ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠲᠤᠭ᠎ᠠ ᠪᠠᠷᠢᠮᠲᠠ ᠳᠤ | ᠢᠯᠡᠷᠡᠭᠦᠯᠦᠭᠰᠡᠨ ᠢᠶᠠᠷ᠂ ᠮᠠᠨ ᠤ ᠤᠯᠤᠰ ᠤᠨ 60 ᠨᠠᠰᠤᠨ ᠠᠴᠠ ᠳᠡᠭᠡᠭᠰᠢᠬᠢ ᠬᠥᠮᠥᠰ ᠤᠨ ᠲᠠᠮᠢᠷ ᠤᠨ ᠬᠥᠳᠡᠯᠭᠡᠭᠡᠨ | ᠪᠠ ᠪᠣᠯᠪᠠᠰᠤᠷᠠᠯ ᠳᠤ ᠣᠷᠣᠯᠴᠠᠬᠤ ᠨᠣᠷᠮ᠎ᠠ ᠨᠢ ᠨᠢᠭᠡᠨᠲᠡ 65% ᠳᠤ ᠬᠦᠷᠴᠡᠢ᠃ ᠭᠡᠲᠡᠯ᠎ᠡ ᠳᠠᠯ᠎ᠠ ᠭᠠᠷᠤᠭᠰᠠᠨ | ᠨᠠᠰᠤᠲᠠᠶᠢᠴᠤᠳ ᠡᠪᠦᠳᠦᠭ ᠡᠪᠡᠳᠬᠦ ᠠᠴᠠ ᠪᠣᠯᠵᠤ ᠢᠳᠡᠷᠡᠭᠦᠨ ᠠᠯᠬᠤᠭ᠎ᠠ ᠪᠠᠨ ᠠᠷᠭ᠎ᠠ ᠦᠭᠡᠢ ᠲᠡᠪᠴᠢᠭᠰᠡᠨ᠂ | ᠪᠥᠵᠢᠭ ᠤᠨ ᠪᠠᠭ᠋ᠠᠳᠠᠳ ᠶᠠᠰᠤ ᠨᠢ ᠪᠡᠷᠲᠡᠭᠰᠡᠨ ᠠᠴᠠ ᠪᠣᠯᠵᠤ ᠲᠠᠶᠢᠰᠠᠨ ᠠᠴᠠ ᠪᠠᠨ ᠠᠶᠠᠷᠯᠠᠭᠰᠠᠨ ᠦᠵᠡᠭᠳᠡᠯ ᠴᠦᠭᠡᠨ | ᠪᠤᠰᠤ ᠬᠠᠷᠠᠭᠳᠠᠨ᠎ᠠ᠃ ︽ᠠᠮᠢ ᠨᠠᠰᠤ ᠬᠥᠳᠡᠯᠭᠡᠭᠡᠨ ᠳᠤ ᠪᠤᠢ︾ ᠭᠡᠳᠡᠭ ᠢ ᠬᠡᠨ ᠬᠥᠮᠥᠨ ᠪᠦᠷ ᠮᠡᠳᠡᠳᠡᠭ ᠴᠤ | ᠢᠳᠡᠰᠢ ᠤᠤᠭᠤᠰᠢ ᠰᠢᠮ᠎ᠡ ᠲᠠᠵᠢᠭᠡᠯ ᠢ ᠤᠮᠳᠤᠭᠠᠶᠢᠯᠠᠬᠤ ᠬᠥᠮᠥᠨ ᠪᠠᠰᠠ ᠵᠦᠩᠳᠡᠭᠡᠨ᠃ ᠬᠡᠷᠪᠡ ᠡᠷᠡᠭᠦᠯ | ᠴᠢᠭᠢᠷᠠᠭ ᠢᠶᠠᠨ ᠪᠠᠲᠤᠯᠠᠬᠤ ᠭᠡᠳ ᠰᠢᠮ᠎ᠡ ᠲᠡᠵᠢᠭᠡᠯ ᠳᠤᠳᠠᠭᠳᠠᠭᠰᠠᠨ ᠪᠠᠶᠢᠳᠠᠯ ᠲᠤᠤᠷ᠎ᠠ ᠬᠥᠳᠡᠯᠭᠡᠭᠡᠨ ᠬᠢᠪᠡᠯ ᠶᠠᠭ | ᠡᠪᠳᠡᠷᠡᠭᠰᠡᠨ ᠣᠩᠭᠤᠴᠠ ᠶᠢ ᠰᠡᠯᠢᠭᠰᠡᠨ ᠰᠢᠭ ᠪᠣᠯᠵᠤ ᠬᠡᠳᠡᠷᠬᠦ ᠦᠷ᠎ᠡ ᠳ᠋ᠦᠩ ᠳᠤ ᠬᠦᠷᠦᠨ᠎ᠡ᠃ | ᠬᠥᠳᠡᠯᠭᠡᠭᠡᠨ ᠪᠠ ᠰᠢᠮ᠎ᠡ ᠲᠡᠵᠢᠭᠡᠯ ᠪᠣᠯ ᠠᠮᠢ ᠨᠠᠰᠤᠨ ᠤ ᠡᠨᠧᠷᠭᠢ ᠶᠢᠨ ᠬᠤᠣᠰ ᠡᠷᠭᠢᠭᠦᠯᠭᠡ ᠪᠣᠯᠣᠨ᠎ᠠ᠃ | ᠢᠳᠡᠷ ᠥᠲᠡᠯᠦᠭᠡ ᠨᠠᠰᠤᠨ ᠤ ᠬᠥᠮᠥᠰ ᠲᠤ ᠠᠪᠴᠤ ᠬᠡᠯᠡᠪᠡᠯ ᠬᠥᠮᠥᠨ ᠤ ᠪᠡᠶ᠎ᠡ ᠶᠢᠨ ᠪᠤᠯᠴᠢᠩ ᠵᠢᠯ ᠪᠦᠷᠢ 1% - | 2% ᠤᠨ ᠬᠤᠷᠳᠤᠴᠠ ᠪᠠᠷ ᠦᠯᠦ ᠮᠡᠳᠡᠭ ᠢᠶᠠᠷ ᠴᠢᠳᠠᠪᠤᠷᠢ ᠪᠠᠨ ᠠᠯᠳᠠᠵᠦ᠂ ᠥᠷᠯᠥᠭᠡ ᠭᠦᠶᠦᠭᠴᠢ ᠶᠢᠨ | ᠰᠢᠯᠪᠢ ᠶᠢᠨ ᠪᠤᠯᠴᠢᠩ ᠠᠷᠪᠠᠨ ᠵᠢᠯ ᠤᠨ ᠳᠣᠲᠣᠷ᠎ᠠ ᠬᠠᠭᠠᠰ ᠵᠢᠩ ᠪᠠᠭᠤᠷᠠᠳᠠᠭ᠃ ᠡᠳᠦᠷ ᠪᠦᠷᠢ ᠬᠤᠶᠠᠷ ᠲᠦᠮᠡᠨ | ᠠᠯᠬᠤᠮ ᠠᠯᠬᠤᠬᠤ ᠰᠠᠶᠢᠨ ᠡᠷᠡᠴᠦᠦᠯ ᠨᠢ ᠦᠵᠡᠬᠦ ᠳᠤ ᠡᠷᠡᠭᠦᠯ ᠴᠢᠭᠢᠷᠠᠭ ᠰᠢᠭ ᠪᠣᠯᠪᠠᠴᠤ ᠦᠨᠡᠨ ᠳᠡᠭᠡᠨ ᠲᠡᠷᠡᠬᠦ | ᠬᠥᠮᠥᠨ ᠢ ᠪᠠᠭ᠋ᠠᠷᠠᠭᠤᠯᠤᠮᠠᠷ ᠠᠯᠬᠤᠯᠲᠠ ᠨᠢ ᠦᠶ᠎ᠡ ᠶᠢᠨ ᠮᠥᠭᠡᠷᠰᠦ ᠶᠢ ᠲᠦᠷᠭᠡᠨ ᠢᠶᠠᠷ ᠬᠤᠷᠣᠭᠳᠠᠭᠤᠯᠵᠤ ᠪᠠᠶᠢᠳᠠᠭ᠃ | ᠡᠭᠦᠨ ᠤ ᠳᠡᠭᠡᠷ᠎ᠡ ᠢᠳᠡᠰᠢ ᠤᠤᠭᠤᠰᠢ ᠳᠤ ᠡᠷᠬᠡᠪᠡᠰᠢ ᠱᠠᠭᠠᠷᠳᠠᠭᠳᠠᠬᠤ ᠭᠦᠨ ᠲᠡᠯᠡᠶ ᠶᠢᠨ ᠵᠢᠭᠠᠰᠤ ᠶᠢᠨ ᠲᠣᠰᠣ | ᠪᠣᠯᠣᠨ ᠶᠠᠮᠠ ᠶᠢᠨ ᠦᠷ᠎ᠡ ᠶᠢᠨ ᠲᠣᠰᠣ ᠳᠤᠲᠠᠭᠳᠠᠬᠤ ᠨᠢ ᠪᠡᠶ᠎ᠡ ᠮᠠᠬᠠᠪᠤᠳ ᠤᠨ ᠠᠶᠠᠨᠳᠠᠭᠠᠨ ᠤ ᠦᠷᠪᠢᠰᠦᠯ ᠢ | ᠡᠰᠡᠷᠭᠦᠴᠡᠬᠦ ᠬᠠᠯᠬᠠᠪᠴᠢ ᠶᠢ ᠠᠯᠳᠠᠭᠤᠯᠳᠠᠭ ᠪᠠᠶᠢᠨ᠎ᠠ᠃ ᠨᠢᠭᠡᠨ ᠭᠤᠷᠪᠠᠳᠤᠭᠠᠷ ᠬᠥᠬᠡ ᠳᠡᠰ ᠤᠨ ᠡᠮᠨᠡᠯᠭᠡ ᠶᠢᠨ | ᠬᠤᠷᠢᠶᠠᠨ ᠤ ᠪᠦᠷᠢᠳᠬᠡᠯ ᠠᠴᠠ ᠦᠵᠡᠪᠡᠯ᠂ 65 ᠨᠠᠰᠤᠨ ᠠᠴᠠ ᠳᠡᠭᠡᠭᠰᠢᠬᠢ ᠬᠥᠳᠡᠯᠭᠡᠭᠡᠨ ᠠᠴᠠ ᠪᠣᠯᠵᠤ | ᠭᠡᠮᠲᠦᠭᠰᠡᠳ ᠤᠨ ᠲᠤᠳᠤᠷ᠎ᠠ 43% ᠨᠢ ᠳᠤᠮᠳᠠ ᠵᠡᠷᠭᠡ ᠠᠴᠠ ᠳᠡᠭᠡᠭᠰᠢ ᠰᠢᠮ᠎ᠡ ᠲᠡᠵᠢᠭᠡᠯ ᠳᠤᠲᠠᠭᠳᠠᠭᠰᠠᠨ ᠠᠴᠠ | ᠪᠤᠯᠵᠠᠢ᠃ | ᠬᠥᠳᠡᠯᠭᠡᠭᠡᠨ ᠬᠢᠬᠦ ᠪᠣᠯ ᠦᠨᠡᠨ ᠳᠡᠭᠡᠨ ᠪᠡᠶ᠎ᠡ ᠮᠠᠬᠠᠪᠤᠳ ᠤᠨ ᠮᠠᠭᠤᠳᠠᠯ ᠢ ᠡᠰᠡᠷᠭᠦᠴᠡᠬᠦ ᠬᠤᠷᠴᠠ ᠵᠡᠪᠰᠡᠭ | ᠮᠥᠨ᠂ ᠭᠡᠪᠡᠴᠦ ᠰᠢᠮ᠎ᠡ ᠲᠡᠵᠢᠭᠡᠯ ᠤᠨ ᠲᠤᠬᠠᠢ ᠮᠡᠳᠡᠯᠭᠡ ᠲᠤᠳᠠᠮᠠᠭ ᠨᠢ ᠡᠷᠬᠡᠲᠡᠨ ᠤ ᠡᠯᠡᠭᠳᠡᠯ ᠢ ᠲᠦᠷᠭᠡᠳᠬᠡᠵᠦ | ᠮᠡᠳᠡᠬᠦ ᠠᠴᠠ ᠲᠡᠷᠡ ᠨᠢ ᠶᠠᠭ ᠯᠠ ᠬᠡᠲᠦᠷᠬᠡᠢ ᠬᠠᠭᠠᠯᠪᠤᠷᠢᠯᠠᠭᠰᠠᠨ ᠭᠠᠵᠠᠷ ᠰᠢᠷᠣᠢ ᠶᠢᠨ ᠠᠮᠢᠵᠢᠷᠠᠯ ᠤᠨ ᠬᠦᠴᠦᠨ ᠨᠢ | ᠲᠡᠩᠴᠡᠭᠦᠷᠢ ᠪᠠᠨ ᠠᠯᠳᠠᠬᠤ ᠶᠢᠨ ᠳᠤᠮᠳᠠ ᠲᠠᠴᠢᠷᠳᠠᠬᠤ ᠲᠠᠢ ᠠᠳᠠᠯᠢ᠃ ᠨᠣᠭᠤᠭᠠᠨ ᠨᠠᠪᠴᠢᠲᠤ ᠨᠣᠭᠤᠭ᠎ᠠ ᠶᠢ | ᠪᠤᠴᠠᠯᠤᠭᠰᠠᠨ ᠤᠰᠤᠨ ᠳᠤ ᠴᠢᠨᠠᠪᠠᠯ ᠨᠣᠭᠤᠭ᠎ᠠ ᠶᠢᠨ ᠺᠠᠯᠼ ᠠᠯᠳᠠᠭᠳᠠᠵᠤ᠂ ᠵᠢᠯ ᠲᠤᠵᠢ ᠢᠳᠡᠳᠡᠭ ᠯᠣᠬᠠᠱᠧᠩ ᠤᠨ | ᠲᠣᠰᠣᠨ ᠤ ᠴᠢᠳᠠᠪᠬᠢ ᠨᠢ ᠥᠨᠳᠥᠷ ᠳᠤᠯᠠᠭᠠᠨ ᠤ ᠬᠠᠭᠠᠷᠢᠯᠭ᠎ᠠ ᠳᠤ ᠢᠰᠦᠯᠳᠦᠨ ᠳᠠᠭᠤᠰᠬᠤ ᠪᠣᠯᠣᠨ᠎ᠠ ᠁ | ᠡᠳᠡᠭᠡᠷ ᠪᠢᠴᠢᠯ ᠠᠯᠳᠠᠭᠳᠠᠯ ᠨᠢ ᠬᠤᠷᠸ᠎ᠠ ᠬᠢᠮᠤᠷᠠᠯ ᠪᠣᠯᠵᠤ᠂ ᠮᠠᠨ ᠤ ᠤᠯᠤᠰ ᠤᠨ ᠨᠠᠰᠤᠲᠠᠶᠢᠴᠤᠳ ᠤᠨ ᠶᠠᠰᠤ | ᠰᠡᠶᠢᠷᠡᠭᠵᠢᠬᠦ ᠡᠪᠡᠳᠴᠢᠨ ᠡᠭᠦᠰᠭᠡᠬᠦ ᠨᠣᠷᠮ᠎ᠠ ᠶᠢ ᠵᠢᠯ ᠳᠠᠷᠠᠭᠠᠯᠠᠨ ᠳᠡᠭᠡᠭᠰᠢᠯᠡᠬᠦᠯᠵᠦ ᠪᠠᠶᠢᠨ᠎ᠠ᠃ | ᠡᠶᠢᠮᠦᠷᠬᠦᠦ ᠲᠦᠭᠵᠢᠭᠡ ᠪᠠᠶᠢᠳᠠᠯ ᠢ ᠬᠤᠪᠢᠷᠠᠭᠤᠯᠬᠤ ᠠᠷᠭ᠎ᠠ ᠵᠠᠮ ᠪᠣᠯ ᠡᠷᠡᠭᠦᠯ ᠮᠡᠨᠳᠦ ᠶᠢᠨ ᠲᠤᠬᠠᠢ ᠲᠠᠨᠢᠨ | ᠮᠡᠳᠡᠬᠦᠢ ᠶᠢ ᠳᠡᠭᠡᠭᠰᠢᠯᠡᠬᠦᠯᠬᠦ ᠳᠤ ᠪᠤᠢ᠃ ᠲᠤᠬᠠᠶᠢᠯᠠᠪᠠᠯ ᠡᠳᠦᠷ ᠪᠦᠷᠢ ᠨᠢᠭᠡ ᠬᠠᠯᠪᠠᠭ᠎ᠠ ᠮᠠᠭᠠᠵᠢ ᠶᠢᠨ ᠵᠢᠶᠠᠩ ᠢᠶᠠᠷ | ᠺᠠᠯᠼ ᠤᠨ ᠰᠢᠩᠭᠡᠭᠡᠯᠲᠡ ᠶᠢ ᠳᠡᠭᠡᠭᠰᠢᠯᠡᠭᠦᠯᠪᠡᠯ ᠤᠨᠠᠵᠤ ᠳᠤᠰᠬᠤ ᠲᠦᠭᠰᠢᠭᠦᠷᠢ ᠶᠢ ᠪᠠᠭᠤᠷᠠᠭᠤᠯᠵᠤ ᠪᠣᠯᠣᠨ᠎ᠠ᠂ ᠨᠢᠭᠡ | ᠴᠣᠮᠣ ᠴᠡᠩᠭᠡᠭ ᠳᠠᠪᠤᠰᠤ ᠲᠠᠢ ᠤᠰᠤ ᠨᠢ ᠰᠣᠬᠤᠷ ᠪᠠᠯᠠᠢ ᠪᠠᠷ ᠤᠰᠤ ᠨᠥᠬᠦᠪᠦᠷᠢᠯᠡᠬᠦ ᠠᠴᠠ ᠳᠡᠭᠡᠷ᠎ᠡ᠃ ᠬᠥᠳᠡᠯᠭᠡᠭᠡᠨ | ᠪᠠ ᠰᠢᠮ᠎ᠡ ᠲᠡᠵᠢᠭᠡᠯ ᠢ ᠤᠨᠤᠴᠠᠲᠠᠢ ᠲᠡᠩᠴᠡᠭᠦᠷᠢᠰᠢᠬᠦᠯᠪᠡᠯ ᠰᠠᠶ᠋ᠢ ᠨᠠᠰᠤᠲᠠᠶᠢᠴᠤᠳ ᠤᠨ ᠡᠷᠡᠭᠦᠯ ᠴᠢᠭᠢᠷᠠᠭ ᠢᠶᠠᠨ | ᠪᠠᠲᠤᠯᠠᠬᠤ ᠳᠤ ᠠᠰᠢᠭᠲᠠᠢ ᠪᠠᠶᠢᠳᠠᠭ᠃ ᠪᠢᠳᠡ ᠰᠢᠮ᠎ᠡ ᠲᠡᠵᠢᠭᠡᠯ ᠤᠨ ᠣᠶᠤᠨ ᠤᠬᠠᠭᠠᠨ ᠢ ᠬᠥᠳᠡᠯᠭᠡᠭᠡᠨ | ᠨᠢᠭᠡᠪᠦᠷᠢ ᠳᠤ ᠨᠠᠩ ᠢᠯᠡᠭᠦᠦ ᠠᠭᠤᠰᠬᠠᠪᠡᠯ ᠰᠠᠶ᠋ᠢ ᠬᠥᠳᠡᠯᠭᠡᠭᠡᠨ ᠤ ᠠᠮᠢᠵᠢᠷᠠᠯ ᠤᠨ ᠬᠦᠴᠦᠨ ᠪᠠ ᠰᠢᠮ᠎ᠡ | ᠲᠡᠵᠢᠭᠡᠯ ᠤᠨ ᠮᠥᠩᠬᠡ ᠶᠢᠨ ᠨᠠᠶᠢᠷᠠᠯ ᠬᠥᠭᠵᠢᠮ ᠪᠣᠯᠵᠤ ᠪᠦᠷᠢᠯᠳᠦᠬᠦ ᠶᠤᠮ᠃ ︵︽ᠳᠤᠮᠳᠠᠳᠤ ᠤᠯᠤᠰ ᠤᠨ ᠮᠤᠩᠭᠤᠯ | ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ︾ ᠠᠴᠠ ᠰᠢᠯᠵᠢᠬᠦᠯᠪᠡ︶ |