ᠬᠡᠦᠬᠡᠳ ᠨᠠᠷᠠᠰᠢᠬᠤ ᠠᠴᠠ ᠰᠡᠷᠬᠡᠶᠢᠯᠡᠬᠦ ᠳᠤ ᠳᠤᠤᠷᠠᠬᠢ ᠵᠢᠷᠭᠤᠭᠠᠨ ᠲᠠᠯ᠎ᠠ ᠶᠢ ᠠᠩᠬᠠᠷᠬᠤ ᠬᠡᠷᠡᠭᠳᠡᠢ
ᠨᠡᠶᠢᠲᠡᠯᠡᠭᠰᠡᠨ ᠴᠠᠭ᠄
2024/6/26
     ᠣᠳᠣᠬᠠᠨ ᠳᠤ ᠪᠡᠭᠡᠵᠢᠩ᠂ ᠾᠧᠪᠧᠢ ᠵᠡᠷᠭᠡ ᠭᠠᠵᠠᠷ ᠲᠤ ᠠᠭᠠᠭᠢᠮ᠎ᠠ ᠬᠠᠯᠠᠭᠤᠨ ᠴᠠᠭ ᠠᠭᠤᠷ ᠦᠷᠭᠦᠯᠵᠢᠯᠡᠵᠦ ᠪᠠᠶᠢᠨ᠎ᠠ᠃ ᠤᠯᠤᠰ ᠤᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠣᠪᠴᠢᠶ᠎ᠠ ᠡᠷᠡᠭᠦᠯ ᠮᠡᠨᠳᠦ ᠶᠢᠨ ᠰᠠᠨᠠᠭᠤᠯᠤᠮᠵᠢ ᠨᠡᠶᠢᠲᠡᠯᠡᠵᠦ᠂ ᠬᠡᠦᠬᠡᠳ ᠤᠨ ᠨᠠᠷᠠᠰᠢᠬᠤ ᠪᠣᠯ ᠪᠠᠭ᠎ᠠ ᠶᠠᠪᠤᠳᠠᠯ ᠪᠢᠰᠢ᠂ ᠭᠡᠷ ᠤᠨ ᠠᠬᠠᠮᠠᠳ ᠨᠠᠷ ᠬᠡᠦᠬᠡᠳ ᠤᠨ ᠨᠠᠷᠠᠰᠢᠬᠤ ᠶᠢ ᠤᠷᠢᠳᠴᠢᠯᠠᠨ ᠰᠡᠷᠭᠡᠶᠢᠯᠡᠬᠦ᠂ ᠨᠠᠷᠠᠰᠢᠬᠰᠠᠨ ᠪᠠᠶᠢᠳᠠᠯ ᠢ ᠢᠯᠭᠠᠨ ᠲᠠᠨᠢᠬᠤ ᠵᠢᠴᠢ ᠨᠠᠷᠠᠰᠢᠭᠰᠠᠨ ᠬᠡᠦᠬᠡᠳ ᠢ ᠬᠡᠷᠬᠢᠨ ᠠᠰᠠᠷᠠᠨ ᠬᠠᠷᠠᠭᠠᠯᠵᠠᠬᠤ ᠲᠤᠬᠠᠢ ᠮᠡᠳᠡᠯᠭᠡ ᠶᠢ ᠣᠶᠢᠯᠠᠭᠠᠬᠤ ᠬᠡᠷᠡᠭᠲᠡᠢ ᠭᠡᠵᠠᠢ᠃      ᠪᠡᠭᠡᠵᠢᠩ ᠤᠨ ᠬᠡᠦᠬᠡᠳ ᠤᠨ ᠡᠮᠨᠡᠯᠭᠡ ᠶᠢᠨ ᠬᠤᠷᠢᠶᠠᠨ ᠤ ᠡᠷᠬᠢᠯᠡᠭᠴᠢ ᠡᠮᠴᠢ ᠸᠠᠩ ᠴᠢᠤᠸᠠᠨ ᠢᠯᠡᠷᠬᠡᠶᠢᠯᠡᠬᠦ ᠳᠡᠭᠡᠨ᠂ ᠬᠡᠦᠬᠡᠳ᠂ ᠵᠢᠷᠮᠦᠰᠦᠨ ᠪᠠ ᠬᠥᠩᠭᠡᠵᠢᠭᠰᠡᠨ ᠡᠮᠡᠭᠲᠡᠢ᠂ ᠨᠠᠰᠤᠲᠠᠶᠢᠴᠤᠳ᠂ ᠤᠳᠠᠭᠠᠨ ᠴᠢᠨᠠᠷᠲᠠᠢ ᠰᠠᠭᠤᠷᠢ ᠴᠢᠨᠠᠷᠲᠠᠢ ᠡᠪᠡᠳᠴᠢᠲᠡᠨ ᠵᠢᠴᠢ ᠭᠡᠷ ᠤᠨ ᠭᠠᠳᠠᠨ᠎ᠠ ᠠᠵᠢᠯᠯᠠᠳᠠᠬ ᠠᠵᠢᠯᠲᠠᠨ ᠵᠡᠷᠭᠡ ᠬᠥᠮᠥᠰ ᠨᠠᠩ ᠠᠮᠠᠷᠬᠠᠨ ᠨᠠᠷᠠᠰᠢᠬᠤ ᠪᠣᠯᠬᠤᠷ ᠲᠣᠰ ᠪᠡᠶ᠎ᠡ ᠶᠢᠨ ᠡᠷᠡᠭᠦᠯ ᠮᠡᠨᠳᠦ ᠶᠢᠨ ᠰᠡᠷᠭᠡᠶᠢᠯᠡᠯᠲᠡ ᠪᠠᠨ ᠣᠨᠴᠠᠭᠠᠶ ᠴᠢᠩᠭᠠᠳᠬᠠᠬᠤ ᠬᠡᠷᠡᠭᠲᠡᠢ ᠭᠡᠵᠡᠢ᠃ ᠢᠯᠠᠩᠭᠤᠶ᠎ᠠ ᠬᠡᠦᠬᠡᠳ ᠤᠨ ᠪᠡᠶ᠎ᠡ ᠮᠠᠬᠠᠪᠤᠳ ᠨᠢ ᠨᠠᠰᠤᠨ ᠳᠤ ᠬᠦᠷᠦᠭᠰᠡᠳ ᠲᠠᠢ ᠠᠳᠠᠯᠢ ᠦᠭᠡᠢ ᠪᠠᠶᠢᠵᠤ᠂ ᠲᠡᠳᠡᠨ ᠤ ᠰᠢᠨ᠎ᠡ ᠬᠠᠭᠤᠴᠢᠨ ᠤ ᠰᠣᠯᠢᠯᠴᠠᠭ᠎ᠠ ᠨᠢ ᠲᠦᠷᠭᠡᠨ᠂ ᠬᠥᠯᠥᠰᠦᠨ ᠪᠤᠯᠴᠢᠷᠬᠠᠢ ᠶᠢᠨ ᠪᠤᠶᠢᠵᠢᠯᠲᠠ ᠨᠢ ᠬᠠᠷᠠᠬᠠᠨ ᠪᠣᠯᠪᠠᠰᠤᠷᠠᠭᠠᠳᠤᠢ᠂ ᠪᠡᠶ᠎ᠡ ᠶᠢᠨ ᠳᠤᠯᠠᠭᠠᠨ ᠢ ᠲᠣᠬᠢᠷᠠᠭᠤᠯᠬᠤ ᠰᠢᠰᠲ᠋ᠧᠮ ᠨᠢ ᠪᠤᠶᠢᠵᠢᠯᠲᠠ ᠳᠠᠭᠠᠨ ᠪᠠᠶᠢᠬᠤ ᠤᠴᠢᠷ ᠠᠴᠠ ᠨᠡᠩ ᠠᠮᠠᠷᠬᠠᠨ ᠨᠠᠷᠠᠰᠢᠳᠠᠭ᠃      ᠬᠡᠷᠬᠢᠨ ᠬᠡᠦᠬᠡᠳ ᠤᠨ ᠨᠠᠷᠠᠰᠢᠬᠤ ᠠᠴᠠ ᠰᠡᠷᠭᠡᠶᠢᠯᠡᠬᠦ ᠪᠣᠶ︖ ᠡᠷᠡᠭᠦᠯ ᠮᠡᠨᠳᠦ ᠶᠢᠨ ᠰᠠᠨᠠᠭᠤᠯᠤᠮᠵᠢ ᠶᠢ ᠦᠨᠳᠦᠰᠦᠯᠡᠪᠡᠯ᠂ ᠭᠡᠷ ᠤᠨ ᠭᠠᠳᠠᠨᠠᠬᠢ ᠬᠥᠳᠡᠯᠭᠡᠭᠡᠨ ᠤ ᠴᠠᠭ ᠪᠠ ᠭᠠᠵᠠᠷ᠂ ᠥᠨᠳᠥᠷ ᠳᠤᠯᠠᠭᠠᠨ᠂ ᠴᠢᠬᠢᠭ ᠶᠡᠬᠡᠳᠡᠢ ᠠᠭᠤᠷ ᠠᠮᠢᠰᠬᠤᠯ ᠢ ᠪᠠᠭᠲᠠᠭᠠᠭᠰᠠᠨ ᠵᠢᠷᠭᠤᠭᠠᠨ ᠲᠠᠯ᠎ᠠ ᠶᠢ ᠠᠩᠬᠠᠷᠬᠤ ᠬᠡᠷᠡᠭᠲᠡᠢ︔ ᠬᠥᠩᠭᠡᠨ᠂ ᠠᠭᠤᠵᠢᠭᠤ᠂ ᠭᠦᠢᠬᠡᠨ ᠥᠩᠭᠡ ᠲᠠᠢ᠂ ᠠᠭᠠᠷ ᠨᠡᠪᠲᠡᠷᠡᠬᠦ ᠬᠤᠪᠴᠠᠰᠤ ᠡᠮᠦᠰᠴᠦ᠂ ᠴᠠᠭ ᠲᠤᠬᠠᠢ ᠳᠤᠨᠢ ᠬᠥᠯᠥᠰᠦᠨ ᠳᠤ ᠳᠡᠪᠲᠦᠭᠰᠡᠨ ᠬᠤᠪᠴᠠᠰᠤ ᠪᠠᠨ ᠰᠣᠯᠢᠨ᠎ᠠ︔ ᠬᠡᠦᠬᠡᠳ ᠤᠨ ᠭᠦᠢᠴᠡᠳ ᠤᠰᠤ ᠤᠤᠭᠤᠬᠤ ᠶᠢ ᠪᠠᠲᠤᠯᠠᠵᠤ᠂ ᠤᠰᠤ ᠪᠤᠶᠤ ᠴᠠᠬᠢᠯᠭᠠᠨ ᠵᠠᠳᠠᠯᠤᠭᠳᠠᠬᠤᠨ ᠤᠮᠳᠠᠭᠠᠨ ᠤᠤᠭᠤᠬᠤ ᠨᠢ ᠳᠤᠬᠢᠷᠠᠮᠵᠢᠳᠠᠢ︔ ᠦᠬᠡᠬᠦ ᠳᠤᠰᠤ ᠪᠠᠭᠠᠳᠠᠢ ᠰᠢᠩᠭᠡᠭᠡᠬᠦ ᠳᠤ ᠬᠢᠯᠪᠠᠷ ᠢᠳᠡᠭᠡᠨ ᠢ ᠢᠯᠡᠭᠦᠬᠡᠨ ᠢᠳᠡᠬᠦᠯᠪᠡᠯ ᠵᠤᠬᠢᠨ᠎ᠠ︔ ᠬᠡᠦᠬᠡᠳ ᠤᠨ ᠭᠦᠢᠴᠡᠳ ᠠᠮᠠᠷᠠᠬᠤ ᠶᠢ ᠪᠠᠲᠤᠯᠠᠬᠤ ᠬᠡᠷᠡᠭᠲᠡᠢ︔ ᠣᠳᠣᠬᠠᠨ ᠳᠤ ᠨᠡᠶᠢᠳᠡᠮ ᠮᠡᠳᠡᠷᠡᠭᠳᠡᠭᠰᠡᠨ ᠬᠡᠤᠬᠡᠳ ᠤᠨ ᠨᠠᠷᠠᠰᠢᠬᠤ ᠳᠤ ᠳᠤᠬᠢᠷᠠᠬᠤ ᠡᠮ ᠭᠡᠵᠦ ᠪᠠᠶᠢᠬᠤ ᠦᠭᠡᠢ᠂ ᠭᠡᠷ ᠤᠨ ᠠᠬᠠᠮᠠᠳ ᠤᠳ ᠬᠡᠦᠬᠡᠳ ᠲᠡᠭᠡᠨ ᠲᠤᠷ᠎ᠠ ᠪᠠᠷ ᠢᠶᠠᠨ ︽ᠨᠠᠷᠠᠰᠢᠬᠤ ᠠᠴᠠ ᠰᠡᠷᠭᠡᠶᠢᠯᠡᠬᠦ ᠡᠮ︾ ᠤᠤᠭᠤᠯᠭᠠᠵᠤ ᠪᠣᠯᠬᠤ ᠦᠭᠡᠢ᠃      ᠲᠤᠰᠬᠠᠢ ᠮᠡᠷᠭᠡᠵᠢᠯᠲᠡᠨ ᠤ ᠲᠠᠨᠢᠯᠴᠠᠭᠤᠯᠤᠭᠰᠠᠨ ᠢᠶᠠᠷ᠂ ᠨᠠᠷᠠᠰᠢᠬᠤ ᠶᠢ ᠤᠷᠢᠲᠠᠯ ᠰᠢᠨᠵᠢᠲᠦ ᠨᠠᠷᠠᠰᠢᠬᠤ᠂ ᠬᠥᠩᠭᠡᠨ ᠨᠠᠷᠠᠰᠢᠬᠤ ᠪᠠ ᠬᠦᠨᠳᠦ ᠨᠠᠷᠠᠰᠢᠬᠤ ᠵᠡᠷᠭᠡ ᠱᠠᠲᠤ ᠬᠤᠪᠢᠶᠠᠳᠠᠭ᠃ ᠥᠨᠳᠥᠷ ᠳᠤᠯᠠᠭᠠᠨ᠂ ᠥᠨᠳᠥᠷ ᠴᠢᠭᠢᠭᠯᠢᠭ ᠣᠷᠴᠢᠨ ᠲᠣᠭᠤᠷᠢᠨ ᠢᠯᠡᠷᠡᠭᠰᠡᠨ ᠤ ᠳᠠᠷᠠᠭ᠎ᠠ᠂ ᠬᠡᠦᠬᠡᠳ ᠤᠳ ᠶᠠᠳᠠᠷᠠᠵᠤ ᠲᠠᠮᠢᠷᠳᠠᠬᠤ᠂ ᠲᠣᠯᠣᠭᠠᠢ ᠡᠷᠭᠢᠵᠦ ᠲᠣᠯᠣᠭᠠᠢ ᠡᠪᠡᠳᠬᠦ᠂ ᠠᠮᠠ ᠬᠠᠲᠠᠵᠤ ᠬᠥᠯᠥᠰᠦ ᠶᠡᠭᠡ ᠭᠠᠷᠬᠤ᠂ ᠳᠤᠷ᠎ᠠ ᠪᠣᠯᠭᠢᠵᠤ ᠪᠥᠭᠡᠯᠵᠢᠬᠦ᠂ ᠴᠢᠷᠠᠢ ᠬᠤᠵᠶᠢᠬᠤ᠂ ᠵᠢᠷᠦᠬᠡᠨ ᠴᠣᠬᠢᠯᠭ᠎ᠠ ᠲᠦᠷᠭᠡᠰᠬᠦ᠂ ᠤᠰᠤ ᠠᠯᠳᠠᠬᠤ ᠵᠡᠷᠭᠡ ᠡᠪᠡᠳᠴᠢᠨ ᠤ ᠰᠢᠨᠵᠢ ᠢᠯᠡᠷᠡᠪᠡᠯ ᠨᠠᠷᠠᠰᠢᠬᠰᠠᠨ ᠪᠠᠶᠢᠬᠤ ᠮᠠᠭᠠᠳ ᠦᠭᠡᠢ᠃      ᠨᠠᠷᠠᠰᠢᠭᠰᠠᠨ ᠬᠡᠦᠬᠡᠳ ᠢ ᠬᠡᠷᠬᠢᠨ ᠠᠰᠠᠷᠠᠨ ᠬᠠᠷᠠᠭᠠᠯᠵᠠᠬᠤ ᠪᠣᠶ︖ ᠡᠷᠡᠭᠦᠯ ᠮᠡᠨᠳᠦ ᠶᠢᠨ ᠰᠠᠨᠠᠭᠤᠯᠤᠮᠵᠢ ᠳᠤ ᠬᠡᠷᠪᠡ ᠬᠡᠦᠬᠡᠳ ᠨᠠᠷᠠᠰᠢᠬᠤ ᠢᠯᠡᠷᠡᠯ ᠲᠠᠢ ᠪᠠᠶᠢᠪᠠᠯ᠂ ︽ᠨᠢᠭᠡ ᠳᠤ ᠨᠡᠭᠦᠯᠭᠡᠬᠦ᠂ ᠬᠤᠶᠠᠷ ᠲᠤ ᠪᠠᠭᠤᠷᠠᠭᠤᠯᠬᠤ᠂ ᠭᠤᠷᠪᠠ ᠳᠤ ᠨᠥᠬᠦᠪᠦᠷᠢᠯᠡᠬᠦ᠂ ᠳᠥᠷᠪᠡ ᠳᠤ ᠰᠢᠯᠵᠢᠭᠦᠯᠬᠦ︾ ᠵᠠᠷᠴᠢᠮ ᠢᠶᠠᠷ ᠰᠶᠢᠳᠪᠦᠷᠢᠯᠡᠨ᠎ᠡ᠄ ᠨᠡᠭᠦᠭᠡᠯᠭᠡᠬᠦ ᠭᠡᠳᠡᠭ ᠨᠢ ᠬᠡᠦᠬᠡᠳ ᠢ ᠥᠨᠳᠥᠷ ᠬᠠᠯᠠᠭᠤᠨ᠂ ᠥᠨᠳᠥᠷ ᠴᠢᠭᠢᠭᠯᠢᠭ᠂ ᠪᠢᠲᠡᠭᠦᠮᠵᠢᠯᠡᠭᠰᠡᠨ᠂ ᠨᠡᠷᠡᠨ ᠳᠤ ᠰᠢᠷᠠᠭᠳᠠᠭᠰᠠᠨ ᠣᠷᠴᠢᠨ ᠠᠴᠠ ᠦᠳᠲᠡᠷ ᠲᠦᠷᠭᠡᠨ ᠵᠠᠶᠢᠯᠠᠭᠤᠯᠵᠤ᠂ ᠰᠡᠷᠢᠭᠦᠨ ᠭᠠᠵᠠᠷ ᠰᠢᠯᠵᠢᠭᠦᠯᠦᠨ᠎ᠡ︔ ᠳᠤᠯᠠᠭᠠᠨ ᠤ ᠬᠡᠮᠵᠢᠶ᠎ᠡ ᠶᠢ ᠪᠠᠭᠤᠷᠠᠭᠤᠯᠬᠤ ᠪᠣᠯ ᠨᠠᠷᠠᠰᠢᠭᠰᠠᠨ ᠠᠴᠠ ᠲᠦᠷᠭᠡᠨ ᠠᠪᠤᠷᠠᠬᠤ ᠬᠠᠮᠤᠭ ᠤᠨ ᠴᠢᠬᠤᠯᠠ ᠠᠷᠭ᠎ᠠ ᠬᠡᠮᠵᠢᠶ᠎ᠡ ᠮᠥᠨ᠂ ᠨᠠᠷᠠᠰᠢᠭᠰᠠᠨ ᠤ ᠳᠠᠷᠠᠭ᠎ᠠ 30 ᠮᠢᠨᠦ᠋ᠲ ᠤᠨ ᠳᠣᠲᠣᠷ᠎ᠠ ᠡᠷᠬᠡᠪᠰᠢ ᠠᠯᠢ ᠲᠦᠷᠭᠡᠨ ᠢᠶᠠᠷ 40 ᠭᠷᠡᠳᠦ᠋ᠰ ᠠᠴᠠ ᠳᠣᠷᠣᠭᠰᠢ ᠪᠣᠯᠲᠠᠯ᠎ᠠ ᠪᠠᠭᠤᠷᠠᠭᠤᠯᠵᠤ᠂ ᠳᠤᠯᠠᠭᠠᠨ ᠤ ᠬᠡᠮᠵᠢᠶ᠎ᠡ ᠶᠢ ᠪᠠᠭᠤᠷᠠᠭᠤᠯᠬᠤ ᠳᠤ ᠬᠤᠪᠴᠠᠰᠤ ᠬᠤᠨᠠᠷ ᠢ ᠨᠢ ᠲᠠᠶᠢᠯᠬᠤ᠂ ᠪᠦᠯᠢᠶᠡᠨ ᠤᠰᠤ ᠪᠠᠷ ᠪᠦᠬᠦ ᠪᠡᠶ᠎ᠡ ᠶᠢ ᠨᠢ ᠵᠦᠯᠭᠦᠬᠦ᠂ ᠰᠠᠯᠬᠢᠨ ᠰᠡᠩᠰᠡ ᠪᠤᠶᠤ ᠠᠭᠠᠷ ᠲᠣᠬᠢᠷᠠᠭᠤᠯᠤᠭᠴᠢ ᠪᠠᠷ ᠢᠯᠴᠢ ᠰᠠᠷᠨᠢᠭᠤᠯᠬᠤ ᠵᠡᠷᠭᠡ ᠪᠠᠭᠲᠠᠨ᠎ᠠ︔ ᠬᠡᠦᠬᠡᠳ ᠨᠠᠷᠠᠰᠢᠪᠠᠯ ᠦᠷᠭᠦᠯᠵᠢ ᠤᠰᠤ ᠠᠯᠳᠠᠬᠤ ᠪᠠ ᠴᠠᠬᠢᠯᠭᠠᠨ ᠵᠠᠳᠠᠯᠤᠭᠳᠠᠬᠤᠨ ᠰᠠᠮᠠᠭᠤᠷᠠᠬᠤ ᠪᠠᠶᠢᠳᠠᠯ ᠭᠠᠷᠳᠠᠭ᠂ ᠡᠶᠢᠮᠦ ᠠᠴᠠ ᠪᠠᠭ᠎ᠠ ᠬᠡᠮᠵᠢᠶ᠎ᠡ ᠪᠠᠷ ᠣᠯᠠᠨ ᠤᠳᠠᠭ᠎ᠠ ᠬᠡᠦᠬᠡᠳ ᠲᠤ ᠬᠡᠪ ᠤᠨ ᠳᠤᠯᠠᠭᠠᠨ ᠲᠠᠢ ᠤᠰᠤ ᠪᠤᠶᠤ ᠴᠠᠬᠢᠯᠭᠠᠨ ᠵᠠᠳᠠᠯᠤᠭᠳᠠᠬᠤᠨ ᠤ ᠤᠮᠳᠠᠭᠠᠨ ᠤᠤᠭᠤᠯᠭᠠᠪᠠᠯ ᠵᠣᠬᠢᠨ᠎ᠠ︔ ᠬᠦᠨᠳᠦ ᠬᠡᠯᠪᠡᠷᠢ ᠶᠢᠨ ᠨᠠᠷᠠᠰᠢᠭᠰᠠᠨ᠂ ᠢᠯᠠᠩᠭᠤᠶ᠎ᠠ ᠶᠡᠭᠡ ᠬᠠᠯᠠᠭᠤᠷᠠᠬᠤ᠂ ᠤᠬᠠᠭᠠᠨ ᠰᠠᠨᠠᠭ᠎ᠠ ᠪᠠᠯᠠᠷᠠᠬᠤ᠂ ᠲᠠᠲᠠᠪᠠᠯᠵᠠᠬᠤ ᠵᠡᠷᠭᠡ ᠮᠡᠳᠡᠷᠡᠯ ᠤᠨ ᠰᠢᠰᠲ᠋ᠧᠮ ᠤᠨ ᠡᠪᠡᠳᠴᠢᠨ ᠤ ᠢᠯᠡᠷᠡᠯ ᠲᠠᠢ ᠬᠡᠦᠬᠡᠳ ᠢ ᠳᠠᠷᠦ᠋ᠢᠬᠠᠨ ᠣᠶᠢᠷ᠎ᠠ ᠬᠠᠪᠢ ᠶᠢᠨ ᠡᠮᠨᠡᠯᠭᠡ ᠶᠢᠨ ᠬᠤᠷᠢᠶ᠎ᠠ ᠳᠤ ᠬᠦᠷᠭᠡᠵᠦ ᠡᠮᠨᠡᠭᠦᠯᠬᠦ ᠬᠡᠷᠡᠭᠲᠡᠢ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号