ᠵᠤᠴᠢᠨ ᠤᠭᠲᠤᠬᠤ ᠶᠤᠰᠤ
ᠨᠡᠶᠢᠲᠡᠯᠡᠭᠰᠡᠨ ᠴᠠᠭ᠄
2020/12/17
     ᠵᠤᠴᠢᠨ ᠢ ᠤᠭᠳᠤᠬᠤ ᠶᠤᠰᠤᠨ ᠤ ᠲᠠᠯ᠎ᠠ ᠪᠠᠷ ᠮᠤᠩᠭᠤᠯᠴᠤᠳ ᠠᠯᠢ ᠡᠷᠳᠡ ᠾᠦᠩᠨᠤ ᠶᠢᠨ ᠦᠶ᠎ᠡ ᠠᠴᠠ ᠤᠯᠠᠮᠵᠢᠯᠠᠯ ᠲᠠᠢ ᠠᠷᠠᠳ ᠲᠦᠮᠡᠨ ᠪᠢᠯᠡ᠃ ᠬᠠᠮᠤᠭ ᠤᠨ ᠭᠦᠨᠳᠦᠳᠡᠢ ᠡᠷᠭᠢᠮ ᠵᠤᠴᠢᠨ ᠢ ᠤᠨᠤᠭ᠎ᠠ ᠭᠦᠰᠭᠡ ᠪᠠᠷ ᠬᠤᠯᠠ ᠠᠴᠠ ᠤᠭᠳᠤᠳᠠᠭ᠂ ᠠᠬᠠᠮᠠᠳ ᠭᠦᠮᠦᠰ᠂ ᠬᠤᠪᠤᠷ ᠢᠷᠡᠳᠡᠭ ᠵᠤᠴᠢᠨ ᠢ ᠭᠡᠷ ᠠᠴᠠ ᠪᠠᠨ ᠭᠠᠷᠴᠤ ᠤᠭᠳᠤᠨ ᠤᠴᠢᠵᠤ ᠭᠦᠯᠢᠶᠡᠨ ᠠᠪᠳᠠᠭ᠂ ᠭᠡᠷᠪᠡ ᠭᠡᠷ ᠠᠴᠠ ᠪᠠᠨ ᠭᠠᠷᠴᠤ ᠠᠮᠵᠢᠬᠤ ᠪᠠᠷ ᠦᠭᠡᠢ ᠦᠶ᠎ᠡ ᠳᠤ ᠪᠤᠶᠤ ᠰᠠᠨᠠᠭᠠᠨ ᠳᠤ ᠦᠭᠡᠢ ᠪᠠᠶᠢᠬᠤ ᠦᠶ᠎ᠡ ᠳᠤ ᠵᠤᠴᠢᠨ ᠤᠷᠤᠭᠠᠳ ᠢᠷᠡᠪᠡᠯ ᠶᠠᠭᠠᠷᠠᠨ ᠪᠤᠰᠴᠤ ᠭᠦᠨᠳᠦᠳᠭᠡᠨ ᠤᠭᠳᠤᠳᠠᠭ ᠵᠠᠩᠰᠢᠯᠳᠠᠢ᠃ ᠤᠷᠴᠢᠨ ᠦᠶ᠎ᠡ ᠳᠤ ᠭᠠᠳᠠᠭᠠᠳᠤ ᠶᠢᠨ ᠭᠦᠨᠳᠦᠳᠦ ᠵᠤᠴᠢᠨ᠂ ᠦᠪᠡᠷ ᠤᠨ ᠤᠯᠤᠰ ᠤᠨ ᠲᠦᠷᠦ ᠵᠠᠰᠠᠭ ᠤᠨ ᠲᠡᠷᠢᠭᠦᠳᠡᠨ ᠨᠡᠷ ᠭᠦᠳᠡᠭᠡ ᠠᠶᠢᠮᠠᠭ ᠰᠤᠮᠤ ᠪᠠᠷ ᠶᠠᠪᠤᠬᠤ ᠳᠤ᠂ ᠠᠶᠢᠮᠠᠭ ᠰᠤᠮᠤᠨ ᠤ ᠤᠳᠤᠷᠢᠳᠤᠯᠭ᠎ᠠ ᠨᠤᠭᠤᠳ ᠤᠨᠤᠭ᠎ᠠ ᠪᠠᠷ ᠦᠪᠡᠷ ᠤᠨ ᠬᠠᠷᠢᠶᠠᠳᠤ ᠨᠤᠳᠤᠭ ᠤᠨ ᠵᠠᠬ᠎ᠠ ᠳᠤ ᠤᠴᠢᠵᠤ ᠤᠭᠳᠤᠬᠤ ᠶᠤᠰᠤᠳᠠᠢ᠃ ᠡᠨᠡ ᠪᠤᠯ ᠲᠦᠷᠦ ᠶᠢᠨ ᠶᠤᠰᠤᠨ ᠤ ᠤᠯᠠᠮᠵᠢᠯᠠᠯᠳᠤ ᠭᠦᠨᠳᠦᠳᠭᠡᠯ ᠶᠤᠮ᠃ ᠠᠶᠢᠯ ᠳᠤ ᠦᠨᠳᠦᠷ ᠨᠠᠰᠤᠳᠠᠨ᠂ ᠦᠪᠡᠷ ᠤᠨ ᠠᠪᠤ ᠡᠵᠢ ᠨᠢ ᠢᠷᠡᠭᠦ ᠦᠶ᠎ᠡ ᠳᠤ ᠵᠠᠪᠠᠯ ᠤᠶᠠᠭᠠᠨ ᠲᠡᠭᠡᠷ᠎ᠡ ᠤᠴᠢᠵᠤ᠂ ᠲᠦᠰᠢᠵᠤ ᠪᠤᠯᠭᠤᠭᠠᠵᠤ᠂ ᠤᠨᠤᠭ᠎ᠠ ᠮᠤᠷᠢ ᠶᠢ ᠨᠢ ᠠᠪᠴᠤ ᠤᠶᠠᠵᠤ᠂ ᠭᠡᠷ ᠤᠨ ᠢᠶᠠᠨ ᠡᠭᠦᠳᠡ ᠶᠢ ᠤᠩᠭᠤᠶᠢᠯᠭᠠᠨ ᠵᠠᠯᠠᠳᠠᠭ ᠶᠤᠰᠤᠳᠠᠢ᠃ ᠶᠡᠷᠤᠨᠢ ᠶᠠᠮᠠᠷᠴᠤ ᠵᠤᠴᠢᠨ ᠢᠷᠡᠭᠦ ᠳᠤ ᠤᠷᠢᠳᠴᠢᠯᠠᠵᠤ ᠮᠡᠳᠡᠭᠰᠡᠨ ᠯᠠ ᠪᠤᠯ ᠭᠡᠷ ᠠᠴᠠ ᠭᠠᠷᠴᠤ ᠤᠭᠳᠤᠵᠤ ᠢᠯᠳᠠᠮ ᠢᠨᠢᠶᠡᠮᠰᠦᠭᠯᠡᠵᠤ᠂ ᠬᠠᠭᠠᠯᠭ᠎ᠠ ᠪᠠᠨ ᠨᠡᠭᠡᠭᠡᠨ ᠮᠤᠷᠢᠯᠠᠨ ᠤᠷᠤᠨ᠎ᠠ ᠤᠤ ᠭᠡᠳᠡᠭ᠃     ᠵᠤᠴᠢᠨ ᠢᠶᠠᠨ ᠤᠭᠳᠤᠬᠤ ᠳᠤ ᠡᠭᠢᠯᠡᠭᠡᠳ ᠡᠮᠡᠭᠳᠡᠢ ᠲᠠᠢ ᠨᠢ ᠲᠠᠷᠠᠭ᠎ᠠ ᠨᠢ ᠨᠠᠰᠤᠨ ᠤ ᠡᠷᠡᠮᠪᠡ ᠪᠠᠷ ᠮᠡᠨᠳᠦᠯᠡᠭᠦ ᠪᠦᠭᠡᠳ ᠶᠡᠭᠡᠰ ᠭᠦᠨᠳᠦᠳᠦ ᠡᠷᠭᠢᠮ ᠭᠦᠮᠦᠨ ᠢ ᠪᠤᠯ ᠵᠠᠪᠠᠯ ᠡᠮᠡᠭᠳᠡᠢ ᠠᠬᠠᠮᠠᠳ ᠭᠡᠭᠦ ᠦᠭᠡᠢ ᠬᠠᠮᠤᠭ ᠤᠨ ᠲᠦᠷᠦᠭᠦᠨ ᠳᠤ ᠠᠮᠤᠷ ᠢ ᠨᠢ ᠡᠷᠢᠨ ᠭᠦᠯᠢᠶᠡᠵᠤ ᠭᠦᠨᠳᠦᠯᠡᠭᠦ ᠶᠤᠰᠤᠳᠠᠢ᠃ ᠲᠡᠭᠡᠭᠦ ᠳᠤ ᠲᠤᠤᠷᠠᠭᠢ ᠦᠭᠡᠰ ᠢ ᠭᠦᠤᠷᠨᠢᠨ᠎ᠡ᠃ ᠤᠷᠢᠳ ᠨᠢ ᠠᠭᠤᠯᠵᠠᠭ᠎ᠠ ᠦᠭᠡᠢ ᠭᠦᠮᠦᠨ ᠢ ᠬᠤᠯᠠ ᠠᠴᠠ ᠤᠷᠢᠨ ᠢᠷᠡᠭᠦᠯᠵᠤ ᠪᠠᠶᠢᠭ᠎ᠠ ᠪᠤᠯ ᠤᠭᠳᠤᠭᠴᠢ᠄ — — ᠲᠠ ︵ᠲᠠᠷᠤᠭ᠎ᠠ᠂ ᠪᠠᠭᠰᠢ᠂ ᠠᠪᠤ᠂ ᠡᠵᠢ᠂ ᠠᠬ᠎ᠠ᠂ ᠡᠭᠡᠴᠢ︶ ᠰᠠᠶᠢᠨ ᠶᠠᠪᠤᠵᠤ ᠢᠷᠡᠪᠡᠤ ᠭᠡᠭᠦ᠂     ᠲᠠᠩᠳᠠ ᠠᠭᠤᠯᠵᠠᠳᠠᠭ ᠭᠦᠮᠦᠨ ᠢᠷᠡᠪᠡᠯ᠄      — — ᠠᠱᠢᠭᠦᠢ᠂ ᠲᠠ ᠭᠦᠷᠦᠭᠡᠳ ᠢᠷᠡᠪᠡᠤ᠂ ᠵᠠ᠂ ᠡᠶᠢᠰᠢ ᠪᠠᠨ ᠮᠤᠷᠢᠯᠠᠭᠳᠤᠨ︕ ᠭᠡᠮᠡᠨ ᠵᠤᠴᠢᠨ ᠦᠷᠦᠭᠡᠨ ᠳᠤ ᠪᠤᠶᠤ ᠭᠡᠷ ᠤᠨ ᠪᠠᠷᠠᠭᠤᠨ ᠬᠤᠶᠢᠮᠤᠷ   ᠲᠤ ᠤᠷᠢᠨ᠎ᠠ᠃ ᠮᠥᠨ ᠲᠡᠭᠦᠨᠴᠢᠯᠡᠨ ᠦᠶ᠎ᠡ ᠵᠡᠷᠭᠡ ᠶᠢᠨ ᠭᠦᠮᠦᠨ ᠳᠤ ᠤᠳᠠᠭᠠᠨ ᠠᠭᠤᠯᠵᠠᠭ᠎ᠠ ᠦᠭᠡᠢ ᠪᠤᠯ ︽ᠰᠠᠶᠢᠨ ᠶᠠᠪᠤᠵᠤ ᠢᠷᠡᠪᠡᠤ᠂ ᠰᠠᠶᠢᠨ ᠢᠷᠡᠪᠡᠤ᠂ ᠰᠠᠶᠢᠨ ᠪᠠᠶᠢᠨᠠᠤ ︾ ᠭᠡᠭᠦ ᠮᠡᠳᠤ᠃ ᠪᠠᠶᠢᠩᠭᠤ ᠠᠭᠤᠯᠵᠠᠳᠠᠭ ᠭᠦᠮᠦᠨ ᠳᠤ ︽ᠠᠱᠢᠭᠦᠢ ᠲᠠᠨᠠᠷ ᠭᠦᠷᠦᠭᠡᠳ ᠢᠷᠡᠪᠡᠤ᠂ ᠵᠠ ᠮᠤᠷᠢᠯᠠᠵᠠᠭ᠎ᠠ ᠮᠤᠷᠢᠯᠠᠵᠠᠭ᠎ᠠ︾ ᠭᠡᠭᠦ ᠪᠤᠶᠤ ︽ᠲᠡᠷᠡ ᠮᠢᠨᠢ ᠭᠦᠷᠦᠭᠡᠳ ᠢᠷᠡᠪᠡᠤ᠂ ᠭᠡᠨ ᠮᠢᠨᠢ ᠢᠷᠡᠪᠡᠤ︾ ᠭᠡᠭᠦᠴᠢᠯᠡᠨ ᠶᠠᠷᠢᠨ᠎ᠠ᠃ ᠵᠤᠴᠢᠨ ᠢᠶᠠᠨ ᠰᠠᠭᠤᠭᠰᠠᠨ ᠤ ᠲᠠᠷᠠᠭ᠎ᠠ ᠢᠳᠡᠭᠡ ᠤᠮᠳᠠᠭᠠᠨ ᠪᠡᠯᠡᠳᠭᠡᠭᠡᠳ ︽ᠲᠠ ᠵᠤᠭᠤᠭᠯᠠᠭᠠᠴᠢ ᠳ᠋ᠧ᠂ ᠵᠤᠭᠤᠭᠯᠠᠵᠤ ᠠᠶᠢᠯᠠᠳ᠂ ᠲᠠ ᠡᠭᠦᠨ ᠢ ᠲᠤᠭᠳᠠᠭ᠎ᠠ ᠳ᠋ᠧ᠂ ᠲᠤᠭᠳᠠᠭᠠᠵᠤ ᠠᠶᠢᠯᠠᠳ︾ ᠭᠡᠭᠦ ᠪᠠ ᠴᠠᠭᠠᠳᠤ ᠭᠦᠮᠦᠨ ᠨᠢ ︽ᠵᠦᠭᠡᠷ ᠵᠦᠭᠡᠷ᠂ ᠪᠤᠯᠤᠨ᠎ᠠ ᠪᠤᠯᠤᠨ᠎ᠠ᠂ ᠵᠠ ᠪᠠᠶᠠᠷᠯᠠᠯ᠎ᠠ᠂ ᠭᠢᠯᠠᠶᠢᠯ᠎ᠠ᠂ ᠭᠦᠷᠳᠡᠵᠤ ᠪᠠᠶᠢᠨ᠎ᠠ᠂ ᠭᠦᠷᠴᠤ ᠪᠠᠶᠢᠨ᠎ᠠ︾ ᠭᠡᠵᠤ ᠬᠠᠷᠢᠭᠤᠯᠤᠨ᠎ᠠ᠃ ᠵᠤᠴᠢᠨ ᠳᠤ ᠬᠤᠭᠤᠯᠠ ᠤᠮᠳᠠ ᠠᠭᠢᠨ ᠨᠡᠮᠡᠭᠦ ᠠᠬᠤᠯ᠎ᠠ ︽ᠠᠯᠢᠪ ᠲᠠ ᠠᠶᠠᠭ᠎ᠠ ᠪᠠᠨ᠂ ᠬᠤᠭᠤᠯᠠ ᠭᠢᠭᠡᠳᠡᠭᠡᠶ᠎ᠡ᠂ ᠲᠠᠨ ᠤ ᠬᠤᠨᠳᠠᠭ᠎ᠠ ᠶᠢ ᠰᠡᠯᠪᠡᠴᠢᠭᠡᠶ᠎ᠡ︾ ᠭᠡᠭᠦ ᠮᠡᠳᠤ ᠪᠠᠷ ᠭᠡᠯᠡᠯᠴᠡᠨ᠎ᠡ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号