︽ᠦᠵᠡᠮᠵᠢᠳᠦ ᠰᠠᠶᠢᠬᠠᠨ ᠷᠠᠰᠢᠶᠠᠨ︾ ᠭᠡᠬᠦ ᠬᠡᠷᠡᠯ ᠵᠢᠷᠤᠭ ᠤᠨ ᠤᠷᠤᠯᠳᠤᠭᠠᠨ ᠡᠬᠢᠯᠡᠯ᠎ᠡ  ᠬᠠᠮᠤᠭ ᠤᠨ ᠥᠨᠳᠥᠷ ᠲᠡᠭᠡᠨ 5000 ᠲᠥᠭᠦᠷᠢᠭ ᠤᠨ ᠱᠠᠩᠨᠠᠯ ᠲᠠᠢ ᠰᠢᠤ︕
ᠨᠡᠶᠢᠲᠡᠯᠡᠭᠰᠡᠨ ᠴᠠᠭ᠄
2022/11/3
     ᠷᠠᠰᠢᠶᠠᠨ ᠬᠤᠲᠠ ᠶᠢᠨ ᠤᠯᠤᠰ ᠤᠨ ᠳᠡᠰ ᠤᠨ ᠵᠤᠭᠠᠴᠠᠯ ᠤᠨ ᠠᠮᠠᠷᠠᠯᠲᠠ ᠶᠢᠨ ᠣᠷᠣᠨ ᠢ ᠪᠠᠶᠢᠭᠤᠯᠬᠤ ᠶᠢ ᠠᠬᠢᠭᠤᠯᠬᠤ ᠶᠢᠨ ᠲᠥᠯᠥᠭᠡ᠂ ᠷᠠᠰᠢᠶᠠᠨ ᠬᠤᠳᠠ ᠶᠢᠨ ᠬᠢᠨ ᠨᠠᠷᠢᠨ ᠨᠢᠮᠪᠠᠢ ᠲᠥᠰᠦᠪᠯᠡᠵᠦ᠂ ᠪᠦᠬᠦ ᠤᠯᠤᠰ ᠲᠤ ᠬᠠᠨᠳᠤᠭᠤᠯᠤᠨ ︽ᠦᠵᠡᠮᠵᠢᠳᠦ ᠰᠠᠶᠢᠬᠠᠨ ᠷᠠᠰᠢᠶᠠᠨ︾ ᠭᠡᠬᠦ ᠭᠡᠷᠡᠯ ᠵᠢᠷᠤᠭ ᠤᠨ ᠤᠷᠤᠯᠳᠤᠭᠠᠨ ᠢ ᠡᠷᠬᠢᠯᠡᠵᠦ᠂ ᠵᠢᠷᠤᠭ ᠳᠦᠷᠰᠦ ᠪᠠᠷ ᠠᠮᠢᠳᠤᠷᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠵᠢᠷᠤᠭ ᠳᠦᠷᠰᠦ ᠪᠠᠷ ᠬᠥᠭᠵᠢᠯᠲᠡ ᠶᠢ ᠵᠢᠷᠣᠬᠯᠡᠨ᠂ ᠷᠠᠰᠢᠶᠠᠨ ᠤ ᠦᠵᠡᠰᠬᠦᠯᠡᠩᠲᠦ ᠰᠠᠶᠢᠬᠠᠨ ᠠᠭᠤᠯᠠ ᠤᠰᠤᠨ ᠤ ᠦᠵᠡᠮᠵᠢ᠂ ᠪᠡᠯᠭᠡ ᠳᠡᠮᠳᠡᠭ ᠤᠨ ᠴᠢᠨᠠᠷᠲᠠᠢ ᠦᠵᠡᠮᠵᠢ ᠶᠢᠨ ᠣᠷᠣᠨ᠂ ᠡᠭᠡᠯ ᠪᠣᠷᠣᠭᠵᠢᠭᠤᠨ ᠵᠠᠩ ᠦᠢᠯᠡ᠂ ᠥᠪᠡᠷᠮᠢᠴᠡ ᠣᠨᠴᠠᠯᠢᠭ ᠲᠠᠢ ᠬᠤᠳᠠ ᠶᠢᠨ ᠳᠦᠷᠰᠦ ᠪᠠᠶᠢᠳᠠᠯ ᠢ ᠠᠳᠠᠯᠢ ᠪᠤᠰᠤ ᠲᠠᠯ᠎ᠠ ᠠᠴᠠ ᠳᠡᠯᠭᠡᠨ ᠦᠵᠡᠭᠦᠯᠵᠦ᠂ ᠷᠠᠰᠢᠶᠠᠨ ᠤ ᠠᠯᠳᠠᠷᠰᠢᠯ ᠢ ᠳᠠᠰᠤᠷᠠᠯᠳᠠ ᠦᠬᠡᠢ ᠳᠡᠭᠡᠭᠰᠢᠯᠡᠬᠦᠯᠬᠦ ᠪᠠᠷ ᠪᠠᠶᠢᠨ᠎ᠠ᠃      ᠨᠢᠭᠡ᠂ ᠭᠤᠣᠯᠯᠠᠨ ᠡᠷᠬᠢᠯᠡᠬᠦ ᠨᠢᠭᠡᠴᠢ      ᠭᠤᠤᠯᠯᠠᠨ ᠡᠷᠬᠢᠯᠡᠬᠦ ᠨᠢᠭᠡᠴᠢ᠄ ᠷᠠᠰᠢᠶᠠᠨ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ      ᠳᠠᠭᠠᠭᠠᠴᠢᠯᠡᠨ ᠡᠷᠬᠢᠯᠡᠬᠦ ᠨᠢᠭᠡᠴᠢ᠄ ᠷᠠᠰᠢᠶᠠᠨ ᠬᠤᠲᠠ ᠶᠢᠨ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ᠂ ᠷᠠᠰᠢᠶᠠᠨ ᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ      ᠬᠤᠶᠠᠷ᠂ ᠤᠷᠤᠯᠳᠤᠭᠠᠨ ᠤ ᠬᠦᠷᠢᠶ᠎ᠡ ᠬᠡᠪᠴᠢᠶ᠎ᠡ      ᠤᠷᠤᠯᠳᠤᠭᠠᠨ ᠤ ᠭᠡᠷᠡᠯ ᠵᠢᠷᠤᠭ ᠢ ᠪᠥᠬᠦ ᠨᠡᠶᠢᠭᠡᠮ ᠠᠴᠠ ᠡᠯᠰᠡᠨ ᠴᠤᠭᠯᠠᠭᠤᠯᠤᠨ᠎ᠠ᠂ ᠪᠥᠬᠦ ᠤᠯᠤᠰ ᠤᠨ ᠷᠠᠰᠢᠶᠠᠨ ᠢ ᠬᠠᠯᠠᠮᠵᠢᠯᠠᠬᠤ᠂ ᠷᠠᠰᠢᠶᠠᠨ ᠤ ᠬᠥᠭᠵᠢᠯᠲᠡ᠂ ᠪᠥᠲᠥᠭᠡᠨ ᠪᠠᠶᠢᠭᠤᠯᠤᠯᠲᠠ ᠶᠢ ᠳᠡᠮᠵᠢᠬᠦ ᠪᠣᠶ ᠪᠥᠬᠦᠶ ᠬᠡᠷᠡᠯ ᠵᠢᠷᠤᠭ ᠲᠤ ᠲᠤᠷ᠎ᠠ ᠪᠠᠭ᠋ᠠᠳᠡᠢ ᠬᠥᠮᠦᠰ ᠴᠥᠮ ᠣᠷᠣᠯᠴᠠᠵᠤ ᠪᠣᠯᠤᠨ᠎ᠠ᠃      ᠭᠤᠷᠪᠠ᠂ ᠤᠷᠤᠯᠳᠤᠭᠠᠨ ᠶᠠᠪᠤᠭᠳᠠᠬᠤ ᠴᠠᠭ      2022 ᠣᠨ ᠤ 11 ᠰᠠᠷ᠎ᠠ ᠶᠢᠨ 1 ᠤ ᠡᠳᠦᠷ — 12 ᠰᠠᠷ᠎ᠠ ᠶᠢᠨ 15 ᠤ ᠡᠳᠣᠷ ᠪᠣᠯᠳᠡᠯ᠎ᠠ ᠶᠠᠪᠤᠭᠳᠠᠨ᠎ᠠ᠃      ᠲᠦᠷᠪᠡ᠂ ᠪᠦᠲᠦᠭᠡᠯ ᠢᠶᠠᠨ ᠢᠯᠡᠭᠡᠬᠦ ᠠᠷᠭ᠎ᠠ       1. ᠰᠦᠯᠵᠢᠶ᠎ᠡ ᠪᠠᠷ ᠡᠬᠡ ᠪᠢᠴᠢᠭ ᠢᠯᠡᠭᠡᠬᠦ ᠳᠡᠭᠡᠨ ᠰᠢᠦᠳᠠᠨ ᠤ ᠭᠠᠷᠴᠠᠭ ᠪᠡ ᠵᠠᠬᠢᠳᠠᠯ ᠤᠨ ᠭᠠᠳᠠᠷ ᠨᠢᠭᠤᠷ ᠲᠤ ︽ᠦᠵᠡᠮᠵᠢᠳᠦ ᠰᠠᠶᠢᠬᠠᠨ ᠷᠠᠰᠢᠶᠠᠨ ᠤ ᠭᠡᠷᠡᠯ ᠵᠢᠷᠤᠭ ᠤᠨ ᠤᠷᠤᠯᠳᠤᠭᠠᠨ︾ ᠭᠡᠰᠡᠨ ᠦᠰᠦᠭ ᠢ ᠲᠣᠳᠣᠷᠬᠠᠶ ᠪᠢᠴᠢᠬᠦ ᠭᠡᠷᠡᠭᠳᠡᠢ      2. ᠤᠷᠤᠯᠳᠤᠭᠠᠨ ᠳᠤ ᠣᠷᠣᠯᠴᠠᠬᠤ ᠳᠠᠭᠠᠨ ᠪᠣᠳᠠᠲᠡᠢ ᠭᠡᠷᠡᠯ ᠵᠢᠷᠤᠭ ᠪᠡ ᠡᠯᠧᠺᠲᠷᠣᠨ ᠪᠠᠷ ᠢ ᠪᠠᠨ ᠬᠠᠮᠲᠤ ᠳᠤᠨᠢ ᠢᠯᠡᠭᠡᠬᠦ ᠭᠡᠷᠡᠭᠳᠡᠢ᠃      ᠡᠯᠧᠺᠲᠷᠣᠨ ᠪᠠᠷ ᠲᠤ ᠪᠠᠨ ᠣᠪᠣᠭ ᠨᠡᠷ᠎ᠡ᠂ ᠪᠦᠲᠦᠭᠡᠯ ᠤᠨ ᠭᠠᠷᠴᠠᠭ᠂ ᠬᠠᠷᠢᠯᠴᠠᠬᠤ ᠤᠲᠠᠰᠤ᠂ ᠪᠦᠲᠦᠭᠡᠯ ᠤᠨ  ᠠᠭᠤᠯᠭ᠎ᠠ ᠪᠠᠨ ᠲᠣᠳᠣᠷᠬᠠᠶᠢᠯᠠᠬᠤ ᠭᠡᠷᠡᠭᠳᠡᠢ᠃ ᠪᠦᠲᠦᠭᠡᠯ ᠢᠯᠡᠭᠡᠬᠦ ᠰᠢᠤᠳᠠᠨ ᠤ ᠬᠠᠶᠢᠷᠴᠠᠭ AERSHANwenlian@163.com ᠃      ᠪᠣᠳᠡᠳᠡᠢ ᠭᠡᠷᠡᠯ ᠵᠢᠷᠤᠭ ᠢᠶᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠢᠩᠭᠠᠨ ᠠᠶᠢᠮᠠᠭ ᠤᠨ ᠷᠠᠰᠢᠶᠠᠨ ᠬᠤᠲᠠ ᠶᠢᠨ ᠸᠧᠨᠴᠢᠣᠸᠠᠨ ᠵᠡᠭᠡᠯᠢ ᠶᠢᠨ ᠭᠥᠩ ᠵᠢᠶᠠᠨ ᠯᠣ᠋ ᠵᠠᠮ ᠤᠨ 6 ᠳ᠋ᠤᠭᠠᠷ ᠠᠰᠠᠷ ᠲᠠᠬᠢ ᠷᠠᠰᠢᠶᠠᠨ ᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠳᠤ ᠢᠯᠡᠭᠡᠨ᠎ᠠ ︵ᠬᠠᠷᠢᠯᠴᠠᠬᠤ ᠬᠥᠮᠦᠨ᠄ ᠵᠣᠣ ᠵᠢᠩ ᠰᠢᠨ ᠂ ᠤᠲᠠᠰᠤ᠄ 0482 — 7125551 ᠪᠤᠯᠤᠨ᠎ᠠ︶       3. ᠵᠢᠷᠤᠭ ᠤᠨ ᠬᠡᠮ ᠬᠡᠮᠵᠢᠶ᠎ᠡ᠄  ᠪᠣᠳᠡᠳᠡᠢ ᠭᠡᠷᠡᠯ ᠵᠢᠷᠤᠭ ᠤᠨ ᠶᠡᠭᠡ ᠪᠠᠭ᠎ᠠ ᠨᠢ 6 ᠢᠮᠠᠬᠤ ᠪᠠᠶᠢᠵᠤ᠂ ᠡᠯᠧᠺᠲᠷᠣᠨ ᠪᠠᠷ ᠤᠨ ᠬᠢᠨᠢ 1M+ ᠤᠤᠯ ᠭᠡᠷᠡᠯ ᠵᠢᠷᠤᠭ ᠪᠠᠶᠢᠬᠤ ᠬᠡᠷᠡᠭᠳᠡᠢ᠃      ᠲᠠᠪᠤ᠂ ᠪᠦᠲᠦᠭᠡᠯ ᠤᠨ ᠱᠠᠭᠠᠷᠳᠠᠯᠭ᠎ᠠ      ︵ᠨᠢᠭᠡ︶ ᠬᠡᠷᠡᠯ ᠵᠢᠷᠤᠭ ᠤᠨ ᠪᠦᠲᠦᠭᠡᠯ ᠨᠢ ᠡᠷᠬᠡᠪᠰᠢ ᠤᠤᠯ ᠪᠦᠲᠦᠭᠡᠯ ᠪᠠᠶᠢᠬᠤ ᠬᠡᠷᠡᠭᠲᠡᠶ ᠪᠥᠭᠡᠳ ᠭᠠᠳᠠᠭᠰᠢ ᠢᠯᠡ ᠪᠠᠷ ᠨᠡᠶᠢᠲᠡᠯᠡᠭᠰᠡᠨ ᠥᠬᠡᠶ᠂ ᠡᠯ᠎ᠡ ᠱᠠᠲᠤᠨ ᠤ ᠡᠯ᠎ᠡ ᠲᠥᠷᠥᠯ ᠤᠨ ᠳᠡᠯᠭᠡᠨ ᠦᠵᠡᠭᠦᠯᠭᠡ ᠵᠡᠷᠭᠡ ᠠᠵᠢᠯᠯᠠᠭ᠎ᠠ ᠳᠤ ᠤᠷᠤᠯᠴᠠᠵᠤ ᠦᠩᠭᠡᠷᠡᠭᠰᠠᠨ ᠥᠬᠡᠶ᠂ ᠬᠠᠭᠤᠯᠵᠤ ᠪᠣᠯᠬᠤ ᠥᠬᠡᠶ ᠮᠦᠷᠳᠡᠭᠡᠨ ᠪᠤᠰᠤᠳ ᠤᠨ ᠮᠡᠳᠡᠯᠭᠡ ᠶᠢᠨ ᠪᠦᠲᠦᠭᠡᠭᠳᠡᠬᠦᠨ ᠤ ᠦᠮᠴᠢᠯᠡᠯ ᠤᠨ ᠡᠷᠬᠡ ᠳᠤ ᠬᠠᠯᠳᠠᠭᠰᠠᠨ ᠪᠦᠳᠦᠭᠡᠯ ᠢ ᠢᠯᠡᠭᠡᠵᠦ ᠪᠤᠯᠬᠤ ᠦᠭᠡᠢ᠃      ︵ᠬᠤᠶᠠᠷ︶ ᠭᠡᠷᠡᠯ ᠵᠢᠷᠤᠭ ᠤᠨ ᠪᠦᠲᠦᠭᠡᠯ ᠤᠨ ᠬᠡᠪ ᠨᠠᠮᠪᠠ ᠪᠠ ᠰᠲ᠋ᠢᠯᠢ ᠶᠢ ᠬᠢᠵᠠᠭᠠᠷᠯᠠᠬᠤ ᠤᠢᠭᠡᠢ᠂ ᠵᠣᠬᠢᠶᠠᠨ ᠪᠦᠲᠦᠭᠡᠬᠦ ᠴᠠᠭ ᠢ ᠬᠢᠵᠠᠭᠠᠷᠯᠠᠬᠤ ᠤᠢᠭᠡᠢ᠂ ᠪᠤᠳᠤᠬ ᠲᠠᠢ ᠪᠠ ᠪᠤᠳᠤᠬ ᠤᠢᠭᠡᠢ ᠪᠦᠷ ᠪᠠᠶᠢᠵᠣ ᠪᠣᠯᠤᠨ᠎ᠠ᠃ ᠷᠠᠰᠢᠶᠠᠨ ᠤ ᠳᠥᠷᠪᠡᠨ ᠤᠯᠠᠷᠢᠯ ᠤᠨ ᠥᠩᠭᠡ ᠦᠵᠡᠮᠵᠢ᠂ ᠪᠡᠯᠭᠡ ᠲᠡᠮᠳᠡᠭ ᠤᠨ ᠴᠢᠨᠠᠷᠲᠠᠶ ᠦᠵᠡᠮᠵᠢ ᠶᠢᠨ ᠣᠷᠣᠨ ᠢᠶᠠᠷ ᠭᠤᠤᠯ ᠪᠣᠯᠭᠠᠭᠰᠠᠨ ᠪᠥᠭᠡᠳ ᠷᠠᠰᠢᠶᠠᠨ ᠤ ᠲᠡᠤᠬᠡ ᠶᠢᠨ ᠠᠭᠤᠯᠣᠬᠳᠡᠬᠤᠨ᠂ ᠰᠣᠶᠣᠯ ᠤᠨ ᠠᠭᠤᠯᠬᠤᠨ᠂ ᠭᠠᠵᠠᠷ ᠣᠷᠣᠨ ᠤ ᠣᠨᠴᠠᠯᠢᠭ᠂ ᠬᠤᠲᠠ ᠶᠢᠨ ᠬᠥᠭᠵᠢᠯᠲᠡ ᠶᠢ ᠬᠠᠷᠠᠭᠤᠯᠤᠭᠰᠠᠨ ᠪᠦᠲᠦᠭᠡᠯ ᠪᠦᠷ ᠪᠣᠯᠤᠨ᠎ᠠ᠃      ︵ᠭᠤᠷᠪᠠ︶ ᠺᠣᠮᠫᠢᠦ᠋ᠲ᠋ᠧᠷ ᠢᠶᠠᠷ ᠦᠢᠯᠡᠳᠴᠦ ᠰᠢᠢᠳᠪᠤᠷᠢᠯᠡᠭᠰᠡᠨ ᠪᠦᠳᠦᠭᠡᠯ ᠪᠤᠯᠤᠨ ᠤᠤᠯ ᠵᠢᠷᠤᠭ ᠲᠦᠷᠰᠦ ᠶᠢ ᠨᠢ ᠬᠤᠪᠢᠷᠠᠭᠤᠯᠤᠭᠰᠠᠨ ᠪᠦᠲᠦᠭᠡᠯ ᠢ ᠬᠠᠩᠭᠠᠵᠣ ᠪᠣᠯᠬᠤ ᠦᠭᠡᠢ᠃ ︵ᠬᠡᠷᠡᠯ ᠵᠢᠷᠤᠭ ᠲᠤ ᠵᠥᠪᠬᠡᠨ ᠭᠡᠷᠡᠯᠲᠦᠴᠡ ᠂ ᠲᠣᠳᠣᠴᠠ᠂ ᠥᠩᠭᠡ ᠬᠠᠨᠤᠯᠲᠠ ᠶᠢᠨ ᠬᠡᠮᠵᠢᠶ᠎ᠡ ᠶᠢ ᠵᠣᠬᠢᠰᠲᠠᠶ ᠲᠣᠬᠢᠷᠠᠭᠤᠯᠵᠤ ᠪᠣᠯᠤᠨ᠎ᠠ᠂ ᠨᠡᠶᠢᠯᠡᠭᠦᠯᠬᠦ᠂ ᠨᠡᠮᠡᠬᠦ᠂ ᠥᠩᠭᠡ ᠪᠤᠳᠤᠭ ᠢ ᠶᠡᠭᠡ ᠬᠡᠮᠵᠢᠶ᠎ᠡ ᠪᠠᠷ ᠬᠤᠪᠢᠷᠠᠭᠤᠯᠬᠤ ᠵᠡᠷᠭᠡ ᠮᠡᠷᠭᠡᠵᠢᠯ ᠤᠨ ᠰᠢᠢᠳᠪᠦᠷᠢᠯᠡᠯᠲᠡ ᠬᠢᠵᠦ ᠪᠣᠯᠬᠤ ᠥᠬᠡᠶ︶      ᠵᠢᠷᠭᠤᠭ᠎ᠠ᠂ ᠰᠢᠯᠭᠠᠷᠠᠭᠤᠯᠬᠤ ᠵᠢᠴᠢ ᠱᠠᠩᠨᠠᠯ ᠤᠨ ᠵᠣᠶᠢᠯ ᠤᠨ ᠲᠣᠬᠢᠷᠠᠭᠤᠯᠤᠯᠲᠠ      ᠡᠯᠰᠡᠵᠦ ᠴᠤᠭᠯᠠᠭᠤᠯᠤᠭᠰᠠᠨ ᠪᠦᠲᠦᠭᠡᠯ ᠢ ᠡᠷᠬᠡ ᠲᠡᠭᠰᠢ᠂ ᠲᠥᠪ ᠭᠤᠣᠯᠴᠢ᠂ ᠢᠯᠡ ᠲᠣᠳᠣ ᠪᠠᠶᠢᠬᠤ ᠵᠠᠷᠴᠢᠮ ᠢᠶᠠᠷ ᠠᠩᠬᠠᠨ ᠤ ᠰᠢᠯᠭᠠᠷᠠᠭᠤᠯᠤᠯᠳᠠ ᠪᠡ ᠳᠠᠬᠢᠨ ᠦᠨᠡᠯᠡᠬᠦ ᠭᠡᠵᠦ ᠬᠤᠶᠠᠷ ᠱᠠᠲᠤ ᠬᠤᠪᠢᠶᠠᠨ ᠶᠠᠪᠤᠭᠳᠠᠭᠤᠯᠤᠨ᠎ᠠ᠃      ︵ᠨᠢᠭᠡ︶ ᠠᠩᠬᠠᠨ ᠤ ᠰᠢᠯᠭᠠᠷᠠᠭᠤᠯᠤᠯᠳᠠ ᠶᠢᠨ ᠱᠠᠲᠤ ︵2022 ᠣᠨ ᠤ 11 ᠰᠠᠷ᠎ᠠ ᠶᠢᠨ 1 ᠤ ᠡᠳᠦᠷ — 12 ᠰᠠᠷ᠎ᠠ ᠶᠢᠨ 15 ᠤ ᠡᠳᠦᠷ ᠪᠣᠯᠳᠡᠯ᠎ᠠ ᠶᠠᠪᠤᠭᠳᠠᠨ᠎ᠠ︶      ᠬᠠᠮᠢᠶ᠎ᠠ ᠪᠥᠬᠦᠶ ᠲᠤᠰᠬᠠᠶ ᠮᠡᠷᠭᠡᠵᠢᠯᠲᠡᠳ ᠢ ᠵᠣᠬᠢᠶᠠᠨ ᠪᠠᠶᠢᠭᠤᠯᠤᠨ ᠠᠩᠬᠠᠨ ᠤ ᠰᠢᠯᠭᠠᠷᠠᠭᠤᠯᠤᠯᠳᠠ ᠬᠢᠵᠦ᠂ ᠷᠠᠰᠢᠶᠠᠨ ᠤ ᠬᠡᠷᠡᠯ ᠵᠢᠷᠤᠭ ᠤᠨ ᠪᠦᠲᠦᠭᠡᠯ ᠢ 50 ᠰᠤᠩᠭᠤᠵᠤ ᠭᠠᠷᠭᠠᠨ᠎ᠠ᠃      ︵ᠬᠤᠶᠠᠷ︶ ᠳᠠᠬᠢᠨ ᠦᠨᠡᠯᠡᠬᠦ ᠱᠠᠲᠤ ︵2022 ᠣᠨ ᠤ 12 ᠰᠠᠷ᠎ᠠ ᠶᠢᠨ 25 ᠤ ᠡᠳᠦᠷ — 12 ᠰᠠᠷ᠎ᠠ ᠶᠢᠨ 28 ᠤ ᠡᠳᠦᠷ ᠪᠣᠯᠳᠡᠯ᠎ᠠ ᠶᠠᠪᠤᠭᠳᠠᠨ᠎ᠠ︶      ᠰᠢᠯᠭᠠᠷᠠᠭᠤᠯᠤᠨ ᠲᠣᠭᠲᠠᠭᠠᠬᠤ ᠲᠤᠰᠬᠠᠶ ᠮᠡᠷᠭᠡᠵᠢᠯᠲᠡᠨ ᠠᠴᠠ ᠱᠠᠩᠨᠠᠯ ᠤᠨ ᠲᠠᠰ ᠵᠡᠷᠭᠡ ᠶᠢ ᠲᠥᠪᠯᠡᠷᠡᠭᠦᠯᠦᠨ ᠰᠢᠯᠭᠠᠷᠠᠭᠤᠯᠤᠨ ᠲᠣᠭᠲᠠᠭᠠᠬᠤ ᠶᠢᠨ ᠬᠠᠮᠲᠤ ᠱᠠᠩᠨᠠᠯ ᠣᠯᠤᠭᠰᠠᠨ ᠪᠣᠶ ᠪᠥᠬᠦᠶ ᠪᠦᠲᠦᠭᠡᠯ ᠳᠤ ᠵᠣᠬᠢᠬᠤ ᠦᠨᠡᠮᠯᠡᠯ ᠣᠯᠭᠤᠨ᠎ᠠ᠂ ᠤᠷᠤᠯᠳᠤᠭᠠᠨ ᠤ ᠦᠷ᠎ᠡ ᠳ᠋ᠦᠩ ᠢ ᠨᠡᠶᠢᠲᠡᠯᠡᠬᠦ ᠪᠠ ᠪᠦᠲᠦᠭᠡᠯ ᠢ ᠳᠡᠯᠭᠡᠨ ᠦᠵᠡᠭᠦᠯᠬᠦ ᠠᠵᠢᠯ ᠢ ᠶᠠᠪᠤᠭᠳᠠᠭᠤᠯᠤᠨ᠎ᠠ᠃ ᠭᠡᠷᠡᠯ ᠵᠢᠷᠤᠭ ᠤᠨ ᠪᠦᠲᠦᠭᠡᠯ ᠤᠨ ᠱᠠᠩᠨᠠᠯ ᠢ ᠳᠣᠣᠷᠠᠬᠢ ᠮᠡᠲᠦ ᠲᠣᠬᠢᠷᠠᠭᠤᠯᠪᠠ᠃      ᠨᠢᠭᠡᠳᠦᠭᠡᠷ ᠳᠡᠰ ᠤᠨ ᠱᠠᠩᠨᠠᠯ᠄ 1 ᠬᠥᠮᠦᠨ᠂ ᠱᠠᠩᠨᠠᠯ ᠤᠨ ᠮᠥᠩᠭᠦ ᠨᠢ 5000 ᠲᠥᠭᠦᠷᠢᠭ᠃      ᠬᠤᠶᠠᠳᠤᠭᠠᠷ ᠳᠡᠰ ᠤᠨ ᠱᠠᠩᠨᠠᠯ᠄ 2 ᠬᠥᠮᠦᠨ᠂ ᠱᠠᠩᠨᠠᠯ ᠤᠨ ᠮᠥᠩᠭᠦ ᠨᠢ 3000 ᠲᠥᠭᠦᠷᠢᠭ᠃      ᠭᠤᠷᠪᠠᠳᠤᠭᠠᠷ ᠳᠡᠰ ᠤᠨ ᠱᠠᠩᠨᠠᠯ᠄ 5 ᠬᠥᠮᠦᠨ᠂ ᠱᠠᠩᠨᠠᠯ ᠤᠨ ᠮᠥᠩᠭᠦ ᠨᠢ 1000 ᠲᠥᠭᠦᠷᠢᠭ᠃      ᠡᠭᠦᠨ ᠠᠴᠠ ᠭᠠᠳᠠᠨ᠎ᠠ ᠬᠠᠮᠤᠭ ᠰᠢᠯᠢᠳᠡᠭ ᠡᠭᠦᠳᠦᠯᠲᠡ ᠶᠢᠨ ᠱᠠᠩᠨᠠᠯ᠂ ᠬᠠᠮᠤᠭ ᠰᠢᠯᠢᠳᠡᠭ ᠰᠡᠭᠦᠳᠡᠷᠯᠡᠭᠴᠢ ᠶᠢᠨ ᠱᠠᠩᠨᠠᠯ᠂ 10 ᠰᠢᠯᠢᠳᠡᠭ ᠱᠠᠩᠨᠠᠯ ᠳᠤ ᠷᠠᠰᠢᠶᠠᠨ ᠤ ᠭᠤᠣᠯ ᠦᠵᠡᠮᠵᠢ ᠶᠢᠨ ᠣᠷᠣᠨ ᠤ 3 ᠡᠭᠦᠳᠡᠨ ᠪᠢᠯᠧᠲ ᠢ ᠬᠦᠷᠭᠡᠬᠦ ᠪᠤᠯᠤᠨ᠎ᠠ᠃      ᠲᠤᠯᠤᠭ᠎ᠠ᠂ ᠬᠤᠯᠪᠣᠭᠳᠠᠯ ᠪᠦᠬᠦᠢ ᠱᠠᠭᠠᠷᠳᠠᠯᠭ᠎ᠠ      1. ᠪᠤᠢ ᠪᠦᠬᠦᠢ ᠡᠯᠰᠡᠭᠳᠡᠬᠦ ᠶᠣᠰᠣᠲᠠᠶ ᠪᠦᠲᠦᠭᠡᠯ ᠨᠢ ᠪᠤᠰᠤᠳ ᠤᠨ ᠮᠡᠳᠡᠯᠭᠡ ᠶᠢᠨ ᠪᠦᠲᠦᠭᠡᠭᠳᠡᠬᠦᠨ ᠤ ᠦᠮᠴᠢᠯᠡᠯ ᠤᠨ ᠡᠷᠬᠡ ᠳᠤ ᠬᠠᠯᠳᠠᠵᠤ ᠪᠣᠯᠬᠤ ᠤᠢᠭᠡᠢ᠂ ᠱᠠᠩᠨᠠᠯ ᠣᠯᠤᠭᠰᠠᠨ ᠪᠦᠲᠦᠭᠡᠯ ᠵᠢᠱᠢᠶᠡᠯᠡᠪᠡᠯ ᠵᠣᠬᠢᠶᠠᠯ ᠪᠦᠲᠦᠭᠡᠯ ᠤᠨ ᠡᠷᠬᠡ᠂ ᠬᠡᠪᠯᠡᠯ ᠤᠨ ᠡᠷᠬᠡ ᠶᠢᠨ ᠵᠢᠭᠤᠷᠠᠯᠳᠤᠭᠠᠨ ᠵᠡᠷᠭᠡ ᠳᠤ ᠬᠤᠯᠪᠣᠭᠳᠠᠭᠰᠠᠨ ᠬᠠᠤᠯᠢ ᠴᠠᠭᠠᠵᠠ ᠶᠢᠨ ᠠᠰᠠᠭᠤᠳᠠᠯ ᠢ ᠴᠥᠮ ᠬᠤᠪᠢ ᠬᠥᠮᠦᠨ ᠦᠪᠡᠰᠦᠪᠡᠨ ᠬᠠᠷᠢᠭᠤᠴᠠᠨ᠎ᠠ᠃ ᠪᠤᠢ ᠪᠦᠬᠦᠢ ᠪᠦᠲᠦᠭᠡᠯ ᠢ ᠬᠡᠷᠡᠭᠯᠡᠬᠦ᠂ ᠬᠡᠷᠡᠭᠯᠡᠬᠦ ᠦᠭᠡᠢ ᠴᠥᠮ ᠢ ᠡᠵᠡᠨ ᠳᠤᠨᠢ ᠪᠤᠴᠠᠭᠠᠬᠤ ᠤᠢᠭᠡᠢ᠃      2. ᠲᠤᠰ ᠤᠳᠠᠭᠠᠨ ᠤ ᠤᠷᠤᠯᠳᠤᠭᠠᠨ ᠳᠤ ᠰᠦᠢᠳᠬᠡᠯ ᠬᠤᠷᠢᠶᠠᠬᠤ ᠦᠭᠡᠶ᠂ ᠮᠠᠨ ᠤ ᠤᠯᠤᠰ ᠤᠨ ︽ᠵᠣᠬᠢᠶᠠᠯ ᠪᠦᠲᠦᠭᠡᠯ ᠤᠨ ᠡᠷᠬᠡ ᠶᠢᠨ ᠬᠠᠤᠯᠢ︾ ᠶᠢᠨ ᠬᠤᠯᠪᠣᠭᠳᠠᠯ ᠪᠥᠬᠦᠶ ᠲᠣᠭᠲᠠᠭᠠᠯ ᠢ ᠦᠨᠳᠦᠰᠦᠯᠡᠵᠤ᠂ ᠷᠠᠰᠢᠶᠠᠨ ᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠱᠠᠩᠨᠠᠯ ᠣᠯᠤᠭᠰᠠᠨ ᠪᠦᠲᠦᠭᠡᠯ ᠤᠨ ᠮᠡᠳᠡᠯᠭᠡ ᠶᠢᠨ ᠪᠦᠲᠦᠭᠡᠭᠳᠡᠬᠦᠨ ᠤ ᠦᠮᠴᠢᠯᠡᠯ ᠤᠨ ᠡᠷᠬᠡ ᠲᠠᠢ ᠪᠠᠶᠢᠵᠣ ︵ᠵᠣᠬᠢᠶᠠᠯ ᠪᠦᠲᠦᠭᠡᠯ ᠤᠨ ᠡᠷᠬᠡ᠂ ᠨᠡᠷ᠎ᠡ ᠪᠢᠴᠢᠬᠦ ᠡᠷᠬᠡ᠂ ᠲᠠᠸᠠᠷ ᠤᠨ ᠲᠡᠮᠳᠡᠭᠲᠦ ᠶᠢᠨ ᠡᠷᠬᠡ ᠵᠡᠷᠭᠡ ᠪᠠᠭᠲᠠᠨ᠎ᠠ︶ ᠂ ᠲᠣᠰ ᠪᠦᠲᠦᠭᠡᠯ ᠳᠤ ᠵᠠᠰᠠᠪᠤᠷᠢ ᠣᠷᠣᠭᠤᠯᠬᠤ᠂ ᠨᠡᠶᠢᠲᠡᠯᠡᠬᠦ ᠡᠷᠬᠡ ᠲᠠᠢ ᠪᠥᠭᠡᠳ ᠬᠤᠯᠪᠣᠭᠳᠠᠯ ᠪᠥᠬᠦᠶ ᠠᠵᠢᠯᠯᠠᠭ᠎ᠠ ᠳᠤ ᠬᠡᠷᠡᠭᠯᠡᠬᠦ ᠡᠷᠬᠡ ᠲᠠᠢ ᠪᠠᠶᠢᠵᠣ ︵ᠦᠵᠡᠰᠬᠦᠯᠡᠩ᠂ ᠬᠡᠪᠯᠡᠭᠳᠡᠬᠦᠨ᠂ ᠤᠬᠠᠭᠤᠯᠭ᠎ᠠ ᠶᠢᠨ ᠵᠣᠶᠢᠯᠡᠰ᠂ ᠵᠠᠭᠤᠴᠢᠯᠠᠭᠤᠷ ᠤᠨ ᠤᠬᠠᠭᠤᠯᠭ᠎ᠠ ᠵᠡᠷᠭᠡ ᠪᠠᠭᠲᠠᠨ᠎ᠠ︶  ᠂ ᠠᠰᠲᠠᠭᠠᠨ ᠡᠬᠡ ᠪᠢᠴᠢᠭ ᠤᠨ ᠬᠠᠷᠠᠮᠵᠢ ᠥᠭᠬᠦ ᠥᠬᠡᠶ᠃      3. ᠭᠡᠷᠡᠯ ᠵᠢᠷᠤᠭ ᠳᠡᠪᠰᠢᠬᠦᠯᠬᠦ ᠲᠤᠭ᠎ᠠ ᠶᠢ ᠬᠢᠵᠠᠭᠠᠷᠯᠠᠬᠤ ᠥᠬᠡᠶ᠂ ᠭᠡᠪᠡᠴᠦ ᠣᠷᠣᠯᠴᠠᠭᠰᠠᠳ ᠨᠢ ᠴᠥᠮ ᠦᠨᠡᠨ ᠨᠡᠷ᠎ᠡ ᠪᠠᠷ ᠤᠷᠤᠯᠴᠠᠵᠤ᠂ ᠰᠦᠯᠵᠢᠶᠡᠨ ᠤ ᠨᠡᠷ᠎ᠡ ᠪᠡ ᠨᠢᠭᠤᠴᠠ ᠨᠡᠷ᠎ᠡ ᠪᠠᠷ ᠣᠷᠣᠯᠴᠠᠬᠤ ᠶᠢ ᠳᠡᠪᠴᠢᠬᠦ ᠬᠡᠷᠡᠭᠳᠡᠢ᠃      4. ᠲᠣᠰ ᠠᠵᠢᠯᠯᠠᠭ᠎ᠠ ᠶᠢᠨ ᠠᠯᠢᠪᠠ ᠲᠠᠶᠢᠯᠪᠤᠷᠢᠯᠠᠬᠤ ᠡᠷᠬᠡ ᠶᠢ ᠷᠠᠰᠢᠶᠠᠨ ᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠥᠮᠴᠢᠯᠡᠨ᠎ᠡ᠃ ᠡᠭᠡ ᠪᠢᠴᠢᠭ ᠥᠭᠭᠦᠭᠰᠡᠨ ᠵᠣᠬᠢᠶᠠᠭᠴᠢ ᠪᠦᠬᠦᠠ ᠢ ᠴᠥᠮ ᠳᠡᠭᠡᠷᠡᠬᠢ ᠲᠣᠭᠲᠠᠭᠠᠯ ᠤᠳ ᠢ ᠵᠥᠪᠰᠢᠶᠡᠷᠡᠬᠰᠠᠨ ᠢᠶᠠᠷ ᠦᠵᠡᠨ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号