ᠴᠠᠭᠠᠨ ᠰᠠᠷ᠎ᠠ ᠶᠢᠨ ᠶᠢᠰᠤᠨ ᠴᠠᠭᠠᠨ ᠤ ᠵᠠᠩ ᠤᠢᠢᠯᠡ
ᠨᠡᠶᠢᠲᠡᠯᠡᠭᠰᠡᠨ ᠴᠠᠭ᠄
2021/3/10
      ᠪᠠᠶᠢᠭᠠᠯᠢ ᠲᠡᠯᠡᠬᠡᠢ ᠶᠢ ᠲᠠᠬᠢᠬᠤ ᠶᠤᠰᠤᠨ     ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠤ ᠥᠷᠯᠤᠬᠡ ᠂ ᠬᠡᠷ  ᠤᠨ ᠡᠵᠡᠭᠳᠡᠢ ᠡᠷᠳᠡᠯᠡᠨ ᠪᠤᠰᠴᠤ ᠬᠡᠷ ᠢᠶᠠᠨ ᠨᠠᠷᠠ ᠵᠥᠪ ᠲᠤᠭᠤᠷᠢᠨ ᠭᠤᠷᠢᠶᠠᠯᠠᠵᠤ ᠂ ᠶᠢᠷᠳᠢᠨᠴᠤ ᠶᠢᠨ ᠲᠥᠷᠪᠡᠨ ᠵᠥᠭ ᠨᠠᠢᠮᠠᠨ ᠵᠤᠪᠬᠢᠰ ᠲᠤ ᠬᠠᠨᠳᠤᠨ ᠭᠠᠵᠠᠷ ᠲᠡᠭᠷᠢ ᠶᠢᠨ ᠰᠠᠪᠰᠠᠯᠭ᠎ᠠ ᠪᠠᠷ ᠴᠢᠭ ᠪᠠᠷᠢᠨ ᠴᠠᠭᠠᠨ ᠰᠥᠨ  ᠤ ᠲᠡᠬᠡᠳᠤ ᠶᠢ ᠡᠷᠬᠦᠵᠤ ᠡᠬᠡ ᠲᠡᠯᠡᠬᠡᠢ ᠪᠠᠨ ᠲᠡᠭᠢᠳᠠᠭ ᠪᠦᠭᠡ ᠶᠢᠨ ᠶᠤᠰᠤ ᠤᠳᠤ ᠭᠦᠷᠳᠡᠯ᠎ᠠ ᠤᠯᠠᠮᠵᠢᠯᠠᠬᠳᠠᠨ ᠢᠷᠡᠵᠠᠢ ᠃ ᠲᠡᠷᠡ ᠦᠶ᠎ᠠ ᠶᠢᠨ ᠰᠠᠴᠤᠯᠢ ᠶᠢᠨ ᠬᠠᠯᠪᠠᠭ᠎ᠠ  ᠨᠢ ᠨᠢᠭᠡ ᠦᠵᠦᠭᠦᠷ ᠲᠤ ᠪᠠᠨ ᠰᠠᠴᠤᠯᠢ ᠶᠢᠨ 9 ᠬᠤᠩᠬᠤᠷᠬᠠᠢ ᠲᠠᠢ ᠂ ᠨᠦᠭᠦᠭᠡ ᠦᠵᠦᠭᠦᠷ ᠲᠤ ᠪᠠᠨ ᠴᠠᠭᠠᠨ ᠭᠢᠯᠭᠠᠰᠤᠨ ᠤᠨᠵᠢᠭᠤᠷᠭ᠎ᠠ ᠲᠠᠢ ᠮᠤᠳᠤᠨ ᠬᠠᠯᠪᠠᠭ᠎ᠠ ᠪᠠᠶᠢᠵᠠᠢ ᠃ ᠤᠳᠤ ᠴᠤ ᠵᠠᠷᠢᠮ ᠨᠤᠳᠤᠭ ᠲᠤ ᠲᠠᠭᠠᠷᠠᠯᠳᠤᠳᠠᠭ ᠶᠤᠮ ᠪᠠᠶᠢᠨ᠎ᠠ ᠃      ᠬᠤᠳᠠ ᠪᠠᠨ ᠮᠢᠯᠢᠶᠠᠬᠤ ᠶᠤᠰᠤᠨ     ᠬᠡᠷ ᠤᠨ ᠡᠵᠡᠨ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠪ᠊ ᠦᠷᠯᠦᠭᠡ ᠡᠷᠳᠠᠯᠠᠨ ᠪᠤᠰᠴᠤ ᠂ ᠡᠷᠳᠠ ᠭᠠᠷᠤᠬᠰᠠᠨ ᠴᠠᠭᠠᠨ ᠬᠤᠷᠠᠭ᠎ᠠ ᠲᠠᠪᠡᠷᠢᠨ ᠬᠤᠨᠢᠨ ᠪ᠊ ᠬᠤᠳᠠ ᠪᠠᠨ ᠨᠠᠷᠠ ᠵᠦᠪ ᠲᠤᠭᠤᠷᠢᠨ ᠢᠷᠤᠭᠡᠯ  ᠤᠨ ᠦᠭᠡ ᠬᠡᠯᠡᠳᠡᠭ ᠪᠠᠶᠢᠵᠠᠢ ᠃      ᠤᠶᠠᠭ᠎ᠠ ᠮᠢᠯᠢᠶᠠᠬᠤ ᠶᠤᠰᠤᠨ     ᠮᠤᠩᠭᠤᠯ ᠡᠷ᠎ᠠ ᠭᠦᠮᠤᠨ ᠪ᠊ ᠬᠡᠶᠢᠮᠤᠷᠢ ᠲᠠᠢ ᠤᠯᠠᠨ ᠵᠦᠢᠯ ᠢᠶᠠᠷ ᠬᠤᠯᠪᠤᠬᠳᠠᠳᠠᠭ ᠃ ᠴᠠᠭᠠᠨ ᠰᠡᠷ᠎ᠠ ᠶᠢᠨ ᠰᠢᠨ᠎ᠠ ᠶᠢᠨ ᠨᠢᠭᠡᠨ ᠪ᠊ ᠦᠷᠯᠦᠭᠡ ᠶᠢ ᠤᠬᠳᠤᠨ ᠪᠢᠳᠡᠭᠦᠨ ᠪ᠊ ᠰᠦᠨᠢ ᠂ ᠲᠠᠯ  ᠢ ᠨᠢ ᠵᠠᠰᠠᠵᠤ ᠭᠤᠶᠤᠵᠤ ᠶᠠᠩᠵᠤᠯᠠᠬᠰᠠᠨ ᠴᠠᠭᠠᠨ ᠪᠦᠭᠡᠭᠡᠨ ᠵᠢᠰᠤᠮ  ᠤᠨ ᠠᠳᠤᠭᠤ ᠤᠶᠠᠵᠤ ᠬᠤᠨᠤᠳᠠᠭ ᠪᠠᠶᠢᠵᠠᠢ ᠃     ᠬᠡᠷ ᠤᠨ ᠡᠭᠦᠳᠠ ᠲᠠᠭᠢᠬᠤ ᠶᠤᠰᠤᠨ     ᠴᠠᠭᠠᠨ ᠪ᠊ ᠡᠨᠡ ᠶᠤᠰᠤ ᠶᠢ ᠤᠳᠤ ᠭᠦᠷᠳᠡᠯ᠎ᠠ ᠵᠠᠷᠢᠮ ᠨᠤᠳᠤᠭ ᠲᠤ ᠦᠢᠯᠡᠳᠳᠡᠭ ᠃ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠪ᠊ ᠦᠷᠯᠤᠭᠡ ᠂ ᠬᠡᠷ  ᠤᠨ ᠪᠠᠷᠠᠭᠤᠨ ᠲᠤᠳᠤᠭᠤᠨ ᠪ᠊ ᠲᠠᠭᠡᠳᠤ ᠬᠡᠰᠡᠭ ᠢᠶᠠᠷ ᠴᠠᠭᠠᠨ ᠴᠢᠯᠠᠭᠤ ᠂ ᠡᠰᠡᠪᠠᠯ ᠴᠠᠭᠠᠨ ᠭᠦᠷ ᠴᠠᠰᠤ ᠲᠠᠯᠪᠢᠨ ᠲᠤᠬᠳᠠᠭᠠᠵᠤ ᠂ ᠰᠠᠶᠢᠨ ᠶᠠᠭᠤᠮᠠᠰ ᠤᠷᠤᠵᠤ ᠢᠷᠡᠭᠦ ᠶᠢ ᠪᠡᠯᠭᠡᠳᠡᠳᠡᠭ ᠃       ᠬᠡᠷ ᠢᠶᠠᠨ ᠴᠠᠭᠠᠯᠠᠵᠤ ᠴᠢᠮᠡᠭᠦ     ᠴᠠᠭᠠᠨ ᠰᠡᠷ᠎ᠠ ᠪᠠᠨ ᠤᠬᠳᠤᠨ ᠬᠡᠷ ᠤᠷᠤᠨ ᠢᠶᠠᠨ ᠴᠡᠪᠡᠷᠯᠡᠵᠤ ᠂ ᠭᠭᠢᠷ ᠪᠤᠷᠳᠠᠭ ᠠᠴᠠ ᠨᠢ ᠰᠠᠯᠭᠠᠨ ᠤᠭᠢᠶᠠᠵᠤ ᠴᠡᠪᠡᠷᠯᠡᠭᠦ ᠨᠢ ᠮᠤᠩᠭᠤᠯ ᠲᠤᠭᠤᠷᠭᠠᠳᠠᠨ ᠪ᠊ ᠶᠤᠰᠤᠨ ᠂ ᠴᠠᠭᠠᠨ ᠰᠠᠷ᠎ᠠ ᠪᠠᠷ ᠠᠯᠢ ᠨᠢᠭᠡᠨ ᠴᠤ ᠬᠡᠰᠡᠨ ᠦᠭᠡᠳᠠ ᠲᠠᠢ ᠦᠡᠭᠭᠡ ᠲᠠᠢ ᠰᠢᠷᠢᠳᠡᠭ ᠂ ᠤᠯᠪᠤᠭ ᠂ ᠭᠡᠪᠢᠰ ᠢᠶᠠᠨ ᠲᠡᠪᠢᠰᠳᠡᠭ ᠃ ᠡᠷᠳᠡ ᠲᠡᠭᠡᠳᠤ ᠦᠶ᠎ᠠ  ᠳᠤ ᠪᠠᠨ ᠰᠢᠨ᠎ᠠ ᠴᠠᠭᠠᠨ ᠢᠰᠡᠭᠡᠢ ᠭᠠᠷᠭᠠᠨ ᠲᠡᠪᠢᠰᠳᠡᠭ ᠪᠠᠶᠢᠵᠠᠢ ᠃       ᠵᠤᠤ ᠶᠢᠨ ᠴᠠᠭᠠᠨ ᠢᠳᠡᠭᠡ ᠪᠡᠯᠡᠳᠭᠦ ᠶᠤᠰᠤᠨ     ᠬᠡᠷ ᠬᠤᠶᠢᠮᠤᠷ ᠲᠤ ᠶᠠᠪᠠᠭᠠᠨ ᠰᠢᠷᠡᠭᠡ ᠲᠡᠯᠪᠢᠨ ᠪᠢᠰᠢᠯᠠᠭ ᠬᠡᠪ  ᠤᠨ ᠪᠤᠤᠪᠤ ᠪᠠᠷ ᠲᠡᠪᠡᠭ ᠵᠠᠰᠠᠵᠤ ᠂ ᠴᠠᠭᠠᠨ ᠢᠳᠡᠭᠡ ᠠᠷᠪᠢᠨ ᠲᠡᠯᠪᠢᠵᠤ ᠂ ᠢᠷᠡᠭᠰᠡᠨ ᠤᠷᠤᠬᠰᠠᠨ ᠬᠡᠶᠢᠴᠢᠳ ᠲᠤ ᠠᠮᠰᠠᠭᠤᠯᠳᠠᠭ ᠶᠤᠰᠤ ᠪᠤᠯ ᠡᠷᠳᠡᠨ ᠪ᠊ ᠤᠯᠠᠮᠵᠢᠯᠠᠯ ᠲᠠᠢ ᠶᠤᠮ ᠃       ᠪᠡᠶ᠎ᠠ ᠪᠠᠨ ᠭᠤᠶᠤᠬᠤ ᠵᠠᠩ ᠦᠢᠯᠠ     ᠮᠤᠩᠭᠤᠯᠴᠤᠳ ᠴᠠᠭᠠᠨ ᠰᠡᠷ᠎ᠠ ᠪᠠᠷ ᠴᠠᠭᠠᠨ ᠪᠦᠰ ᠲᠤᠷᠭ᠎ᠠ ᠂ ᠬᠤᠷᠠᠭᠠᠨ ᠲᠡᠪᠡᠯ ᠡᠮᠤᠰᠴᠤ ᠭᠤᠶᠤᠨ ᠠᠶᠢᠯ  ᠢᠶᠠᠷ ᠤᠷᠤᠬᠤ  ᠳᠤ ᠪᠠᠨ ᠴᠠᠭᠠᠨ ᠮᠤᠷᠢ ᠬᠦᠯᠦᠭᠯᠡᠨ ᠲᠡᠭᠵᠢᠷᠡᠳᠡᠭ ᠪᠠᠶᠢᠵᠠᠢ ᠃      ᠴᠠᠭᠠᠨ ᠰᠡᠳᠬᠢᠯ  ᠤᠨ ᠢᠯᠡᠷᠬᠡᠶᠢᠯᠡᠯ     ᠴᠠᠭᠠᠨ ᠰᠠᠷ᠎ᠠ ᠪᠠᠷ ᠮᠠᠭᠤ ᠶᠠᠭᠤᠮ᠎ᠠ ᠶᠠᠷᠢᠳᠠᠭ ᠥᠬᠡᠢ ᠶᠤᠰᠤ ᠪᠤᠢ ᠃ ᠴᠠᠭᠠᠨ ᠰᠡᠳᠬᠢᠯ  ᠤᠨ ᠢᠯᠡᠷᠬᠡᠶᠢᠯᠡᠯ ᠪᠤᠯᠭᠠᠨ ᠂ ᠴᠠᠭᠠᠨ ᠬᠤᠷᠠᠭᠠᠨ ᠨᠢᠳᠤᠷᠭ᠎ᠠ ᠪᠠᠨ ᠨᠢᠬᠡᠨᠳᠡ ᠰᠡᠭᠰᠤᠷᠴᠤ ᠰᠡᠬᠢᠯ ᠢᠶᠠᠨ ᠢᠯᠡᠷᠬᠡᠶᠢᠯᠡᠨ ᠵᠤᠯᠭᠠᠳᠠᠭ ᠪᠠᠶᠢᠭᠰᠠᠨ ᠶᠤᠮ ᠪᠠᠶᠢᠨ᠎ᠠ ᠃ ᠨᠢᠳᠤᠷᠭ᠎ᠠ ᠵᠠᠩᠭᠢᠳᠬᠤ ᠶᠤᠮ  ᠤᠤ ᠬᠠᠨᠴᠤᠢ ᠰᠢᠮᠡᠯᠡᠨ ᠵᠤᠯᠭᠠᠳᠠᠭ ᠮᠤᠩᠭᠤᠯ ᠬᠥᠮᠤᠨ ᠬᠡᠵᠤ ᠥᠬᠡᠢ ᠃ ᠬᠤᠵᠢᠮ ᠨᠢ ᠬᠠᠳᠠᠭ ᠪᠠᠷᠢᠨ ᠵᠤᠯᠭᠠᠳᠠᠭ ᠪᠤᠯᠵᠠᠢ ᠃ ᠵᠤᠯᠭᠠᠭᠰᠠᠨ  ᠤ ᠲᠠᠷᠠᠭ᠎ᠠ ᠰᠡᠳᠬᠢᠯ ᠢᠶᠠᠨ ᠨᠡᠬᠡᠬᠡᠨ ᠥᠬᠡ ᠰᠤᠯᠢᠯᠴᠠᠵᠤ ᠂ ᠬᠠᠰ ᠭᠠᠩᠰᠠ ᠂ ᠬᠥᠬᠦᠷ ᠢᠶᠠᠨ ᠲᠠᠭᠤ ᠭᠠᠷᠭᠠᠨ ᠵᠥᠷᠢᠬᠦᠯᠵᠤ ᠂ ᠰᠡᠳᠬᠢᠯ  ᠤᠨ ᠬᠥᠨ  ᠳᠤ ᠶᠠᠭᠤᠮ᠎ᠠ ᠥᠯᠡᠳᠡᠭᠰᠡᠨ ᠪᠤᠯ ᠲᠠᠶᠢᠯᠵᠤ ᠂ ᠪᠡᠶ᠎ᠡ ᠪᠡᠶ᠎ᠠ  ᠳᠤ ᠪᠠᠨ ᠨᠠᠶᠢᠷᠰᠠᠭ ᠰᠠᠶᠢᠬᠠᠨ ᠢᠷᠦᠬᠡᠯ ᠬᠡᠯᠡᠵᠦ ᠬᠠᠷᠢᠯᠴᠠᠳᠠᠭ ᠰᠠᠶᠢᠬᠠᠨ ᠶᠤᠰᠤ ᠤᠳᠤ ᠪᠤᠯᠳᠠᠯ᠎ᠠ ᠳᠦᠮᠡᠨ  ᠤ ᠳᠤᠮᠳᠠ ᠤᠯᠠᠮᠵᠢᠯᠠᠭᠳᠠᠨ ᠦᠯᠡᠳᠡᠵᠡᠢ ᠃       ᠭᠠᠷ ᠴᠠᠶᠢᠯᠭᠠᠬᠤ ᠶᠤᠰᠤᠨ     ᠡᠷᠳᠡ ᠳᠡᠭᠡᠷ᠎ᠠ ᠦᠶ᠎ᠠ  ᠳᠤ ᠪᠡᠯᠡᠭ ᠬᠡᠳᠡᠭ ᠤᠢᠢᠯᠠᠭᠠᠯᠳᠠ ᠪᠠᠶᠢᠭᠰᠠᠨ ᠦᠭᠡᠢ ᠂ ᠬᠠᠷᠢᠨ ᠬᠡᠤᠭᠡᠳ ᠬᠦᠭᠰᠢᠨ ᠂ ᠢᠷᠡᠭᠡ ᠦᠭᠡᠢ ᠤᠳᠠᠭᠰᠠᠨ ᠠᠶᠢᠯᠴᠢᠨ ᠬᠡᠶᠢᠴᠢᠨ  ᠳᠤ ᠭᠠᠷ ᠴᠠᠶᠢᠯᠭᠠᠬᠤ ᠬᠡᠬᠦ ᠶᠤᠰᠤ ᠪᠠᠶᠢᠭᠰᠠᠨ ᠶᠤᠮ ᠪᠠᠶᠢᠨ᠎ᠠ ᠃ ᠬᠤᠰᠢᠭᠤ ᠳᠤᠷᠭᠠᠨ  ᠳᠤ ᠬᠡᠪ  ᠤᠨ ᠪᠤᠤᠪᠤ ᠂ ᠬᠠᠪᠰᠠᠢ ᠂ ᠪᠢᠰᠢᠯᠠᠭ ᠠᠭᠠᠷᠤᠤᠯ ᠴᠠᠭᠠᠨ ᠢᠳᠡᠭᠡ ᠪᠤᠭᠤᠵᠦ ᠦᠭᠳᠡᠭ ᠪᠠᠶᠢᠵᠠᠢ ᠃ ᠮᠠᠨᠵᠦ ᠶᠢᠨ ᠦᠶ᠎ᠠ  ᠳᠤ ᠳᠡᠭᠡᠳᠦᠰ ᠲᠤ 3 ᠯᠠᠩ ᠠᠴᠠ ᠡᠬᠢᠯᠡᠬᠦᠯᠦᠨ 50 ᠯᠠᠩ  ᠤᠨ ᠬᠦᠷᠳᠡᠯ᠎ᠠ ᠶᠤᠸᠠᠮᠪᠤᠤ ᠪᠠᠷᠢᠨ ᠵᠤᠯᠭᠠᠳᠠᠭ ᠪᠠᠶᠢᠭᠰᠠᠨ ᠶᠤᠮ ᠪᠢᠯᠡ ᠃     ᠡᠶᠢᠨ ᠬᠦ ᠴᠠᠭᠠᠨ ᠰᠠᠷ᠎ᠠ ᠬᠡᠰᠡᠨ  ᠤ ᠤᠴᠢᠷ ᠨᠢ ᠴᠠᠭᠠᠨ ᠦᠢᠯᠡ ᠂ ᠤᠷᠢᠨ ᠴᠠᠭ  ᠢ ᠬᠠᠪᠤᠷ  ᠤᠨ ᠳᠠᠷᠢᠬᠦᠨ ᠰᠠᠷ᠎ᠠ ᠪᠠᠷ ᠪᠡᠯᠭᠡᠳᠡᠶ᠎ᠠ ᠬᠡᠰᠡᠨ ᠤᠳᠬ᠎ᠠ ᠲᠠᠢ ᠂ ᠵᠠᠷᠢᠮ ᠬᠦᠮᠦᠰ  ᠤᠨ ᠴᠠᠰᠤ ᠂ ᠴᠠᠭᠠᠨ ᠢᠳᠡᠭᠡ ᠲᠠᠢ ᠬᠤᠯᠪᠤᠵᠦ ᠳᠠᠶᠢᠯᠪᠤᠷᠢᠯᠠᠭᠠᠳ ᠪᠠᠶᠢᠳᠠᠭ ᠨᠢ ᠪᠠᠰᠠ ᠯᠡ ᠤᠴᠢᠷ ᠳᠤᠳᠠᠭᠤ ᠶᠤᠮ ᠪᠠᠶᠢᠨ᠎ᠠ ᠃
 
ᠢᠷᠡᠯᠲᠡ᠄ ᠲᠦᠡᠭᠯᠢᠶᠤᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号