᠠᠯᠤᠬᠰᠠᠨ ᠮᠦᠡᠭᠭᠦᠨ ᠡᠪᠤᠯ ᠤᠨ ᠨᠠᠭᠠᠳᠦᠮ — ᠷᠠᠰᠢᠶᠠᠨ ᠬᠤᠲᠠ ᠶᠢᠨ ᠰᠢᠨ᠎ᠠ ᠤᠨ ᠢᠶᠠᠨ ᠤᠬᠳᠤᠬᠤ ᠮᠦᠰᠦ ᠴᠠᠰᠦᠨ ᠤ ᠨᠠᠭᠠᠳᠦᠮ ᠤᠨ ᠲᠤᠬᠠᠢ ᠲᠠᠳᠠᠯᠠᠭ᠎ᠠ
ᠨᠡᠶᠢᠲᠡᠯᠡᠭᠰᠡᠨ ᠴᠠᠭ᠄
2025/1/10
            ● ᠰᠤᠷᠪᠤᠯᠵᠢᠯᠠᠬᠴᠢ ᠯᠢᠶᠠᠨ ᠪᠤᠤ ᠮᠸᠢ  ᠬᠤᠸᠠ ᠴᠡᠩᠭᠡᠯᠲᠦ ᠱᠤᠸᠠᠩ ᠴᠢᠤᠸᠠᠨ      1 ᠰᠠᠷ᠎ᠠ ᠶᠢᠨ 1 — 3 ᠤ ᠡᠳᠦᠷ᠂ ᠷᠠᠰᠢᠶᠠᠨ ᠬᠤᠳᠠ ᠶᠢᠨ ᠯᠣ᠋ ᠵᠢᠶᠤᠤ ᠸᠠᠨ ᠤᠢ ᠰᠢᠭᠤᠢ ᠶᠢᠨ ᠮᠠᠯᠵᠢᠯ ᠤᠨ ᠲᠠᠯᠠᠪᠠᠢ ᠳᠤ ᠤᠶᠠᠩᠭᠠᠲᠦ ᠡᠭᠡᠰᠢᠭ ᠬᠤᠯᠠ ᠤᠶᠢᠷ᠎ᠠ ᠶᠢᠨ ᠵᠤᠴᠢᠨ ᠨᠠᠭᠠᠳᠦᠮᠴᠢᠳ ᠤᠨ ᠤᠤᠬᠠᠶᠢᠯᠠᠯ ᠤᠨ ᠳᠠᠭᠤᠨ ᠲᠠᠢ ᠬᠦᠭ ᠨᠡᠶᠢᠯᠡᠵᠦ ᠬᠤᠯᠠ ᠶᠢᠨ ᠬᠤᠯᠠ ᠳᠤ ᠴᠤᠤᠷᠢᠶᠠᠳᠤᠵᠦ᠂ ᠬᠦᠮᠦᠨ ᠵᠤᠨ ᠤ ᠠᠩᠬᠠᠷᠦᠯ ᠢ ᠲᠠᠳᠠᠵᠦ ᠬᠦᠷ ᠬᠦᠭᠵᠢᠶᠠᠨ ᠢᠶᠠᠷ ᠪᠢᠯᠬᠠᠵᠤ ᠪᠠᠶᠢᠯ᠎ᠠ᠃ ᠡᠨᠡ ᠪᠤᠯ ᠳᠠᠷᠦᠢ ︽ᠠᠶᠠᠯᠭᠤᠳᠦ ᠵᠢᠭᠤᠯᠴᠢᠯᠠᠯ ᠦᠪᠦᠷ ᠮᠤᠩᠭᠤᠯ · ᠲᠤᠮᠤᠭᠳᠦ ᠷᠠᠰᠢᠶᠠᠨ︾ ᠷᠠᠰᠢᠶᠠᠨ ᠬᠤᠲᠠ ᠶᠢᠨ ᠰᠢᠨ᠎ᠡ ᠤᠨ ᠢᠶᠠᠨ ᠤᠭᠳᠤᠬᠤ ᠮᠦᠰᠦ ᠴᠠᠰᠤᠨ ᠤ ᠨᠠᠭᠠᠳᠤᠮ ᠤᠨ ᠠᠬᠤᠢ ᠲᠠᠯᠠᠪᠠᠢ ᠪᠤᠯᠦᠨ᠎ᠠ᠃      ᠡᠬᠢᠯᠡᠯᠲᠠ ᠶᠢᠨ ᠶᠤᠰᠤᠯᠠᠯ ᠨᠢ ᠦᠳᠡ ᠶᠢᠨ ᠡᠮᠤᠨᠡᠬᠢ 10 ᠴᠠᠬ ᠲᠤ ᠲᠤᠬᠳᠠᠬᠰᠠᠨ ᠴᠠᠬ ᠲᠠᠭᠠᠨ ᠶᠠᠪᠤᠬᠳᠠᠵᠦ᠂ ᠪᠦᠬᠦ ᠤᠯᠤᠰ ᠤᠨ ᠡᠯ᠎ᠠ ᠭᠠᠵᠠᠷ ᠤᠨ ᠵᠤᠴᠢᠨ ᠨᠠᠭᠠᠳᠦᠮᠴᠢᠳ ᠦᠨᠳᠦᠰᠦᠲᠡᠨ ᠤ ᠬᠤᠪᠴᠠᠰᠦ ᠵᠠᠰᠠᠯ ᠢᠶᠠᠷ ᠭᠤᠶᠤᠯᠡᠨ ᠨᠠᠭᠠᠳᠦᠮ ᠤᠨ ᠠᠬᠤᠢ ᠲᠠᠯᠠᠪᠠᠢ ᠳᠤ ᠴᠤᠬ ᠵᠢᠪᠬᠤᠭ᠎ᠠ ᠲᠠᠢ ᠮᠦᠷᠯᠡᠨ ᠵᠤᠬᠰᠤᠵᠦ᠂ ᠤᠯᠤᠰ ᠤᠨ ᠲᠤᠭ ᠤᠨ ᠵᠢᠭᠰᠠᠭᠠᠯ ᠤᠨ ᠠᠩᠬᠢ᠂ ᠬᠠᠰᠠᠬ ᠲᠡᠷᠭᠡᠨ ᠤ ᠵᠢᠭᠰᠠᠭᠠᠯ ᠤᠨ ᠠᠩᠬᠢ᠂ ᠬᠢᠯᠢ ᠰᠠᠬᠢᠭᠴᠢ ᠮᠠᠯᠴᠢᠳ ᠤᠨ ᠵᠢᠭᠰᠠᠭᠠᠯ ᠤᠨ ᠠᠩᠬᠢ᠂ ᠪᠦᠭᠡ ᠶᠢᠨ ᠵᠢᠭᠰᠠᠭᠠᠯ ᠤᠨ ᠠᠩᠬᠢ ᠵᠡᠷᠭᠡ 10 ᠤᠨᠴᠠᠯᠢᠬᠳᠦ ᠵᠢᠭᠰᠠᠭᠠᠯ ᠤᠨ ᠠᠩᠬᠢ ᠨᠠᠭᠠᠳᠤᠮ ᠤᠨ ᠲᠠᠯᠠᠪᠠᠢ ᠳᠤ ᠡᠮᠬᠢ ᠵᠢᠷᠦᠮ ᠲᠠᠢ ᠲᠠᠷᠠᠭᠠᠯᠠᠨ ᠤᠷᠤᠵᠦ᠂ ᠵᠢᠭᠤᠯᠴᠢᠯᠠᠭᠴᠢᠳ ᠤᠨ ᠬᠠᠷᠠᠭ᠎ᠠ ᠶᠢ ᠪᠠᠶᠠᠰᠬᠠᠪᠠ᠃ ᠲᠤᠬᠠᠢ ᠶᠢᠨ ᠲᠠᠯᠠᠪᠤᠷ ᠲᠤ ᠪᠠᠰᠠ ᠪᠤᠤᠵᠠ᠂ ᠬᠤᠨᠢᠨ ᠮᠢᠬᠠᠨ ᠤ ᠱᠤᠷᠤᠯᠠᠭ᠂ ᠴᠢᠨᠠᠭᠰᠠᠨ ᠮᠢᠬ᠎ᠠ ᠵᠡᠷᠭᠡ ᠤᠷᠤᠨ ᠨᠤᠳᠤᠭ ᠤᠨ ᠤᠨᠴᠠᠯᠢᠭ ᠲᠠᠢ ᠠᠮᠳᠠᠳᠦ ᠢᠳᠡᠭᠡᠨ ᠢ ᠠᠮᠳᠠᠯᠠᠬᠤ ᠲᠤᠭᠤᠷᠢᠭ ᠭᠠᠷᠭᠠᠵᠦ᠂ ᠵᠢᠭᠤᠯᠴᠢᠯᠠᠬᠴᠢᠳ ᠲᠤ ᠠᠮᠳᠠᠯᠠᠭᠤᠯᠵᠦ᠂ ᠬᠢᠨᠭ᠍ᠭᠠᠨ ᠠᠶᠢᠮᠠᠭ ᠤᠨ ᠢᠳᠡᠭᠡᠨ ᠤ ᠰᠤᠶᠤᠯ ᠢ ᠮᠡᠳᠡᠷᠡᠭᠦᠯᠦᠭᠰᠡᠨ ᠪᠦᠭᠡᠳ ᠬᠠᠷᠢᠯᠴᠠᠨ ᠬᠦᠳᠡᠯᠦᠯᠴᠡᠬᠦ ᠲᠤᠭᠯᠠᠯᠳᠠ ᠶᠢ ᠲᠤᠬᠢᠷᠠᠭᠤᠯᠵᠦ᠂ ᠵᠢᠭᠤᠯᠴᠢᠯᠠᠭᠴᠢᠳ ᠤᠨ ᠤᠷᠮ᠎ᠠ ᠪᠠᠬ᠎ᠠ ᠶᠢ ᠳᠠᠳᠠᠵᠦ ᠮᠦᠰᠦ ᠴᠠᠰᠦᠨ ᠤ ᠨᠠᠭᠠᠳᠦᠮ ᠤᠨ ᠷᠢᠳᠢ ᠰᠢᠳᠢ ᠶᠢ ᠪᠡᠶᠡᠴᠢᠯᠡᠨ ᠤᠶᠢᠯᠠᠭᠠᠭᠤᠯᠵᠠᠢ᠃ ᠡᠭᠦᠨ ᠳᠤ ᠳᠤᠷᠠᠳᠤᠭᠤᠰᠢᠲᠠᠢ ᠨᠢ᠂ ᠵᠢᠭᠤᠯᠴᠢᠯᠠᠬᠴᠢᠳ ᠪᠤᠯᠦᠨ ᠲᠤᠬᠯᠠᠬᠴᠢᠳ ᠲᠦᠳᠡᠭ ᠭᠠᠯ ᠢ ᠲᠤᠭᠤᠷᠢᠨ ᠬᠤᠷᠴᠢᠨ ᠠᠷᠡᠳ ᠤᠨ ᠳᠠᠭᠤᠤ ︽ᠱᠢ ᠲᠸᠦ ᠭᠡ ᠭᠡ︾ ᠶᠢᠨ ᠲᠤᠮᠳᠠ ᠬᠠᠮᠲᠦ ᠪᠠᠷ ᠪᠦᠵᠢᠭ ᠪᠦᠵᠢᠭᠯᠡᠭᠰᠡᠨ ᠨᠢ ᠬᠦᠮᠦᠰ ᠤᠨ ᠠᠩᠬᠠᠷᠦᠯ ᠢ ᠤᠨᠴᠠ ᠳᠠᠳᠠᠵᠦ᠂ ᠨᠠᠭᠠᠳᠦᠮ ᠤᠨ ᠲᠤᠬᠠᠢ ᠶᠢᠨ ᠲᠠᠯᠠᠪᠠᠢ ᠬᠦᠷ ᠬᠦᠭᠵᠢᠶᠠᠨ ᠢᠶᠠᠷ ᠪᠢᠯᠬᠠᠬᠰᠠᠨ ᠪᠠᠶᠢᠨ᠎ᠠ᠃      ᠲᠤᠰ ᠤᠳᠠᠭᠠᠨ ᠤ ᠨᠠᠭᠠᠳᠦᠮ ᠳᠤ ᠪᠠᠰᠠ 100 ᠬᠦᠮᠦᠨ ᠤ ᠴᠠᠰᠤᠨ ᠲᠡᠭᠡᠷᠡᠬᠢ ᠲᠡᠭᠡᠰᠦ ᠲᠠᠳᠠᠬᠤ ᠤᠷᠤᠯᠳᠤᠭᠠᠨ᠂ 10 ᠺᠢᠯᠤᠮᠧᠲᠷ ᠤᠨ ᠴᠠᠰᠤᠨ ᠲᠡᠭᠡᠷᠡᠬᠢ ᠮᠤᠷᠢᠨ ᠤ ᠤᠷᠤᠯᠳᠤᠭᠠᠨ᠂ ᠪᠦᠭᠡ ᠪᠠᠷᠢᠯᠳᠤᠬᠤ᠂ ᠰᠤᠷ ᠬᠠᠷᠪᠤᠬᠤ ᠵᠡᠷᠭᠡ ᠤᠷᠤᠯᠳᠤᠭᠠᠨ ᠢ ᠲᠤᠬᠢᠷᠠᠭᠤᠯᠵᠦ᠂ ᠮᠦᠰᠦ ᠴᠠᠰᠤᠨ ᠤ ᠰᠤᠶᠤᠯ ᠪᠤᠯᠤᠨ ᠦᠨᠳᠦᠰᠦᠳᠡᠨ ᠤ ᠰᠤᠶᠤᠯ ᠢ ᠤᠷᠭᠠᠨᠢᠭ ᠢᠶᠠᠷ ᠠᠭᠤᠰᠤᠯᠴᠠᠭᠤᠯᠵᠦ᠂ ᠦᠷᠭᠡᠨ ᠤᠯᠠᠨ ᠵᠢᠭᠤᠯᠴᠢᠯᠠᠭᠴᠢᠳ ᠲᠤ ᠦᠪᠡᠷᠮᠢᠴᠠ ᠤᠨᠴᠠᠯᠢᠭ ᠲᠠᠢ ᠵᠢᠭᠤᠯᠴᠢᠯᠠᠯ ᠤᠨ ᠤᠶᠢᠯᠠᠭᠠᠯᠳᠠ ᠶᠢ ᠨᠡᠩ ᠢᠯᠡᠬᠦᠤ ᠮᠡᠳᠡᠷᠡᠭᠦᠯᠦᠭᠰᠡᠨ ᠪᠠᠶᠢᠨ᠎ᠠ᠃      ᠪᠦᠭᠡ ᠶᠢᠨ ᠪᠠᠷᠢᠯᠳᠤᠭᠠᠨ ᠳᠤ ᠬᠢᠨᠭ᠍ᠭᠠᠨ ᠠᠶᠢᠮᠠᠭ ᠤᠨ ᠨᠠᠭᠠᠳᠦᠮ ᠤᠨ ᠬᠤᠷᠠᠯ ᠤᠨ 512 ᠪᠦᠭᠡ ᠶᠢᠨ ᠪᠠᠷᠢᠯᠳᠤᠭᠠᠨ ᠳᠤ ᠮᠠᠩᠯᠠᠶᠢᠯᠠᠵᠦ ᠦᠡᠭᠭᠡᠷᠡᠭᠰᠡᠨ ︽ᠲᠠᠩᠺ︾ ᠭᠡᠵᠦ ᠨᠡᠷᠡᠶᠢᠳᠦᠭᠰᠡᠨᠨ ᠲᠠᠪᠬᠤᠷᠪᠠᠶᠠᠷ ᠬᠦᠷᠦᠯᠴᠡᠨ ᠢᠷᠡᠵᠦ ᠤᠷᠤᠯᠴᠠᠵᠦ᠂ ᠲᠤᠰ ᠤᠳᠠᠭᠠᠨ ᠤ ᠨᠠᠭᠠᠳᠦᠮ ᠤᠨ ᠬᠢᠯᠡᠰ ᠴᠡᠭ ᠪᠤᠯᠵᠦ ᠬᠦᠮᠦᠨ ᠵᠤᠨ ᠤ ᠠᠩᠬᠠᠷᠦᠯ ᠢ ᠲᠠᠳᠠᠬᠰᠠᠨ ᠪᠠᠶᠢᠨ᠎ᠠ᠃      ︽ᠠᠩᠬ᠎ᠠ ᠤᠳᠠᠭ᠎ᠠ ᠷᠠᠰᠢᠶᠠᠨ ᠬᠤᠲᠠ ᠳᠤ ᠢᠷᠡᠵᠦ ᠮᠦᠰᠦ ᠴᠠᠰᠦᠨ ᠤ ᠨᠠᠭᠠᠳᠦᠮ ᠳᠤ ᠤᠷᠤᠯᠴᠠᠵᠠᠢ᠂ ᠲᠤᠰ ᠤᠳᠠᠭᠠᠨ ᠤ ᠮᠦᠰᠦ ᠴᠠᠰᠦᠨ ᠤ ᠨᠠᠭᠠᠳᠦᠮ ᠳᠤ ᠤᠷᠤᠯᠴᠠᠭᠠᠳ ᠷᠠᠰᠢᠶᠠᠨ ᠬᠤᠲᠠ ᠶᠢᠨ ᠮᠦᠰᠦ ᠴᠠᠰᠦᠨ ᠤ ᠰᠤᠶᠤᠯ ᠤᠨ ᠲᠤᠬᠠᠢ ᠤᠶᠢᠯᠠᠭᠠᠯᠲᠠ ᠲᠠᠢ ᠪᠤᠯᠤᠬᠰᠠᠨ ᠢᠶᠠᠷ ᠪᠠᠷᠠᠬᠤ ᠦᠭᠡᠢ ᠷᠠᠰᠢᠶᠠᠨ ᠤ ᠦᠡᠭᠭᠡ ᠦᠵᠡᠮᠵᠢ ᠶᠢ ᠰᠤᠨᠢᠷᠬᠠᠭᠠᠳ ᠦᠨᠡᠭᠡᠷ ᠰᠡᠳᠬᠢᠯ ᠢ ᠲᠠᠳᠠᠬᠰᠠᠨ ᠪᠠᠶᠢᠨ᠎ᠠ᠂ ᠬᠤᠶᠢᠰᠢᠲᠠ ᠵᠠᠪ ᠴᠢᠯᠦᠭᠡ ᠲᠠᠢ ᠪᠤᠯ ᠭᠡᠷ ᠤᠨ ᠬᠦᠮᠦᠰ ᠢᠶᠠᠨ ᠳᠠᠭᠠᠭᠤᠯᠦᠨ ᠬᠠᠮᠲᠦ ᠪᠠᠷ ᠲᠤᠭᠤᠷᠢᠨ ᠵᠢᠭᠤᠯᠴᠢᠯᠠᠨ᠎ᠠ︾ ᠭᠡᠵᠦ ᠯᠢᠶᠤᠤᠨᠢᠩ ᠮᠤᠵᠢ ᠠᠴᠠ ᠬᠦᠷᠦᠯᠴᠡᠨ ᠢᠷᠡᠭᠰᠡᠨ ᠯᠢᠦ ᠰᠢᠶᠤᠤ ᠯᠠ ᠪᠠᠶᠠᠷᠳᠠᠶᠢᠬᠠᠨ ᠶᠠᠷᠢᠵᠦ ᠪᠠᠶᠢᠯ᠎ᠠ᠃
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号