︽ᠠᠷᠪᠠᠨ ᠰᠤᠮᠤ︾ ᠶᠢᠨ ᠬᠤᠷᠢᠮ ᠤᠨ ᠶᠣᠰᠤᠨ
ᠨᠡᠶᠢᠲᠡᠯᠡᠭᠰᠡᠨ ᠴᠠᠭ᠄
2021/2/19
      ︽ᠠᠷᠪᠠᠨ ᠰᠣᠮᠤ︾ ᠭᠡᠳᠡᠭ ᠪᠤᠯ ᠤᠳᠤ ᠶᠢᠨ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠬᠤᠶᠢᠲᠤ ᠪᠡᠶ᠎ᠡ ᠶᠢᠨ ᠬᠤᠭᠤᠯᠠᠲᠤ᠂ ᠬᠠᠬᠢᠷ ᠪᠣᠯᠤᠨ ᠰᠦᠵᠢ ᠶᠢᠨ ᠭᠤᠣᠯ ᠳᠠᠭᠠᠤ ᠶᠢᠨ ᠮᠠᠯᠵᠢᠬᠤ ᠣᠷᠤᠨ ᠢ ᠵᠢᠭᠠᠵᠤ ᠪᠣᠢ᠃ ᠬᠤᠶᠠᠷ ᠵᠠᠭᠤ ᠢᠯᠡᠭᠦᠦ ᠵᠢᠯ ᠤᠨ ᠡᠮᠦᠨ᠎ᠡ᠂ ᠠᠷᠤ ᠬᠤᠷᠴᠢᠨ ᠠᠶᠢᠮᠠᠭ ᠤᠨ ᠨᠢᠭᠡᠨ ᠲᠠᠶᠢᠵᠢ ᠬᠦᠯᠦᠨ ᠪᠤᠶᠢᠷ ᠠᠴᠠ ᠨᠡᠭᠦᠳᠡᠯᠯᠡᠨ ᠢᠷᠡᠵᠦ᠂ ᠠᠷᠣ ᠬᠤᠷᠴᠢᠨ ᠬᠤᠰᠢᠭᠤ ᠵᠠᠰᠠᠭ ᠠᠴᠠ ᠨᠣᠲᠤᠭ ᠭᠤᠶᠤᠭᠰᠠᠨ ᠳᠤ ᠶᠡᠭᠡ ᠬᠢᠩᠭᠠᠨ ᠳᠠᠪᠠᠭᠠᠨ ᠤ ᠠᠷᠤ ᠦᠪᠦᠷ ᠤᠨ ᠡᠳᠡᠭᠡᠷ ᠭᠠᠵᠠᠷ ᠢ ᠵᠢᠭᠠᠵᠤ ᠦᠭᠭᠦᠭᠰᠡᠨ ᠪᠠᠶᠢᠵᠠᠢ᠃ ᠵᠠᠰᠠᠭ ᠵᠠᠬᠢᠷᠭᠠᠨ ᠤ ᠬᠤᠪᠢᠶᠠᠷᠢᠯᠠᠯ ᠳᠤ᠂ ᠲᠡᠳᠡᠭᠡᠷ ᠬᠦᠮᠦᠰ ᠢ ᠠᠷᠪᠠᠨ ᠰᠣᠮᠤ ᠬᠤᠪᠢᠶᠠᠵᠤ ᠰᠠᠭᠤᠯᠭᠠᠵᠠᠢ᠃ ᠠᠷᠪᠠᠨ ᠰᠤᠮᠤ ᠶᠢᠨ ᠨᠣᠶᠠᠨ ᠬᠤᠵᠢᠮ ᠨᠢ ᠲᠤᠰᠠᠯᠠᠭᠴᠢ ᠶᠢᠨ ᠵᠡᠷᠭᠡ ᠳᠤ ᠬᠦᠷᠴᠦ᠂ ᠬᠦᠮᠦᠰ ᠶᠡᠷᠦᠳᠡᠭᠡᠨ ︽ᠠᠷᠤ ᠲᠤᠰᠠᠯᠠᠭᠴᠢ︾ ᠭᠡᠵᠤ ᠳᠠᠭᠤᠳᠠᠳᠠᠭ ᠶᠤᠮ᠃ ᠳᠡᠳᠡᠨ ᠤ ᠪᠠᠶᠢᠭᠤᠯᠤᠭᠰᠠᠨ ᠰᠦᠮ᠎ᠡ ᠶᠢ ︽ᠭᠠᠨᠵᠤᠤᠷ︾ ᠰᠦᠮ᠎ᠡ ᠭᠡᠵᠤ᠂ ᠪᠠᠰᠠ ︽ᠲᠤᠰᠠᠯᠠᠭᠴᠢ ᠶᠢᠨ ᠰᠦᠮ᠎ᠡ︾ ᠭᠡᠳᠡᠭ᠃ 1947 ᠣᠨ ᠤ ᠮᠠᠯᠵᠢᠬᠤ ᠣᠷᠤᠨ ᠤ ᠠᠷᠠᠳᠴᠢᠯᠠᠭᠰᠠᠨ ᠦᠭᠡᠷᠡᠴᠢᠯᠡᠯᠲᠡ ᠶᠢᠨ ᠦᠶ᠎ᠡ ᠳᠤ᠂ ᠭᠠᠨᠵᠤᠤᠷ ᠰᠦᠮ᠎ᠡ ᠶᠢᠨ ᠯᠠᠮᠠ ᠬᠤᠸᠠᠷᠠᠭ ᠢ ᠨᠢ ᠲᠠᠷᠬᠠᠭᠠᠵᠠᠢ᠃ ᠰᠦᠮ᠎ᠡ ᠰᠠᠩ ᠤᠨ ᠭᠡᠷ ᠪᠠᠶᠢᠰᠢᠩ ᠢ ᠨᠢ ᠠᠯᠪᠠᠨ ᠳᠤ ᠬᠡᠷᠡᠭᠯᠡᠵᠦ ᠪᠠᠶᠢᠭᠰᠠᠨ ᠢᠶᠠᠨ᠂ ᠬᠤᠵᠢᠮ ᠨᠢ ᠮᠣᠳᠤ ᠴᠢᠯᠠᠭᠤ ᠶᠢ ᠨᠢ ᠪᠣᠰᠤᠳ ᠪᠠᠷᠢᠯᠭ᠎ᠠ ᠳᠤ ᠵᠠᠷᠤᠵᠦ ᠬᠡᠷ ᠪᠠᠶᠢᠰᠢᠩ ᠢ ᠨᠤᠷᠠᠭᠠᠵᠤ ᠬᠠᠶᠠᠵᠠᠢ᠃ 1949 ᠣᠨ ᠳᠤ᠂ ᠠᠷᠣ ᠬᠤᠷᠴᠢᠨ ᠬᠤᠰᠢᠭᠤᠨ ᠤ ᠠᠷᠪᠠᠨ ᠰᠤᠮᠤ ᠳᠤ ᠪᠠᠭᠲᠠᠵᠤ ᠪᠠᠶᠢᠭᠰᠠᠨ ᠤᠯᠠᠭᠠᠨᠳᠠᠪᠠᠭ᠎ᠠ ᠨᠤᠲᠤᠭ ᠢ ᠪᠠᠭᠠᠷᠢᠨ ᠵᠡᠭᠦᠨ ᠬᠤᠰᠢᠭᠤᠨ ᠳᠤ ᠵᠢᠷᠤᠵᠤ ᠦᠭᠭᠦᠭᠰᠡᠨ ᠶᠤᠮ᠃ ᠡᠶᠢᠮᠦ ᠠᠴᠠ᠂ ᠠᠷᠤ ᠬᠤᠷᠴᠢᠨ ᠤ ᠣᠳᠤᠬᠠᠨ ᠤ ᠠᠷᠪᠠᠨ ᠰᠣᠮᠤ ᠨᠤᠲᠤᠭ ᠨᠢ ᠤᠤᠯ ᠤᠨ ᠪᠠᠶ᠋ᠬᠠᠦ᠋ᠨᠳᠦᠷ᠂ ᠪᠠᠶᠠᠨᠪᠤᠯᠠᠭ ᠬᠤᠶᠠᠷ ᠰᠤᠮᠤ ᠶᠢᠨ ᠭᠡᠰᠡᠭ ᠭᠠᠵᠠᠷ ᠢ ᠬᠡᠯᠡᠵᠦ ᠪᠣᠢ᠃       ᠠᠷᠪᠠᠨ ᠰᠣᠮᠤ ᠶᠢᠨ ᠮᠠᠯᠴᠢᠳ ᠤᠯᠠᠮᠵᠢᠯᠠᠯᠲᠤ ᠮᠠᠯᠵᠢᠬᠤ ᠦᠢᠯᠡᠳᠪᠦᠷᠢᠯᠡᠯ ᠢᠶᠠᠨ ᠡᠷᠬᠢᠯᠡᠨ ᠠᠮᠢᠳᠤᠷᠠᠵᠤ᠂ ᠮᠣᠩᠭᠤᠯ ᠭᠡᠷ᠂ ᠮᠣᠳᠤᠨ ᠲᠡᠷᠭᠡ ᠪᠣᠯᠤᠨ ᠮᠣᠷᠢ ᠤᠨᠤᠭ᠎ᠠ ᠪᠠᠨ ᠳᠡᠭᠡᠷ᠎ᠡ ᠵᠠᠭᠤᠨ ᠤ ᠶᠡᠷᠡᠭᠡᠳ ᠣᠨ ᠪᠣᠯᠲᠠᠯ᠎ᠠ ᠦᠷᠭᠡᠨ ᠬᠡᠪᠴᠢᠶ᠎ᠡ ᠪᠠᠷ ᠬᠡᠷᠡᠭᠯᠡᠵᠦ ᠪᠠᠶᠢᠭᠰᠠᠨ ᠶᠤᠮ᠃ ᠡᠶᠢᠮᠦ ᠠᠴᠠ᠂ ᠤᠷᠤᠭ ᠬᠤᠷᠢᠮ ᠤᠨ ᠶᠣᠰᠤᠨ ᠳᠤᠨᠢ ᠴᠦ ᠤᠯᠠᠮᠵᠢᠯᠠᠯᠳᠦ ᠮᠣᠩᠭᠤᠯ ᠠᠮᠢᠳᠤᠷᠠᠯ ᠤᠨ ᠤᠯᠠ ᠮᠦᠷ ᠮᠡᠳᠡᠭᠳᠡᠮ᠎ᠡ ᠬᠠᠳᠠᠭᠠᠯᠠᠭᠳᠠᠵᠤ ᠢᠷᠡᠭᠰᠡᠨ ᠪᠢᠯᠡ᠃       ︽ᠠᠷᠪᠠᠨ ᠰᠤᠮᠤ︾ ᠶᠢᠨ ᠬᠤᠷᠢᠮ ᠤᠨ ᠶᠣᠰᠤᠨ ᠳᠤ᠂ ᠬᠦᠷᠭᠡᠨ᠂ ᠬᠡᠤᠬᠡᠨ ᠤ ᠲᠠᠯ᠎ᠠ ᠶᠢᠨ ᠬᠤᠷᠢᠮ ᠢᠶᠠᠨ ᠴᠦᠮ ᠮᠣᠩᠭᠤᠯ ᠭᠡᠷ ᠲᠤ ᠬᠢᠵᠦ᠂ ᠭᠡᠶᠢᠴᠢᠨ ᠵᠣᠴᠢᠨ ᠢᠶᠠᠨ ᠰᠦ ᠲᠠᠢ ᠴᠠᠢ᠂ ᠴᠠᠭᠠᠨ ᠢᠳᠡᠭᠡ᠂ ᠰᠠᠭᠠᠯᠢ ᠶᠢᠨ ᠠᠷᠢᠬᠢ ᠪᠣᠯᠤᠨ ᠤᠯᠠᠭᠠᠨ ᠢᠳᠡᠭᠡ ᠵᠡᠷᠭᠡ ᠪᠠᠷ ᠳᠠᠶᠢᠯᠠᠵᠤ᠂ ᠵᠠᠷᠢᠮ ᠳᠠᠭᠠᠨ ᠬᠠᠯᠠᠭᠤᠨ ᠲᠣᠭᠤᠭ᠎ᠠ ᠭᠠᠷᠭᠠᠳᠠᠭ᠃ ᠬᠤᠶᠠᠷ ᠲᠠᠯ᠎ᠠ ᠶᠢᠨ ︽ᠰᠦᠨᠢ ᠶᠢᠨ ᠰᠠᠭᠤᠳᠠᠯ︾ ᠤᠨ ᠬᠤᠷᠢᠮ ᠳᠤ᠂ ᠬᠦᠮᠦᠰ ᠰᠦᠨᠢᠵᠢᠨ ᠠᠷᠢᠬᠢᠳᠠᠨ ᠨᠠᠶᠢᠷᠯᠠᠯᠳᠤᠬᠤ ᠲᠤᠯᠠ ᠬᠤᠷᠢᠮ ᠤᠨ ᠳᠠᠭᠤᠴᠢᠳ ᠠᠴᠠ ︽ᠲᠦᠷᠦ ᠶᠢᠨ ᠳᠦᠷᠪᠡᠨ ᠳᠠᠭᠤᠤ︾ ᠶᠢ ᠳᠠᠭᠤᠯᠠᠵᠤ ᠵᠤᠭ᠎ᠠ ᠪᠣᠯᠭᠠᠳᠠᠭ ᠶᠤᠮ᠃ ᠡᠳᠡᠭᠡᠷ ᠳᠠᠭᠤᠤ ᠨᠢ ᠡᠵᠡᠨ ᠪᠣᠭᠳᠠ ᠴᠢᠩᠬᠢᠰ ᠬᠠᠭᠠᠨ ᠠᠴᠠ ᠡᠬᠢᠯᠡᠵᠦ᠂ ᠵᠠᠰᠠᠭ ᠲᠦᠷᠦ᠂ ᠱᠠᠰᠢᠨ ᠲᠦᠷᠦ ᠪᠣᠯᠤᠨ ᠬᠤᠷᠢᠮ ᠲᠦᠷᠦ ᠶᠢᠨ ᠠᠭᠤᠯᠭ᠎ᠠ ᠲᠠᠢ ᠪᠠᠶᠢᠵᠤ᠂ ᠬᠤᠷᠢᠮ ᠶᠣᠰᠤᠯᠠᠯ ᠤᠨ ᠬᠠᠤᠯᠢ ᠶᠢᠨ ᠪᠠᠲᠤᠯᠠᠭ᠎ᠠ ᠶᠢᠨ ᠰᠢᠨᠵᠢ ᠴᠢᠨᠠᠷ ᠲᠠᠢ ᠪᠢᠯᠡ᠃       ᠳᠠᠭᠤᠴᠢᠳ ᠲᠦᠷᠦ ᠶᠢᠨ ᠳᠦᠷᠪᠡᠨ ᠳᠠᠭᠤᠤ ᠶᠢ ᠳᠠᠭᠤᠯᠠᠵᠤ ᠪᠠᠷᠠᠪᠠᠯ᠂ ᠬᠤᠷᠢᠮ ᠤᠨ ᠲᠦᠷᠦᠭᠦᠦ ᠠᠴᠠ ᠱᠠᠩᠨᠠᠯ ᠣᠯᠭᠤᠵᠤ᠂ ᠲᠡᠳᠡ ᠵᠠᠯᠭᠠᠵᠤ ︽ᠱᠠᠩ ᠤᠨ ᠨᠠᠢᠮᠠᠨ ᠳᠠᠭᠤᠤ︾ ᠶᠢ ᠡᠷᠭᠦᠨ᠎ᠡ᠃ ᠡᠳᠡᠭᠡᠷ ᠨᠢ ᠪᠦᠷ ᠤᠷᠤᠭ ᠬᠤᠷᠢᠮ ᠳᠤ ᠬᠤᠯᠪᠤᠭ᠎ᠠ ᠲᠠᠢ ᠲᠠᠭᠤᠤ ᠪᠠᠶᠢᠵᠦ᠂ ᠰᠡᠳᠤᠨ ᠲᠦᠷᠦᠯ ᠤᠨ ᠡᠪ ᠨᠠᠶᠢᠷᠲᠠᠢ ᠪᠣᠯᠤᠨ ᠬᠤᠵᠢᠮ ᠤᠨ ᠰᠠᠶᠢᠨ ᠰᠠᠶᠢᠬᠠᠨ ᠢ ᠵᠦᠩᠨᠡᠨ ᠪᠡᠯᠭᠡᠳᠡᠭᠰᠡᠨ ᠠᠭᠤᠯᠭ᠎ᠠ ᠲᠠᠢ ᠶᠤᠮ᠃       ᠬᠤᠷᠢᠮ ᠤᠨ ᠡᠳᠦᠷ᠂ ᠰᠢᠨ᠎ᠡ ᠬᠦᠷᠭᠡᠨ᠂ ᠬᠦᠷᠭᠡᠨ ᠳᠠᠭᠠᠭᠴᠢ᠂ ᠬᠤᠷᠢᠮ ᠤᠨ ᠲᠦᠷᠦᠭᠦᠦ᠂ ᠢᠷᠦᠭᠡᠯᠴᠢ᠂ ᠳᠠᠭᠤᠴᠢ ᠵᠡᠷᠭᠡ ᠲᠠᠪᠤ ᠪᠤᠶᠤ ᠳᠣᠯᠤᠭ᠎ᠠ ᠵᠡᠷᠬᠡ ᠰᠤᠨᠳᠠᠭᠠᠢ ᠲᠤᠭ᠎ᠠ ᠪᠦᠬᠦᠢ ᠬᠦᠮᠦᠰ ︽ᠰᠠᠭᠠᠳᠠᠭ︾ ᠲᠤ ᠮᠤᠷᠳᠠᠳᠠᠭ ᠃ ᠲᠡᠳᠡ ᠪᠦᠷ ᠮᠣᠷᠢ ᠣᠨᠤᠵᠤ᠂ ᠰᠢᠨ᠎ᠡ ᠬᠦᠷᠭᠡᠨ ᠪᠡᠶ᠎ᠡ ᠳᠡᠭᠡᠨ ᠬᠤᠷᠤᠮᠰᠠᠭ᠎ᠠ ᠰᠠᠭᠠᠳᠠᠭ ᠠᠭᠰᠠᠵᠤ ᠶᠠᠪᠤᠳᠠᠭ ᠪᠤᠯᠬᠤᠷ ︽ᠰᠠᠭᠠᠳᠠᠭ ᠲᠤ ᠶᠠᠪᠤᠬᠤ︾ ᠭᠡᠳᠡᠭ ᠶᠤᠮ᠃ ᠮᠠᠶᠢᠬᠠᠨ ᠬᠦᠰᠭᠡ ᠪᠣᠯᠤᠨ ᠮᠢᠬ᠎ᠠ ᠠᠷᠢᠬᠢ ᠲᠡᠭᠡᠭᠡᠭᠰᠡᠨ ᠦᠬᠡᠷ ᠲᠡᠷᠭᠡ ᠴᠦ ᠰᠠᠭᠠᠳᠠᠭ ᠤᠨ ᠬᠦᠮᠦᠰ ᠲᠠᠢ ᠴᠤᠭ ᠶᠠᠪᠤᠳᠠᠭ᠃ ᠬᠡᠤᠬᠡᠨ ᠤ ᠲᠠᠯ᠎ᠠ ᠳᠤ ᠬᠦᠷᠦᠭᠰᠡᠨ ᠤ ᠬᠤᠶᠢᠨ᠎ᠠ ᠂ ᠬᠦᠰᠭᠡ ᠮᠠᠶᠢᠬᠠᠨ ᠢᠶᠠᠨ ᠬᠡᠤᠬᠡᠨ ᠤ ᠭᠤᠣᠯ ᠮᠣᠩᠭᠤᠯ ᠭᠡᠷ ᠤᠨ ᠪᠠᠷᠠᠭᠤᠨ ᠡᠮᠦᠨ᠎ᠡ ᠪᠣᠰᠬᠠᠵᠤ᠂ ᠳᠣᠲᠤᠷ᠎ᠠ ᠨᠢ ᠬᠡᠤᠬᠡᠨ ᠤ ᠲᠠᠯ᠎ᠠ ᠳᠤ ᠬᠡᠷᠡᠭᠯᠡᠬᠦ ᠮᠢᠬ᠎ᠠ᠂ ᠠᠷᠢᠬᠢ᠂ ᠪᠡᠯᠡᠭ ᠰᠡᠯᠲᠡ ᠪᠠᠨ ᠲᠠᠯᠪᠢᠨ᠎ᠠ᠃       ᠬᠡᠤᠬᠡᠨ ᠤ ᠲᠠᠯ᠎ᠠ ᠶᠢᠨ ᠬᠤᠷᠢᠮ ᠳᠤ᠂ ᠬᠠᠳᠠᠮ ᠠᠪᠤ ᠨᠢ ᠬᠦᠷᠭᠡᠨ ᠳᠡᠭᠡᠨ ᠰᠤᠮᠤ ᠱᠠᠩᠨᠠᠨ᠎ᠠ᠃ ᠬᠦᠷᠭᠡᠨ ᠨᠢᠭᠡ ᠰᠣᠮᠤ ᠶᠢ ᠨᠢ ᠬᠡᠤᠬᠡᠨ ᠤ ᠪᠡᠷᠭᠡᠨ ᠳᠤ ᠦᠯᠡᠳᠡᠭᠡᠨ ᠦᠭᠭᠦᠨ᠎ᠡ᠃ ᠪᠦᠬᠦᠯᠢ ᠰᠢᠭᠦᠰᠦ ᠶᠢᠨ ᠳᠠᠶᠢᠯᠠᠯᠭ᠎ᠠ ᠳᠤ᠂ ᠬᠦᠷᠭᠡᠨ ᠱᠠᠭᠠᠨᠲᠤ ᠴᠢᠮᠦᠭᠡ ᠶᠢᠨ ᠱᠠᠭ᠎ᠠ ᠶᠢ ᠮᠣᠯᠲᠤᠯᠤᠨ ᠠᠪᠴᠤ᠂ ᠲᠣᠷᠭᠠᠨ ᠠᠯᠴᠢᠭᠤᠷ ᠢᠶᠠᠷ ᠪᠠᠭᠯᠠᠵᠤ ᠪᠠᠷᠠᠭᠤᠨ ᠲᠦᠷᠡᠢ ᠶᠢᠨ ᠢᠶᠠᠨ ᠳᠤᠲᠤᠷ᠎ᠠ ᠲᠠᠯ᠎ᠠ ᠳᠤᠨᠢ ᠬᠢᠨ᠎ᠡ᠃ ᠱᠠᠭᠠᠨᠲᠤ ᠶᠢ ᠬᠡᠤᠬᠡᠨ ᠤ ᠨᠢᠭᠡ ᠪᠡᠷᠭᠡᠨ ᠳᠤ ᠦᠭᠴᠦ᠂ ᠬᠦᠷᠭᠡᠯᠲᠡ ᠶᠢᠨ ᠲᠡᠷᠭᠡᠨ ᠳᠤ ᠬᠠᠮᠲᠤ ᠶᠠᠪᠤᠨ᠎ᠠ᠃ ᠬᠦᠷᠭᠡᠨ ᠤ ᠭᠡᠷ ᠣᠶᠢᠷᠠᠳᠬᠤ ᠳᠤ᠂ ᠬᠦᠷᠭᠡᠨ᠂ ᠬᠦᠷᠭᠡᠨ ᠳᠠᠭᠠᠭᠴᠢ ᠠᠴᠠ ᠤᠷᠢᠳᠠᠪᠠᠷ ᠲᠣᠪᠲᠤᠯᠤᠨ ᠣᠴᠢᠵᠤ᠂ ᠬᠦᠷᠭᠡᠯᠲᠡ ᠶᠢᠨ ᠬᠦᠮᠦᠰ ᠤᠨ ᠤᠳᠠᠯ ᠦᠭᠡᠢ ᠢᠷᠡᠬᠦ ᠶᠢ ᠮᠡᠳᠡᠭᠳᠡᠨ᠎ᠡ᠃ ᠬᠦᠷᠭᠡᠨ ᠤ ᠲᠠᠯ᠎ᠠ ᠠᠴᠠ ᠬᠦᠷᠭᠡᠯᠲᠡ ᠶᠢᠨ ᠲᠡᠷᠭᠡᠨ ᠤ ᠲᠤᠭ᠎ᠠ ᠪᠠᠷ ᠦᠬᠡᠷ ᠬᠦᠲᠦᠯᠦᠨ ᠢᠷᠡᠵᠦ᠂ ᠬᠡᠤᠬᠡᠨ ᠤ ᠲᠠᠯ᠎ᠠ ᠶᠢᠨ ᠲᠡᠷᠭᠡᠨ ᠳᠤ ᠰᠣᠯᠢᠨ ᠬᠦᠯᠦᠨ᠎ᠡ᠃ ᠡᠨᠡ ᠵᠠᠭᠤᠷ᠎ᠠ᠂ ᠬᠡᠤᠬᠡᠨ ᠤ ᠪᠡᠷᠭᠡᠨ ᠠᠴᠠ ᠰᠤᠮᠤ᠂ ᠱᠠᠭ᠎ᠠ ᠂ ᠱᠠᠭᠠᠨᠲᠤ ᠶᠢ ᠰᠢᠯᠭᠠᠨ ᠦᠵᠡᠨ᠎ᠡ᠃       ᠡᠭᠦᠨ ᠠᠴᠠ ᠭᠠᠳᠠᠨ᠎ᠠ᠂ ᠪᠦᠬᠦ᠋ᠢᠯᠡ ᠬᠤᠷᠢᠮ ᠤᠨ ᠶᠠᠪᠤᠴᠠ ᠳᠤ᠂ ᠬᠦᠦ ᠶᠢᠨ ᠲᠠᠯ᠎ᠠ ᠠᠴᠠ ᠬᠡᠤᠬᠡᠨ ᠤ ᠲᠠᠯ᠎ᠠ ᠳᠤ ᠰᠤᠮᠤᠨ ᠪᠡᠯᠡᠭ ᠮᠤᠷᠢ ᠲᠠᠢ ᠤᠴᠢᠬᠤ᠂ ᠮᠡᠨᠳᠦ ᠶᠢᠨ ᠡᠯᠴᠢ ᠲᠣᠮᠢᠯᠠᠬᠤ᠂ ᠬᠦᠷᠭᠡᠨ ᠠᠮᠠᠳᠠᠬᠤ᠂ ᠬᠦᠷᠭᠡᠨ ᠢᠶᠠᠷ ᠬᠡᠳᠡ ᠴᠤᠬᠢᠭᠤᠯᠵᠦ ᠲᠠᠮᠠᠬᠢ ᠨᠤᠴᠤᠭᠠᠯᠭᠠᠬᠤ᠂ ᠠᠳᠠᠷ ᠮᠡᠳᠡᠭᠦᠯᠬᠦ᠂ ᠬᠡᠤᠬᠡᠨ ᠮᠣᠷᠳᠠᠬᠤ ᠴᠠᠭ ᠣᠶᠢᠷᠠᠳᠪᠠᠯ ᠪᠡᠷᠭᠡᠳ ᠨᠠᠷ ᠠᠴᠠ ᠬᠦᠷᠭᠡᠨ ᠤ ᠲᠠᠯ᠎ᠠ ᠶᠢᠨ ᠮᠠᠶᠢᠬᠠᠨ ᠢ ᠤᠨᠠᠭᠠᠬᠤ᠂ ᠮᠠᠶᠢᠬᠠᠨ ᠳᠤ ᠳᠠᠷᠤᠭᠳᠠᠭᠰᠠᠨ ᠬᠦᠮᠦᠨ ᠤ ᠭᠤᠲᠤᠯ ᠢ ᠠᠪᠬᠤ᠂ ᠬᠡᠦᠬᠡᠨ ᠮᠣᠷᠳᠠᠬᠤ ᠠᠴᠠ ᠡᠮᠦᠨ᠎ᠡ ᠤᠨᠣᠬᠤ ᠮᠤᠷᠢᠨ ᠤ ᠲᠡᠯ ᠰᠡᠭᠦᠯ ᠳᠤ ᠱᠦᠬᠦᠷ᠂ ᠰᠠᠮ ᠬᠠᠳᠬᠤᠬᠤ᠂ ᠬᠡᠦᠬᠡᠨ ᠤ ᠲᠠᠯᠠᠯᠭ᠎ᠠ ᠶᠢ ᠠᠪᠬᠤ᠂ ᠮᠤᠷᠳᠠᠬᠤ ᠶᠢᠨ ᠮᠤᠯᠤᠷ ᠠᠪᠬᠤ᠂ ᠮᠤᠷᠳᠠᠭᠤᠯᠤᠯ ᠤᠨ ᠲᠡᠷᠭᠡᠨ ᠳᠤ ᠠᠯᠲᠠᠨ ᠮᠡᠯᠡᠬᠡᠢ ᠶᠢᠨ ᠵᠢᠷᠤᠭ ᠡᠯᠭᠦᠭᠦ᠂ ᠲᠤᠶᠢᠭ ᠲᠤᠰᠤ ᠲᠤᠭᠤᠭ᠎ᠠ ᠶᠢᠨ ᠢᠷᠤᠭᠠᠷ ᠤᠨ ᠬᠤᠷᠢᠮ᠂ ᠦᠭᠡᠬᠦ ᠪᠠᠷ ᠭᠡᠷ ᠲᠤᠤᠷᠯᠠᠵᠤ᠂ ᠬᠠᠶᠠᠭ᠎ᠠ ᠲᠠᠷᠤᠵᠤ ᠮᠦᠷ ᠪᠦᠲᠡᠭᠡᠬᠦ ᠵᠡᠷᠭᠡ ᠨᠢ ᠪᠦᠷ ︽ᠠᠷᠪᠠᠨ ᠰᠤᠮᠤ ︾ ᠶᠢᠨ ᠬᠤᠷᠢᠮ ᠤᠨ ᠶᠣᠰᠤᠨ ᠤ ᠤᠨᠴᠠᠯᠢᠭ ᠪᠤᠯᠬᠤ ᠶᠤᠮ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号