ᠦ᠋ ᠲᠠᠯᠠᠢ ᠶᠢᠰᠦᠨ ᠬᠦᠯᠳᠦ ᠴᠠᠭᠠᠨ ᠳᠤᠭ ᠪᠤᠯ ᠮᠤᠩᠭᠤᠯᠴᠤᠳ ᠤᠨ ᠢᠯᠠᠭᠤᠭᠰᠠᠨ ᠭᠤᠷᠪᠠᠨ ᠶᠡᠭᠡ ᠳᠤᠭ | ᠰᠦᠯᠳᠡ ᠶᠢᠨ ᠨᠢᠭᠡ ᠶᠤᠮ᠃ ᠰᠠᠷᠠᠯ ᠠᠵᠢᠷᠭᠠᠨ ᠤ ᠳᠡᠯ ᠬᠢᠯᠭᠠᠰᠤ ᠪᠠᠷ ᠬᠦᠬᠦᠯ ᠬᠢᠳᠡᠭ ᠠᠴᠠ ᠴᠠᠭᠠᠨ ᠳᠤᠭ ᠬᠡᠵᠡᠢ᠃ | ᠶᠢᠰᠦᠨ ᠬᠦᠯᠳᠦ ᠴᠠᠭᠠᠨ ᠰᠦᠯᠳᠡ ᠶᠢᠨ ᠨᠡᠷᠡᠶᠢᠳᠦᠯ ᠤᠨ ᠤᠴᠢᠷ ︽ᠬᠠᠯᠬ᠎ᠠ ᠳᠤᠪᠴᠢᠶᠠᠨ︾ ᠳᠤ ︽ᠴᠠᠭᠠᠨ᠂ | ᠬᠠᠷ᠎ᠠ᠂ ᠠᠯᠠᠭ ᠰᠦᠯᠳᠡ ᠭᠡᠵᠦ ᠭᠤᠷᠪᠠᠨ ᠶᠠᠩᠵᠦ ᠪᠠᠶᠢᠭᠰᠠᠨ ᠪᠦᠭᠡᠳ ᠴᠠᠭᠠᠨ ᠳᠤᠭ ᠨᠢ ᠴᠠᠭᠠᠨ᠂ ᠬᠠᠷ᠎ᠠ ᠨᠢ | ᠬᠠᠷ᠎ᠠ᠂ ᠠᠯᠠᠭ ᠨᠢ ᠴᠠᠭᠠᠨ᠂ ᠬᠠᠷ᠎ᠠ ᠵᠢᠰᠦᠮ ᠤᠨ ᠠᠳᠤᠭᠤᠨ ᠤ ᠳᠡᠯ ᠰᠡᠬᠦᠯ ᠢᠶᠠᠷ ᠬᠦᠬᠦᠯ ᠬᠢᠭᠰᠡᠨ ᠠᠴᠠ ᠳᠡᠶᠢᠨ ᠬᠦ | ᠠᠯᠳᠠᠷᠰᠢᠵᠠᠢ︾ ᠭᠡᠵᠦ ᠴᠠᠭᠠᠨ᠂ ᠬᠠᠷ᠎ᠠ᠂ ᠠᠯᠠᠭ ᠰᠦᠯᠳᠡ ᠶᠢᠨ ᠨᠡᠷ᠎ᠡ ᠶᠢᠨ ᠢᠷᠡᠯᠳᠡ ᠶᠢ ᠳᠤᠳᠤᠷᠬᠠᠢ ᠦᠬᠦᠯᠡᠵᠡᠢ᠃ | ︽ᠮᠤᠩᠭᠤᠯ ᠤᠨ ᠨᠢᠭᠤᠴᠠ ᠳᠤᠪᠴᠢᠶᠠᠨ︾ ᠤ 202 ᠳ᠋ᠤᠭᠠᠷ ᠵᠦᠢᠯ ᠳᠤ ︽ᠪᠠᠷᠰ ᠵᠢᠯ ᠤᠨᠤᠨ ᠤ ᠳᠡᠷᠢᠬᠦᠨᠡ | ᠬᠤᠷᠠᠵᠦ ᠶᠢᠰᠦᠨ ᠬᠦᠯᠳᠦ ᠴᠠᠭᠠᠨ ᠳᠤᠭ ᠪᠠᠶᠢᠭᠤᠯᠤᠭᠠᠳ︾ ᠭᠡᠵᠦ᠂ ︽ᠰᠤᠳᠤᠷ ᠤᠨ ᠴᠢᠭᠤᠯᠭᠠᠨ︾ ᠳᠤ ︽ | ᠴᠢᠩᠬᠢᠰ ᠬᠠᠭᠠᠨ ᠳᠠᠶᠠᠨ ᠬᠠᠨ ᠯᠤᠭ᠎ᠠ ᠪᠠᠶᠢᠯᠳᠤᠵᠦ᠂ ᠳᠡᠬᠦᠨ ᠢ ᠠᠯᠠᠭᠰᠠᠨ ᠤ ᠳᠠᠷᠠᠭ᠎ᠠ ᠶᠢᠰᠦᠨ ᠬᠦᠯᠳᠦ ᠴᠠᠭᠠᠨ | ᠳᠤᠭ ᠪᠤᠰᠬᠠᠵᠦ ᠲᠦᠷᠦ ᠤᠯᠤᠰ ᠢᠶᠠᠨ ᠪᠠᠶᠢᠭᠤᠯᠵᠦ ᠴᠢᠩᠬᠢᠰ ᠬᠠᠭᠠᠨ — ᠳᠠᠯᠠᠢ ᠬᠠᠭᠠᠨ ᠬᠡᠮᠡᠬᠦ ᠴᠤᠯᠠ ᠤᠯᠵᠠᠢ︾ | ᠭᠡᠵᠡᠢ᠃ ᠪᠠᠰᠠ ︽ᠠᠯᠳᠠᠨ ᠳᠤᠪᠴᠢ︾᠂ ︽ᠡᠷᠳᠡᠨᠢ ᠶᠢᠨ ᠳᠤᠪᠴᠢ︾ ᠵᠡᠷᠭᠡ ᠳᠤᠯᠭᠤᠷ ᠪᠢᠴᠢᠭ ᠲᠤ ︽ᠶᠢᠰᠦᠨ | ᠬᠦᠯᠳᠦ ᠴᠠᠭᠠᠨ ᠳᠤᠭ︾ ᠭᠡᠵᠦ ᠪᠤᠢ᠃ ︽ᠪᠤᠯᠤᠷ ᠳᠤᠯᠢ︾ ᠳᠤ ︽ᠨᠠᠢᠮᠠᠨ ᠬᠦᠯᠳᠦ ᠴᠠᠭᠠᠨ ᠳᠤᠭ︾ ᠭᠡᠵᠦ | ᠳᠡᠮᠳᠡᠭᠯᠡᠵᠡᠢ᠃ ᠶᠢᠰᠦᠨ ᠬᠦᠯᠳᠦ ᠭᠡᠰᠡᠨ ᠤᠴᠢᠷ ᠢ ︽ᠬᠠᠯᠬ᠎ᠠ ᠳᠤᠪᠴᠢᠶᠠᠨ︾ ᠳᠤ ︽ᠴᠠᠭᠠᠨ ᠳᠤᠭ ᠰᠦᠯᠳᠡ ᠨᠢ | ᠨᠢᠭᠡᠨ ᠳᠦᠪ ᠭᠤᠤᠯ᠂ ᠨᠠᠢᠮᠠᠨ ᠵᠢᠵᠢᠭ ᠴᠠᠭᠠᠨ ᠳᠤᠭ ᠢᠶᠠᠷ ᠪᠦᠷᠢᠳᠴᠦ ᠪᠠᠶᠢᠭᠰᠠᠨ ᠪᠠ ᠳᠡᠬᠦᠨ ᠢ ᠶᠢᠰᠦᠨ ᠬᠦᠯᠳᠦ | ᠴᠠᠭᠠᠨ ᠳᠤᠭ ᠬᠡᠨ᠎ᠡ︾ ᠭᠡᠵᠦ ᠳᠠᠶᠢᠯᠪᠤᠷᠢᠯᠠᠵᠠᠢ᠃ ᠭ᠊ · ᠨᠢᠩᠪᠤᠤ ᠲᠦᠷᠦ ᠶᠢᠨ ᠰᠦᠯᠳᠡ ᠶᠢᠨ ᠳᠡᠦᠭᠡ ᠶᠢᠨ ᠳᠤᠬᠠᠢ | ᠦᠬᠦᠯᠡᠬᠦ ᠳᠡᠭᠡᠨ ︽ᠴᠠᠭᠠᠨ ᠰᠦᠯᠳᠡ ᠬᠡᠮᠡᠭᠴᠢ ᠨᠢ ᠭᠤᠤᠯ ᠳᠠᠭᠠᠨ ᠨᠢᠭᠡ ᠳᠤᠮᠤ ᠰᠦᠯᠳᠠ᠂ ᠳᠡᠬᠦᠨ ᠢᠶᠠᠨ | ᠳᠤᠭᠤᠷᠢᠭᠤᠯᠤᠨ ᠨᠠᠢᠮᠠᠨ ᠰᠦᠯᠳᠡ ᠲᠠᠢ ᠳᠤᠯᠠ ᠶᠢᠰᠦᠨ ᠬᠦᠯᠳᠦ ᠴᠠᠭᠠᠨ ᠰᠦᠯᠳᠡ ᠭᠡᠭᠳᠡᠵᠡᠢ︾ ᠭᠡᠵᠦ | ᠳᠡᠮᠳᠡᠭᠯᠡᠭᠰᠡᠨ ᠪᠠᠶᠢᠨ᠎ᠠ᠃ ᠨᠠᠢᠮᠠᠨ ᠬᠦᠯᠳᠦ ᠭᠡᠰᠡᠨ ᠨᠢ ᠭᠤᠤᠯ ᠰᠦᠯᠳᠡ ᠶᠢ ᠳᠤᠭᠤᠷᠢᠭᠤᠯᠤᠨ ᠲᠦᠷᠪᠡᠨ ᠦᠨᠴᠦᠭ᠂ | ᠳᠦᠷᠪᠡᠨ ᠳᠠᠯ᠎ᠠ ᠳᠤ ᠪᠤᠰᠬᠠᠭᠰᠠᠨ ᠨᠠᠢᠮᠠᠨ ᠡᠯᠴᠢ ᠰᠦᠯᠳᠡ ᠪᠠᠷ ᠨᠢ ᠨᠡᠷᠡᠯᠡᠵᠡᠢ᠃ ᠡᠨᠡ ᠨᠢ ᠬᠠᠷ᠎ᠠ ᠪᠠ ᠠᠯᠠᠭ | ᠰᠦᠯᠳᠡ ᠶᠢ ᠲᠦᠷᠪᠡᠨ ᠡᠯᠴᠢ ᠰᠦᠯᠳᠡ ᠪᠠᠷ ᠨᠢ ︽ᠲᠦᠷᠪᠡᠨ ᠬᠦᠯᠳᠦ︾ ᠭᠡᠵᠦ ᠨᠡᠷᠡᠯᠡᠭᠰᠡᠨ ᠲᠠᠢ ᠠᠳᠠᠯᠢ ᠶᠤᠮ᠃ | ︽ᠪᠤᠭᠳᠠ ᠪᠠᠭᠠᠳᠤᠷ ᠪᠡᠶ᠎ᠡ ᠪᠠᠷ ᠳᠠᠶᠢᠯᠠᠭᠰᠠᠨ ᠳᠡᠮᠳᠡᠭᠯᠡᠯ︾ ᠳᠤ ︽ᠶᠢᠰᠦᠨ ᠬᠦᠭᠡᠯᠳᠦ ᠴᠠᠭᠠᠨ ᠳᠤᠭ ᠪᠤᠰᠬᠠᠨ︾ | ᠭᠡᠵᠦ᠂ ︽ᠭᠠᠩᠭ᠎ᠠ ᠶᠢᠨ ᠤᠷᠤᠰᠬᠠᠯ︾ ᠳᠤ ᠮᠦᠨ ︽ᠶᠢᠰᠦᠨ ᠬᠦᠭᠡᠯᠳᠦ︾ ᠭᠡᠵᠦ᠂ ︽ᠪᠤᠯᠤᠷ ᠡᠷᠢᠭᠡ︾ ᠳᠤ ︽ | ᠶᠢᠰᠦᠨ ᠮᠠᠨᠵᠢᠯᠠᠭᠠᠳᠤ ᠴᠠᠭᠠᠨ ᠳᠤᠭ︾ ᠬᠡᠬᠦ ᠮᠡᠳᠦ ᠪᠠᠷ ᠳᠡᠮᠳᠡᠭᠯᠡᠵᠡᠢ᠃ ︽ᠬᠦᠭᠡᠯᠳᠦ︾᠂ ︽ᠮᠠᠨᠵᠢᠯᠠᠭᠠᠳᠤ︾ | ᠭᠡᠰᠡᠨ ᠨᠢ ᠮᠤᠩᠭᠤᠯᠴᠤᠳ ᠤᠨ ᠢᠯᠠᠭᠤᠭᠰᠠᠨ ᠭᠤᠷᠪᠠᠨ ᠰᠦᠯᠳᠡ ᠳᠤᠭ ᠤᠨ ᠳᠡᠦᠭᠡᠨ ᠪᠠᠶᠢᠳᠠᠯ᠂ ᠳᠠᠶᠢᠯᠭ᠎ᠠ | ᠶᠤᠰᠤᠯᠠᠯ ᠤᠨ ᠵᠠᠩ ᠦᠢᠯᠡ ᠵᠡᠷᠭᠡ ᠶᠢ ᠮᠡᠳᠡᠬᠦ ᠦᠭᠡᠢ ᠦᠪᠡᠷ ᠤᠨ ᠳᠠᠭᠠᠮᠠᠭᠯᠠᠯ ᠢᠶᠠᠷ ᠢᠶᠠᠨ ᠪᠢᠴᠢᠭᠰᠡᠨ ᠪᠤᠶᠤ | ᠪᠤᠰᠤᠳ ᠤᠨ ᠠᠳᠡᠬᠦᠷᠡᠯ ᠢ ᠤᠪᠠᠶᠢᠯᠠᠬᠤ ᠦᠭᠡᠢ ᠪᠠᠷ ᠬᠠᠭᠤᠯᠤᠭᠰᠠᠨ ᠠᠴᠠ ︽ᠬᠦᠬᠦᠯ︾ ᠢ ᠨᠢ ︽ᠬᠦᠭᠡᠯ︾᠂ ︽ | ᠮᠠᠨᠵᠢᠯᠭ᠎ᠠ︾ ᠭᠡᠵᠦ ᠳᠡᠮᠳᠡᠭᠯᠡᠵᠡᠢ᠃ ᠶᠢᠰᠦᠨ ᠬᠦᠯᠳᠦ ᠴᠠᠭᠠᠨ ᠰᠦᠯᠳᠡ ᠶᠢᠨ ᠪᠦᠳᠦᠴᠡ ᠶᠢᠰᠦᠨ ᠬᠦᠯᠳᠦ ᠴᠠᠭᠠᠨ | ᠳᠤᠭ ᠨᠢ ᠭᠤᠤᠯ ᠰᠦᠯᠳᠡ ᠪᠠ ᠡᠯᠴᠢ ᠰᠦᠯᠳᠡ ᠪᠠᠷ ᠪᠦᠷᠢᠯᠳᠦᠨ᠎ᠡ᠃ ᠭᠤᠤᠯ ᠰᠦᠯᠳᠡ ᠶᠢᠨ ᠤᠷᠤᠢ ᠨᠢ ᠨᠢᠭᠡ | ᠳᠤᠬᠤᠢ ᠤᠷᠳᠤ ᠠᠯᠳᠠ ᠪᠠᠷ ᠦᠩᠭᠡᠯᠡᠭᠰᠡᠨ ᠭᠤᠷᠪᠠᠨ ᠦᠵᠦᠬᠦᠷᠳᠦ ᠳᠡᠮᠦᠷ ᠰᠡᠷᠡᠭᠡ ᠮᠠᠶ᠋ᠢᠭ ᠲᠠᠢ ᠡᠳ᠋ ︵ᠪᠠᠰᠠ | ᠰᠤᠰᠤᠮ ᠭᠡᠳᠡᠭ︶ ᠶᠤᠮ᠃ ᠰᠡᠷᠡᠭᠡᠨ ᠤ ᠬᠤᠶᠠᠷ ᠳᠠᠯ᠎ᠠ ᠨᠢ ᠨᠤᠮᠤ ᠪᠠᠨ ᠳᠦᠯᠦᠭᠡᠯᠡᠵᠦ᠂ ᠭᠤᠤᠯ ᠤᠨ ᠵᠢᠳᠡ ᠰᠢᠬ | ᠶᠠᠭᠤᠮ᠎ᠠ ᠨᠢ ᠰᠤᠮᠤ ᠪᠠᠨ ᠳᠦᠯᠦᠭᠡᠯᠡᠵᠦ ᠪᠠᠶᠢᠨ᠎ᠠ ᠭᠡᠳᠡᠭ᠃ ᠰᠡᠷᠡᠭᠡ ᠶᠢᠨ ᠳᠤᠤᠷ᠎ᠠ ᠳᠠᠯ᠎ᠠ ᠳᠤ ᠨᠢ ᠡᠰᠢ ᠬᠢᠬᠦ | ᠤᠩᠬᠢ ᠲᠠᠢ ᠪᠠᠶᠢᠳᠠᠭ᠂ ᠵᠠᠷᠢᠮ ᠨᠢ ᠳᠤᠤᠷ᠎ᠠ ᠳᠠᠯ᠎ᠠ ᠳᠠᠭᠠᠨ ᠡᠰᠢ ᠮᠤᠳᠤᠨ ᠳᠤ ᠬᠠᠳᠬᠤᠨ ᠳᠤᠭᠳᠠᠭᠠᠬᠤ ᠱᠤᠷᠤ ᠲᠠᠢ | ᠪᠠᠶᠢᠳᠠᠭ᠃ ᠮᠤᠩᠭᠤᠯ ᠤᠯᠤᠰ ᠲᠤ ᠬᠠᠳᠠᠭᠠᠯᠠᠵᠦ ᠪᠠᠶᠢᠬᠤ ᠴᠠᠭᠠᠨ ᠰᠦᠯᠳᠡ ᠶᠢᠨ ᠤᠷᠤᠢ ᠨᠢ ᠬᠠᠷ᠎ᠠ ᠪᠠ ᠠᠯᠠᠭ | ᠰᠦᠯᠳᠡ ᠮᠡᠳᠦ ᠳᠤᠤᠷ᠎ᠠ ᠪᠠᠨ ᠡᠰᠢ ᠬᠢᠬᠦ ᠤᠩᠬᠢ ᠲᠠᠢ ᠪᠠᠶᠢᠳᠠᠭ᠂ ᠬᠠᠷᠢᠨ ᠦᠤᠰᠢᠨ ᠳᠤ ᠬᠠᠳᠠᠭᠠᠯᠠᠵᠦ ᠪᠠᠶᠢᠬᠤ | ᠴᠠᠭᠠᠨ ᠰᠦᠯᠳᠡ ᠨᠢ ᠤᠷᠤᠢ ᠶᠢᠨ ᠰᠤᠰᠤᠮ ᠤᠨ ᠳᠤᠤᠷ᠎ᠠ ᠱᠤᠷᠤ ᠭᠠᠷᠭᠠᠨ ᠡᠰᠢ ᠮᠤᠳᠤᠨ ᠳᠤ ᠬᠠᠳᠬᠤᠵᠦ | ᠳᠤᠭᠳᠠᠭᠠᠬᠤ ᠪᠠᠷ ᠦᠢᠯᠡᠳᠴᠠᠢ᠃ ᠴᠠᠭᠠᠨ ᠰᠦᠯᠳᠡ ᠶᠢᠨ ᠬᠦᠬᠦᠯ ᠢ ᠳᠤᠭᠳᠠᠭᠠᠳᠠᠭ ᠳᠦᠬᠦᠷᠢᠭ ᠴᠡᠷ᠎ᠡ ᠶᠢ | ᠰᠡᠷᠡᠭᠡᠨ ᠤ ᠳᠤᠤᠷ᠎ᠠ ᠪᠠᠬᠢᠯᠡᠨ ᠳᠤᠭᠳᠠᠭᠠᠳᠠᠭ᠃ ᠬᠦᠬᠦᠯ ᠵᠡᠬᠦᠬᠦ ᠴᠡᠷ᠎ᠡ ᠴᠦ ᠬᠤᠶᠠᠷ ᠵᠦᠢᠯ ᠪᠤᠢ᠃ ᠨᠢᠭᠡ ᠵᠦᠢᠯ ᠨᠢ | ᠤᠩᠬᠢᠨ ᠤ ᠳᠡᠭᠡᠷ᠎ᠡ ᠳᠡᠯ᠎ᠡ ᠳᠤ ᠳᠦᠬᠦᠷᠢᠭ ᠮᠦᠩᠬᠦᠨ ᠴᠡᠷ᠎ᠡ ᠶᠢ ᠳᠡᠭᠡᠭ ᠢᠶᠠᠷ ᠰᠢᠬᠠᠨ ᠳᠤᠭᠳᠠᠭᠠᠵᠦ ᠴᠡᠷ᠎ᠡ ᠶᠢᠨ | ᠬᠦᠪᠡᠭᠡ ᠶᠢ ᠳᠠᠭᠠᠭᠤᠯᠵᠦ ᠨᠠᠶᠠᠨ ᠨᠢᠭᠡᠨ ᠨᠦᠭᠡ ᠭᠠᠷᠭᠠᠵᠦ ᠨᠦᠭᠡᠨ ᠠᠴᠠ ᠨᠢ ᠰᠡᠷᠡᠯ ᠠᠵᠢᠷᠭᠠᠨ ᠤ ᠭᠤᠷᠪᠠᠨ ᠳᠦᠭᠡ | ᠲᠦᠷᠪᠡᠨ ᠬᠤᠷᠤᠭᠤ ᠤᠷᠳᠤ ᠳᠡᠯ ᠢ ᠢᠮᠠᠭᠠᠨ ᠠᠷᠠᠰᠤᠨ ᠳᠡᠰᠡᠮᠠ ᠪᠠᠷ ᠰᠦᠯᠵᠢᠨ ᠤᠨᠵᠢᠢᠯᠭᠠᠳᠠᠭ᠃ ᠪᠠᠰᠠ ᠨᠢᠭᠡ | ᠵᠦᠢᠯ ᠨᠢ ᠰᠡᠷᠡᠭᠡᠨ ᠤ ᠳᠤᠤᠷ᠎ᠠ ᠳᠠᠯ᠎ᠠ ᠳᠤ ᠳ᠋ᠢᠶᠠᠮᠧᠳ᠋ᠷ ᠨᠢ ᠨᠠᠢᠮᠠᠨ ᠢᠮᠠᠬᠤ᠂ ᠵᠤᠵᠠᠭᠠᠨ ᠢᠶᠠᠷ ᠢᠶᠠᠨ ᠨᠢᠭᠡ ᠢᠮᠠᠬᠤ | ᠬᠠᠭᠠᠰ ᠳᠦᠬᠦᠷᠢᠭ ᠮᠤᠳᠤᠨ ᠬᠠᠪᠳᠠᠰᠤ ᠳᠠᠭᠠᠷᠠᠭᠤᠯᠵᠦ᠂ ᠮᠤᠳᠤᠨ ᠬᠠᠪᠳᠠᠰᠤᠨ ᠤ ᠵᠤᠵᠠᠭᠠᠨ ᠲᠠᠢ ᠠᠳᠠᠯᠢᠬᠠᠨ | ᠨᠠᠷᠢᠬᠠᠨ ᠴᠠᠭᠠᠨ ᠢᠰᠡᠭᠡᠢ ᠶᠢ ᠬᠠᠪᠳᠠᠰᠤ ᠪᠠᠨ ᠳᠤᠭᠤᠷᠢᠭᠤᠯᠤᠨ ᠬᠠᠳᠠᠵᠦ ᠰᠡᠷᠠᠯ ᠠᠵᠢᠷᠭᠠᠨ ᠤ ᠳᠡᠯ ᠢᠶᠠᠨ | ᠵᠢᠭᠳᠡ ᠪᠠᠷ ᠳᠤᠭᠤᠷᠢᠭᠤᠯᠤᠨ ᠰᠤᠯᠠ ᠳᠠᠯᠪᠢᠵᠦ ᠴᠠᠭᠠᠨ ᠶᠤᠷᠤᠭ ᠢᠶᠠᠷ ᠬᠠᠪᠴᠢᠨ ᠳᠠᠷᠤᠭᠠᠳ ᠭᠠᠳᠠᠭᠤᠷ ᠨᠢ | ᠠᠯᠳᠠ ᠪᠠᠷ ᠦᠩᠭᠡᠯᠡᠭᠰᠡᠨ ᠭᠠᠤᠯᠢᠨ ᠴᠠᠭᠠᠷᠢᠭ ᠤᠷᠤᠭᠤᠯᠵᠦ ᠴᠢᠩᠭᠠᠯᠠᠳᠠᠭ᠃ ᠤᠨᠵᠠᠶᠢᠯᠭᠠᠭᠰᠠᠨ ᠳᠡᠯ ᠬᠢᠯᠭᠠᠰᠤ ᠶᠢ | ᠰᠦᠯᠳᠡ ᠶᠢᠨ ᠬᠦᠬᠦᠯ ᠬᠡᠳᠡᠭ᠃ ᠪᠠᠰᠠ ︽ᠵᠢᠪᠠᠷ︾᠂ ︽ᠮᠠᠨᠵᠢᠯᠭ᠎ᠠ︾ ᠭᠡᠵᠦ ᠬᠡᠯᠡᠳᠡᠭ᠃ ᠴᠡᠷ᠎ᠡ ᠮᠡᠳᠦ | ᠳᠦᠬᠦᠷᠢᠭ ᠮᠤᠳᠤ ᠶᠢ ᠰᠦᠯᠳᠡ ᠶᠢᠨ ᠮᠠᠯᠠᠭᠠᠢ ᠭᠡᠵᠦ ᠬᠡᠯᠡᠳᠡᠭ᠃ ᠢᠰᠡᠭᠡᠢ ᠪᠡ ᠶᠤᠷᠤᠭ ᠢᠶᠠᠷ ᠳᠡᠯ ᠬᠢᠯᠭᠠᠰᠤ ᠪᠠᠨ | ᠬᠠᠪᠴᠢᠵᠦ ᠭᠠᠳᠠᠭᠤᠷ ᠨᠢ ᠤᠷᠤᠭᠤᠯᠤᠭᠰᠠᠨ ᠴᠠᠭᠠᠷᠢᠭ ᠢ ︽ᠮᠡᠩᠷᠡᠨ︾᠂ ︽ᠳᠤᠵᠢᠷᠭᠠ︾ ᠭᠡᠳᠡᠭ᠃ | ᠦᠤᠰᠢᠨ ᠳᠠᠬᠢ ᠴᠠᠭᠠᠨ ᠰᠦᠯᠳᠡ ᠶᠢᠨ ᠬᠦᠬᠦᠯ ᠢ ᠬᠤᠶᠢᠨᠠᠬᠢ ᠠᠷᠭ᠎ᠠ ᠪᠠᠷ ᠦᠢᠯᠡᠳᠴᠠᠢ᠃ ᠭᠤᠤᠯ ᠰᠦᠯᠳᠡ ᠳᠡᠭᠡᠨ | ᠬᠦᠨᠳᠡᠯᠡᠨ ᠤᠭᠳᠤᠯᠤᠭᠠᠰᠤ ᠶᠢᠨ ᠳ᠋ᠢᠶᠠᠮᠧᠳ᠋ᠷ ᠨᠢ ᠳᠠᠪᠤᠨ ᠢᠮᠠᠬᠤ ᠪᠦᠳᠦᠬᠦᠨ᠂ ᠤᠷᠳᠤ ᠪᠠᠷ ᠢᠶᠠᠨ ᠠᠷᠪᠠᠨ ᠭᠤᠷᠪᠠᠨ | ᠳᠤᠬᠤᠢ ᠬᠠᠷ᠎ᠠ ᠮᠤᠳᠤᠨ ᠡᠰᠢ ᠳᠠᠭᠠᠷᠠᠭᠤᠯᠳᠠᠭ᠃ ᠡᠬᠦᠨ ᠢ ᠰᠦᠯᠳᠡ ᠶᠢᠨ ᠰᠢᠯᠪᠢ ᠬᠡᠳᠡᠭ᠃ ᠰᠦᠯᠳᠡ ᠶᠢᠨ | ᠡᠰᠢ ᠶᠢ ᠲᠦᠷᠪᠡᠯᠵᠢᠯᠡᠨ ᠰᠡᠶᠢᠯᠦᠭᠰᠡᠨ᠂ ᠳᠤᠮᠳᠠ ᠪᠠᠨ ᠨᠦᠭᠡ ᠲᠠᠢ ᠪᠤᠷᠵᠢᠨ ᠴᠢᠯᠠᠭᠤᠨ ᠰᠠᠭᠤᠳᠠᠯ ᠳᠤ ᠬᠠᠳᠬᠤᠵᠦ | ᠪᠤᠰᠬᠠᠳᠠᠭ᠃ ᠴᠠᠭᠠᠨ ᠰᠦᠯᠳᠡ ᠶᠢᠨ ᠰᠠᠭᠤᠳᠠᠯ ᠢ ᠵᠠᠷᠢᠮ ᠭᠠᠵᠠᠷ ᠲᠤ ᠰᠢᠪᠡᠷ ᠳᠤᠭᠤᠰᠬ᠎ᠠ ᠪᠠᠷ ᠬᠢᠬᠦ ᠪᠤᠶᠤ | ᠪᠤᠷᠭᠠᠰᠤ ᠶᠢ ᠳᠤᠭᠤᠶᠢᠯᠠᠨ ᠬᠦᠷᠦᠵᠦ ᠳᠤᠳᠤᠷ᠎ᠠ ᠨᠢ ᠰᠢᠷᠤᠢ ᠳᠦᠬᠦᠷᠭᠡᠵᠦ ᠬᠢᠳᠡᠭ ᠪᠠᠶᠢᠵᠠᠢ᠃ ᠭᠤᠤᠯ | ᠰᠦᠯᠳᠡ ᠠᠴᠠ ᠪᠠᠨ ᠭᠤᠷᠪᠠᠨ ᠠᠯᠳᠠ ᠵᠠᠶᠢᠳᠠᠢ ᠲᠦᠷᠪᠡᠨ ᠦᠨᠴᠦᠭ᠂ ᠲᠦᠷᠪᠡᠨ ᠳᠠᠯ᠎ᠠ ᠳᠤ ᠨᠢ ᠨᠠᠢᠮᠠᠨ ᠡᠯᠴᠢ | ᠰᠦᠯᠳᠡ ᠪᠤᠰᠬᠠᠵᠦ ᠬᠢᠯᠭᠠᠰᠤ ᠪᠠᠷ ᠳᠠᠮᠤᠭᠰᠠᠨ ᠬᠦᠬᠡᠨᠡᠴᠤᠭ ᠢᠶᠠᠷ ᠭᠤᠤᠯ ᠰᠦᠯᠳᠡ ᠲᠠᠢ ᠪᠠᠨ ᠴᠢᠩᠳᠠᠯᠠᠨ | ᠬᠤᠯᠪᠤᠳᠠᠭ᠃ ᠡᠯᠴᠢ ᠰᠦᠯᠳᠡ ᠶᠢᠨ ᠡᠰᠢ ᠨᠢ ᠶᠢᠰᠦᠨ ᠳᠤᠬᠤᠢ ᠤᠷᠳᠤ ᠪᠠᠶᠢᠳᠠᠭ᠂ ᠰᠡᠷᠡᠭᠡ ᠨᠢ ᠭᠤᠤᠯ | ᠰᠦᠯᠳᠡ ᠲᠠᠢ ᠪᠠᠨ ᠠᠳᠠᠯᠢ᠃ ᠡᠯᠴᠢ ᠰᠦᠯᠳᠡ ᠶᠢ ᠪᠠᠰᠠ ︽ᠪᠠᠭ᠎ᠠ ᠰᠦᠯᠳᠡ︾᠂ ︽ᠳᠠᠭᠠᠯᠳᠠ ᠰᠦᠯᠳᠡ︾᠂ ︽ | ᠵᠠᠷᠤᠴᠠ ᠰᠦᠯᠳᠡ︾᠂ ︽ᠬᠦᠯ ᠰᠦᠯᠳᠡ︾ ᠭᠡᠵᠦ ᠨᠡᠷᠡᠯᠡᠳᠡᠭ᠃ ᠡᠯᠴᠢ ᠰᠦᠯᠳᠡ ᠨᠢ ᠭᠤᠤᠯ ᠰᠦᠯᠳᠡ ᠪᠠᠨ | ᠪᠠᠳᠤ ᠪᠠᠬᠢ ᠳᠤᠭᠳᠠᠭᠠᠬᠤ᠂ ᠭᠤᠤᠯ ᠰᠦᠯᠳᠡ ᠳᠡᠭᠡᠨ ᠰᠦᠷ ᠴᠢᠮᠡᠭ ᠪᠤᠯᠬᠤ ᠦᠢᠯᠡᠳᠦᠯ ᠲᠠᠢ ᠮᠦᠷᠳᠡᠭᠡᠨ ᠨᠠᠰᠢ | ᠴᠠᠰᠢ ᠵᠠᠯᠠᠵᠦ ᠶᠠᠪᠤᠬᠤ ᠳᠤ ᠬᠡᠷᠡᠭᠯᠡᠬᠦ ᠪᠡᠯᠡᠳᠭᠡᠯ ᠰᠦᠯᠳᠡ ᠪᠤᠯᠳᠠᠭ᠃ ᠴᠠᠭᠠᠨ ᠰᠦᠯᠳᠡ ᠶᠢ ᠮᠤᠩᠭᠤᠯ ᠤᠷᠤᠨ ᠤ | ᠨᠡᠯᠢᠶᠡᠳ ᠬᠡᠳᠦᠨ ᠭᠠᠵᠠᠷ ᠰᠠᠭᠠᠳᠠᠭᠤᠯᠤᠨ ᠳᠠᠬᠢᠵᠦ ᠪᠠᠶᠢᠵᠠᠢ᠃ ᠴᠠᠭᠠᠨ ᠰᠦᠯᠳᠡ ᠶᠢ ᠳᠠᠬᠢᠵᠦ ᠰᠠᠬᠢᠭᠰᠠᠨ ᠤᠪᠤᠭ | ᠠᠶᠢᠮᠠᠭ ᠤᠨ ᠬᠢᠨ ᠮᠤᠩᠭᠤᠯ ᠬᠠᠭᠠᠨᠳᠤ ᠲᠦᠷᠦ ᠶᠢᠨ ᠶᠡᠭᠡ ᠴᠠᠭᠠᠨ ᠰᠦᠯᠳᠡ ᠶᠢ ᠶᠡᠭᠡ ᠵᠤᠤ ᠠᠶᠢᠮᠠᠭ ᠤᠨ ᠨᠠᠷᠢᠨ | ᠭᠤᠤᠯ ᠰᠤᠮᠤᠨ ᠤ ᠮᠠᠭᠤ ᠪᠤᠯᠠᠭ ᠭᠠᠴᠠᠭᠠᠨ ᠤ ᠳᠤᠭᠤᠭᠠᠳᠤ ᠶᠢᠨ ᠴᠠᠶᠢᠳᠠᠮ ᠤᠨ ᠡᠬᠢ ᠳᠤ ᠰᠠᠭᠠᠳᠠᠭᠤᠯᠤᠨ ᠳᠠᠬᠢᠵᠦ | ᠪᠤᠢ᠃ ᠶᠡᠭᠡ ᠴᠠᠭᠠᠨ ᠰᠦᠯᠳᠡ ᠶᠢ ᠮᠤᠩᠭᠤᠯ ᠬᠠᠭᠠᠨᠳᠤ ᠲᠦᠷᠦ ᠡᠷᠭᠡᠰᠢᠬᠦᠯᠦᠨ ᠳᠠᠬᠢᠭᠰᠠᠨ ᠠᠴᠠ ᠨᠠᠰᠢ ᠶᠠᠩᠭᠠᠭᠠᠳ | ᠂ ᠬᠦᠢᠳ᠂ ᠳᠤᠭᠴᠢᠨ᠂ ᠲᠦᠯᠦᠩᠬᠦᠰ ︵ᠳᠠᠭᠤᠳᠠᠭᠠᠴᠢ︶᠂ ᠬᠠᠳᠠᠴᠢᠨ᠂ ᠬᠤᠷᠴᠢᠨ᠂ ᠬᠠᠷᠯᠢᠭᠤᠳ᠂ ᠤᠩᠨᠢᠭᠤᠳ | ᠂ ᠤᠨᠤᠭᠠᠴᠢᠨ᠂ ᠰᠢᠷᠭ᠎ᠠ ᠠᠵᠢᠷᠭᠠᠳᠠᠨ᠂ ᠳᠠᠪᠤᠭᠤᠳ᠂ ᠭᠠᠯᠴᠢᠨ᠂ ᠰᠢᠩᠬᠤᠷᠴᠢᠨ ︵ᠰᠢᠪᠠᠭᠤᠴᠢᠨ︶᠂ | ᠴᠢᠩᠨᠠᠭᠠᠴᠢ᠂ ᠰᠢᠷᠭᠡᠭᠴᠢᠨ᠂ ᠤᠬᠤᠨ᠎ᠠ ᠵᠡᠷᠭᠡ ᠠᠷᠪᠠ ᠭᠠᠷᠤᠢ ᠤᠪᠤᠭ ᠠᠶᠢᠮᠠᠭ ᠤᠨ ᠬᠦᠮᠦᠰ ᠢᠶᠠᠷ ᠴᠠᠭᠠᠨ | ᠰᠦᠯᠳᠡ ᠶᠢ ᠳᠠᠶᠢᠵᠦ ᠳᠠᠬᠢᠬᠤ᠂ ᠬᠠᠷᠠᠵᠦ ᠬᠠᠮᠠᠭᠠᠯᠠᠬᠤ᠂ ᠵᠠᠯᠠᠵᠦ ᠳᠡᠪᠰᠢᠬᠦᠯᠬᠦ ᠠᠵᠢᠯ ᠢ ᠬᠢᠯᠭᠡᠵᠦ ᠪᠠᠶᠢᠵᠠᠢ᠃ | ᠴᠠᠭᠠᠨ ᠰᠦᠯᠳᠡ ᠶᠢ ᠮᠤᠩᠭᠤᠯ ᠬᠠᠭᠠᠨᠳᠤ ᠲᠦᠷᠦ ᠶᠢᠨ ᠤᠯᠠᠨ ᠬᠠᠭᠠᠳ ᠦᠶ᠎ᠡ ᠤᠯᠠᠷᠢᠨ ᠳᠠᠬᠢᠭᠰᠠᠭᠠᠷ ᠢᠷᠡᠵᠡᠢ᠃ | ᠯᠢᠭᠳᠡᠨ ᠬᠠᠭᠠᠨ ᠮᠠᠨᠵᠦ ᠳᠤ ᠰᠢᠬᠠᠭᠳᠠᠨ ᠪᠠᠷᠠᠭᠤᠨᠰᠢ ᠬᠦᠬᠡᠨᠠᠭᠤᠷ ᠵᠦᠭ ᠶᠠᠪᠤᠬᠤ ᠳᠠᠭᠠᠨ ᠴᠠᠭᠠᠨ ᠳᠤᠭ ᠪᠠ ᠳᠤᠭ | ᠰᠠᠬᠢᠭᠴᠢ ᠬᠡᠰᠡᠭ ᠠᠯᠪᠠᠳᠤ ᠪᠠᠨ ᠳᠠᠭᠠᠭᠤᠯᠤᠨ ᠶᠠᠪᠤᠵᠠᠢ᠃ ᠯᠢᠭᠳᠡᠨ ᠬᠠᠭᠠᠨ 1634 ᠤᠨ ᠳᠤ ᠬᠦᠬᠡᠨᠠᠭᠤᠷ ᠲᠤ | ᠨᠠᠰᠤ ᠪᠠᠷᠠᠭᠰᠠᠨ ᠳᠤ ᠬᠠᠳᠤᠳ ᠪᠠ ᠬᠦᠪᠡᠬᠦᠳ ᠨᠢ ᠵᠡᠬᠦᠨᠰᠢ ᠪᠤᠴᠠᠵᠦ ᠤᠷᠳᠤᠰ ᠲᠤ ᠮᠠᠨᠵᠦ ᠶᠢᠨ ᠬᠤᠩ | ᠳᠠᠶᠢᠵᠢ ᠶᠢᠨ ᠶᠡᠭᠡ ᠴᠡᠷᠢᠭ ᠲᠤ ᠪᠠᠭᠤᠨ ᠦᠭᠴᠦ ᠮᠤᠩᠭᠤᠯ ᠬᠠᠭᠠᠨᠳᠤ ᠲᠦᠷᠦ ᠶᠢᠨ ᠬᠠᠰ ᠳᠠᠮᠠᠭ᠎ᠠ ᠪᠠᠨ | ᠳᠤᠰᠢᠶᠠᠭᠠᠳ ᠵᠡᠬᠦᠨᠰᠢ ᠮᠦᠭᠳᠡᠨ ᠳᠤ ᠬᠦᠷᠴᠦ ᠮᠠᠨᠵᠦ ᠬᠠᠭᠠᠨ ᠳᠤ ᠮᠦᠷᠬᠦᠨ᠎ᠡ ᠭᠡᠨ᠎ᠡ ᠭᠡᠰᠡᠨ ᠴᠢᠮᠡᠭᠡ | ᠭᠠᠷᠤᠭᠰᠠᠨ ᠳᠤ ᠰᠦᠯᠳᠡ ᠠᠪᠴᠦ ᠶᠠᠪᠤᠭ᠎ᠠ ᠳᠤᠤᠷᠠᠬᠢ ᠬᠦᠮᠦᠰ ᠨᠢ ᠶᠡᠬᠡᠳᠡ ᠳᠤᠷ᠎ᠠ ᠦᠭᠡᠶᠢᠴᠡᠵᠦ ᠤᠷᠳᠤᠰ ᠲᠤ | ᠴᠢᠩᠬᠢᠰ ᠪᠤᠭᠳᠠ ᠶᠢᠨ ᠮᠢᠨᠢ ᠨᠠᠢᠮᠠᠨ ᠴᠠᠭᠠᠨ ᠤᠷᠳᠤᠨ ᠪᠠᠶᠢᠳᠠᠭ ᠪᠤᠯᠬᠤᠷ ᠪᠢᠳᠡ ᠴᠠᠭᠠᠨ ᠳᠤᠭ ᠲᠠᠢ ᠪᠠᠨ | ᠤᠷᠳᠤᠰ ᠲᠤ ᠰᠠᠭᠤᠶ᠎ᠠ ᠭᠡᠵᠦ ᠬᠡᠳᠦᠨ ᠮᠢᠩᠭᠠᠨ ᠬᠦᠮᠦᠨ ᠦᠯᠡᠳᠡᠵᠡᠢ᠃ ᠡᠳᠡᠭᠡᠷ ᠬᠦᠮᠦᠰ ᠲᠤ ᠨᠢ ᠬᠦᠢᠳ᠂ | ᠲᠦᠯᠦᠩᠬᠦᠰ᠂ ᠳᠤᠭᠴᠢᠨ᠂ ᠬᠠᠳᠠᠴᠢᠨ᠂ ᠶᠠᠩᠭᠠᠭᠠᠳ᠂ ᠤᠨᠤᠭᠠᠴᠢᠨ᠂ ᠬᠤᠷᠴᠢᠨ᠂ ᠰᠢᠨᠡᠳ᠂ ᠬᠠᠷᠯᠢᠭᠤᠳ᠂ | ᠰᠢᠷᠭ᠎ᠠ ᠠᠵᠢᠷᠭᠠᠳᠠᠨ᠂ ᠤᠩᠨᠢᠭᠤᠳ ᠵᠡᠷᠭᠡ ᠤᠪᠤᠭᠳᠠᠳ ᠪᠠᠶᠢᠵᠠᠢ᠃ ᠡᠳᠡᠨ ᠤ ᠬᠤᠶᠢᠴᠢ ᠦᠶ᠎ᠡ ᠨᠢ ᠤᠳᠤ ᠴᠦ | ᠦᠤᠰᠢᠨ ᠬᠤᠰᠢᠭᠤᠨ ᠳᠤ ᠴᠠᠭᠠᠨ ᠳᠤᠭ ᠢᠶᠠᠨ ᠳᠠᠬᠢᠭᠰᠠᠭᠠᠷ ᠪᠤᠢ᠃ ᠤᠷᠳᠤᠰ ᠤᠨ ᠡᠷᠢᠨᠴᠢᠨ ᠵᠢᠨᠤᠩ ᠴᠠᠭᠠᠨ | ᠰᠦᠯᠳᠡ ᠪᠠᠨ ᠰᠠᠬᠢᠵᠦ ᠰᠠᠭᠤᠭᠰᠠᠨ ᠬᠦᠮᠦᠰ ᠲᠤ ᠱᠠᠨᠰᠢ ᠶᠢᠨ ᠳᠡᠮᠡᠭᠡᠳᠦ ᠪᠠᠯᠭᠠᠰᠤᠨ ᠤ ᠨᠠᠭᠠᠭᠤᠷ ᠪᠠᠶᠢᠬᠤ ᠴᠠᠭᠠᠨ | ᠬᠡᠷᠡᠮ ᠢ ᠳᠠᠭᠠᠭᠰᠠᠨ ᠨᠤᠳᠤᠭ ᠪᠡᠯᠴᠢᠭᠡᠷ ᠢ ᠬᠤᠪᠢᠶᠠᠨ ᠦᠭᠴᠦ ᠳᠦᠪᠬᠢᠨᠡᠬᠦᠯᠦᠨ ᠰᠠᠭᠤᠯᠭᠠᠵᠠᠢ᠃ ᠴᠢᠩ ᠤᠯᠤᠰ | 1649 ᠤᠨ ᠳᠤ ᠤᠷᠳᠤᠰ ᠲᠦᠮᠡᠨ ᠢ ᠵᠢᠷᠭᠤᠭᠠᠨ ᠬᠤᠰᠢᠭᠤ ᠬᠤᠪᠢᠶᠠᠬᠤ ᠳᠤ ᠴᠠᠭᠠᠨ ᠳᠤᠭ ᠢᠶᠠᠨ ᠰᠠᠬᠢᠵᠦ | ᠰᠠᠭᠤᠭᠰᠠᠨ ᠵᠠᠭᠤ ᠭᠠᠷᠤᠢ ᠡᠷᠦᠭᠡ ᠠᠶᠢᠯ ᠢ ᠦᠤᠰᠢᠨ ᠵᠠᠰᠠᠭ ᠲᠤ ᠵᠠᠬᠢᠷᠤᠭᠤᠯᠵᠠᠢ᠃ ᠦᠤᠰᠢᠨ ᠬᠤᠰᠢᠭᠤ ᠨᠢ | ᠳᠡᠳᠡᠨᠤᠰ ᠢ ᠠᠷᠪᠠᠨ ᠬᠤᠶᠠᠷ ᠬᠠᠷᠢᠶᠠᠨ ᠤ ᠨᠢᠭᠡ ᠬᠠᠷᠢᠶ᠎ᠠ ᠪᠤᠯᠭᠠᠨ ︽ᠴᠠᠬᠠᠷ ᠬᠠᠷᠢᠶ᠎ᠠ︾ ᠭᠡᠵᠦ ᠨᠡᠷᠡᠯᠡᠭᠡᠳ | ᠳᠤᠳᠤᠷ᠎ᠠ ᠨᠢ ᠭᠤᠷᠪᠠᠨ ᠰᠤᠮᠤ ᠪᠠᠶᠢᠭᠤᠯᠵᠦ᠂ ᠬᠤᠰᠢᠭᠤᠨ ᠵᠠᠰᠠᠭ ᠠᠴᠠ ᠬᠠᠷᠢᠶᠠᠨ ᠵᠠᠯᠠᠨ᠂ ᠰᠤᠮᠤᠨ ᠵᠠᠩᠬᠢ | ᠳᠤᠮᠢᠯᠠᠵᠦ ᠰᠡᠬᠦᠯ ᠳᠤ ᠨᠢ ᠨᠢᠭᠡ ᠰᠤᠮᠤ ᠨᠡᠮᠡᠵᠦ ᠲᠦᠷᠪᠡᠨ ᠰᠤᠮᠤ ᠲᠠᠢ ᠬᠠᠷᠢᠶ᠎ᠠ ᠪᠤᠯᠭᠠᠵᠠᠢ᠃ ᠡᠳᠡᠨ ᠤ ᠬᠤᠶᠢᠴᠢ | ᠦᠶ᠎ᠡ ᠦᠤᠰᠢᠨ ᠳᠤ ᠤᠳᠤ ᠵᠠᠭᠤ ᠳᠠᠪᠢ ᠭᠠᠷᠤᠢ ᠡᠷᠦᠭᠡ ᠠᠶᠢᠯ ᠪᠤᠢ᠃ ︵︽ᠬᠤᠯᠪᠤᠭ᠎ᠠ︾ ᠰᠦᠯᠵᠢᠶ᠎ᠠ ᠠᠴᠠ | ᠪᠠᠭᠤᠯᠭᠠᠪᠠ︶ |