ᠭᠠᠭᠴᠠ ᠤᠳᠠᠭ᠎ᠠ ᠬᠡᠷᠡᠭᠯᠡᠬᠦ ᠠᠮᠠᠪᠴᠢ ᠶᠢ ᠤᠷᠳᠤ ᠬᠤᠭᠤᠴᠠᠭ᠎ᠠ ᠪᠠᠷ ᠰᠤᠯᠢᠬᠤ ᠦᠭᠡᠢ ᠶᠢᠨ ᠬᠤᠤᠷ ᠬᠦᠨᠤᠭᠡᠯ
ᠨᠡᠶᠢᠲᠡᠯᠡᠭᠰᠡᠨ ᠴᠠᠭ᠄
2022/10/28
      ᠭᠠᠭᠴᠠ ᠤᠳᠠᠭ᠎ᠠ ᠬᠡᠷᠡᠭᠯᠡᠬᠦ ᠠᠮᠠᠪᠴᠢ ᠶᠢ ᠬᠤᠶᠠᠷ ᠡᠳᠤᠷ ᠵᠡᠬᠦᠵᠤ ᠪᠤᠯᠤᠨ᠎ᠠ ᠤᠤ︖       ᠪᠤᠯᠬᠤ ᠦᠭᠡᠢ᠃       ᠭᠠᠭᠴᠠ ᠤᠳᠠᠭ᠎ᠠ ᠬᠡᠷᠡᠭᠯᠡᠬᠦ ᠠᠮᠠᠪᠴᠢ ᠶᠢᠨ ᠬᠠᠮᠠᠭᠠᠯᠠᠬᠤ ᠤᠶᠢᠯᠡᠳᠤᠯ ᠨᠢ ᠬᠢᠵᠠᠭᠠᠷ ᠲᠠᠢ ᠪᠠᠶᠢᠳᠠᠭ᠂  ᠬᠡᠷᠪᠡ ᠸᠢᠷᠦ᠋ᠰ᠂  ᠪᠠᠺᠲ᠋ᠧᠷᠢ ᠶᠢ ᠰᠡᠷᠭᠡᠶᠢᠯᠡᠬᠦ ᠳᠤ ᠬᠡᠷᠡᠭᠯᠡᠪᠡᠯ᠂  ᠶᠡᠷᠤᠳᠡᠭᠡᠨ ᠵᠠᠯᠭᠠᠭᠠᠭ᠎ᠠ ᠪᠠᠷ 4 ᠴᠠᠭ ᠤᠷᠴᠢᠮ ᠵᠡᠬᠦᠬᠦ ᠪᠦᠷᠢ ᠭᠠᠭᠴᠠ ᠤᠳᠠᠭ᠎ᠠ ᠬᠡᠷᠡᠭᠯᠡᠬᠦ ᠠᠮᠠᠪᠴᠢ ᠶᠢ ᠰᠤᠯᠢᠬᠤ ᠬᠡᠷᠡᠭᠳᠡᠢ᠂  ᠡᠰᠡ ᠲᠡᠭᠡᠪᠡᠯ ᠠᠮᠠᠪᠴᠢ ᠶᠢᠨ ᠱᠦᠬᠦᠷᠡᠯᠳᠡ ᠶᠢᠨ ᠴᠢᠨᠠᠷ ᠪᠠ ᠠᠭᠠᠷ ᠨᠡᠪᠳᠡᠷᠡᠬᠦ ᠴᠢᠨᠠᠷ ᠨᠢ ᠪᠠᠭᠤᠷᠠᠵᠤ᠂  ᠬᠠᠮᠠᠭᠠᠯᠠᠬᠤ ᠤᠶᠢᠯᠡᠳᠤᠯ ᠢ ᠨᠦᠯᠦᠭᠡᠯᠡᠨ᠎ᠡ       ᠬᠡᠷᠪᠡ ᠠᠮᠠᠪᠴᠢ ᠵᠡᠬᠦᠬᠦ ᠨᠢ ᠴᠡᠴᠡᠭ ᠤᠨ ᠲᠤᠭᠤᠰᠤ᠂  ᠨᠠᠷᠢᠨ ᠲᠤᠭᠤᠰᠤ ᠵᠡᠷᠭᠡ ᠪᠤᠳᠠᠰ ᠢ ᠰᠡᠷᠭᠡᠶᠢᠯᠡᠬᠦ  ᠶᠢᠨ ᠲᠦᠯᠦᠭᠡ ᠶᠤᠮ ᠪᠤᠯ ᠬᠡᠷᠡᠭᠯᠡᠬᠦ ᠴᠠᠭ ᠢ ᠨᠢ ᠵᠢᠭᠠᠬᠠᠨ ᠤᠷᠳᠤᠳᠬᠠᠵᠤ ᠪᠤᠯᠤᠨ᠎ᠠ᠂  ᠶᠡᠷᠤᠳᠡᠭᠡᠨ 6  ᠴᠠᠭ ᠬᠢᠷᠢᠳᠠᠢ ᠬᠡᠷᠡᠭᠯᠡᠪᠡᠯ ᠰᠤᠯᠢᠬᠤ ᠴᠢᠬᠤᠯᠠᠳᠠᠢ᠃  ᠡᠭᠦᠨ ᠠᠴᠠ ᠭᠠᠳᠠᠨ᠎ᠠ᠂  ᠵᠡᠬᠦᠵᠤ ᠪᠠᠶᠢᠭ᠎ᠠ ᠠᠮᠠᠪᠴᠢ ᠴᠢᠨᠢ ᠴᠢᠬᠢᠭᠳᠦᠬᠦ᠂  ᠪᠤᠬᠢᠷᠳᠤᠬᠤ᠂  ᠤᠷᠠᠭᠳᠠᠬᠤ᠂  ᠲᠦᠷᠰᠤ ᠬᠤᠪᠢᠷᠠᠬᠤ ᠵᠡᠷᠭᠡ ᠪᠠᠶᠢᠳᠠᠯ ᠭᠠᠷᠪᠠᠯ ᠴᠠᠭ ᠲᠤᠬᠠᠢ ᠳᠤᠨᠢ ᠰᠤᠯᠢᠪᠠᠯ ᠵᠤᠬᠢᠨ᠎ᠠ᠂  ᠡᠰᠡ ᠲᠠᠶᠢᠮᠤ ᠪᠤᠯ ᠬᠠᠮᠠᠭᠠᠯᠠᠬᠤ ᠤᠶᠢᠯᠡᠳᠤᠯ ᠨᠢ ᠨᠦᠯᠦᠭᠡᠯᠡᠭᠳᠡᠨ᠎ᠡ᠃       ᠭᠠᠭᠴᠠ  ᠤᠳᠠᠭ᠎ᠠ  ᠬᠡᠷᠡᠭᠯᠡᠬᠦ   ᠠᠮᠠᠪᠴᠢ   ᠶᠢ  ᠤᠷᠳᠤ ᠬᠤᠭᠤᠴᠠᠭ᠎ᠠ ᠪᠠᠷ ᠰᠤᠯᠢᠬᠤ ᠦᠭᠡᠢ ᠶᠢᠨ ᠬᠤᠤᠷ ᠬᠦᠨᠤᠭᠡᠯ ᠸᠢᠷᠦ᠋ᠰ ᠢ ᠡᠰᠡᠷᠭᠦᠴᠡᠬᠦ ᠴᠢᠳᠠᠪᠬᠢ ᠨᠢ ᠲᠤᠷᠤᠭᠰᠢᠯᠠᠨ᠎ᠠ       ᠤᠯᠠᠩᠭᠢ ᠬᠦᠮᠤᠰ ᠠᠮᠠᠪᠴᠢ ᠵᠡᠬᠦᠬᠦ ᠶᠢᠨ ᠵᠤᠷᠢᠯᠭ᠎ᠠ ᠨᠢ ᠪᠠᠺᠲ᠋ᠧᠷᠢ ᠪᠠ  ᠸᠢᠷᠦ᠋ᠰ ᠢ ᠰᠡᠷᠭᠡᠶᠢᠯᠡᠬᠦ ᠶᠢᠨ ᠲᠦᠯᠦᠭᠡ ᠶᠤᠮ᠃  ᠠᠮᠠᠪᠴᠢ ᠶᠢ ᠤᠷᠳᠤ ᠬᠤᠭᠤᠴᠠᠭ᠎ᠠ ᠵᠡᠬᠦᠪᠡᠯ ᠬᠠᠮᠠᠭᠠᠯᠠᠬᠤ ᠤᠶᠢᠯᠡᠳᠤᠯ ᠨᠢ ᠶᠡᠬᠡᠪᠡᠷ ᠪᠠᠭᠤᠷᠠᠬᠤ  ᠶᠢᠨ ᠤᠯᠠᠮ ᠠᠴᠠ ᠠᠮᠠᠪᠴᠢ ᠶᠢᠨ ᠸᠢᠷᠦ᠋ᠰ ᠢ ᠡᠰᠡᠷᠭᠦᠴᠡᠬᠦ ᠴᠢᠳᠠᠪᠬᠢ ᠨᠢ ᠴᠤ ᠪᠠᠭᠤᠷᠠᠳᠠᠭ᠃       ᠬᠦᠴᠢᠯᠳᠦ᠋ᠷᠦᠭᠴᠢ ᠲᠤᠳᠠᠭᠳᠠᠭᠤᠯᠤᠨ᠎ᠠ       ᠭᠠᠭᠴᠠ ᠤᠳᠠᠭ᠎ᠠ ᠬᠡᠷᠡᠭᠯᠡᠬᠦ ᠠᠮᠠᠪᠴᠢ ᠶᠢ ᠤᠷᠳᠤ ᠬᠤᠭᠤᠴᠠᠭ᠎ᠠ ᠪᠠᠷ ᠵᠡᠬᠦᠪᠡᠯ ᠲᠤᠮᠤ ᠮᠦᠬᠦᠯᠢᠭ ᠨᠢ ᠠᠮᠠᠪᠴᠢ ᠶᠢᠨ ᠭᠠᠳᠠᠷ ᠲᠠᠪᠬᠤᠷᠭ᠎ᠠ ᠳᠤ ᠬᠠᠯᠬᠠᠯᠠᠭᠳᠠᠬᠤ ᠶᠢᠨ ᠤᠯᠠᠮ ᠠᠴᠠ ᠠᠮᠠᠪᠴᠢ ᠶᠢᠨ ᠠᠭᠠᠷ ᠨᠡᠪᠳᠡᠷᠡᠬᠦ ᠴᠢᠨᠠᠷ ᠪᠠ ᠱᠦᠬᠦᠷᠡᠯᠳᠡ ᠶᠢᠨ ᠴᠢᠨᠠᠷ ᠢ ᠶᠡᠬᠡᠪᠡᠷ ᠨᠦᠯᠦᠭᠡᠯᠡᠳᠡᠭ᠂  ᠡᠨᠡ ᠦᠶ᠎ᠡ ᠳᠤ ᠪᠠᠰᠠ ᠦᠷᠬᠦᠯᠵᠢᠯᠡᠨ ᠠᠮᠠᠷᠬᠠᠨ ᠬᠦᠴᠢᠯᠳᠦ᠋ᠷᠦᠭᠴᠢ ᠲᠤᠳᠠᠭᠳᠠᠨ ᠲᠤᠯᠤᠭᠠᠢ ᠡᠷᠬᠢᠬᠦ ᠮᠡᠳᠤ ᠶᠢᠨ ᠪᠠᠶᠢᠳᠠᠯ ᠢ ᠡᠭᠦᠰᠭᠡᠵᠤ ᠮᠡᠳᠡᠨ᠎ᠡ᠃       ᠨᠢᠭᠤᠷ ᠲᠡᠭᠡᠷ᠎ᠠ ᠶᠠᠭᠤᠮ᠎ᠠ ᠭᠠᠷᠤᠨ᠎ᠠ       ᠠᠮᠠᠪᠴᠢ ᠶᠢ ᠤᠷᠳᠤ ᠬᠤᠭᠤᠴᠠᠭ᠎ᠠ ᠵᠡᠬᠦᠪᠡᠯ ᠨᠤᠶᠢᠳᠡᠨ ᠴᠢᠭᠢᠭᠯᠢᠭ ᠪᠤᠯᠵᠤ᠂  ᠡᠭᠦᠨ ᠤ ᠤᠯᠠᠮ ᠠᠴᠠ ᠪᠠᠺᠲ᠋ᠧᠷᠢ ᠠᠮᠠᠷᠬᠠᠨ ᠦᠷᠡᠵᠢᠵᠤ᠂  ᠠᠷᠠᠰᠤ ᠶᠢ ᠪᠤᠬᠢᠷᠳᠤᠭᠤᠯᠤᠨ᠂  ᠨᠢᠭᠤᠷ ᠴᠢᠷᠠᠢ ᠲᠡᠭᠡᠷ᠎ᠡ ᠶᠠᠭᠤᠮ᠎ᠠ ᠭᠠᠷᠬᠤ ᠵᠡᠷᠭᠡ ᠪᠠᠶᠢᠳᠠᠯ ᠢ ᠠᠮᠠᠷᠬᠠᠨ ᠡᠭᠦᠰᠭᠡᠳᠡᠭ᠃       ᠭᠠᠭᠴᠠ ᠤᠳᠠᠭ᠎ᠠ ᠬᠡᠷᠡᠭᠯᠡᠬᠦ ᠠᠮᠠᠪᠴᠢ ᠶᠢ ᠤᠬᠢᠶᠠᠭᠠᠳ ᠵᠡᠬᠦᠵᠤ ᠪᠤᠯᠤᠨ᠎ᠠ ᠤᠤ︖       ᠪᠤᠯᠬᠤ ᠦᠭᠡᠢ᠃       ᠭᠠᠭᠴᠠ ᠤᠳᠠᠭ᠎ᠠ ᠬᠡᠷᠡᠭᠯᠡᠬᠦ ᠠᠮᠠᠪᠴᠢ ᠪᠤᠯ ᠭᠠᠭᠴᠠ ᠤᠳᠠᠭ᠎ᠠ ᠶᠢᠨ ᠴᠢᠨᠠᠷᠳᠠᠢ ᠡᠳ᠋ ᠪᠤᠳᠠᠰ ᠲᠤ ᠲᠤᠭᠠᠴᠠᠭᠳᠠᠨ᠎ᠠ᠂  ᠬᠡᠷᠡᠭᠯᠡᠵᠤ ᠪᠠᠷᠠᠪᠠᠯ ᠲᠠᠷᠤᠶᠢᠬᠠᠨ ᠬᠠᠶᠠᠬᠤ ᠴᠢᠬᠤᠯᠠᠳᠠᠢ᠂  ᠬᠠᠷᠢᠨ ᠤᠬᠢᠶᠠᠭᠰᠠᠨ ᠤ ᠲᠠᠷᠠᠭ᠎ᠠ ᠦᠷᠬᠦᠯᠵᠢᠯᠡᠨ ᠬᠡᠷᠡᠭᠯᠡᠵᠤ ᠪᠤᠯᠬᠤ ᠦᠭᠡᠢ᠂  ᠤᠴᠢᠷ ᠨᠢ ᠤᠬᠢᠶᠠᠵᠤ ᠴᠡᠪᠡᠷᠯᠡᠭᠰᠡᠨ ᠤ ᠲᠠᠷᠠᠭ᠎ᠠ ᠠᠮᠠᠪᠴᠢ ᠶᠢᠨ ᠲᠡᠭᠡᠷᠡᠬᠢ ᠪᠠᠺᠲ᠋ᠧᠷᠢ᠂  ᠴᠢᠨᠠᠭᠰᠢᠯᠠᠪᠠᠯ ᠸᠢᠷᠦ᠋ᠰ ᠢ ᠠᠷᠢᠯᠭᠠᠵᠤ ᠲᠡᠶᠢᠯᠬᠦ ᠦᠭᠡᠢ ᠮᠦᠷᠳᠡᠭᠡᠨ ᠠᠮᠠᠪᠴᠢ ᠶᠢ ᠤᠬᠢᠶᠠᠵᠤ ᠴᠡᠪᠡᠷᠯᠡᠪᠡᠯ ᠠᠮᠠᠪᠴᠢ ᠶᠢᠨ ᠮᠠᠲ᠋ᠧᠷᠢᠶᠠᠯ ᠤᠨ ᠪᠦᠳᠤᠴᠡ ᠶᠢ ᠡᠪᠳᠡᠵᠤ᠂  ᠠᠮᠠᠪᠴᠢ ᠶᠢᠨ ᠬᠡᠯᠪᠡᠷᠢ ᠲᠦᠷᠰᠤ ᠶᠢ ᠬᠤᠪᠢᠷᠠᠭᠤᠯᠤᠨ᠎ᠠ᠃  ᠡᠨᠡ ᠦᠶ᠎ᠡ ᠳᠤ ᠠᠮᠠᠪᠴᠢ ᠶᠢᠨ ᠬᠠᠮᠠᠭᠠᠯᠠᠬᠤ ᠤᠶᠢᠯᠡᠳᠤᠯ ᠴᠤ ᠢᠯᠡᠳᠳᠡ ᠪᠠᠭᠤᠷᠠᠨ᠎ᠠ᠃       ᠭᠠᠭᠴᠠ ᠤᠳᠠᠭ᠎ᠠ ᠬᠡᠷᠡᠭᠯᠡᠬᠦ ᠠᠮᠠᠪᠴᠢ  ᠵᠡᠬᠦᠪᠡᠯ ᠨᠠᠷᠠᠨ ᠳᠤ ᠰᠢᠷᠠᠭᠳᠠᠬᠤ ᠠᠴᠠ  ᠰᠡᠷᠭᠡᠶᠢᠯᠡᠵᠤ  ᠲᠠᠶᠢᠯᠤᠨ᠎ᠠ  ᠤᠤ︖       ᠦᠷ᠎ᠡ ᠪᠦᠳᠤᠮᠵᠢ ᠨᠢ ᠲᠡᠶᠢᠮᠤ ᠰᠠᠶᠢᠨ ᠪᠢᠰᠢ᠃       ᠭᠠᠭᠴᠠ ᠤᠳᠠᠭ᠎ᠠ ᠬᠡᠷᠡᠭᠯᠡᠬᠦ ᠠᠮᠠᠪᠴᠢ ᠶᠢᠨ ᠬᠡᠳᠤ ᠬᠦᠷᠡᠩ ᠰᠠᠴᠤᠷᠠᠭ ᠢ ᠬᠤᠷᠢᠭᠯᠠᠬᠤ ᠤᠶᠢᠯᠡᠳᠤᠯ ᠨᠢ ᠲᠡᠶᠢᠮᠤ ᠰᠠᠶᠢᠨ ᠪᠢᠰᠢ᠂  ᠡᠶᠢᠮᠤ ᠠᠴᠠ ᠭᠠᠭᠴᠠ ᠤᠳᠠᠭ᠎ᠠ ᠬᠡᠷᠡᠭᠯᠡᠬᠦ ᠠᠮᠠᠪᠴᠢ ᠶᠢ ᠵᠡᠬᠦᠪᠡᠯ ᠨᠠᠷᠠᠨ ᠳᠤ ᠰᠢᠷᠠᠭᠳᠠᠬᠤ  ᠠᠴᠠ ᠰᠡᠷᠭᠡᠶᠢᠯᠡᠬᠦ ᠤᠶᠢᠯᠡᠳᠤᠯ ᠨᠢ ᠴᠤ ᠲᠡᠶᠢᠮᠤ ᠢᠯᠡᠷᠬᠡᠢ ᠪᠢᠰᠢ ᠶᠤᠮ᠃  ᠬᠡᠷᠪᠡ ᠬᠡᠳᠤ ᠬᠦᠷᠡᠩ ᠰᠠᠴᠤᠷᠠᠭ ᠨᠡᠯᠢᠶᠡᠳ ᠴᠢᠩᠭ᠎ᠠ ᠭᠠᠵᠠᠷ ᠲᠤ ᠤᠴᠢᠬᠤ ᠭᠡᠯᠪᠡᠯ᠂  ᠠᠮᠠᠪᠴᠢ ᠵᠡᠬᠦᠬᠦ ᠶᠢᠨ ᠬᠠᠮᠳᠤ ᠰᠢᠷᠠᠭᠳᠠᠬᠤ ᠠᠴᠠ ᠰᠡᠷᠭᠡᠶᠢᠯᠡᠬᠦ ᠤ  ᠲᠦᠷᠬᠢᠬᠦ ᠪᠤᠶᠤ ᠮᠠᠯᠠᠭᠠᠢ ᠡᠮᠤᠰᠪᠡᠯ ᠵᠤᠬᠢᠨ᠎ᠠ᠃  ︵ ︽ ᠤᠮᠠᠷᠠᠳᠤ ᠶᠢᠨ ᠭᠡᠷ ᠤᠨ ᠠᠬᠠᠮᠠᠳ ᠤᠨ ᠰᠤᠷᠭᠠᠭᠤᠯᠢ ︾ ᠵᠢᠷᠬᠢᠶ᠎ᠡ ᠶᠢᠨ ᠲᠡᠪᠴᠡᠩ ᠠᠴᠠ ᠠᠯᠳᠠᠨᠬᠤᠸᠠᠷ ᠨᠠᠶᠢᠷᠠᠭᠤᠯᠤᠨ ᠤᠷᠴᠢᠭᠤᠯᠪᠠ︶
 
ᠢᠷᠡᠯᠲᠡ᠄ ᠦᠪᠤᠷ ᠮᠤᠩᠭᠤᠯ ᠤᠨ ᠡᠮᠡᠭᠳᠡᠶᠢᠴᠤᠳ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号