ᠷᠠᠰᠢᠶᠠᠨ ᠤ ᠬᠠᠯᠠᠭᠤᠨ ᠷᠠᠰᠢᠶᠠᠨ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠬᠢᠩᠭᠠᠨ ᠠᠢᠮᠠᠭ ᠤᠨ | ᠷᠠᠰᠢᠶᠠᠨ ᠬᠤᠳᠠ ᠶᠢᠨ ᠬᠠᠷᠢᠶᠠᠨ ᠳᠤ ᠪᠠᠶᠢᠬᠤ ᠷᠠᠰᠢᠶᠠᠨ ᠤ ᠭᠠᠯᠳᠤ ᠠᠭᠤᠯᠡ ᠶᠢᠨ ᠬᠠᠯᠠᠭᠤᠨ ᠷᠠᠰᠢᠶᠠᠨ ᠤ ᠭᠠᠵᠠᠷ | ᠰᠢᠨᠵᠢᠯᠡᠭᠡᠨ ᠤ ᠴᠡᠴᠡᠷᠯᠢᠭ ᠪᠤᠯ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠪᠤᠯᠤᠨ᠎ᠠ᠂ ᠲᠩᠷᠢ ᠨᠠᠭᠤᠷ ᠤᠨ | ᠭᠠᠯᠳᠤ ᠠᠭᠤᠯᠡ ᠶᠢᠨ ᠰᠦᠷᠥᠭᠵᠢᠯ᠂ ᠬᠠᠯᠠᠭᠤᠨ ᠷᠠᠰᠢᠶᠠᠨ ᠨᠤᠭᠤᠳ᠂ ᠰᠠᠷᠭᠠᠢ ᠴᠡᠴᠡᠭᠳᠦ ᠤᠷᠬᠢᠯ ᠤᠨ ᠪᠤᠷᠵᠢᠨ | ᠴᠢᠯᠠᠭᠤᠯᠢᠭ ᠤᠨ ᠤᠢ᠂ ᠨᠦᠮᠣᠷᠭᠡᠨ ᠪᠤᠭᠤᠮᠳᠠ ᠵᠢᠴᠢ ᠬᠤᠭᠤᠰᠣᠠᠵᠢᠯᠠᠭᠠ ᠵᠡᠷᠭᠡ ᠦᠵᠡᠮᠦᠷᠢ ᠶᠢᠨ ᠤᠷᠤᠨ ᠲᠠᠢ᠃ | ᠷᠠᠰᠢᠶᠠᠨ ᠳᠤ ᠤᠯᠠᠨ ᠷᠠᠰᠢᠶᠠᠨ ᠪᠤᠯᠠᠭ ᠲᠠᠢ᠂ 500 ᠮᠧᠲᠷ ᠬᠦᠷᠬᠦ ᠦᠭᠡᠢ ᠵᠠᠢ ᠳᠤ 48 ᠷᠠᠰᠢᠶᠠᠨ ᠪᠤᠯᠠᠭ | ᠤᠨᠳᠤᠷᠤᠨ᠂ ᠷᠠᠰᠢᠶᠠᠨ ᠪᠦᠷᠢ ᠶᠢᠨ ᠳᠤᠯᠠᠭᠠᠨ ᠤ ᠬᠡᠮᠵᠢᠶ᠎ᠠ ᠠᠳᠠᠯᠢ ᠦᠭᠡᠢ᠂ ᠬᠦᠢᠳᠡᠨ᠂ ᠪᠦᠯᠢᠶᠡᠨ᠂ ᠬᠠᠯᠠᠭᠤᠨ᠂ | ᠪᠤᠴᠠᠯᠤᠮ᠎ᠠ ᠬᠠᠯᠠᠭᠤᠨ ᠭᠡᠵᠦ ᠳᠦᠷᠪᠡᠨ ᠵᠦᠢᠯ ᠢᠶᠠᠷ ᠬᠤᠪᠢᠶᠠᠵᠤ᠂ ᠷᠠᠳᠤᠨ᠂ ᠾᠯᠤᠷ᠂ ᠮᠠᠭᠨᠢ᠂ ᠬᠦᠬᠦᠷ᠂ | ᠴᠠᠬᠢᠭᠤᠷ ᠵᠡᠷᠭᠡ ᠠᠷᠪᠠ ᠭᠠᠷᠤᠢ ᠲᠦᠷᠦᠯ ᠤᠨ ᠡᠯᠧᠮᠧᠨ᠋ᠲ ᠠᠭᠤᠯᠤᠭᠳᠠᠵᠤ᠂ ᠤᠯᠠᠨ ᠵᠦᠢᠯ ᠤᠨ ᠡᠪᠡᠳᠴᠢᠨ | ᠡᠮᠬᠡᠭ ᠲᠤ ᠲᠤᠰᠠᠳᠠᠢ ᠪᠠᠶᠢᠳᠠᠭ᠃ | | ᠬᠠᠮᠤᠭ ᠠᠯᠳᠠᠷᠳᠠᠢ ᠷᠠᠰᠢᠶᠠᠨ ᠨᠤᠭᠤᠳ ᠭᠡᠪᠡᠯ ᠬᠤᠳᠤᠭᠤᠳᠤᠨ ᠷᠠᠰᠢᠶᠠᠨ᠂ ᠳᠤᠯᠤᠭᠠᠢ ᠶᠢᠨ ᠷᠠᠰᠢᠶᠠᠨ᠂ | ᠳᠠᠪᠤᠨ ᠴᠤᠯᠤ ᠶᠢᠨ ᠷᠠᠰᠢᠶᠠᠨ᠂ ᠭᠦᠯ ᠨᠢᠷᠤᠭᠤ ᠶᠢᠨ ᠷᠠᠰᠢᠶᠠᠨ ᠵᠡᠷᠭᠡ ᠪᠤᠯᠤᠨ᠎ᠠ᠃ | ᠷᠠᠰᠢᠶᠠᠨ ᠤ ᠲᠩᠷᠢ ᠨᠠᠭᠤᠷ ᠪᠤᠯ ᠭᠠᠯᠳᠤ ᠠᠭᠤᠯᠠᠨ ᠤ ᠳᠡᠯᠪᠡᠷᠡᠯᠳᠡ ᠠᠴᠠ ᠪᠤᠯᠵᠤ ᠭᠠᠯᠳᠤ ᠠᠭᠤᠯᠠᠨ ᠤ | ᠠᠮᠠᠰᠠᠷ ᠤᠨ ᠤᠷᠴᠢᠨ ᠳᠤ ᠪᠤᠢ ᠪᠤᠯᠤᠭᠰᠠᠨ᠂ ᠭᠠᠩᠳᠠᠭᠰᠠᠨ ᠴᠣ᠋ ᠬᠠᠳᠠᠬᠤ ᠦᠭᠡᠢ᠂ ᠪᠤᠷᠤᠭᠠᠯᠠᠭᠰᠠᠨ ᠴᠣ᠋ | ᠪᠢᠯᠬᠠᠷᠠᠬᠤ ᠦᠭᠡᠢ ᠦᠨᠳᠦᠷᠯᠢᠭ ᠲᠠᠬᠢ ᠨᠠᠭᠤᠷ ᠪᠤᠯᠤᠨ᠎ᠠ᠃ ᠨᠠᠭᠤᠷ ᠤᠨ ᠬᠦᠪᠡᠭᠡᠨ ᠳᠤᠨᠢ ᠤᠢ ᠮᠤᠳᠤ ᠰᠦᠭᠯᠡᠶᠢᠵᠦ | ᠨᠠᠷᠠᠰᠤ ᠮᠡᠢᠯᠡᠰᠦ ᠬᠦᠬᠡᠷᠡᠨ᠂ ᠴᠡᠴᠡᠭ ᠬᠤᠸᠠᠷ ᠳᠡᠯᠭᠡᠷᠡᠵᠤ ᠵᠦᠢᠯ ᠤᠨ ᠰᠢᠪᠠᠭᠤᠳ ᠳᠤᠩᠭᠤᠳᠤᠨ᠂ ᠬᠦᠬᠡ ᠲᠩᠷᠢ | ᠬᠦᠪᠦᠩ ᠴᠠᠭᠠᠨ ᠡᠭᠦᠯᠡᠨ ᠤ ᠲᠤᠤᠷ᠎ᠠ ᠨᠠᠭᠤᠷ ᠤᠨ ᠤᠰᠤᠨ ᠪᠤᠯᠤᠷ ᠲᠤᠯᠢ ᠠᠳᠠᠯᠢ ᠲᠤᠨᠤᠷᠠᠭᠠᠳ᠂ ᠠᠷᠰᠢ ᠶᠢᠨ | ᠤᠷᠤᠨ ᠪᠤᠮᠪᠠ ᠶᠢᠨ ᠭᠠᠵᠠᠷ ᠮᠡᠳᠦ ᠭᠤᠶᠤᠬᠠᠨ ᠪᠠᠶᠢᠳᠠᠭ ᠃ | | ᠰᠤᠳᠤᠯᠭᠠᠨ ᠤ ᠦᠨ᠎ᠠ ᠦᠷᠳᠡᠭ᠄ ᠷᠠᠰᠢᠶᠠᠨ ᠤ ᠭᠠᠯᠳᠤ ᠠᠭᠤᠯᠡ ᠶᠢᠨ ᠬᠠᠯᠠᠭᠤᠨ ᠷᠠᠰᠢᠶᠠᠨ ᠤ ᠭᠠᠵᠠᠷ | ᠰᠢᠨᠵᠢᠯᠡᠭᠡᠨ ᠤ ᠴᠡᠴᠡᠷᠯᠢᠭ ᠪᠤᠯ ᠦᠪᠦᠷ ᠮᠤᠩᠭᠤᠯ ᠤᠨ ᠦᠨᠳᠦᠷᠯᠢᠭ ᠵᠢᠴᠢ ᠶᠡᠭᠡ ᠬᠢᠩᠭᠠᠨ ᠳᠠᠪᠠᠭᠠᠨ ᠤ ᠠᠭᠤᠯᠡ | ᠬᠠᠶᠢᠷᠬᠠᠨ ᠬᠡᠷᠬᠢᠨ ᠪᠤᠢ ᠪᠤᠯᠤᠭᠰᠠᠨ ᠢ ᠰᠤᠳᠤᠯᠬᠤ ᠨᠡᠪᠳᠡᠷᠬᠡᠢ ᠲᠤᠯᠢ ᠶᠤᠮ᠃ | ᠦᠵᠡᠮᠵᠢ ᠶᠢᠨ ᠤᠷᠤᠨ᠄ ᠬᠠᠯᠬ᠎ᠠ ᠭᠤᠤᠯ᠂ ᠬᠤᠷᠴᠠ ᠤᠯᠠᠭᠠᠨ ᠴᠡᠴᠡᠭ ᠤᠨ ᠨᠠᠭᠤᠷ᠂ ᠮᠠᠭᠮᠠ ᠶᠢᠨ | ᠴᠢᠯᠠᠭᠤᠨ ᠤᠢ᠂ ᠰᠢᠷ᠎ᠠ ᠨᠠᠷᠠᠰᠤᠳᠤ ᠳᠠᠪᠠᠭ᠎ᠠ᠂ ᠰᠤᠶᠤᠯᠵᠢ ᠶᠢᠨ ᠪᠤᠭᠳᠠ ᠠᠭᠤᠯᠡ᠂ ᠤᠯᠠᠭᠠᠨᠮᠤᠳᠤ ᠶᠢᠨ ᠲᠠᠯ᠎ᠠ | ᠨᠤᠳᠤᠭ ᠵᠡᠷᠭᠡ᠃ | ᠰᠤᠶᠤᠯ ᠤᠷᠠᠯᠢᠭ᠄ ᠣᠶᠢᠰᠣᠨ ᠵᠢᠷᠤᠭ᠂ ᠡᠪᠡᠰᠦᠨ ᠭᠦᠷᠦᠮᠠᠯ ᠵᠡᠷᠭᠡ ᠪᠤᠳᠠᠰ ᠤᠨ ᠪᠤᠰᠤ ᠰᠤᠶᠤᠯ ᠤᠨ | ᠦᠪ ᠲᠠᠢ᠃ | ᠨᠠᠶᠢᠷ ᠨᠠᠭᠠᠳᠤᠮ᠄ ᠷᠠᠰᠢᠶᠠᠨ ᠤ ᠵᠢᠭᠤᠯᠴᠢᠯᠠᠯ ᠤᠨ ᠶᠡᠭᠡ ᠬᠤᠷᠠᠯ᠂ ᠬᠢᠩᠭᠠᠨ ᠠᠢᠮᠠᠭ ᠤᠨ ᠨᠠᠭᠠᠳᠤᠮ᠂ | ᠷᠠᠰᠢᠶᠠᠨ ᠤ ᠮᠦᠰᠦ ᠴᠠᠰᠤᠨ ᠤ ᠨᠠᠶᠢᠷ᠂ ᠤᠯᠠᠨ ᠤᠯᠤᠰ ᠤᠨ ᠬᠠᠯᠠᠭᠤᠨ ᠷᠠᠰᠢᠶᠠᠨ ᠤ ᠨᠠᠶᠢᠷ ᠵᠡᠷᠭᠡ᠃ | ᠠᠮᠳᠠᠳᠦ ᠢᠳᠡᠭᠡᠨ᠄ ᠬᠤᠨᠢᠨ ᠮᠢᠬᠠᠨ ᠤ ᠬᠠᠯᠠᠭᠤᠨ ᠲᠤᠭᠤᠭ᠎ᠠ᠂ ᠰᠢᠷᠠᠭᠰᠠᠨ ᠮᠢᠬ᠎ᠠ᠂ ᠵᠡᠬᠦᠨ ᠬᠤᠶᠢᠳᠣ ᠶᠢᠨ | ᠬᠤᠭᠤᠯᠡ᠂ ᠤᠷᠤᠰ ᠮᠤᠩᠭᠤᠯ ᠬᠤᠭᠤᠯᠡ ᠵᠡᠷᠭᠡ᠃ | |