ᠣᠶᠢᠷ᠎ᠠ ᠳᠤ᠂ ᠷᠠᠰᠢᠶᠠᠨ ᠬᠤᠲᠠ ᠶᠢᠨ ᠪᠠᠶ ᠯᠠᠩ ᠪᠠᠯᠭᠠᠰᠤᠨ ᠤ ᠪᠠᠶ ᠬᠤᠸᠠ ᠭᠠᠷ ᠤᠷᠠᠯᠠᠯ ᠤᠨ ᠪᠦᠲᠦᠭᠡᠭᠳᠡᠬᠦᠨ ᠤ | ᠲᠠᠰᠤᠭ ︵ᠤᠶᠢᠰᠤᠨ ᠵᠢᠷᠤᠭ ᠵᠢᠷᠤᠵᠤ ᠦᠢᠯᠡᠳᠦᠭᠰᠡᠨ ᠪᠣᠳᠠᠰ ᠤᠨ ᠪᠤᠰᠤ ᠰᠣᠶᠣᠯ ᠤᠨ ᠥᠪ ᠤᠨ ᠲᠥᠷᠥᠯ ᠵᠦᠢᠯ︶ ᠨᠢ | ᠤᠯᠤᠰ ᠤᠨ ᠲᠠᠰ ᠤᠨ ︽ᠦᠵᠡᠰᠭᠦᠯᠡᠩᠲᠦ ᠦᠢᠯᠡᠳᠭᠡᠯ ᠤᠨ ᠭᠠᠵᠠᠷ︾ ᠤᠨ ᠵᠡᠮᠳᠡᠭ ᠡᠮᠡᠭᠳᠡᠶᠢᠴᠤᠳ ᠤᠨ ᠠᠵᠢᠯ ᠤᠯᠵᠦ | ᠤᠷᠤᠯᠭ᠎ᠠ ᠪᠠᠨ ᠨᠡᠮᠡᠭᠳᠡᠬᠦᠯᠬᠦ ᠲᠦᠷᠦᠯ ᠵᠦᠢᠯ ᠳᠤ ᠠᠮᠵᠢᠯᠳᠠᠳᠠᠢ ᠰᠤᠩᠭᠤᠭᠳᠠᠨ ᠤᠷᠤᠵᠦ᠂ ᠬᠢᠩᠭᠠᠨ ᠠᠶᠢᠮᠠᠭ ᠤᠨ ᠡᠨᠡᠬᠦ | ᠢᠷᠠᠭᠤ ᠠᠯᠳᠠᠷ ᠢ ᠭᠥᠷᠳᠡᠭᠰᠡᠨ ᠵᠡᠮᠳᠡᠭᠴᠦᠳ ᠢ ᠬᠠᠪᠰᠤᠷᠤᠨ ᠠᠵᠢᠯ ᠣᠯᠭᠤᠭᠰᠠᠨ ᠠᠩᠬᠠᠳᠠᠭᠴᠢ ᠨᠡᠶᠢᠲᠡᠯᠢᠭ ᠵᠢᠱᠢᠶ᠎ᠡ | ᠪᠣᠯᠤᠭᠰᠠᠨ ᠪᠠᠶᠢᠨ᠎ᠠ᠃ | ︽ᠦᠵᠡᠰᠭᠦᠯᠡᠩᠲᠦ ᠦᠢᠯᠡᠳᠭᠡᠯ ᠤᠨ ᠭᠠᠵᠠᠷ︾ ᠪᠣᠯ ᠳᠤᠮᠳᠠᠳᠤ ᠤᠯᠤᠰ ᠤᠨ ᠵᠡᠮᠳᠡᠭᠴᠦᠳ ᠤᠨ ᠬᠤᠯᠪᠤᠭ᠎ᠠ᠂ ᠪᠥᠬᠦ | ᠤᠯᠤᠰ ᠤᠨ ᠡᠮᠡᠭᠲᠡᠶᠢᠴᠦᠳ ᠤᠨ ᠬᠤᠯᠪᠤᠭ᠎ᠠ᠂ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ | ᠶᠠᠮᠤᠨ᠂ ᠰᠣᠶᠣᠯ ᠪᠠ ᠵᠢᠭᠤᠯᠴᠢᠯᠠᠯ ᠤᠨ ᠶᠠᠮᠤᠨ᠂ ᠤᠯᠤᠰ ᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ | ᠲᠣᠪᠴᠢᠶ᠎ᠠ ᠠᠴᠠ ᠬᠠᠮᠲᠤᠷᠠᠨ ᠪᠠᠶᠢᠭᠤᠯᠤᠬᠰᠡᠨ ᠵᠡᠮᠳᠡᠭ ᠡᠮᠡᠭᠲᠡᠶᠢᠴᠦᠳ ᠤᠨ ᠠᠵᠢᠯ ᠣᠯᠵᠤ ᠣᠷᠣᠯᠭ᠎ᠠ ᠪᠠᠨ ᠨᠡᠮᠡᠭᠳᠡᠭᠦᠯᠬᠦ | ᠲᠥᠷᠥᠯ ᠵᠦᠢᠯ ᠪᠠᠶᠢᠵᠦ᠂ ︽ᠠᠷᠪᠠᠨ ᠳᠥᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠳᠤ 100 ︽ᠦᠵᠡᠰᠭᠦᠯᠡᠩᠲᠦ | ᠦᠢᠯᠡᠳᠭᠡᠯ ᠤᠨ ᠭᠠᠵᠠᠷ︾ ᠢ ᠭᠠᠷᠭᠠᠵᠤ᠂ ᠲᠦᠮᠡ ᠭᠠᠷᠤᠶ ᠵᠡᠮᠳᠡᠭ ᠡᠮᠡᠭᠲᠡᠶᠢᠴᠦᠳ ᠤᠨ ᠠᠵᠢᠯ ᠣᠯᠵᠤ ᠣᠷᠣᠯᠭ᠎ᠠ ᠪᠠᠨ | ᠨᠡᠮᠡᠭᠳᠡᠭᠦᠯᠬᠦ ᠶᠢ ᠨᠥᠯᠥᠭᠡᠯᠡᠨ ᠳᠠᠶᠢᠴᠢᠯᠠᠬᠤ ᠪᠠᠷ ᠲᠥᠯᠥᠪᠯᠡᠵᠦ ᠪᠣᠶ᠃ | 2024 ᠣᠨ ᠳᠤ᠂ ᠡᠯ᠎ᠡ ᠮᠤᠵᠢ ᠶᠢᠨ ᠲᠠᠰ ᠤᠨ ᠵᠡᠮᠳᠡᠭᠴᠦᠳ ᠤᠨ ᠬᠤᠯᠪᠣᠭ᠎ᠠ᠂ ᠡᠮᠡᠭᠲᠡᠶᠢᠴᠦᠳ ᠤᠨ | ᠬᠤᠯᠪᠣᠭ᠎ᠠ ᠶᠢᠨ ᠰᠣᠩᠭᠤᠨ ᠲᠠᠨᠢᠯᠴᠠᠭᠤᠯᠬᠤ ᠪᠠᠷ ᠳᠡᠮᠵᠢᠨ᠂ ᠳᠤᠮᠳᠠᠳᠤ ᠤᠯᠤᠰ ᠤᠨ ᠵᠡᠮᠳᠡᠭᠴᠦᠳ ᠤᠨ ᠬᠤᠯᠪᠣᠭ᠎ᠠ᠂ ᠪᠥᠬᠦ | ᠤᠯᠤᠰ ᠤᠨ ᠡᠮᠡᠭᠲᠡᠶᠢᠴᠦᠳ ᠤᠨ ᠬᠤᠯᠪᠣᠭ᠎ᠠ ᠶᠢᠨ ᠠᠩᠬᠠᠨ ᠤ ᠬᠢᠨᠠᠯᠲᠠ ᠪᠠ ᠳᠠᠬᠢᠨ ᠬᠢᠨᠠᠯᠲᠠ ᠪᠠᠷ ᠳᠡᠮᠵᠢᠨ᠂ ᠬᠠᠮᠤᠭ | ᠡᠴᠦᠰ ᠲᠤ 70 ᠪᠠᠶᠢᠭᠤᠯᠤᠮᠵᠢ ᠶᠢ ᠬᠤᠶᠠᠳᠤᠭᠠᠷ ᠪᠦᠯᠦᠭ ᠤᠨ ︽ᠦᠵᠡᠰᠭᠦᠯᠡᠩᠲᠦ ᠦᠢᠯᠡᠳᠭᠡᠯ ᠤᠨ ᠭᠠᠵᠠᠷ︾ ᠤᠨ | ᠵᠡᠮᠳᠡᠭ ᠡᠮᠡᠭᠲᠡᠶᠢᠴᠦᠳ ᠤᠨ ᠠᠵᠢᠯ ᠣᠯᠵᠤ ᠣᠷᠣᠯᠭ᠎ᠠ ᠪᠠᠨ ᠨᠡᠮᠡᠭᠳᠡᠭᠦᠯᠬᠦ ᠲᠥᠷᠥᠯ ᠵᠦᠢᠯ ᠢᠶᠠᠷ ᠲᠣᠭᠲᠠᠭᠠᠭᠰᠠᠨ ᠪᠥᠭᠡᠳ | ᠡᠮᠦᠨᠡᠭᠡᠨ ᠰᠠᠶ᠋ᠢ ᠮᠡᠳᠡᠭᠳᠡᠯ ᠪᠠᠭᠤᠯᠭᠠᠭᠰᠠᠨ ᠪᠠᠶᠢᠨ᠎ᠠ᠃ ᠷᠠᠰᠢᠶᠠᠨ ᠬᠤᠲᠠ ᠶᠢᠨ ᠪᠠᠶ ᠯᠠᠩ ᠪᠠᠯᠭᠠᠰᠤᠨ ᠤ ᠪᠠᠶ ᠬᠤᠸᠠ ᠭᠠᠷ | ᠤᠷᠠᠯᠠᠯ ᠤᠨ ᠪᠦᠲᠦᠭᠡᠭᠳᠡᠬᠦᠨ ᠤ ᠲᠠᠰᠤᠭ ᠨᠢ ᠥᠪᠡᠷᠲᠡᠭᠡᠨ ᠵᠠᠰᠠᠬᠤ ᠣᠷᠣᠨ ᠤ 3 ᠪᠠᠶᠢᠭᠤᠯᠤᠮᠵᠢ ᠶᠢᠨ ᠨᠢᠭᠡ ᠪᠣᠯᠤᠭᠰᠠᠨ ᠤ | ᠬᠤᠪᠢ ᠳᠤ ᠲᠣᠰ ᠢᠷᠠᠭᠤ ᠠᠯᠳᠠᠷ ᠢ ᠭᠥᠷᠳᠡᠪᠡ᠃ | ᠣᠶᠢᠯᠠᠭᠠᠭᠰᠠᠨ ᠢᠶᠠᠷ᠂ ᠷᠠᠰᠢᠶᠠᠨ ᠬᠤᠲᠠ ᠶᠢᠨ ᠪᠠᠶ ᠯᠠᠩ ᠪᠠᠯᠭᠠᠰᠤᠨ ᠤ ᠪᠠᠶ ᠬᠤᠸᠠ ᠭᠠᠷ ᠤᠷᠠᠯᠠᠯ ᠤᠨ | ᠪᠦᠳᠦᠭᠡᠭᠳᠡᠬᠦᠨ ᠤ ᠲᠠᠰᠤᠭ 2009 ᠣᠨ ᠳᠤ ᠪᠠᠶᠢᠭᠤᠯᠤᠭᠳᠠᠵᠤ᠂ ᠭᠤᠤᠯᠳᠠᠭᠤ ᠤᠶᠢᠰᠤᠨ ᠵᠢᠷᠤᠭ ᠦᠢᠯᠡᠳᠬᠦ᠂ | ᠰᠣᠶᠣᠯ ᠤᠨ ᠡᠬᠦᠳᠦᠯᠳᠡ ᠶᠢᠨ ᠪᠦᠲᠦᠭᠡᠭᠳᠡᠬᠦᠨ ᠢ ᠪᠤᠷᠤᠯᠠᠭᠤᠯᠬᠤ᠂ ᠪᠦᠲᠦᠭᠡᠯ ᠤᠨ ᠦᠵᠡᠭᠦᠯᠦᠯᠭᠡ᠂ ᠰᠤᠳᠤᠯᠤᠨ | ᠰᠤᠷᠤᠯᠴᠠᠵᠤ ᠪᠡᠶᠡᠴᠢᠯᠡᠨ ᠣᠶᠢᠯᠠᠭᠠᠬᠤ ᠵᠡᠷᠭᠡ ᠰᠣᠶᠣᠯ ᠵᠢᠭᠤᠯᠴᠢᠯᠠᠯ ᠤᠨ ᠵᠦᠢᠯᠡᠰ ᠢ ᠡᠵᠡᠩᠨᠡᠵᠦ ᠪᠣᠶ᠃ ᠲᠤᠰ ᠭᠠᠷ | ᠤᠷᠠᠯᠠᠯ ᠤᠨ ᠪᠦᠳᠦᠭᠡᠭᠳᠡᠬᠦᠨ ᠤ ᠲᠠᠰᠤᠭ ᠤᠨ ᠡᠬᠦᠳᠦᠨ ᠪᠠᠶᠢᠭᠤᠯᠤᠭᠴᠢ ᠯᠢ ᠱᠣ᠋ ᠶᠢᠩ᠂ ᠡᠨᠡ ᠵᠢᠯ 61 ᠨᠠᠰᠤᠲᠠᠶ᠂ | ᠪᠠᠭ᠎ᠠ ᠳᠠᠭᠠᠨ ᠠᠵᠠ ᠪᠤᠰᠦ ᠪᠠᠷ ᠵᠡᠮᠳᠡᠭ ᠪᠣᠯᠪᠠ᠃ ᠬᠠᠮᠤᠭ ᠤᠨ ᠡᠬᠢᠨ ᠤ 5 ᠬᠥᠮᠦᠨ ᠠᠴᠠ ᠡᠳᠦᠭᠡ ᠪᠤᠯᠳᠠᠯᠠᠬᠢ 35 | ᠬᠥᠮᠦᠨ ᠤ ᠪᠦᠯᠬᠦᠮ ᠳᠤ ᠵᠡᠮᠳᠡᠭ ᠠᠵᠢᠯᠴᠢᠨ 57% ᠶᠢ ᠡᠵᠡᠯᠡᠵᠦ᠂ ᠡᠷᠬᠢᠨ ᠲᠣᠭᠤᠷᠢᠨ ᠤ 30 ᠵᠡᠮᠳᠡᠭᠴᠦᠳ ᠢ | ᠨᠥᠯᠥᠭᠡᠯᠡᠨ ᠳᠠᠶᠢᠴᠢᠯᠠᠵᠤ᠂ ᠵᠡᠮᠳᠡᠭᠴᠦᠳ ᠳᠤ ᠨᠡᠶᠢᠲᠡ 260 ᠬᠥᠮᠦᠨ ᠤᠳᠠᠭ᠎ᠠ ᠪᠤᠯᠪᠠᠰᠤᠷᠠᠯ ᠬᠦᠷᠳᠡᠭᠡᠪᠡ᠃ | ᠡᠨᠡᠬᠦ 500 ᠲᠡᠭᠰᠢ ᠳᠥᠷᠪᠡᠯᠵᠢᠨ ᠮᠧᠲᠷ ᠤᠨ ᠭᠠᠷ ᠤᠷᠠᠯᠠᠯ ᠤᠨ ᠪᠦᠲᠦᠭᠡᠭᠳᠡᠬᠦᠨ ᠤ ᠲᠠᠰᠤᠭ ᠲᠤ ᠣᠷᠣᠬᠤ ᠳᠤ᠂ | ᠬᠤᠰᠤᠨ ᠦᠨᠦᠷ ᠰᠡᠩᠭᠢᠨᠡᠵᠦ᠂ ᠬᠤᠰᠤ ᠮᠣᠳᠣᠨ ᠤ ᠬᠠᠯᠢᠰᠤ ᠨᠢ ᠵᠡᠮᠳᠡᠭ ᠳᠠᠷᠬᠠᠨ ᠤ ᠭᠠᠷ ᠲᠤ ᠠᠮᠢᠵᠢᠷᠠᠯ ᠤᠨ | ᠬᠦᠴᠦᠨ ᠢᠶᠠᠷ ᠪᠢᠯᠬᠠᠨ᠎ᠠ᠃ ᠯᠢ ᠱᠣ᠋ ᠶᠢᠩ ᠤᠨ ᠭᠤᠷᠪᠠᠨ ᠰᠠᠷ᠎ᠠ ᠶᠢᠨ ᠬᠤᠭᠤᠴᠠᠭ᠎ᠠ ᠶᠢ ᠵᠠᠷᠤᠴᠠᠭᠤᠯᠵᠤ ᠪᠠᠶᠢᠭᠠᠳ | ᠪᠥᠳᠥᠬᠡᠭᠰᠡᠨ ︽ᠱᠦᠢ ᠬᠤ᠋ ᠶᠢᠨ ᠦᠯᠢᠭᠡᠷ︾ ᠤᠨ ᠬᠥᠮᠦᠰ ᠤᠨ ᠰᠢᠷᠢᠰ ᠪᠦᠲᠦᠭᠡᠯ ᠨᠢ ᠠᠶᠢᠮᠠᠭ ᠤᠨ ᠲᠡᠰ ᠤᠨ ᠪᠣᠳᠠᠰ ᠤᠨ | ᠪᠤᠰᠤ ᠰᠣᠶᠣᠯ ᠤᠨ ᠥᠪ ᠤᠨ ᠰᠢᠯᠢᠳᠡᠭ ᠪᠦᠲᠦᠭᠡᠯ ᠤᠨ ᠨᠢᠭᠡᠳᠦᠭᠡᠷ ᠳᠡᠰ ᠤᠨ ᠱᠠᠩᠨᠠᠯ ᠢ ᠬᠦᠷᠳᠡᠵᠤ᠂ ᠷᠠᠰᠢᠶᠠᠨ ᠤ | ᠤᠯᠤᠰ ᠤᠨ ᠭᠠᠵᠠᠷ ᠰᠢᠨᠵᠢᠯᠡᠭᠡᠨ ᠤ ᠮᠦᠽᠧᠢ ᠳᠤ ᠬᠠᠳᠠᠭᠠᠯᠠᠭᠳᠠᠵᠠᠢ︔ ︽ᠨᠤᠮᠢᠨ ᠲᠤᠯᠬᠢᠶᠠᠨ ᠤ ᠭᠤᠸᠠᠯᠢᠭ ᠲᠦᠷᠢ︾ ᠨᠢ | ᠳᠤᠮᠳᠠᠳᠤ ᠤᠯᠤᠰ ᠤᠨ ᠵᠡᠮᠳᠡᠭᠴᠦᠳ ᠤᠨ ᠬᠤᠯᠪᠤᠭ᠎ᠠ ᠪᠣᠯᠤᠨ ᠺᠣᠷᠢᠶᠠ ᠶᠢᠨ ᠵᠡᠮᠳᠡᠭᠴᠤᠳ ᠤᠨ ᠬᠤᠯᠪᠣᠭ᠎ᠠ ᠠᠴᠠ ᠭᠤᠣᠯᠯᠠᠨ | ᠡᠷᠬᠢᠯᠡᠭᠰᠡᠨ ︽ᠠᠩᠬᠠᠳᠤᠭᠠᠷ ᠬᠤᠭᠤᠴᠠᠭᠠᠨ ᠤ ᠳᠤᠮᠳᠠᠳᠤ ᠺᠣᠷᠢᠶᠠ ᠶᠢᠨ ᠵᠡᠮᠳᠡᠭᠴᠦᠳ ᠤᠨ ᠤᠷᠠᠨ ᠵᠢᠷᠤᠭ ᠤᠨ | ᠰᠣᠯᠢᠯᠴᠠᠭᠠᠨ ᠤ ᠦᠵᠡᠰᠭᠦᠯᠡᠩ ᠵᠢᠴᠢ ᠳᠤᠮᠳᠠᠳᠤ ᠤᠯᠤᠰ ᠤᠨ ᠵᠡᠮᠳᠡᠭᠴᠦᠳ ᠤᠨ ᠭᠠᠷ ᠤᠷᠠᠯᠠᠯ ᠤᠨ ᠪᠦᠲᠦᠭᠡᠯ ᠤᠨ | ᠦᠵᠡᠰᠭᠦᠯᠡᠩ︾ ᠳᠤ ᠰᠣᠩᠭᠤᠭᠳᠠᠵᠤ᠂ ᠳᠤᠮᠳᠠᠳᠤ ᠤᠯᠤᠰ ᠤᠨ ᠵᠡᠮᠳᠡᠭ ᠤᠷᠠᠯᠢᠭᠴᠢᠳ ᠤᠨ ᠪᠦᠲᠦᠭᠡᠯᠴᠢ ᠴᠢᠳᠠᠪᠤᠷᠢ ᠶᠢ | ᠳᠡᠯᠡᠬᠡᠢ ᠳ᠋ᠠᠬᠢᠨ ᠳᠤ ᠲᠡᠯᠭᠡᠨ ᠦᠵᠡᠭᠦᠯᠪᠡ᠃ | ᠪᠣᠳᠠᠰ ᠤᠨ ᠪᠤᠰᠤ ᠰᠣᠶᠣᠯ ᠤᠨ ᠥᠪ ᠢ ᠤᠯᠠᠮᠵᠢᠯᠠᠨ ᠵᠠᠯᠭᠠᠮᠵᠢᠯᠠᠬᠤ ᠶᠢᠨ ᠬᠠᠮᠲᠤ᠂ ᠲᠣᠰ ᠭᠠᠷ ᠤᠷᠠᠯᠠᠯ ᠤᠨ | ᠪᠦᠲᠦᠭᠡᠭᠳᠡᠬᠦᠨ ᠤ ᠲᠠᠰᠤᠭ ᠤᠨ ᠬᠢᠨ ᠪᠠᠰᠠ ︽ᠪᠣᠳᠠᠰ ᠤᠨ ᠪᠤᠰᠤ ᠰᠣᠶᠣᠯ ᠤᠨ ᠥᠪ + ᠨᠡᠶᠢᠲᠡ ᠶᠢᠨ ᠠᠰᠠᠷᠠᠮᠵᠢ + | ᠰᠣᠶᠣᠯ ᠵᠢᠭᠤᠯᠴᠢᠯᠠᠯ︾ ᠤᠨ ᠰᠢᠨ᠎ᠡ ᠶᠢ ᠡᠭᠦᠳᠬᠦ ᠵᠠᠭᠪᠤᠷ ᠢ ᠢᠳᠡᠪᠬᠢᠲᠡᠶ ᠪᠠᠷ ᠬᠠᠶᠢᠨ ᠰᠦᠪᠡᠭᠴᠢᠯᠡᠵᠦ᠂ ᠵᠢᠯ ᠪᠦᠷᠢ | ᠳᠤᠮᠳᠠᠴᠢ ᠪᠠᠷ 6000 ᠬᠥᠮᠦᠨ ᠤᠳᠠᠭ᠎ᠠ ᠶᠢᠨ ᠰᠤᠳᠤᠯᠤᠨ ᠰᠤᠷᠤᠯᠴᠠᠭᠰᠡᠳ ᠢ ᠬᠦᠯᠢᠶᠡᠨ ᠠᠪᠴᠤ᠂ 400 ᠭᠠᠷᠤᠶ | ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ ᠢ ᠨᠡᠭᠡᠭᠡᠨ ᠬᠥᠭᠵᠢᠭᠦᠯᠪᠡ᠃ ᠡᠳᠦᠭᠡ᠂ ᠤᠶᠢᠰᠤᠨ ᠵᠢᠷᠤᠭ ᠨᠢ ᠷᠠᠰᠢᠶᠠᠨ ᠤ | ᠰᠤᠶᠤᠯ ᠵᠢᠭᠤᠯᠴᠢᠯᠠᠯ ᠤᠨ ︽ᠰᠣᠶᠣᠯ ᠤᠨ ᠨᠡᠷ᠎ᠡ ᠶᠢᠨ ᠬᠠᠭᠤᠳᠠᠰᠤ︾ ᠪᠣᠯᠬᠤ ᠪᠠᠷ ᠪᠠᠷᠠᠬᠤ ᠦᠭᠡᠢ ᠨᠡᠩ ᠴᠤ ᠬᠥᠳᠡᠭᠡ | ᠲᠣᠰᠬᠤᠨ ᠢ ᠬᠥᠭᠵᠢᠭᠦᠯᠦᠨ ᠮᠠᠨᠳᠤᠭᠤᠯᠬᠤ ︽ᠠᠯᠳᠠᠨ ᠲᠦᠯᠬᠢᠭᠦᠷ︾ ᠪᠣᠯᠤᠭᠰᠠᠨ ᠪᠠᠶᠢᠨ᠎ᠠ᠃ | ᠣᠳᠣᠬᠠᠨ ᠪᠣᠯᠲᠠᠯ᠎ᠠ᠂ ᠬᠢᠩᠭᠠᠨ ᠠᠶᠢᠮᠠᠭ ᠨᠢᠭᠡᠨᠲᠡ ︽1 + 4 + 2︾ ᠭᠤᠷᠪᠠᠨ ᠳᠡᠰ ᠤᠨ ᠵᠡᠮᠳᠡᠭᠴᠦᠳ ᠢ | ᠲᠤᠰᠠᠯᠠᠬᠤ ᠠᠵᠢᠯ ᠣᠯᠭᠤᠯᠲᠠ ᠶᠢᠨ ᠰᠢᠰᠲ᠋ᠧᠮ ᠢ ᠪᠠᠶᠢᠭᠤᠯᠵᠦ᠂ ᠡᠬᠦᠨ ᠳᠤ ᠤᠯᠤᠰ ᠤᠨ ᠳᠡᠰ ᠤᠨ ︽ᠦᠵᠡᠰᠭᠦᠯᠡᠩᠲᠦ | ᠦᠢᠯᠡᠳᠭᠡᠯ ᠤᠨ ᠭᠠᠵᠠᠷ︾ 1 ᠪᠠᠶᠢᠵᠦ᠂ ᠥᠪᠡᠷᠲᠡᠭᠡᠨ ᠵᠠᠰᠠᠬᠤ ᠣᠷᠣᠨ ᠤ ᠳᠡᠰ ᠤᠨ ︽ᠶᠡᠭᠡ ᠬᠠᠶᠢᠷ᠎ᠠ ᠲᠠᠢ ᠤᠮᠠᠷᠠᠳᠦ | ᠬᠢᠯᠢ · ᠦᠵᠡᠰᠬᠦᠯᠡᠩᠳᠦ ᠦᠢᠯᠡᠳᠭᠡᠯ ᠤᠨ ᠭᠠᠵᠠᠷ︾ 4 ᠪᠠᠶᠢᠵᠦ᠂ ᠠᠶᠢᠮᠠᠭ ᠤᠨ ᠳᠡᠰ ᠤᠨ ᠬᠢ ᠶᠢ 2 ᠬᠦᠭᠵᠢᠬᠦᠯᠵᠦ᠂ | ᠨᠡᠶᠢᠲᠡ 320 ᠵᠡᠮᠳᠡᠭᠴᠦᠳ ᠢ ᠳᠠᠶᠢᠴᠢᠯᠠᠨ ᠣᠷᠣᠯᠭ᠎ᠠ ᠶᠢ ᠨᠢ ᠲᠣᠭᠲᠠᠭᠤᠨ ᠢᠶᠠᠷ ᠨᠡᠮᠡᠭᠳᠡᠭᠦᠯᠵᠡᠢ᠃ ︵ᠲᠤᠯᠭᠠᠭᠤᠷᠢ | ᠳ᠋ᠦᠩ ᠯᠢ ᠫᠢᠩ︶ |