ᠣᠯᠡᠨ ᠤ ᠠᠩᠬᠠᠷᠣᠯ ᠢ ᠲᠠᠳᠡᠬᠰᠠᠨ ᠷᠡᠰᠢᠶᠠᠨ ᠬᠤᠳᠡ
ᠨᠡᠶᠢᠲᠡᠯᠡᠭᠰᠡᠨ ᠴᠠᠭ᠄
2023/11/13
      ᠷᠠᠰᠢᠶᠠᠨ ᠤ ᠬᠠᠯᠠᠭᠤᠨ ᠷᠠᠰᠢᠶᠠᠨ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠬᠢᠩᠭᠠᠨ ᠠᠢᠮᠠᠭ ᠤᠨ ᠷᠠᠰᠢᠶᠠᠨ ᠬᠤᠳᠠ ᠶᠢᠨ ᠬᠠᠷᠢᠶᠠᠨ ᠳᠤ ᠪᠠᠶᠢᠬᠤ ᠷᠠᠰᠢᠶᠠᠨ ᠤ ᠭᠠᠯᠳᠤ ᠠᠭᠤᠯᠡ ᠶᠢᠨ ᠬᠠᠯᠠᠭᠤᠨ ᠷᠠᠰᠢᠶᠠᠨ ᠤ ᠭᠠᠵᠠᠷ ᠰᠢᠨᠵᠢᠯᠡᠭᠡᠨ ᠤ ᠴᠡᠴᠡᠷᠯᠢᠭ ᠪᠤᠯ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠪᠤᠯᠤᠨ᠎ᠠ᠂ ᠲᠩᠷᠢ ᠨᠠᠭᠤᠷ   ᠤᠨ ᠭᠠᠯᠳᠤ ᠠᠭᠤᠯᠡ ᠶᠢᠨ  ᠰᠦᠷᠥᠭᠵᠢᠯ᠂ ᠬᠠᠯᠠᠭᠤᠨ ᠷᠠᠰᠢᠶᠠᠨ ᠨᠤᠭᠤᠳ᠂ ᠰᠠᠷᠭᠠᠢ ᠴᠡᠴᠡᠭᠳᠦ ᠤᠷᠬᠢᠯ ᠤᠨ ᠪᠤᠷᠵᠢᠨ ᠴᠢᠯᠠᠭᠤᠯᠢᠭ ᠤᠨ ᠤᠢ᠂ ᠨᠦᠮᠣᠷᠭᠡᠨ ᠪᠤᠭᠤᠮᠳᠠ ᠵᠢᠴᠢ  ᠬᠤᠭᠤᠰᠣᠠᠵᠢᠯᠠᠭ᠎ᠠ ᠵᠡᠷᠭᠡ ᠦᠵᠡᠮᠦᠷᠢ ᠶᠢᠨ ᠤᠷᠤᠨ ᠲᠠᠢ᠃      ᠷᠠᠰᠢᠶᠠᠨ ᠳᠤ ᠤᠯᠠᠨ ᠷᠠᠰᠢᠶᠠᠨ ᠪᠤᠯᠠᠭ ᠲᠠᠢ᠂ 500 ᠮᠧᠲᠷ ᠬᠦᠷᠬᠦ ᠦᠭᠡᠢ ᠵᠠᠢ ᠳᠤ 48 ᠷᠠᠰᠢᠶᠠᠨ ᠪᠤᠯᠠᠭ ᠤᠨᠳᠤᠷᠤᠨ᠂ ᠷᠠᠰᠢᠶᠠᠨ ᠪᠦᠷᠢ ᠶᠢᠨ ᠳᠤᠯᠠᠭᠠᠨ ᠤ ᠬᠡᠮᠵᠢᠶ᠎ᠠ ᠠᠳᠠᠯᠢ ᠦᠭᠡᠢ᠂ ᠬᠦᠢᠳᠡᠨ᠂ ᠪᠦᠯᠢᠶᠡᠨ᠂ ᠬᠠᠯᠠᠭᠤᠨ᠂ ᠪᠤᠴᠠᠯᠤᠮ᠎ᠠ ᠬᠠᠯᠠᠭᠤᠨ ᠭᠡᠵᠦ ᠳᠦᠷᠪᠡᠨ ᠵᠦᠢᠯ ᠢᠶᠠᠷ ᠬᠤᠪᠢᠶᠠᠵᠤ᠂ ᠷᠠᠳᠤᠨ᠂ ᠾᠯᠤᠷ᠂ ᠮᠠᠭᠨᠢ᠂ ᠬᠦᠬᠦᠷ᠂ ᠴᠠᠬᠢᠭᠤᠷ ᠵᠡᠷᠭᠡ ᠠᠷᠪᠠ ᠭᠠᠷᠤᠢ ᠲᠦᠷᠦᠯ   ᠤᠨ ᠡᠯᠧᠮᠧᠨ᠋ᠲ ᠠᠭᠤᠯᠤᠭᠳᠠᠵᠤ᠂ ᠤᠯᠠᠨ ᠵᠦᠢᠯ   ᠤᠨ ᠡᠪᠡᠳᠴᠢᠨ ᠡᠮᠬᠡᠭ ᠲᠤ ᠲᠤᠰᠠᠳᠠᠢ ᠪᠠᠶᠢᠳᠠᠭ᠃      ᠬᠠᠮᠤᠭ ᠠᠯᠳᠠᠷᠳᠠᠢ ᠷᠠᠰᠢᠶᠠᠨ ᠨᠤᠭᠤᠳ ᠭᠡᠪᠡᠯ ᠬᠤᠳᠤᠭᠤᠳᠤᠨ ᠷᠠᠰᠢᠶᠠᠨ᠂ ᠳᠤᠯᠤᠭᠠᠢ ᠶᠢᠨ ᠷᠠᠰᠢᠶᠠᠨ᠂ ᠳᠠᠪᠤᠨ ᠴᠤᠯᠤ ᠶᠢᠨ ᠷᠠᠰᠢᠶᠠᠨ᠂ ᠭᠦᠯ ᠨᠢᠷᠤᠭᠤ ᠶᠢᠨ ᠷᠠᠰᠢᠶᠠᠨ ᠵᠡᠷᠭᠡ ᠪᠤᠯᠤᠨ᠎ᠠ᠃      ᠷᠠᠰᠢᠶᠠᠨ ᠤ ᠲᠩᠷᠢ ᠨᠠᠭᠤᠷ ᠪᠤᠯ ᠭᠠᠯᠳᠤ ᠠᠭᠤᠯᠠᠨ ᠤ ᠳᠡᠯᠪᠡᠷᠡᠯᠳᠡ ᠠᠴᠠ ᠪᠤᠯᠵᠤ ᠭᠠᠯᠳᠤ ᠠᠭᠤᠯᠠᠨ ᠤ ᠠᠮᠠᠰᠠᠷ   ᠤᠨ ᠤᠷᠴᠢᠨ ᠳᠤ ᠪᠤᠢ ᠪᠤᠯᠤᠭᠰᠠᠨ᠂ ᠭᠠᠩᠳᠠᠭᠰᠠᠨ ᠴᠣ᠋ ᠬᠠᠳᠠᠬᠤ ᠦᠭᠡᠢ᠂ ᠪᠤᠷᠤᠭᠠᠯᠠᠭᠰᠠᠨ ᠴᠣ᠋ ᠪᠢᠯᠬᠠᠷᠠᠬᠤ ᠦᠭᠡᠢ ᠦᠨᠳᠦᠷᠯᠢᠭ ᠲᠠᠬᠢ ᠨᠠᠭᠤᠷ ᠪᠤᠯᠤᠨ᠎ᠠ᠃ ᠨᠠᠭᠤᠷ ᠤᠨ ᠬᠦᠪᠡᠭᠡᠨ ᠳᠤᠨᠢ ᠤᠢ ᠮᠤᠳᠤ ᠰᠦᠭᠯᠡᠶᠢᠵᠦ ᠨᠠᠷᠠᠰᠤ ᠮᠡᠢᠯᠡᠰᠦ ᠬᠦᠬᠡᠷᠡᠨ ᠂ ᠴᠡᠴᠡᠭ ᠬᠤᠸᠠᠷ ᠳᠡᠯᠭᠡᠷᠡᠵᠤ ᠵᠦᠢᠯ ᠤᠨ ᠰᠢᠪᠠᠭᠤᠳ ᠳᠤᠩᠭᠤᠳᠤᠨ᠂ ᠬᠦᠬᠡ ᠲᠩᠷᠢ ᠬᠦᠪᠦᠩ ᠴᠠᠭᠠᠨ ᠡᠭᠦᠯᠡᠨ ᠤ ᠲᠤᠤᠷ᠎ᠠ ᠨᠠᠭᠤᠷ   ᠤᠨ ᠤᠰᠤᠨ ᠪᠤᠯᠤᠷ ᠲᠤᠯᠢ ᠠᠳᠠᠯᠢ ᠲᠤᠨᠤᠷᠠᠭᠠᠳ᠂ ᠠᠷᠰᠢ ᠶᠢᠨ ᠤᠷᠤᠨ ᠪᠤᠮᠪᠠ ᠶᠢᠨ ᠭᠠᠵᠠᠷ ᠮᠡᠳᠦ ᠭᠤᠶᠤᠬᠠᠨ ᠪᠠᠶᠢᠳᠠᠭ  ᠃      ᠰᠤᠳᠤᠯᠭᠠᠨ ᠤ ᠦᠨ᠎ᠠ ᠦᠷᠳᠡᠭ᠄ ᠷᠠᠰᠢᠶᠠᠨ ᠤ ᠭᠠᠯᠳᠤ ᠠᠭᠤᠯᠡ ᠶᠢᠨ ᠬᠠᠯᠠᠭᠤᠨ ᠷᠠᠰᠢᠶᠠᠨ ᠤ ᠭᠠᠵᠠᠷ ᠰᠢᠨᠵᠢᠯᠡᠭᠡᠨ  ᠤ ᠴᠡᠴᠡᠷᠯᠢᠭ ᠪᠤᠯ ᠦᠪᠦᠷ ᠮᠤᠩᠭᠤᠯ   ᠤᠨ ᠦᠨᠳᠦᠷᠯᠢᠭ ᠵᠢᠴᠢ ᠶᠡᠭᠡ ᠬᠢᠩᠭᠠᠨ ᠳᠠᠪᠠᠭᠠᠨ ᠤ ᠠᠭᠤᠯᠡ ᠬᠠᠶᠢᠷᠬᠠᠨ ᠬᠡᠷᠬᠢᠨ ᠪᠤᠢ ᠪᠤᠯᠤᠭᠰᠠᠨ ᠢ ᠰᠤᠳᠤᠯᠬᠤ ᠨᠡᠪᠳᠡᠷᠬᠡᠢ ᠲᠤᠯᠢ ᠶᠤᠮ᠃      ᠦᠵᠡᠮᠵᠢ ᠶᠢᠨ ᠤᠷᠤᠨ᠄ ᠬᠠᠯᠬ᠎ᠠ ᠭᠤᠤᠯ᠂ ᠬᠤᠷᠴᠠ ᠤᠯᠠᠭᠠᠨ ᠴᠡᠴᠡᠭ ᠤᠨ ᠨᠠᠭᠤᠷ᠂ ᠮᠠᠭᠮᠠ ᠶᠢᠨ ᠴᠢᠯᠠᠭᠤᠨ ᠤᠢ ᠂ ᠰᠢᠷ᠎ᠠ ᠨᠠᠷᠠᠰᠤᠳᠤ ᠳᠠᠪᠠᠭ᠎ᠠ᠂ ᠰᠤᠶᠤᠯᠵᠢ ᠶᠢᠨ ᠪᠤᠭᠳᠠ ᠠᠭᠤᠯᠡ᠂ ᠤᠯᠠᠭᠠᠨᠮᠤᠳᠤ ᠶᠢᠨ ᠲᠠᠯ᠎ᠠ ᠨᠤᠳᠤᠭ ᠵᠡᠷᠭᠡ᠃      ᠰᠤᠶᠤᠯ ᠤᠷᠠᠯᠢᠭ᠄ ᠣᠶᠢᠰᠣᠨ ᠵᠢᠷᠤᠭ᠂ ᠡᠪᠡᠰᠦᠨ ᠭᠦᠷᠦᠮᠠᠯ ᠵᠡᠷᠭᠡ ᠪᠤᠳᠠᠰ ᠤᠨ ᠪᠤᠰᠤ ᠰᠤᠶᠤᠯ ᠤᠨ ᠦᠪ ᠲᠠᠢ᠃      ᠨᠠᠶᠢᠷ ᠨᠠᠭᠠᠳᠤᠮ᠄ ᠷᠠᠰᠢᠶᠠᠨ ᠤ ᠵᠢᠭᠤᠯᠴᠢᠯᠠᠯ ᠤᠨ ᠶᠡᠭᠡ ᠬᠤᠷᠠᠯ᠂ ᠬᠢᠩᠭᠠᠨ ᠠᠢᠮᠠᠭ ᠤᠨ ᠨᠠᠭᠠᠳᠤᠮ᠂ ᠷᠠᠰᠢᠶᠠᠨ ᠤ ᠮᠦᠰᠦ ᠴᠠᠰᠤᠨ ᠤ ᠨᠠᠶᠢᠷ᠂ ᠤᠯᠠᠨ ᠤᠯᠤᠰ ᠤᠨ ᠬᠠᠯᠠᠭᠤᠨ ᠷᠠᠰᠢᠶᠠᠨ ᠤ  ᠨᠠᠶᠢᠷ ᠵᠡᠷᠭᠡ᠃      ᠠᠮᠳᠠᠳᠦ ᠢᠳᠡᠭᠡᠨ᠄ ᠬᠤᠨᠢᠨ ᠮᠢᠬᠠᠨ ᠤ ᠬᠠᠯᠠᠭᠤᠨ ᠲᠤᠭᠤᠭ᠎ᠠ᠂ ᠰᠢᠷᠠᠭᠰᠠᠨ ᠮᠢᠬ᠎ᠠ᠂ ᠵᠡᠬᠦᠨ ᠬᠤᠶᠢᠳᠣ ᠶᠢᠨ ᠬᠤᠭᠤᠯᠡ᠂ ᠤᠷᠤᠰ ᠮᠤᠩᠭᠤᠯ ᠬᠤᠭᠤᠯᠡ ᠵᠡᠷᠭᠡ᠃
 
ᠢᠷᠡᠯᠲᠡ᠄ ᠦᠪᠤᠷ ᠮᠤᠩᠭᠤᠯ ᠤᠨ ᠡᠳᠤᠷ ᠤᠨ ᠰᠤᠨᠢᠨ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号