︽ᠴᠢᠩᠭᠢᠰ ᠤᠨ ᠦᠭᠡ ᠶᠢᠨ ᠲᠡᠭᠦᠪᠦᠷᠢ︾
ᠨᠡᠶᠢᠲᠡᠯᠡᠭᠰᠡᠨ ᠴᠠᠭ᠄
2020/12/11
   1᠂ ᠤᠯᠠᠨ ᠠᠶᠢᠮᠠᠭ᠂ ᠤᠮᠤᠭ ᠤᠨ ᠬᠦᠮᠦᠰ ᠴᠤᠬᠤᠮ ᠶᠠᠭᠤ ᠪᠤᠳᠤᠵᠦ ᠬᠦᠰᠡᠵᠦ ᠪᠠᠶᠢᠭ᠎ᠠ ᠶᠢ ᠤᠯᠵᠦ ᠮᠡᠳᠡᠬᠦ ᠦᠭᠡᠢ ᠪᠠᠷ ᠲᠡᠳᠡᠨ ᠢ ᠲᠡᠷᠢᠭᠦᠯᠡᠨ ᠳᠠᠭᠠᠭᠤᠯᠤᠨ᠎ᠠ ᠭᠡᠵᠦ ᠦᠭᠡᠢ᠃    2᠂ ᠬᠠᠮᠢᠭ᠎ᠠ ᠬᠡᠵᠢᠶ᠎ᠡ ᠴᠤ ᠠᠯᠢᠪᠠ ᠤᠶᠢᠯᠡᠰ ᠲᠤ ᠵᠢᠳᠭᠦᠭᠰᠡᠨ ᠨᠢ ᠪᠦᠲᠦᠨ᠎ᠡ᠂ ᠠᠯᠠᠭᠤᠷᠯᠠᠭᠰᠠᠨ ᠨᠢ ᠠᠯᠳᠠᠭᠳᠠᠨ᠎ᠠ᠃    3᠂ ᠠᠯᠢᠪᠠ ᠬᠦᠮᠦᠰ ᠤᠨ ᠪᠡᠶ᠎ᠡ ᠶᠢ ᠨᠢ ᠡᠵᠡᠯᠡᠬᠦ ᠭᠡᠵᠦ ᠪᠤᠤ ᠶᠠᠭᠠᠷᠠ᠂ ᠰᠡᠳᠭᠢᠯ ᠢ ᠨᠢ ᠡᠵᠡᠯᠡᠬᠦ ᠶᠢ ᠶᠠᠭᠠᠷᠠ᠂ ᠰᠡᠳᠭᠢᠯ ᠢ ᠡᠵᠡᠯᠡᠪᠡᠰᠦ ᠪᠡᠶ᠎ᠡ ᠬᠠᠮᠢᠭᠠᠰᠢ ᠬᠤᠯᠠᠳᠬᠤ ᠠᠵᠠᠢ᠃    4᠂ ᠦᠨᠳᠦᠷ ᠠᠭᠤᠯᠠ ᠶᠢ ᠵᠤᠷᠢ᠂ ᠦᠷᠭᠡᠨ ᠳᠠᠯᠠᠢ ᠳᠤ ᠭᠠᠷ︕ ᠬᠤᠯᠠ ᠬᠡᠮᠡᠨ ᠪᠤᠤ ᠰᠢᠳᠠᠷᠠ᠂ ᠶᠠᠪᠤᠪᠠᠰᠤ ᠭᠦᠷᠦᠨ᠎ᠡ᠃ ᠶᠡᠭᠡ ᠬᠡᠮᠡᠨ ᠪᠤᠤ ᠰᠠᠨᠳᠤᠷ᠂ ᠤᠷᠤᠯᠳᠤᠪᠠᠰᠤ ᠭᠠᠳᠤᠯᠤᠨ᠎ᠠ᠃    5᠂ ᠲᠦᠷᠦ ᠶᠢᠨ ᠬᠡᠷᠡᠭ ᠲᠤ ᠪᠡᠶ᠎ᠡ ᠪᠦᠬᠡ ᠪᠦᠬᠡᠰᠦ ᠭᠠᠭᠴᠠ ᠶᠢ ᠢᠯᠠᠨ᠎ᠠ᠃ ᠰᠡᠳᠭᠢᠯ ᠪᠦᠬᠡ ᠪᠦᠬᠡᠪᠡᠰᠦ ᠪᠦᠭᠦᠳᠡ ᠶᠢ ᠢᠯᠠᠨ᠎ᠠ᠃    6᠂ ᠲᠦᠷᠦ ᠤᠯᠤᠰ ᠤᠨ ᠬᠠᠭᠠᠨ ᠭᠡᠳᠡᠭ ᠪᠤᠯ ᠶᠡᠷᠦ ᠶᠢᠨ ᠵᠡᠷᠭᠡ ᠬᠡᠷᠬᠡᠮ ᠲᠠᠢ ᠠᠳᠠᠯᠢ ᠦᠭᠡᠢ ᠲᠤᠯᠠ ᠡᠩ ᠤᠨ ᠨᠢᠭᠡ ᠬᠡᠯᠡᠵᠦ᠂ ᠬᠡᠯᠡᠭᠳᠡᠵᠦ ᠶᠠᠭᠠᠬᠢᠨ ᠪᠤᠯᠤᠨ᠎ᠠ᠂ ᠤᠯᠠᠨ ᠤ ᠰᠡᠳᠭᠢᠯ ᠲᠡᠭᠦᠨ ᠢ ᠬᠠᠭᠠᠨ ᠮᠡᠲᠤ ᠦᠵᠡᠵᠦ ᠪᠠᠶᠢᠪᠠᠯ ᠲᠡᠷᠡ ᠬᠠᠭᠠᠨ ᠮᠦᠨ᠃    7᠂ ᠬᠡᠷᠪᠡ ᠲᠡᠷᠢᠭᠦᠨ ᠪᠤᠯᠴᠢᠬᠠᠭᠠᠳ ᠬᠠᠭᠠᠨ ᠤ ᠶᠠᠪᠤᠳᠠᠯ ᠢᠶᠠᠷ ᠶᠠᠪᠤᠵᠦ ᠡᠰᠡ ᠬᠠᠭᠠᠨ ᠪᠤᠯᠵᠦ ᠶᠠᠭᠤ ᠭᠢᠨ᠎ᠡ᠂ ᠲᠦᠮᠡᠨ ᠤ ᠰᠢᠪᠰᠢᠭ᠃    8᠂ ᠮᠡᠬᠦ᠋ᠢᠨ ᠪᠠᠶᠠᠰᠬᠤ ᠨᠢ ᠡᠨᠡ ᠳᠡᠯᠡᠬᠡᠢ ᠲᠠᠬᠢᠨ ᠨᠢᠭᠡᠨ ᠭᠡᠷ ᠪᠦᠯᠢ ︵ᠮᠡᠲᠤ︶ ᠪᠤᠯᠵᠦ᠂ ᠲᠦᠪ ᠲᠦᠪᠰᠢᠨ ᠡᠩᠬᠡ ᠠᠮᠤᠭᠤᠯᠠᠩ ᠪᠤᠯᠪᠠᠰᠤ ᠰᠠᠶ᠋ᠢ ᠮᠢᠨᠤ ᠪᠠᠶᠠᠰᠤᠯ ᠢᠷᠡᠨ᠎ᠡ᠃ ᠡᠷᠭᠢᠨ ᠲᠤᠭᠤᠷᠢᠨ ᠶᠤᠰᠤ ᠪᠤᠰᠤ ᠤᠯᠠᠨ ᠬᠠᠭᠠᠳ ᠪᠠᠶᠢᠨ᠎ᠠ᠂ ᠲᠡᠳᠡ ᠡᠷᠬᠡ ᠳᠤᠷ᠎ᠠ ᠪᠠᠷ ᠢᠶᠠᠨ ᠠᠭᠠᠰᠢᠯᠠᠨ᠂ ᠤᠯᠠᠨ ᠠᠮᠢᠳᠠᠨ ᠢ ᠶᠡᠭᠡ ᠵᠤᠪᠠᠭᠠᠵᠤᠮ᠃ ᠦᠷᠭᠦᠯᠵᠢ ᠪᠠᠶᠢᠯᠳᠤᠭᠠᠨ ᠡᠭᠦᠰᠭᠡᠵᠦ᠂ ᠬᠦᠮᠦᠨ ᠤ ᠦᠬᠦᠬᠦ ᠶᠢ ᠡᠯᠡᠰᠦ ᠬᠡᠶᠢᠰᠭᠡᠬᠦ ᠲᠠᠢ ᠠᠳᠠᠯᠢ ᠪᠤᠯᠵᠠᠢ᠃ ᠡᠶᠢᠮᠦ ᠠᠴᠠ ᠪᠢ ᠲᠡᠳᠡᠨ ᠢ ᠨᠤᠮᠤᠬᠠᠷᠠᠭᠤᠯᠵᠦ ᠳᠡᠯᠡᠭᠡᠢ ᠨᠡᠶᠢᠲᠡ ᠪᠠᠷ ᠡᠩᠬᠡ ᠲᠦᠪᠰᠢᠨ ᠪᠤᠯᠭᠠᠬᠤ ᠪᠤᠳᠤᠯ ᠲᠠᠢ ᠪᠠᠶᠢᠨ᠎ᠠ᠃ ᠡᠭᠦᠨ ᠢ ᠭᠢᠵᠦ ᠴᠢᠳᠠᠪᠠᠯ ᠳᠡᠭᠡᠳᠦ ᠲᠡᠭᠷᠢ ᠳᠤ ᠭᠠᠪᠢᠶ᠎ᠠ ᠲᠠᠢ᠂ ᠲᠤᠤᠷᠠᠳᠤ ᠬᠦᠮᠦᠨ ᠳᠤ ᠦᠷᠦᠰᠢᠶᠡᠯ ᠪᠤᠯᠬᠤ ᠪᠢᠯᠡ᠃    9᠂ ᠬᠤᠤᠷᠳᠡᠨ ᠮᠠᠭᠤ ᠶᠢ ᠰᠠᠶᠢᠳᠤᠷ ᠵᠠᠰᠠᠵᠦ᠂ ᠬᠤᠳᠠᠯᠠ ᠤᠯᠤᠰ ᠢ ᠢᠮᠠᠭᠳᠠ ᠬᠠᠮᠠᠭᠠᠯᠠᠭᠳᠤᠨ᠃    10᠂ ᠴᠢᠬᠢᠷᠠᠭ ᠡᠵᠡᠨ᠂ ᠴᠢᠳᠠᠪᠤᠷᠢᠲᠠᠢ ᠰᠠᠶᠢᠳ ᠪᠤᠯ ᠤᠯᠤᠰ ᠢ ᠪᠠᠶᠢᠭᠤᠯᠬᠤ ᠡᠷᠳᠡᠨᠢ᠂ ᠴᠢᠩᠭ᠎ᠠ ᠴᠢᠩᠳᠠ ᠴᠢᠷᠢᠭ᠂ ᠴᠢᠭᠴᠢ ᠴᠢᠳᠠᠯ ᠲᠠᠢ ᠵᠠᠩᠵᠤᠨ ᠴᠢᠨᠠᠳᠤ ᠶᠢ ᠳᠡᠶᠢᠯᠬᠦ ᠶᠢᠨ ᠦᠨᠳᠦᠰᠦ᠃    11᠂ ᠠᠤᠭ᠎ᠠ ᠬᠦᠴᠦ ᠪᠠᠨ ᠶᠡᠭᠡᠳᠭᠡᠶ᠎ᠡ ᠭᠡᠪᠡᠯ ᠠᠷᠠᠳ ᠴᠢᠷᠢᠭ ᠢᠶᠠᠨ ᠠᠪᠤᠷᠠ᠂ ᠠᠮᠤᠷ ᠵᠢᠮ ᠵᠢᠷᠭᠠᠶ᠎ᠠ ᠭᠡᠪᠡᠯ ᠡᠪ ᠡᠶ᠎ᠡ ᠪᠠᠨ ᠬᠢᠴᠢᠶᠡ᠃    12᠂ ᠬᠠᠷᠢ ᠶᠢᠨ ᠭᠠᠵᠠᠷ ᠠᠷᠭ᠎ᠠ ᠴᠢᠳᠠᠯ ᠢᠶᠠᠨ ᠪᠠᠬᠢᠯᠡᠵᠦ᠂ ᠬᠠᠯᠠᠭᠤᠨ ᠵᠠᠭᠤᠷ᠎ᠠ ᠪᠠᠨ ᠡᠶ᠎ᠡ ᠨᠠᠶᠢᠷ ᠢ ᠬᠢᠴᠢᠶᠡᠵᠦ ᠶᠠᠪᠤ᠃ ᠡᠪ ᠨᠠᠶᠢᠷᠠᠮᠳᠠᠯ ᠠᠴᠠ ᠢᠯᠡᠭᠦᠤ ᠶᠡᠭᠡ ᠬᠦᠴᠦ ᠡᠨᠡ ᠳᠡᠯᠡᠬᠡᠢ ᠳᠤ ᠦᠭᠡᠢ᠃    13᠂ ᠠᠯᠳᠠᠨ ᠪᠡᠶ᠎ᠡ ᠠᠮᠤᠰᠬᠢᠪᠠᠰᠤ ᠠᠬᠤᠢ ᠲᠦᠷᠦ ᠮᠢᠨᠢ ᠠᠯᠳᠠᠷᠠᠭᠤᠵᠠᠢ᠃ ᠪᠦᠳᠤᠨ ᠪᠡᠶ᠎ᠡ ᠠᠮᠤᠰᠬᠢᠪᠠᠰᠤ ᠪᠦᠷᠢᠨ ᠤᠯᠤᠰ ᠮᠢᠨᠢ ᠰᠠᠨᠳᠠᠷᠠᠭᠤᠵᠠᠢ᠃ ᠠᠯᠳᠠᠨ ᠪᠡᠶ᠎ᠡ ᠠᠯᠵᠢᠶᠠᠪᠠᠯ ᠠᠯᠵᠢᠶᠠᠳᠤᠭᠠᠢ᠂ ᠠᠬᠤᠢ ᠲᠦᠷᠦ ᠮᠢᠨᠢ ᠪᠤᠤ ᠠᠯᠳᠠᠷᠠᠳᠤᠭᠠᠢ᠃ ᠪᠦᠳᠤᠨ ᠪᠡᠶ᠎ᠡ ᠮᠢᠨᠢ ᠵᠤᠪᠠᠪᠠᠰᠤ ᠵᠤᠪᠠᠳᠤᠭᠠᠢ᠂ ᠪᠦᠷᠢᠨ ᠤᠯᠤᠰ ᠮᠢᠨᠢ ᠪᠤᠤ ᠰᠠᠨᠳᠤᠷᠳᠤᠭᠠᠢ᠃    14᠂ ᠪᠡᠶ᠎ᠡ ᠪᠠᠭᠠᠳᠤᠷ ᠪᠤᠯᠪᠠᠰᠤ ᠨᠢᠭᠡᠨ ᠦᠶ᠎ᠡ ᠶᠢᠨ ᠪᠠᠭᠠᠳᠤᠷ ᠪᠤᠶᠤ᠃ ᠪᠢᠯᠢᠭ ᠪᠠᠭᠠᠳᠤᠷ ᠪᠤᠯᠪᠠᠰᠤ ᠲᠦᠮᠡᠨ ᠦᠶ᠎ᠡ ᠶᠢᠨ ᠪᠠᠭᠠᠳᠤᠷ ᠪᠤᠶᠤ᠃    15᠂ ᠡᠮᠡᠭᠡᠯ ᠶᠡᠭᠡᠳᠪᠡᠯ ᠲᠤᠬᠤᠭᠤᠭᠰᠡᠨ ᠮᠤᠷᠢᠨ ᠳᠤ ᠵᠤᠪᠠᠯᠠᠩ ᠪᠤᠯᠤᠨ᠎ᠠ᠃ ᠶᠠᠩᠵᠦ ᠶᠡᠭᠡᠳᠪᠡᠯ ᠤᠯᠤᠰ ᠤᠨ ᠳᠤᠲᠤᠷ᠎ᠠ ᠵᠦᠳᠡᠭᠦᠷᠢ ᠪᠤᠯᠤᠨ᠎ᠠ᠃ ᠡᠷᠬᠢᠮ ᠶᠡᠭᠡᠳᠪᠡᠯ ᠬᠦᠮᠦᠨ ᠤ ᠰᠡᠳᠭᠢᠯ ᠤᠰᠤᠯᠳᠠᠬᠤ ᠪᠤᠯᠤᠨ᠎ᠠ᠃ ᠡᠶᠢᠮᠤ ᠠᠴᠠ ᠬᠤᠭᠤᠰᠤᠨ ᠰᠦᠷ᠂ ᠢᠯᠡᠭᠦᠤ ᠶᠠᠩᠵᠦ ᠮᠠᠶᠠᠭ ᠶᠤᠰᠤᠯᠠᠯ ᠤᠨ ᠬᠡᠷᠡᠭ ᠭᠡᠵᠦ ᠦᠭᠡᠢ᠃    16᠂ ᠬᠡᠳᠦᠷᠬᠡᠢ ᠶᠡᠭᠡ ᠶᠤᠰᠤᠯᠠᠯ ᠡᠬᠡᠯ ᠠᠷᠠᠳ ᠲᠤ ᠴᠢᠷᠦᠭᠳᠡᠯ ᠤᠴᠠᠷᠠᠭᠤᠯᠵᠦ᠂ ᠳᠡᠪᠡᠯ ᠭᠤᠶᠤᠯᠡᠯ ᠶᠡᠭᠡᠳᠪᠡᠯ ᠡᠮᠦᠰᠦᠭᠰᠡᠨ ᠬᠦᠮᠦᠨ ᠳᠤ ᠢᠯᠡᠭᠦᠤ ᠠᠴᠢᠶ᠎ᠠ ᠪᠤᠯᠬᠤ ᠲᠠᠢ ᠠᠳᠠᠯᠢ ᠪᠤᠰᠤ ᠶᠤ᠋᠃    17᠂ ᠲᠦᠷᠦ ᠶᠢᠨ ᠬᠡᠷᠡᠭ ᠲᠤ ᠬᠤᠭᠤᠰᠤᠨ ᠬᠤᠳᠠᠯ ᠶᠤᠰᠤ ᠳᠦᠷᠢᠮ ᠬᠡᠳᠦᠷᠡᠭᠰᠡᠨ ᠠᠴᠠ ᠠᠷᠠᠳ ᠢᠷᠭᠡᠳ ᠨᠢ ᠡᠵᠡᠨ ᠳᠡᠭᠡᠳᠤᠰ ᠯᠦᠭᠡ ᠨᠡᠪᠳᠡᠷᠡᠵᠦ ᠴᠢᠳᠠᠬᠤ ᠦᠭᠡᠢ ᠪᠤᠯᠵᠦ ᠵᠠᠯᠢᠬᠠᠢ ᠰᠠᠶᠢᠳ ᠲᠦᠰᠢᠮᠡᠳ ᠨᠠᠷ ᠵᠠᠪᠰᠠᠷ ᠲᠤᠨᠢ ᠵᠠᠪᠰᠢᠵᠦ᠂ ᠲᠦᠷᠦ ᠤᠯᠤᠰ ᠢ ᠪᠤᠰᠠᠨᠢᠭᠤᠯᠤᠨ᠎ᠠ᠃    18᠂ ᠵᠢᠳᠭᠦᠯ ᠲᠡᠮᠡᠴᠡᠯ ᠢ ᠦᠨᠡᠯᠡᠵᠦ ᠮᠡᠳᠡᠬᠦ ᠦᠭᠡᠢ ᠬᠠᠷᠠᠩᠭᠤᠢ ᠡᠵᠡᠨ ᠤ ᠡᠮᠦᠨ᠎ᠡ ᠪᠦᠬᠦ᠋ᠢᠬᠦ ᠬᠡᠷᠡᠭ ᠦᠭᠡᠢ᠃    19᠂ ᠵᠦᠪ ᠢ ᠪᠠᠷᠢᠮᠳᠠᠯᠠᠵᠦ᠂ ᠦᠨᠡᠨ ᠢ ᠳᠡᠮᠵᠢᠨ᠂ ᠲᠦᠷᠦ ᠤᠯᠤᠰ ᠢ ᠵᠠᠰᠠᠬᠤ ᠶᠢᠨ ᠲᠦᠯᠦᠭᠡ ᠲᠡᠮᠡᠴᠡᠭᠴᠢ ᠰᠠᠶᠢᠨ ᠬᠦᠮᠦᠨ ᠬᠠᠷᠠᠩᠭᠤᠢ ᠮᠠᠭᠤ ᠡᠵᠡᠨ ᠲᠠᠢ ᠪᠤᠯ ᠳᠠᠩᠴᠤ ᠬᠠᠶᠢᠷᠠᠨ ᠪᠤᠯᠤᠨ᠎ᠠ᠃    20᠂ ᠬᠡᠷᠪᠡ ᠨᠢᠭᠤᠷ ᠳᠡᠭᠡᠷ᠎ᠡ ᠳᠠᠭᠠᠭᠰᠠᠨ ᠳᠦᠷᠢ ᠦᠵᠡᠭᠦᠯᠵᠦ ᠳᠤᠲᠤᠷ᠎ᠠ ᠪᠠᠨ ᠡᠰᠡᠷᠭᠦᠴᠡᠳᠡᠭ ᠬᠦᠮᠦᠨ᠂ ᠤᠰᠤᠨ ᠳᠤ ᠬᠠᠶᠠᠭᠰᠠᠨ ᠴᠢᠯᠠᠭᠤ᠂ ᠡᠪᠡᠰᠤᠨ ᠳᠤ ᠲᠤᠰᠤᠭᠰᠠᠨ ᠰᠤᠮᠤᠨ ᠤ ᠠᠳᠠᠯᠢ ᠲᠤᠯᠠ ᠲᠡᠶᠢᠮᠦ ᠬᠦᠮᠦᠨ ᠢᠶᠠᠷ ᠵᠠᠭᠢᠷᠤᠭᠴᠢ ᠲᠠᠯᠪᠢᠵᠦ᠂ ᠤᠯᠠᠨ ᠤ ᠳᠡᠭᠡᠷ᠎ᠡ ᠭᠠᠷᠭᠠᠵᠦ ᠪᠤᠯᠬᠤ ᠦᠭᠡᠢ᠃    21᠂ ᠭᠡᠷ ᠢᠶᠠᠨ ᠵᠠᠰᠠᠵᠦ ᠴᠢᠳᠠᠭᠰᠡᠳ ᠤᠯᠤᠰ ᠢᠶᠠᠨ ᠵᠠᠰᠠᠵᠦ ᠴᠢᠳᠠᠨ᠎ᠠ᠂ ᠦᠪᠡᠷ ᠢ ᠪᠠᠨ ᠵᠠᠬᠢᠷᠴᠦ ᠴᠢᠳᠠᠳᠠᠭ ᠦᠭᠡᠢ ᠬᠦᠮᠦᠨ ᠪᠤᠰᠤᠳ ᠢ ᠵᠠᠭᠢᠷᠴᠦ ᠴᠢᠳᠠᠬᠤ ᠦᠭᠡᠢ᠃    22᠂ ᠰᠠᠷᠠᠭᠤᠯ ᠤᠬᠠᠭᠠᠨ ᠠᠴᠠ ᠢᠯᠡᠭᠦᠤ ᠰᠠᠶᠢᠨ ᠨᠦᠬᠦᠷ ᠪᠠᠶᠢᠳᠠᠭ ᠦᠭᠡᠢ᠂ ᠮᠤᠩᠬᠠᠭ ᠬᠢᠯᠢᠩ ᠠᠴᠠ ᠢᠯᠡᠬᠦᠤ ᠮᠠᠭᠤ ᠳᠠᠶᠢᠰᠤᠨ ᠪᠠᠶᠢᠳᠠᠭ ᠦᠭᠡᠢ᠃    23᠂ ᠬᠠᠶᠢᠷᠠᠯᠠᠬᠤ ᠶᠠᠭᠤᠮ᠎ᠠ ᠤᠯᠠᠨ ᠪᠤᠯᠪᠠᠴᠦ ᠬᠠᠯᠠᠭᠤᠨ ᠠᠮᠢ ᠶᠢ ᠬᠮᠤᠭ ᠠᠴᠠ ᠢᠯᠡᠭᠦᠤ ᠬᠠᠶᠢᠷᠠᠯᠠ᠃    24᠂ ᠬᠠᠲᠠᠭᠤᠵᠢᠵᠦ ᠶᠠᠪᠤᠪᠠᠯ ᠬᠠᠮᠤᠭ ᠠᠴᠠ ᠲᠤᠰᠠᠳᠠᠢ᠂ ᠠᠷᠢᠭᠤᠨ ᠶᠠᠪᠤᠪᠠᠯ ᠠᠰᠢᠳᠠ ᠲᠤᠰᠠᠳᠠᠢ᠃    25᠂ ᠶᠠᠳᠠᠷᠠᠵᠦ ᠶᠠᠪᠤᠬᠤ ᠳᠤ ᠠᠰᠠᠷᠠᠵᠦ ᠳᠡᠳᠭᠦᠭᠰᠡᠨ᠂ ᠠᠪᠤᠷᠠᠵᠦ ᠦᠰᠭᠡᠭᠰᠡᠨ ᠬᠦᠮᠦᠨ ᠠᠴᠠ ᠶᠠᠭᠤ ᠪᠦᠬᠦᠨ ᠢᠶᠠᠨ ᠴᠤ ᠪᠢᠳᠡᠭᠡᠢ ᠬᠠᠷᠠᠮᠯᠠ᠂ ᠪᠢᠳᠡᠭᠡᠢ ᠬᠠᠶᠢᠷᠠᠯᠠ᠃    26᠂ ᠰᠢᠯᠤᠭᠤᠨ ᠰᠢᠳᠤᠷᠭᠤ᠂ ᠰᠡᠴᠡᠨ ᠤᠬᠠᠭᠠᠨ ᠲᠠᠢ᠂ ᠴᠢᠳᠠᠯ ᠡᠷᠳᠡᠮ ᠲᠠᠢ ᠶᠢ ᠭᠦᠨᠳᠦᠯᠡᠵᠦ ᠪᠠᠢ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号